(2021 ᠣᠨ᠎ᠤ 6 ᠰᠠᠷ᠎ᠠ᠎ᠶ᠋ᠢᠨ 17 ᠤ ᠡᠳᠦᠷ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶᠠᠨ᠎ᠤ ᠤᠯᠤᠰ ᠲᠥᠷᠥ᠎ᠶ᠋ᠢᠨ ᠲᠣᠪᠴᠢᠶᠠᠨ᠎ᠤ ᠪᠠᠢᠩᠭᠤ᠎ᠶ᠋ᠢᠨ ᠬᠤᠷᠢᠶᠠᠨ᠎ᠤ ᠬᠤᠷᠠᠯ᠎ᠠᠴᠠ ᠬᠢᠨᠠᠨ ᠶᠠᠷᠢᠯᠴᠠᠵᠤ ᠵᠥᠪᠱᠢᠶᠡᠷᠡᠪᠡ 2021 ᠣᠨ᠎ᠤ 6 ᠰᠠᠷ᠎ᠠ᠎ᠶ᠋ᠢᠨ 26 ᠤ ᠡᠳᠦᠷ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ ᠨᠡᠢᠲᠡᠯᠡᠪᠡ)
ᠨᠢᠭᠡᠳᠦᠭᠡᠷ ᠵᠦᠢᠯ ᠨᠠᠮ᠎ᠤᠨ ᠰᠦᠯᠳᠡ ᠨᠠᠮ᠎ᠤᠨ ᠳᠤ᠎ᠬᠢ ᠦᠢᠯᠡᠳᠬᠦ᠂ ᠬᠡᠷᠡᠭ᠌ᠯᠡᠬᠦ᠂ ᠬᠠᠮᠢᠶᠠᠷᠬᠤ᠎ᠶ᠋ᠢ ᠵᠢᠷᠤᠮᠵᠢᠭᠤᠯᠵᠤ᠂ ᠨᠠᠮ᠎ᠤᠨ ᠰᠦᠯᠳᠡ ᠨᠠᠮ᠎ᠤᠨ ᠳᠤᠬ᠎ᠤᠨ ᠤᠯᠤᠰ ᠳᠦᠷᠦ᠎ᠶ᠋ᠢᠨ ᠴᠢᠳᠠᠪᠬᠢ᠎ᠶ᠋ᠢ ᠭᠦᠢᠴᠡᠳ ᠪᠠᠳᠠᠷᠠᠭᠤᠯᠵᠤ᠂ ᠨᠠᠮ᠎ᠤᠨ ᠨᠢᠭ᠍ᠲᠠᠷᠠᠯ᠎ᠤᠨ ᠬᠦᠴᠦᠨ᠂ ᠳᠠᠢᠴᠢᠨ ᠬᠦᠴᠦᠨ᠎ᠢ ᠴᠢᠩᠭᠠᠳᠭᠠᠵᠤ᠂ ᠨᠠᠮ᠎ᠤᠨ ᠭᠡᠱᠢᠭᠦᠨ᠎ᠤ ᠨᠠᠮ᠎ᠤᠨ ᠤᠬᠠᠮᠰᠠᠷ᠎ᠢ ᠬᠥᠭ᠌ᠵᠢᠭᠡᠵᠦ᠍᠂ ᠪᠦᠬᠦ᠌ ᠨᠠᠮ᠎ᠤᠨ ᠤᠬ ᠰᠠᠨᠠᠭ᠎ᠠ᠎ᠪᠠᠨ ᠦᠯᠦ᠍ ᠮᠠᠷᠲᠠᠵᠤ᠂ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠵᠦ᠍᠂ ᠬᠦᠰᠡᠯᠡᠩ ᠢᠲᠡᠭᠡᠯ ᠪᠢᠱᠢᠷᠡᠯ᠎ᠢᠶᠠᠨ ᠪᠠᠲᠤᠳᠭᠠᠵᠤ᠂ ᠪᠦᠬᠦ᠌ ᠤᠯᠤᠰ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠢ ᠪᠦᠯᠬᠦᠮᠳᠡᠭᠦᠯᠦᠨ ᠳᠠᠭᠠᠭᠤᠯᠵᠤ ᠨᠠᠮ᠎ᠤᠨ ᠳᠤᠬ᠎ᠤᠨ ᠳᠣᠣᠷ᠎ᠠ ᠡᠷᠡᠯᠬᠡᠭ᠌ᠯᠡᠨ ᠤᠷᠤᠭ᠍ᠰᠢᠯᠠᠬᠤ᠎ᠶ᠋ᠢᠨ ᠲᠥᠯᠥᠭᠡ᠂ 《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠳᠦᠷᠢᠮ》 ᠢ ᠦᠨᠳᠦᠰᠦᠯᠡᠨ ᠳᠤᠰ ᠳᠦᠷᠢᠮ᠎ᠢ ᠲᠣᠭ᠍ᠲᠠᠭᠠᠪᠠ᠃
ᠬᠤᠶᠠᠳᠤᠭᠠᠷ ᠵᠦᠢᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠨᠠᠮ᠎ᠤᠨ ᠰᠦᠯᠳᠡ ᠪᠣᠯ ᠬᠠᠳᠤᠭᠤᠷ ᠠᠯᠤᠬ᠎ᠠ᠎ᠪᠠᠷ ᠪᠦᠷᠢᠯᠳᠦᠭ᠌ᠰᠡᠨ ᠵᠢᠷᠤᠭ ᠲᠦᠷᠰᠤ ᠪᠣᠯᠤᠨ᠎ᠠ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠤᠭ ᠪᠤᠯ ᠠᠯᠲᠠᠨ ᠱᠢᠷᠭᠠᠯ ᠨᠠᠮ᠎ᠤᠨ ᠰᠦᠯᠳᠡ᠎ᠶ᠋ᠢᠨ ᠵᠢᠷᠤᠭ᠎ᠲᠠᠢ ᠤᠯᠠᠭᠠᠨ ᠲᠤᠭ ᠪᠤᠯᠤᠨ᠎ᠡ᠃
ᠨᠠᠮ᠎ᠤᠨ ᠰᠦᠯᠳᠡ ᠨᠠᠮ᠎ᠤᠨ ᠲᠤᠭ᠎ᠨᠢ ᠳᠤᠮᠳᠠᠳᠤ ᠤᠯᠤᠰ᠎ᠤᠨ ᠡᠪ ᠬᠠᠮᠲᠤ ᠨᠠᠮ ᠪᠣᠯ ᠳᠤᠮᠳᠠᠳᠤ ᠤᠯᠤᠰ᠎ᠤᠨ ᠠᠵᠢᠯᠴᠢᠨ ᠠᠩᠭᠢ᠎ᠶ᠋ᠢᠨ ᠬᠤᠱᠢᠭᠤᠴᠢ ᠠᠩᠭᠢ ᠮᠥᠨ᠂ ᠮᠥᠨ ᠴᠦ᠍ ᠳᠤᠮᠳᠠᠳᠤ ᠤᠯᠤᠰ᠎ᠤᠨ ᠠᠷᠠᠳ ᠲᠦᠮᠡᠨ ᠪᠠ ᠳᠤᠮᠳᠠᠳᠤ᠎ᠶ᠋ᠢᠨ ᠦᠨᠳᠦᠰᠦᠲᠡᠨ᠎ᠤ ᠬᠤᠱᠢᠭᠤᠴᠢ ᠠᠩᠭᠢ ᠮᠥᠨ᠂ ᠳᠤᠮᠳᠠᠳᠤ ᠤᠯᠤᠰ᠎ᠤᠨ ᠠᠷᠠᠳ ᠲᠦᠮᠡᠨ᠎ᠳᠤ ᠵᠣᠯ ᠵᠢᠷᠭᠠᠯ ᠡᠳ᠋ᠯᠡᠭᠦᠯᠵᠦ᠍᠂ ᠳᠤᠮᠳᠠᠳᠤ᠎ᠶ᠋ᠢᠨ ᠦᠨᠳᠦᠰᠦᠲᠡᠨ᠎ᠤ ᠰᠡᠷᠭᠦᠨ ᠮᠠᠨᠳᠤᠯᠲᠠ᠎ᠶ᠋ᠢ ᠪᠡᠶᠡᠯᠡᠭᠦᠯᠵᠦ᠍᠂ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢᠭᠡᠮ ᠵᠢᠷᠤᠮ᠎ᠢ ᠪᠠᠷᠢᠮᠲᠠᠯᠠᠨ ᠬᠥᠭ᠌ᠵᠢᠭᠦᠯᠵᠦ᠍᠂ ᠡᠪ ᠬᠠᠮᠲᠤ ᠶᠣᠰᠣᠨ᠎ᠤ ᠠᠯᠤᠰ ᠬᠡᠳᠦ᠎ᠶ᠋ᠢᠨ ᠬᠦᠰᠡᠯᠡᠩ᠎ᠢ ᠪᠡᠶᠡᠯᠡᠭᠦᠯᠬᠦ᠌᠎ᠶ᠋ᠢᠨ ᠲᠥᠯᠥᠭᠡ ᠴᠥᠬᠦᠷᠡᠰᠢ ᠦᠭᠡᠢ ᠲᠡᠮᠡᠴᠡᠳᠡᠭ ᠮᠠᠷᠺᠰ᠎ᠤᠨ ᠦᠵᠡᠯ᠎ᠤᠨ ᠲᠦᠷᠦ᠎ᠶ᠋ᠢᠨ ᠨᠠᠮ ᠮᠥᠨ ᠭᠡᠳᠡᠭ᠎ᠢ ᠢᠯᠡᠷᠡᠬᠦᠯᠪᠠ᠃
ᠭᠤᠷᠪᠠᠳᠤᠭᠠᠷ ᠵᠦᠢᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠰᠦᠯᠳᠡ ᠨᠠᠮ᠎ᠤᠨ ᠲᠤᠬ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠪᠡᠯᠭᠡᠳᠡᠯ ᠪᠠ ᠪᠡᠯᠭᠡ ᠲᠡᠮᠳᠡᠭ ᠮᠥᠨ᠃
ᠨᠠᠮ᠎ᠤᠨ ᠡᠯ᠎ᠡ ᠱᠠᠲᠤᠨ᠎ᠤ ᠵᠣᠬᠢᠶᠠᠨ ᠪᠠᠢᠭᠤᠯᠤᠯᠲᠠ ᠪᠣᠯᠤᠨ ᠨᠠᠮ᠎ᠤᠨ ᠭᠡᠱᠢᠭᠦᠨ ᠨᠢᠭᠡᠪᠦᠷᠢ ᠴᠥᠮ ᠨᠠᠮ᠎ᠤᠨ ᠰᠦᠯᠳᠡ ᠨᠠᠮ᠎ᠤᠨ ᠲᠤᠬ᠎ᠤᠨ ᠨᠡᠷ᠎ᠡ ᠬᠦᠨᠳᠦ᠎ᠶ᠋ᠢ ᠬᠠᠮᠠᠭᠠᠯᠠᠬᠤ ᠬᠡᠷᠡᠭ᠌ᠲᠡᠢ᠃
ᠳᠥᠷᠪᠡᠳᠦᠭᠡᠷ ᠵᠦᠢᠯ ᠨᠠᠮ᠎ᠤᠨ ᠰᠦᠯᠳᠡ ᠨᠠᠮ᠎ᠤᠨ ᠲᠤᠭ᠎ᠢ ᠦᠢᠯᠡᠳᠬᠦ᠂ ᠬᠡᠷᠡᠭ᠌ᠯᠡᠬᠦ᠂ ᠬᠠᠮᠢᠶᠠᠷᠬᠤ᠎ᠳᠤ ᠡᠷᠬᠡᠪᠰᠢ ᠨᠢᠭᠡᠳᠦᠯᠲᠡᠢ ᠪᠠᠷᠢᠮᠵᠢᠶ᠎ᠠ᠂ ᠨᠢᠭᠡᠳᠦᠯᠲᠡᠢ ᠵᠢᠷᠤᠮᠵᠢᠯ᠎ᠢ ᠪᠠᠷᠢᠮᠲᠠᠯᠠᠵᠤ᠂ ᠱᠠᠲᠤ ᠬᠤᠪᠢᠶᠠᠨ ᠬᠠᠷᠢᠭᠤᠴᠠᠬᠤ᠂ ᠲᠥᠪᠯᠡᠷᠡᠭᠦᠯᠦᠨ ᠬᠠᠮᠢᠶᠠᠷᠬᠤ᠎ᠶ᠋ᠢ ᠪᠠᠷᠢᠮᠲᠠᠯᠠᠬᠤ ᠬᠡᠷᠡᠭ᠌ᠲᠡᠢ᠃
ᠲᠠᠪᠤᠳᠤᠭᠠᠷ ᠵᠦᠢᠯ ᠨᠠᠮ᠎ᠤᠨ ᠰᠦᠯᠳᠡ᠎ᠶ᠋ᠢᠨ ᠳ᠋ᠢᠶᠠᠮᠧᠲᠷ᠎ᠤᠨ ᠨᠡᠢᠳᠡᠮ ᠬᠡᠷᠡᠭ᠌ᠯᠡᠬᠦ᠌ ᠪᠠᠷᠢᠮᠵᠢᠶ᠎ᠠ᠎ᠨᠢ ᠳᠣᠣᠷᠠᠬᠢ ᠮᠡᠲᠦ 3 ᠵᠦᠢᠯ ᠪᠣᠯᠤᠨ᠎ᠠ᠄
(ᠨᠢᠭᠡ) 100 ᠰᠠᠨᠲ᠋ᠢᠮᠧᠲᠷ;
(ᠬᠤᠶᠠᠷ) 80 ᠰᠠᠨᠲ᠋ᠢᠮᠧᠲᠷ;
(ᠭᠤᠷᠪᠠ) 60 ᠰᠠᠨᠲ᠋ᠢᠮᠧᠲᠷ᠃
ᠨᠡᠢᠲᠡᠮ᠎ᠤᠨ ᠬᠡᠷᠡᠭ᠌ᠯᠡᠭᠡᠨ᠎ᠤ ᠪᠤᠰᠤ ᠪᠠᠷᠢᠮᠵᠢᠶ᠎ᠡ᠎ᠲᠠᠢ ᠨᠠᠮ᠎ᠤᠨ ᠰᠦᠯᠳᠡ᠎ᠶ᠋ᠢ ᠡᠯᠭᠦᠬᠦ᠌ ᠴᠢᠬᠤᠯᠠᠲᠠᠢ ᠪᠠᠢᠪᠠᠯ᠂ ᠨᠡᠢᠳᠡᠮ ᠬᠡᠷᠡᠭ᠌ᠯᠡᠬᠦ᠌ ᠪᠠᠷᠢᠮᠵᠢᠶ᠎ᠠ᠎ᠪᠠᠷ ᠬᠠᠷᠢᠴᠠᠯ ᠪᠣᠯᠭᠠᠵᠤ ᠵᠣᠬᠢᠰᠲᠠᠢ᠎ᠪᠠᠷ ᠶᠡᠬᠡᠰᠭᠡᠬᠦ᠌ ᠪᠤᠶᠤ ᠪᠠᠭᠠᠰᠭᠠᠵᠤ᠂ ᠡᠯᠭᠦᠭ᠌ᠰᠡᠨ ᠠᠬᠤᠢ ᠪᠠᠢᠳᠠᠯ᠂ ᠲᠠᠯᠠᠪᠤᠷ᠎ᠲᠠᠢ ᠵᠣᠬᠢᠴᠠᠭᠤᠯᠬᠤ ᠬᠡᠷᠡᠭ᠌ᠲᠡᠢ᠃
ᠨᠠᠮ᠎ᠤᠨ ᠰᠦᠯᠳᠡ᠎ᠶ᠋ᠢᠨ ᠵᠢᠷᠤᠭ ᠳᠦᠷᠰᠦ᠎ᠳᠤ ᠶᠡᠷᠦ᠎ᠳᠡᠭᠡᠨ ᠠᠯᠲᠠᠨ ᠱᠢᠷᠭᠠᠯ ᠪᠤᠶᠤ ᠤᠯᠠᠭᠠᠨ ᠥᠩᠭᠡ᠎ᠶ᠋ᠢ ᠬᠡᠷᠡᠭ᠌ᠯᠡᠳᠡᠭ᠃
ᠵᠢᠷᠭᠤᠳᠤᠭᠠᠷ ᠵᠦᠢᠯ ᠳᠣᠣᠷ᠎ᠠ ᠵᠢᠭ᠍ᠰᠠᠭᠠᠭ᠍ᠰᠠᠨ ᠪᠠᠢᠳᠠᠯ᠎ᠳᠤ ᠨᠠᠮ᠎ᠤᠨ ᠰᠦᠯᠳᠡ ᠪᠤᠶᠤ ᠨᠠᠮ᠎ᠤᠨ ᠰᠦᠯᠳᠡ᠎ᠶ᠋ᠢᠨ ᠵᠢᠷᠤᠭ ᠲᠦᠷᠰᠤ᠎ᠶ᠋ᠢ ᠬᠡᠷᠡᠭ᠌ᠯᠡᠬᠦ᠌ ᠬᠡᠷᠡᠭ᠌ᠲᠡᠢ᠄
(ᠨᠢᠭᠡ) ᠨᠠᠮ᠎ᠤᠨ ᠪᠦᠬᠦ᠌ ᠤᠯᠤᠰ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠂ ᠲᠥᠯᠥᠭᠡᠯᠡᠭ᠌ᠴᠢᠳ᠎ᠤᠨ ᠬᠤᠷᠠᠯ ᠪᠠ ᠣᠷᠣᠨ ᠨᠤᠲᠤᠭ᠎ᠤᠨ ᠡᠯ᠎ᠡ ᠱᠠᠲᠤᠨ᠎ᠤ ᠲᠥᠯᠥᠭᠡᠯᠡᠭ᠌ᠴᠢᠳ᠎ᠤᠨ ᠶᠡᠭᠡ ᠬᠤᠷᠠᠯ᠂ ᠲᠥᠯᠥᠭᠡᠯᠡᠭ᠌ᠴᠢᠳ᠎ᠤᠨ ᠬᠤᠷᠠᠯ᠎ᠢ ᠬᠤᠷᠠᠯᠳᠤᠭᠤᠯᠬᠤ᠎ᠳᠤ᠂ ᠢᠯᠡᠷᠬᠡᠶ ᠪᠠᠢᠷᠢᠨ᠎ᠳᠤ ᠨᠠᠮ᠎ᠤᠨ ᠰᠦᠯᠳᠡ᠎ᠶ᠋ᠢ ᠡᠯᠭᠦᠬᠦ᠌ ᠪᠥᠭᠡᠳ ᠨᠠᠮ᠎ᠤᠨ ᠰᠦᠯᠳᠡ᠎ᠶ᠋ᠢᠨ ᠬᠤᠶᠠᠷ ᠲᠠᠯ᠎ᠠ᠎ᠳᠤ ᠲᠤᠰ ᠪᠦᠷᠢ 5 ᠤᠯᠠᠭᠠᠨ ᠲᠤᠭ ᠪᠠᠢᠷᠢᠯᠠᠭᠤᠯᠤᠨ᠎ᠠ;
(ᠬᠤᠶᠠᠷ) ᠨᠠᠮ᠎ᠤᠨ ᠲᠥᠪ ᠬᠤᠷᠢᠶ᠎ᠠ ᠪᠠ ᠣᠷᠣᠨ ᠨᠤᠲᠤᠭ᠎ᠤᠨ ᠬᠤᠷᠢᠶᠠᠨ᠎ᠤ ᠪᠥᠬᠦᠳᠡ ᠬᠤᠷᠠᠯ᠎ᠢ ᠬᠤᠷᠠᠯᠳᠤᠭᠤᠯᠬᠤ᠎ᠳᠤ᠂ ᠢᠯᠡᠷᠬᠡᠶ ᠪᠠᠢᠷᠢᠨ᠎ᠳᠤ ᠨᠠᠮ᠎ᠤᠨ ᠰᠦᠯᠳᠡ᠎ᠶ᠋ᠢ ᠡᠯᠭᠦᠨ᠎ᠡ;
(ᠭᠤᠷᠪᠠ) ᠨᠠᠮ᠎ᠤᠨ ᠲᠥᠪ ᠬᠤᠷᠢᠶ᠎ᠠ ᠪᠠ ᠣᠷᠣᠨ ᠨᠤᠲᠤᠭ᠎ᠤᠨ ᠬᠤᠷᠢᠶ᠎ᠠ ᠵᠢᠴᠢ ᠲᠡᠭᠦᠨ᠎ᠤ ᠠᠵᠢᠯ᠎ᠤᠨ ᠰᠠᠯᠠᠭ᠎ᠠ ᠮᠥᠴᠢᠷ᠂ ᠨᠠᠮ᠎ᠤᠨ ᠲᠥᠪ ᠬᠤᠷᠢᠶ᠎ᠠ ᠪᠠ ᠣᠷᠣᠨ ᠨᠤᠲᠤᠭ᠎ᠤᠨ ᠬᠤᠷᠢᠶ᠎ᠠ᠎ᠠᠴᠠ ᠣᠨᠴᠠ ᠲᠣᠭ᠍ᠲᠠᠭ᠍ᠰᠠᠨ ᠭᠠᠵᠠᠷ ᠣᠷᠣᠨ᠎ᠳᠤ ᠲᠣᠮᠢᠯᠠᠭ᠍ᠰᠠᠨ ᠲᠥᠯᠥᠭᠡᠯᠡᠬᠦ᠌ ᠪᠠᠢᠭᠤᠯᠭ᠎ᠠ ᠵᠢᠴᠢ ᠲᠡᠭᠦᠨ᠎ᠤ ᠠᠵᠢᠯ᠎ᠤᠨ ᠰᠠᠯᠠᠭ᠎ᠠ ᠮᠥᠴᠢᠷ᠂ ᠨᠠᠮ᠎ᠤᠨ ᠰᠠᠬᠢᠯᠭ᠎ᠠ ᠪᠠᠲᠤ ᠪᠠᠢᠴᠠᠭᠠᠬᠤ ᠪᠠᠢᠭᠤᠯᠭ᠎ᠠ᠂ ᠨᠠᠮ᠎ᠤᠨ ᠤᠳᠤᠷᠢᠳᠭᠤ ᠳᠤᠭᠤᠢᠯᠠᠩ᠂ ᠨᠠᠮ᠎ᠤᠨ ᠦᠨᠳᠦᠰᠦᠨ ᠱᠠᠲᠤᠨ᠎ᠤ ᠵᠣᠬᠢᠶᠠᠨ ᠪᠠᠢᠭᠤᠯᠤᠯᠲᠠ᠎ᠶ᠋ᠢᠨ ᠲᠠᠮᠠᠭ᠎ᠠ (ᠲᠠᠮᠠᠭ᠎ᠠ᠎ᠶ᠋ᠢᠨ ᠬᠡᠪ) ᠶ᠋ᠢᠨ ᠳᠤᠮᠳᠠ᠎ᠨᠢ ᠨᠠᠮ᠎ᠤᠨ ᠰᠦᠯᠳᠡ᠎ᠶ᠋ᠢᠨ ᠵᠢᠷᠤᠭ ᠰᠡᠢᠯᠦᠨ᠎ᠡ᠃
ᠳᠣᠯᠣᠳᠤᠭᠠᠷ ᠵᠦᠢᠯ ᠨᠠᠮ᠎ᠤᠨ ᠦᠨᠳᠦᠰᠦᠨ ᠱᠠᠲᠤᠨ᠎ᠤ ᠬᠤᠷᠢᠶ᠎ᠠ ᠨᠠᠮ᠎ᠤᠨ ᠭᠡᠱᠢᠭᠦᠳ᠎ᠤᠨ ᠶᠡᠭᠡ ᠬᠤᠷᠠᠯ ᠪᠤᠶᠤ ᠨᠠᠮ᠎ᠤᠨ ᠭᠡᠱᠢᠭᠦᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ ᠬᠤᠷᠠᠯᠳᠤᠭᠤᠯᠬᠤ᠎ᠳᠠᠭᠠᠨ ᠬᠡᠷᠡᠭ᠌ᠴᠡᠭᠡ᠎ᠪᠠᠨ ᠦᠨᠳᠦᠰᠦᠯᠡᠨ ᠨᠠᠮ᠎ᠤᠨ ᠰᠦᠯᠳᠡ᠎ᠶ᠋ᠢ ᠡᠯᠭᠦᠵᠦ᠍ ᠪᠣᠯᠤᠨ᠎ᠠ᠃
ᠳᠣᠣᠷ᠎ᠠ ᠵᠢᠭ᠍ᠰᠠᠭᠠᠭ᠍ᠰᠠᠨ ᠪᠠᠢᠳᠠᠯ᠎ᠳᠤ ᠨᠠᠮ᠎ᠤᠨ ᠰᠦᠯᠳᠡ᠎ᠶ᠋ᠢᠨ ᠵᠢᠷᠤᠭ ᠲᠦᠷᠰᠤ᠎ᠶ᠋ᠢ ᠬᠡᠷᠡᠭ᠌ᠯᠡᠵᠦ᠍ ᠪᠣᠯᠤᠨ᠎ᠠ᠄
(ᠨᠢᠭᠡ) ᠨᠠᠮ ᠤᠨ ᠳᠣᠲᠣᠭᠠᠳᠤ ᠶ᠋ᠢᠨ ᠴᠢᠬᠤᠯᠠ ᠬᠤᠷᠠᠯ᠂ ᠴᠢᠬᠤᠯᠠ ᠠᠵᠢᠯᠯᠠᠭ᠎ᠠ᠎ᠳᠤ ᠬᠡᠷᠡᠭ᠌ᠯᠡᠬᠦ᠌ ᠦᠨᠡᠮᠯᠡᠯ᠂ ᠢᠯᠭᠠᠬᠤ ᠲᠡᠮᠳᠡᠭ ᠵᠡᠷᠭᠡ;
(ᠬᠤᠶᠠᠷ) ᠨᠠᠮ᠎ᠤᠨ ᠡᠯ᠎ᠡ ᠱᠠᠲᠤᠨ᠎ᠤ ᠵᠣᠬᠢᠶᠠᠨ ᠪᠠᠢᠭᠤᠯᠤᠯᠲᠠ᠎ᠶ᠋ᠢᠨ ᠣᠯᠭᠤᠭ᠍ᠰᠠᠨ ᠱᠠᠩᠨᠠᠯ᠎ᠤᠨ ᠲᠡᠮᠳᠡᠭ᠂ ᠰᠦᠯᠳᠡ ᠲᠡᠮᠳᠡᠭ᠂ ᠱᠠᠩᠨᠠᠯ᠎ᠤᠨ ᠪᠢᠴᠢᠭ᠂ ᠦᠨᠡᠮᠯᠡᠯ ᠪᠠ ᠪᠤᠰᠤᠳ ᠢᠷᠠᠭᠤ ᠠᠯᠳᠠᠷ᠎ᠤᠨ ᠴᠢᠨᠠᠷᠲᠠᠶ ᠪᠢᠴᠢᠭ ᠬᠠᠷ᠎ᠠ᠂ ᠭᠡᠷᠡᠴᠢ ᠦᠨᠡᠮᠯᠡᠯ᠂ ᠦᠢᠯᠡᠳᠦᠭ᠌ᠰᠡᠨ ᠬᠤᠯᠪᠣᠭ᠍ᠳᠠᠯ ᠪᠥᠬᠦᠶ ᠠᠵᠢᠯ᠎ᠤᠨ ᠦᠨᠡᠮᠯᠡᠯ ᠵᠡᠷᠭᠡ;
(ᠭᠤᠷᠪᠠ) ᠨᠠᠮ᠎ᠤᠨ ᠳᠣᠲᠣᠭᠠᠳᠤ᠎ᠶ᠋ᠢᠨ ᠴᠢᠬᠤᠯᠠ ᠬᠡᠪᠯᠡᠭ᠌ᠳᠡᠬᠦᠨ᠂ ᠤᠬᠠᠭᠤᠯᠬᠤ ᠮᠠᠲ᠋ᠧᠷᠢᠶᠠᠯ ᠵᠡᠷᠭᠡ;
(ᠳᠥᠷᠪᠡ) ᠨᠠᠮ᠎ᠤᠨ ᠡᠯ᠎ᠡ ᠱᠠᠲᠤᠨ᠎ᠤ ᠵᠣᠬᠢᠶᠠᠨ ᠪᠠᠢᠭᠤᠯᠤᠯᠲᠠ᠎ᠶ᠋ᠢᠨ ᠰᠦᠯᠵᠢᠶ᠎ᠡ ᠪᠠ ᠰᠦᠯᠵᠢᠶᠡᠨ᠎ᠤ ᠦᠷᠳᠡᠭᠡ;
(ᠲᠠᠪᠤ) ᠨᠠᠮ᠎ᠤᠨ ᠭᠡᠱᠢᠭᠦᠨ᠎ᠤ ᠬᠥᠮᠦᠵᠢᠯ᠎ᠤᠨ ᠰᠠᠭᠤᠷᠢᠨ᠂ ᠨᠠᠮ᠎ᠤᠨ ᠭᠡᠱᠢᠭᠦᠨ᠎ᠤ ᠬᠤᠱᠢᠭᠤᠴᠢ ᠠᠵᠢᠯ᠎ᠤᠨ ᠪᠠᠢᠷᠢ᠂ ᠨᠠᠮ᠎ᠤᠨ ᠪᠠᠢᠭᠤᠯᠤᠯᠲᠠ᠎ᠶ᠋ᠢᠨ ᠤᠬᠠᠭᠤᠯᠭ᠎ᠠ᠎ᠶ᠋ᠢᠨ ᠪᠤᠯᠤᠩ (ᠬᠡᠷᠡᠮ) ᠵᠢᠴᠢ ᠨᠠᠮ᠎ᠤᠨ ᠭᠡᠱᠢᠬᠦᠨ ᠣᠯᠠᠨ ᠲᠦᠮᠡᠨ᠎ᠤ ᠦᠢᠯᠡᠴᠢᠯᠡᠭᠡᠨ᠎ᠤ ᠲᠥᠪ᠂ ᠨᠠᠮ᠎ᠤᠨ ᠭᠡᠱᠢᠭᠦᠨ᠎ᠤ ᠠᠵᠢᠯᠯᠠᠭᠠᠨ᠎ᠤ ᠲᠠᠰᠤᠭ ᠵᠡᠷᠭᠡ ᠦᠨᠳᠦᠰᠦᠨ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠠᠵᠢᠯᠯᠠᠭᠠᠨ᠎ᠤ ᠲᠠᠯᠠᠪᠤᠷ;
(ᠵᠢᠷᠭᠤᠭ᠎ᠠ) ᠨᠠᠮ᠎ᠠᠴᠠ ᠦᠷᠨᠢᠭᠦᠯᠦᠭ᠌ᠰᠡᠨ ᠭᠠᠳᠠᠭᠠᠳᠤ ᠬᠠᠷᠢᠯᠴᠠᠭᠠᠨ᠎ᠤ ᠠᠵᠢᠯᠯᠠᠭ᠎ᠠ ᠃
ᠨᠠᠢ᠍ᠮᠠᠳᠤᠭᠠᠷ ᠵᠦᠢᠯ ᠨᠠᠮ᠎ᠤᠨ ᠲᠤᠭ᠎ᠤᠨ ᠨᠡᠢᠳᠡᠮ ᠬᠡᠷᠡᠭ᠌ᠯᠡᠬᠦ᠌ ᠪᠠᠷᠢᠮᠵᠢᠶ᠎ᠠ᠎ᠨᠢ ᠳᠤᠤᠷ᠎ᠠ ᠵᠢᠭ᠍ᠰᠠᠭᠠᠭ᠍ᠰᠠᠨ 5 ᠵᠦᠢᠯ ᠪᠤᠢ᠄
(ᠨᠢᠭᠡ) ᠤᠷᠳᠤᠨᠢ 288 ᠰᠠᠨᠲ᠋ᠢᠮᠧᠲᠷ᠂ ᠦᠷᠭᠡᠨ᠎ᠨᠢ 192 ᠰᠠᠨᠲ᠋ᠢᠮᠧᠲᠷ;
(ᠬᠤᠶᠠᠷ) ᠣᠷᠳᠣᠨ᠎ᠢ 240 ᠰᠠᠨᠲ᠋ᠢᠮᠧᠲᠷ᠂ ᠥᠷᠭᠡᠨ᠎ᠨᠢ 160 ᠰᠠᠨᠲ᠋ᠢᠮᠧᠲᠷ;
(ᠭᠤᠷᠪᠠ) ᠤᠷᠳᠤᠨᠢ 192 ᠰᠠᠨᠲ᠋ᠢᠮᠧᠲᠷ᠂ ᠥᠷᠭᠡᠨ᠎ᠨᠢ 128 ᠰᠠᠨᠲ᠋ᠢᠮᠧᠲᠷ;
(ᠲᠦᠷᠪᠡ) ᠤᠷᠳᠦ᠎ᠨᠢ 144 ᠰᠠᠨᠲ᠋ᠢᠮᠧᠲᠷ᠂ ᠥᠷᠭᠡᠨ᠎ᠨᠢ 96 ᠰᠠᠨᠲ᠋ᠢᠮᠧᠲᠷ;
(ᠲᠠᠪᠤ) ᠤᠷᠳᠤᠨᠢ 96 ᠰᠠᠨᠲ᠋ᠢᠮᠧᠲᠷ᠂ ᠦᠷᠭᠡᠨ᠎ᠨᠢ 64 ᠰᠠᠨᠲ᠋ᠢᠮᠧᠲᠷ᠃
ᠣᠨᠴᠠ ᠲᠣᠭ᠍ᠲᠠᠭ᠍ᠰᠠᠨ ᠲᠠᠯᠠᠪᠤᠷ᠎ᠲᠤ᠌᠂ ᠨᠡᠢᠳᠡᠮ ᠬᠡᠷᠡᠭ᠌ᠯᠡᠬᠦ᠌ ᠪᠠᠷᠢᠮᠵᠢᠶ᠎ᠠ᠎ᠶ᠋ᠢᠨ ᠪᠤᠰᠤ ᠨᠠᠮ᠎ᠤᠨ ᠲᠤᠭ᠎ᠢ ᠬᠡᠷᠡᠭ᠌ᠯᠡᠬᠦ᠌ ᠴᠢᠬᠤᠯᠠᠲᠠᠢ ᠪᠠᠢᠪᠠᠯ᠂ ᠨᠡᠢᠳᠡᠮ ᠬᠡᠷᠡᠭ᠌ᠯᠡᠬᠦ᠌ ᠪᠠᠷᠢᠮᠵᠢᠶ᠎ᠠ᠎ᠪᠠᠷ ᠬᠠᠷᠢᠴᠠᠯ ᠪᠣᠯᠭᠠᠵᠤ ᠵᠣᠬᠢᠰᠲᠠᠢ᠎ᠪᠠᠷ ᠶᠡᠬᠡᠰᠭᠡᠬᠦ᠌ ᠪᠤᠶᠤ ᠪᠠᠭᠠᠰᠭᠠᠬᠤ ᠬᠡᠷᠡᠭ᠌ᠲᠡᠢ᠃
ᠶᠢᠰᠦᠳᠦᠭᠡᠷ ᠵᠦᠢᠯ ᠳᠣᠣᠷ᠎ᠠ ᠵᠢᠭ᠍ᠰᠠᠭᠠᠭ᠍ᠰᠠᠨ ᠪᠠᠢᠳᠠᠯ᠎ᠳᠤ ᠨᠠᠮ᠎ᠤᠨ ᠲᠤᠬ᠎ᠢ ᠬᠡᠷᠡᠭ᠌ᠯᠡᠬᠦ᠌ ᠬᠡᠷᠡᠭ᠌ᠲᠡᠢ᠄
(ᠨᠢᠭᠡ) ᠱᠢᠨ᠎ᠡ ᠨᠠᠮ᠎ᠤᠨ ᠭᠡᠱᠢᠭᠦᠨ᠎ᠤ ᠨᠠᠮ᠎ᠳᠤ ᠣᠷᠣᠬᠤ ᠲᠠᠩᠭᠠᠷᠢᠬ᠍ᠯᠠᠬᠤ ᠶᠣᠰᠣᠯᠠᠯ ᠶᠠᠪᠤᠭᠤᠯᠬᠤ᠎ᠳᠤ᠂ ᠨᠠᠮ᠎ᠤᠨ ᠭᠡᠱᠢᠭᠦᠨ᠎ᠢ ᠵᠣᠬᠢᠶᠠᠨ ᠪᠠᠢᠭᠤᠯᠵᠤ ᠨᠠᠮ᠎ᠳᠤ ᠣᠷᠣᠬᠤ ᠲᠠᠩᠭᠠᠷᠢᠭ᠎ᠤᠨ ᠦᠭᠡᠰ᠎ᠢ ᠡᠷᠭᠢᠴᠡᠭᠦᠯᠦᠨ ᠤᠩᠱᠢᠬᠤ ᠦᠶᠡᠰ;
(ᠬᠤᠶᠠᠷ) ᠨᠠᠮ᠎ᠤᠨ ᠳᠣᠲᠣᠭᠠᠳᠤ᠎ᠳᠤ ᠴᠢᠬᠤᠯᠠ ᠶᠡᠭᠡ ᠪᠡᠯᠭᠡᠯᠡᠬᠦ᠂ ᠳᠤᠷᠠᠰᠭᠠᠬᠤ ᠠᠵᠢᠯᠯᠠᠭ᠎ᠠ ᠦᠷᠨᠢᠬᠦᠯᠬᠦ᠌ ᠦᠶᠡᠰ;
(ᠭᠤᠷᠪᠠ) ᠨᠠᠮ᠎ᠤᠨ ᠲᠥᠪ ᠬᠤᠷᠢᠶ᠎ᠠ ᠪᠤᠯᠤᠨ ᠣᠷᠣᠨ ᠨᠤᠲᠤᠭ᠎ᠤᠨ ᠬᠤᠷᠢᠶ᠎ᠠ ᠵᠢᠴᠢ ᠲᠡᠭᠦᠨ᠎ᠤ ᠠᠵᠢᠯ᠎ᠤᠨ ᠰᠠᠯᠠᠭ᠎ᠠ ᠮᠥᠴᠢᠷ᠂ ᠨᠠᠮ᠎ᠤᠨ ᠲᠥᠪ ᠬᠤᠷᠢᠶ᠎ᠠ ᠪᠤᠯᠤᠨ ᠣᠷᠣᠨ ᠨᠤᠲᠤᠭ᠎ᠤᠨ ᠬᠤᠷᠢᠶ᠎ᠠ᠎ᠠᠴᠠ ᠣᠨᠴᠠ ᠲᠣᠭ᠍ᠲᠠᠭ᠍ᠰᠠᠨ ᠭᠠᠵᠠᠷ ᠣᠷᠣᠨ᠎ᠳᠤ ᠲᠣᠮᠢᠯᠠᠭ᠍ᠰᠠᠨ ᠲᠥᠯᠥᠭᠡᠯᠡᠬᠦ᠌ ᠪᠠᠢᠭᠤᠯᠭ᠎ᠠ ᠵᠢᠴᠢ ᠲᠡᠭᠦᠨ᠎ᠤ ᠠᠵᠢᠯ᠎ᠤᠨ ᠰᠠᠯᠠᠭ᠎ᠠ ᠮᠥᠴᠢᠷ᠂ ᠨᠠᠮ᠎ᠤᠨ ᠰᠠᠬᠢᠯᠭ᠎ᠠ ᠪᠠᠲᠤ ᠪᠠᠢᠴᠠᠭᠠᠬᠤ ᠪᠠᠢᠭᠤᠯᠭ᠎ᠠ᠂ ᠨᠠᠮ᠎ᠤᠨ ᠤᠳᠤᠷᠢᠳᠭᠤ ᠳᠤᠭᠤᠢᠯᠠᠩ᠎ᠤᠨ ᠬᠤᠷᠠᠯ᠎ᠤᠨ ᠬᠡᠷ᠃
ᠠᠷᠪᠠᠳᠤᠭᠠᠷ ᠵᠦᠢᠯ ᠳᠣᠣᠷ᠎ᠠ ᠵᠢᠭ᠍ᠰᠠᠭᠠᠭ᠍ᠰᠠᠨ ᠪᠠᠢᠳᠠᠯ᠎ᠳᠤ ᠨᠠᠮ᠎ᠤᠨ ᠲᠤᠬ᠎ᠢ ᠬᠡᠷᠡᠭ᠌ᠯᠡᠵᠦ᠍ ᠪᠣᠯᠤᠨ᠎ᠠ᠄ (ᠨᠢᠭᠡ) ᠨᠠᠮ᠎ᠤᠨ ᠭᠡᠱᠢᠭᠦᠳ᠎ᠤᠨ ᠶᠡᠭᠡ ᠬᠤᠷᠠᠯ᠂ ᠨᠠᠮ᠎ᠤᠨ ᠦᠨᠳᠦᠰᠦᠨ ᠱᠠᠲᠤᠨ᠎ᠤ ᠲᠥᠯᠥᠭᠡᠯᠡᠭ᠌ᠴᠢᠳ᠎ᠤᠨ ᠶᠡᠭᠡ ᠬᠤᠷᠠᠯ᠎ᠢ ᠬᠤᠷᠠᠯᠳᠤᠭᠤᠯᠬᠤ ᠦᠶᠡᠰ;
(ᠬᠤᠶᠠᠷ) ᠨᠠᠮ᠎ᠤᠨ ᠦᠨᠳᠦᠰᠦᠨ ᠱᠠᠲᠤᠨ᠎ᠤ ᠵᠣᠬᠢᠶᠠᠨ ᠪᠠᠢᠭᠤᠯᠤᠯᠲᠠ ᠭᠤᠤᠯ ᠰᠡᠳᠦᠪᠳᠤ ᠨᠠᠮ᠎ᠤᠨ ᠡᠳᠦᠷ᠎ᠤᠨ ᠠᠵᠢᠯᠯᠠᠭ᠎ᠠ ᠦᠷᠨᠢᠭᠦᠯᠬᠦ᠌ ᠦᠶᠡᠰ;
(ᠭᠤᠷᠪᠠ) ᠨᠠᠮ᠎ᠤᠨ ᠭᠡᠱᠢᠭᠦᠨ᠎ᠤ ᠬᠥᠮᠦᠵᠢᠯ᠎ᠤᠨ ᠰᠠᠭᠤᠷᠢᠨ ᠭᠠᠵᠠᠷ᠂ ᠨᠠᠮ᠎ᠤᠨ ᠭᠡᠱᠢᠭᠦᠨ᠎ᠤ ᠬᠤᠱᠢᠭᠤᠴᠢ ᠠᠵᠢᠯ᠎ᠤᠨ ᠪᠠᠢᠷᠢ ᠵᠢᠴᠢ ᠨᠠᠮ ᠪᠠ ᠣᠯᠠᠨ ᠲᠦᠮᠡᠨ᠎ᠤ ᠦᠢᠯᠡᠴᠢᠯᠡᠭᠡᠨ᠎ᠤ ᠲᠥᠪ᠂ ᠨᠠᠮ᠎ᠤᠨ ᠭᠡᠱᠢᠭᠦᠨ᠎ᠤ ᠠᠵᠢᠯᠯᠠᠭᠠᠨ᠎ᠤ ᠲᠠᠰᠤᠭ ᠵᠡᠷᠭᠡ ᠦᠨᠳᠦᠰᠦᠨ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠠᠵᠢᠯᠯᠠᠭᠠᠨ᠎ᠤ ᠲᠠᠯᠠᠪᠤᠷ;
(ᠳᠥᠷᠪᠡ) ᠴᠢᠬᠤᠯᠠ ᠠᠵᠢᠯ᠂ ᠴᠢᠬᠤᠯᠠ ᠲᠥᠷᠥᠯ ᠵᠦᠢᠯ᠎ᠤᠨ ᠪᠣᠭᠤᠮᠲᠠ ᠱᠢᠪᠲᠤᠯᠬᠤ ᠪᠠ ᠠᠶᠤᠯ ᠭᠠᠮᠱᠢᠭ᠎ᠠᠴᠠ ᠠᠪᠤᠷᠬᠠᠤ᠂ ᠬᠢᠵᠢᠭ᠎ᠲᠠᠢ ᠲᠡᠮᠡᠴᠡᠬᠦ᠌ ᠡᠮᠦᠨ᠎ᠡ ᠹᠷᠣᠨᠲ᠎ᠤᠨ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠵᠢᠭ᠍ᠰᠠᠭᠠᠯ᠎ᠤᠨ ᠭᠠᠵᠠᠷ᠂ ᠨᠠᠮ᠎ᠤᠨ ᠭᠡᠱᠢᠭᠦᠨ᠎ᠤ ᠭᠠᠪᠱᠢᠭᠠᠶ ᠠᠩᠭᠢ ᠵᠡᠷᠭᠡ;
(ᠲᠠᠪᠤ) ᠨᠠᠮ᠎ᠤᠨ ᠭᠠᠳᠠᠭᠠᠳᠤ ᠬᠠᠷᠢᠯᠴᠠᠭᠠᠨ᠎ᠤ ᠠᠵᠢᠯᠯᠠᠭ᠎ᠠ ᠥᠷᠨᠢᠭᠦᠯᠬᠦ᠌ ᠦᠶᠡᠰ᠃
ᠳᠡᠭᠡᠷ᠎ᠡ ᠳᠤᠷᠠᠳᠤᠭ᠍ᠰᠠᠨ ᠪᠠᠢᠳᠠᠯ᠎ᠠᠴᠠ ᠭᠠᠳᠠᠨ᠎ᠠ᠂ ᠡᠩ᠎ᠤᠨ ᠪᠠᠢᠳᠠᠯ᠎ᠳᠤ ᠨᠠᠮ᠎ᠤᠨ ᠰᠦᠯᠳᠡ᠎ᠶ᠋ᠢᠨ ᠵᠢᠷᠤᠭ ᠳᠦᠷᠰᠦ᠎ᠪᠠᠷ ᠬᠡᠷᠡᠭ᠌ᠯᠡᠵᠤ ᠪᠤᠯᠬᠤ ᠪᠠᠢᠳᠠᠯ᠎ᠢᠶᠠᠷ ᠯᠠᠪᠯᠠᠯᠳᠠ ᠪᠤᠯᠭᠠᠵᠤ ᠨᠠᠮ᠎ᠤᠨ ᠲᠤᠬ᠎ᠤᠨ ᠵᠢᠷᠤᠭ ᠳᠦᠷᠰᠦ᠎ᠶ᠋ᠢ ᠬᠡᠷᠡᠭ᠌ᠯᠡᠵᠦ᠍ ᠪᠣᠯᠤᠨ᠎ᠠ᠃
ᠠᠷᠪᠠᠨ ᠨᠢᠭᠡᠳᠦᠭᠡᠷ ᠵᠦᠢᠯ ᠣᠨᠴᠠᠭᠠᠢ ᠪᠠᠢᠳᠠᠯ᠎ᠳᠤ ᠨᠠᠮ᠎ᠤᠨ ᠲᠤᠬ ᠪᠠ ᠪᠤᠰᠤᠳ ᠲᠤᠬ᠎ᠢ ᠵᠡᠷᠭᠡ᠎ᠪᠠᠷ ᠡᠯᠭᠦᠬᠦ᠌ ᠴᠢᠬᠤᠯᠠᠲᠠᠢ ᠦᠶ᠎ᠠ᠎ᠳᠤ᠂ ᠨᠠᠮ᠎ᠤᠨ ᠲᠤᠬ᠎ᠢ ᠲᠡᠷᠢᠭᠦᠨ ᠪᠠᠢᠷᠢᠨ᠎ᠳᠤ ᠲᠠᠯᠪᠢᠬᠤ ᠬᠡᠷᠡᠭ᠌ᠲᠡᠢ᠃
ᠠᠷᠪᠠᠨ ᠬᠤᠶᠠᠳᠤᠭᠠᠷ ᠵᠦᠢᠯ ᠨᠡᠢᠳᠡᠮ ᠬᠡᠷᠡᠭ᠌ᠯᠡᠬᠦ᠌ ᠪᠠᠷᠢᠮᠵᠢᠶ᠎ᠠ᠎ᠶ᠋ᠢᠨ ᠪᠤᠰᠤ ᠨᠠᠮ᠎ᠤᠨ ᠰᠦᠯᠳᠡ ᠨᠠᠮ᠎ᠤᠨ ᠲᠤᠬ᠎ᠢ ᠦᠢᠯᠡᠳᠬᠦ᠌ ᠦᠶᠡᠰ᠂ ᠲᠣᠭ᠍ᠲᠠᠭᠠᠭ᠍ᠰᠠᠨ ᠪᠠᠢᠳᠠᠯ᠎ᠠᠴᠠ ᠭᠠᠳᠠᠭᠤᠷ ᠨᠠᠮ᠎ᠤᠨ ᠰᠦᠯᠳᠡ ᠨᠠᠮ᠎ᠤᠨ ᠲᠤᠬ ᠵᠢᠴᠢ ᠲᠡᠭᠦᠨ᠎ᠤ ᠵᠢᠷᠤᠭ ᠳᠦᠷᠰᠦ᠎ᠶ᠋ᠢ ᠬᠡᠷᠡᠭ᠌ᠯᠡᠬᠦ᠌᠎ᠳᠤ ᠬᠦᠷᠪᠡᠯ᠂ ᠱᠢᠶᠠᠨ᠎ᠤ ᠱᠠᠲᠤᠨ᠎ᠠᠴᠠ ᠳᠡᠭᠡᠭ᠌ᠰᠢᠬᠢ ᠨᠠᠮ᠎ᠤᠨ ᠬᠤᠷᠢᠶᠠᠨ᠎ᠤ ᠵᠣᠬᠢᠶᠠᠨ ᠪᠠᠢᠭᠤᠯᠬᠤ ᠰᠠᠯᠠᠭ᠎ᠠ ᠮᠥᠴᠢᠷ᠎ᠲᠤ ᠮᠡᠳᠡᠭᠦᠯᠵᠦ᠍ ᠵᠥᠪᠱᠢᠶᠡᠷᠡᠭᠦᠯᠬᠦ᠌ ᠬᠡᠷᠡᠭ᠌ᠲᠡᠢ᠃
ᠠᠷᠪᠠᠨ ᠭᠤᠷᠪᠠᠳᠤᠭᠠᠷ ᠵᠦᠢᠯ ᠨᠠᠮ᠎ᠤᠨ ᠰᠦᠯᠳᠡ ᠨᠠᠮ᠎ᠤᠨ ᠲᠤᠬ ᠵᠢᠴᠢ ᠲᠡᠭᠦᠨ᠎ᠤ ᠵᠢᠷᠤᠭ ᠳᠦᠷᠰᠦ᠎ᠶ᠋ᠢ ᠳᠣᠣᠷᠠᠬᠢ ᠵᠦᠢᠯ᠎ᠳᠤ ᠬᠡᠷᠡᠭ᠌ᠯᠡᠵᠦ᠍ ᠪᠣᠯᠬᠤ ᠤᠢ᠍ᠭᠡᠢ᠄
(ᠨᠢᠭᠡ) ᠲᠠᠸᠠᠷ᠎ᠤᠨ ᠲᠡᠮᠳᠡᠭ᠂ ᠲᠤᠰᠭᠠᠢ ᠠᠱᠢᠭ᠎ᠤᠨ ᠡᠷᠬᠡ ᠣᠯᠭᠤᠭ᠍ᠰᠠᠨ ᠭᠠᠳᠠᠷ ᠳᠦᠷᠰᠦ᠎ᠶ᠋ᠢᠨ ᠵᠢᠷᠤᠭ ᠲᠥᠯᠥᠪᠯᠡᠭᠡ ᠪᠠ ᠬᠤᠳᠠᠯᠳᠤᠭᠠᠨ᠎ᠤ ᠵᠡᠷ;
(ᠬᠤᠶᠠᠷ) ᠬᠤᠪᠢ ᠬᠥᠮᠦᠨ᠎ᠤ ᠠᠵᠢᠯᠯᠠᠭ᠎ᠠ;
(ᠭᠤᠷᠪᠠ) ᠬᠤᠪᠢ ᠬᠥᠮᠦᠨ᠎ᠤ ᠲᠠᠯᠠᠪᠤᠷ᠂ ᠬᠤᠪᠢ ᠬᠥᠮᠦᠨ᠎ᠤ ᠰᠦᠯᠵᠢᠶᠡᠨ᠎ᠤ ᠣᠷᠣᠨ ᠵᠠᠢ᠎ᠶ᠋ᠢᠨ ᠳᠡᠮᠳᠡᠭ ᠢᠯᠡᠷᠬᠡᠢᠯᠡᠯ᠎ᠤᠨ ᠡᠳ᠋;
(ᠳᠥᠷᠪᠡ) ᠬᠤᠪᠢ ᠬᠥᠮᠦᠨ ᠤ ᠡᠳᠦᠷ ᠲᠤᠲᠤᠮ ᠤᠨ ᠬᠡᠷᠡᠭ᠌ᠰᠡᠯ᠂ ᠡᠳᠦᠷ ᠲᠤᠲᠤᠮ ᠤᠨ ᠠᠮᠢᠳᠤᠷᠠᠯ ᠤᠨ ᠲᠠᠪᠢᠯᠭ᠎ᠠ ᠪᠠᠢᠷᠢᠯᠠᠭᠤᠯᠤᠯᠳᠠ;
(ᠲᠠᠪᠤ) ᠪᠤᠰᠤᠳ ᠲᠣᠬᠢᠷᠠᠬᠤ ᠦᠭᠡᠢ ᠲᠠᠯᠠᠪᠤᠷ᠂ ᠪᠠᠢᠳᠠᠯ ᠪᠠ ᠣᠷᠴᠢᠨ᠃
ᠠᠷᠪᠠᠨ ᠳᠥᠷᠪᠡᠳᠦᠭᠡᠷ ᠵᠦᠢᠯ ᠨᠠᠮ᠎ᠤᠨ ᠰᠦᠯᠳᠡ ᠨᠠᠮ᠎ᠤᠨ ᠲᠤᠬ ᠳᠡᠭᠡᠷ᠎ᠡ ᠶᠠᠮᠠᠷᠪᠠ ᠤᠢ᠍ᠰᠦᠭ ᠪᠢᠴᠢᠭ᠂ ᠲᠡᠮᠳᠡᠭ ᠪᠠ ᠵᠢᠷᠤᠭ ᠲᠦᠷᠰᠦ ᠵᠡᠷᠭᠡ᠎ᠶ᠋ᠢ ᠨᠡᠮᠡᠵᠦ᠍ ᠪᠣᠯᠬᠤ ᠤᠢ᠍ᠭᠡᠢ᠂ ᠡᠪᠳᠡᠷᠡᠭ᠌ᠰᠡᠨ᠂ ᠭᠬᠢᠷᠲᠦᠭ᠌ᠰᠡᠨ᠂ ᠦᠡᠭ᠌ᠭᠡ᠎ᠨᠢ ᠤᠨᠠᠭ᠍ᠰᠠᠨ ᠨᠠᠮ᠎ᠤᠨ ᠰᠦᠯᠳᠡ ᠨᠠᠮ᠎ᠤᠨ ᠲᠤᠬ᠎ᠢ ᠬᠡᠷᠡᠭ᠌ᠯᠡᠵᠦ᠍ ᠪᠣᠯᠬᠤ ᠤᠢ᠍ᠭᠡᠢ᠂ ᠲᠤᠰ ᠲᠦᠷᠢᠮ᠎ᠳᠤ ᠳᠠᠭᠠᠯᠳᠤᠭᠤᠯᠤᠭ᠍ᠰᠠᠨ ᠦᠢᠯᠡᠳᠬᠦ᠌ ᠠᠷᠭ᠎ᠠ᠎ᠶ᠋ᠢᠨ ᠳᠤᠳᠤᠷᠬᠠᠢᠯᠠᠯᠳᠠᠳᠤ ᠨᠡᠢᠴᠡᠬᠦ᠌ ᠤᠢ᠍ᠭᠡᠢ ᠶᠠᠮᠠᠷᠪᠠ ᠨᠠᠮ᠎ᠤᠨ ᠰᠦᠯᠳᠡ ᠨᠠᠮ᠎ᠤᠨ ᠲᠤᠬ᠎ᠢ ᠦᠢᠯᠡᠳᠴᠦ᠍ ᠬᠡᠷᠡᠭ᠌ᠯᠡᠵᠦ᠍ ᠪᠣᠯᠬᠤ ᠤᠢ᠍ᠭᠡᠢ᠃ ᠲᠣᠩᠭᠤᠷᠠᠭᠤᠯᠤᠨ ᠡᠯᠭᠦᠬᠦ᠂ ᠲᠣᠩᠭᠤᠷᠠᠭᠤᠯᠤᠨ ᠬᠠᠳᠭᠤᠬᠤ ᠪᠤᠶᠤ ᠨᠠᠮ᠎ᠤᠨ ᠰᠦᠯᠳᠡ ᠨᠠᠮ᠎ᠤᠨ ᠲᠤᠬ᠎ᠤᠨ ᠨᠡᠷ᠎ᠡ ᠬᠦᠨᠳᠦ᠎ᠶ᠋ᠢ ᠬᠤᠬᠢᠷᠠᠭᠤᠯᠬᠤ ᠪᠤᠰᠤᠳ ᠬᠡᠯᠪᠡᠷᠢ᠎ᠪᠠᠷ ᠨᠠᠮ᠎ᠤᠨ ᠰᠦᠯᠳᠡ ᠨᠠᠮ᠎ᠤᠨ ᠲᠤᠬ᠎ᠢ ᠡᠯᠭᠦᠵᠤ᠂ ᠬᠡᠷᠡᠭ᠌ᠯᠡᠵᠦ᠍ ᠪᠣᠯᠬᠤ ᠤᠢ᠍ᠭᠡᠢ᠃
ᠨᠠᠮ᠎ᠤᠨ ᠰᠦᠯᠳᠡ ᠨᠠᠮ᠎ᠤᠨ ᠲᠤᠭ᠎ᠢ ᠳᠤᠷ᠎ᠠ᠎ᠪᠠᠷ᠎ᠢᠶᠠᠨ ᠬᠠᠶᠠᠵᠤ ᠪᠣᠯᠬᠤ ᠦᠭᠡᠢ᠃ ᠡᠪᠳᠡᠷᠡᠭ᠌ᠰᠡᠨ᠂ ᠭᠬᠢᠷᠲᠦᠭ᠌ᠰᠡᠨ᠂ ᠥᠩᠭᠡ᠎ᠨᠢ ᠤᠨᠠᠭ᠍ᠰᠠᠨ᠂ ᠦᠰᠦᠭ ᠪᠢᠴᠢᠭ ᠪᠠ ᠲᠡᠮᠳᠡᠭ ᠬᠠᠳᠠᠭ᠍ᠰᠠᠨ ᠵᠡᠷᠭᠡ ᠦᠢᠯᠡᠳᠴᠦ᠍ ᠬᠡᠷᠡᠭ᠌ᠯᠡᠬᠦ᠌ ᠲᠣᠭ᠍ᠲᠠᠭᠠᠯ᠎ᠳᠤ ᠨᠡᠢᠴᠡᠬᠦ᠌ ᠦᠭᠡᠶ ᠨᠠᠮ᠎ᠤᠨ ᠰᠦᠯᠳᠡ ᠨᠠᠮ᠎ᠤᠨ ᠲᠤᠭ᠎ᠢ ᠲᠣᠭ᠍ᠲᠠᠭᠠᠯ ᠶᠣᠰᠣᠭᠠᠷ ᠬᠤᠷᠢᠶᠠᠨ ᠠᠪᠴᠤ᠌ ᠱᠢᠢᠳᠪᠦᠷᠢᠯᠡᠬᠦ᠌ ᠬᠡᠷᠡᠭ᠌ᠲᠡᠶ᠃ ᠨᠠᠮ᠎ᠤᠨ ᠳᠣᠲᠣᠭᠠᠳᠤ᠎ᠳᠤ ᠴᠢᠬᠤᠯᠠ ᠶᠡᠭᠡ ᠪᠡᠯᠭᠡᠯᠡᠬᠦ᠂ ᠳᠤᠷᠠᠰᠭᠠᠬᠤ ᠠᠵᠢᠯᠯᠠᠭ᠎ᠠ ᠦᠷᠨᠢᠬᠦᠯᠦᠭ᠌ᠰᠡᠨᠤ ᠲᠠᠷᠠᠭ᠎ᠠ᠂ ᠬᠡᠨ ᠲᠠᠷᠬᠠᠭᠠᠭ᠍ᠰᠠᠨ ᠪᠣᠯ ᠬᠡᠨ ᠬᠠᠷᠢᠭᠤᠴᠠᠬᠤ ᠵᠠᠷᠴᠢᠮ ᠶᠣᠰᠣᠭᠠᠷ᠂ ᠬᠤᠯᠪᠣᠭ᠍ᠳᠠᠯ ᠪᠦᠬᠦᠢ ᠨᠢᠭᠡᠴᠢ᠎ᠠᠴᠠ ᠠᠵᠢᠯᠯᠠᠭ᠎ᠠ᠎ᠶ᠋ᠢᠨ ᠲᠤᠬᠠᠢ᠎ᠶ᠋ᠢᠨ ᠲᠠᠯᠠᠪᠤᠷ᠎ᠲᠤ ᠬᠡᠷᠡᠭ᠌ᠯᠡᠭ᠌ᠰᠡᠨ ᠨᠠᠮ᠎ᠤᠨ ᠰᠦᠯᠳᠡ ᠨᠠᠮ᠎ᠤᠨ ᠲᠤᠭ᠎ᠢ ᠪᠤᠴᠠᠭᠠᠨ ᠠᠪᠬᠤ ᠪᠤᠶᠤ ᠵᠤᠬᠢᠰᠳᠠᠢ ᠱᠢᠢᠳᠪᠦᠷᠢᠯᠡᠬᠦ᠌ ᠬᠡᠷᠡᠭ᠌ᠳᠠᠢ᠃
ᠠᠷᠪᠠᠨ ᠲᠠᠪᠤᠳᠤᠭᠠᠷ ᠵᠦᠢᠯ ᠨᠠᠮ᠎ᠤᠨ ᠭᠡᠱᠢᠭᠦᠨ ᠨᠠᠰᠤ ᠪᠠᠷᠠᠭ᠍ᠰᠠᠨ᠎ᠤ ᠲᠠᠷᠠᠭ᠎ᠠ᠂ ᠨᠠᠮ᠎ᠤᠨ ᠭᠡᠱᠢᠭᠦᠨ᠎ᠤ ᠵᠣᠬᠢᠶᠠᠨ ᠪᠠᠢᠭᠤᠯᠤᠯᠲᠠ᠎ᠶ᠋ᠢᠨ ᠬᠠᠷᠢᠴᠠᠭ᠎ᠠ᠎ᠶ᠋ᠢᠨ ᠪᠠᠢᠭ᠎ᠠ ᠨᠢᠭᠡᠴᠢ᠎ᠶ᠋ᠢᠨ ᠬᠤᠯᠪᠣᠭ᠍ᠳᠠᠯ ᠪᠦᠬᠦᠢ ᠬᠢᠨᠠᠨ ᠵᠥᠪᠱᠢᠶᠡᠷᠡᠬᠦ᠌ ᠡᠷᠬᠡ ᠮᠡᠳᠡᠯ᠎ᠲᠠᠢ ᠦᠨᠳᠦᠰᠦᠨ ᠱᠠᠲᠤᠨ᠎ᠤ ᠨᠠᠮ᠎ᠤᠨ ᠬᠤᠷᠢᠶ᠎ᠠ᠎ᠪᠠᠷ ᠵᠥᠪᠱᠢᠶᠡᠷᠡᠭᠦᠯᠦᠭᠡᠳ᠂ ᠨᠠᠮ᠎ᠤᠨ ᠲᠤᠬ᠎ᠢ ᠲᠡᠭᠦᠨ᠎ᠤ ᠴᠢᠨᠳᠠᠷ ᠪᠤᠶᠤ ᠴᠢᠨᠳᠠᠷ᠎ᠤᠨ ᠬᠠᠢᠷᠴᠠᠭ ᠳᠡᠭᠡᠷ᠎ᠡ ᠪᠦᠲᠡᠭᠡᠵᠦ᠍ ᠪᠣᠯᠤᠨ᠎ᠠ᠂ ᠭᠡᠪᠡᠴᠦ᠍ ᠨᠠᠮ᠎ᠤᠨ ᠲᠤᠬ᠎ᠢ ᠭᠠᠵᠠᠷ᠎ᠲᠠᠢ ᠬᠦᠷᠦᠯᠴᠡᠬᠦᠯᠵᠤ ᠪᠣᠯᠬᠤ ᠦᠭᠡᠢ᠂ ᠴᠢᠨᠳᠠᠷ᠎ᠢ᠎ᠨᠢ ᠳᠠᠭᠠᠭᠤᠯᠤᠨ ᠱᠢᠲᠠᠭᠠᠨ ᠳᠡᠭ᠌ᠳᠡᠭᠡᠵᠦ᠍ ᠪᠣᠯᠬᠤ ᠦᠭᠡᠢ᠂ ᠴᠢᠨᠳᠠᠷ᠎ᠤᠨ ᠬᠠᠢᠷᠴᠠᠭ᠎ᠢ᠎ᠨᠢ ᠳᠠᠭᠠᠭᠤᠯᠤᠨ ᠤᠷᠤᠱᠢᠭᠤᠯᠵᠦ᠍ ᠪᠣᠯᠬᠤ ᠦᠭᠡᠢ᠃
ᠠᠷᠪᠠᠨ ᠵᠢᠷᠭᠤᠳᠤᠭᠠᠷ ᠵᠦᠢᠯ ᠰᠦᠯᠵᠢᠶ᠎ᠡ᠂ ᠬᠡᠪᠯᠡᠭ᠌ᠳᠡᠬᠦᠨ ᠵᠡᠷᠭᠡ᠎ᠳᠤ ᠨᠠᠮ᠎ᠤᠨ ᠰᠦᠯᠳᠡ ᠨᠠᠮ᠎ᠤᠨ ᠲᠤᠬ᠎ᠤᠨ ᠵᠢᠷᠤᠭ ᠲᠦᠷᠰᠦ᠎ᠶ᠋ᠢ ᠬᠡᠷᠡᠭ᠌ᠯᠡᠬᠦ᠌᠎ᠳᠡᠭᠡᠨ ᠢᠯᠡᠷᠬᠡᠢ ᠪᠠᠢᠷᠢᠨ᠎ᠳᠤ ᠲᠠᠯᠪᠢᠬᠤ ᠬᠡᠷᠡᠭ᠌ᠲᠡᠢ᠃
ᠰᠦᠯᠵᠢᠶ᠎ᠡ᠂ ᠬᠡᠪᠯᠡᠭ᠌ᠳᠡᠬᠦᠨ ᠵᠡᠷᠭᠡ᠎ᠳᠤ ᠬᠡᠷᠡᠭ᠌ᠯᠡᠬᠦ᠌ ᠨᠠᠮ᠎ᠤᠨ ᠰᠦᠯᠳᠡ ᠨᠠᠮ᠎ᠤᠨ ᠲᠤᠭ᠎ᠤᠨ ᠵᠢᠷᠤᠭ ᠳᠦᠷᠰᠦ᠎ᠶ᠋ᠢᠨ ᠪᠠᠷᠢᠮᠵᠢᠶ᠎ᠠ ᠬᠡᠪᠯᠡᠯ᠎ᠢ ᠡᠪ ᠬᠠᠮᠲᠤ ᠨᠠᠮ᠎ᠤᠨ ᠭᠡᠱᠢᠭᠦᠨ᠎ᠤ ᠰᠦᠯᠵᠢᠶ᠎ᠡ ᠪᠠ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠰᠣᠨᠢᠨ ᠮᠡᠳᠡᠭᠡᠨ᠎ᠤ ᠰᠦᠯᠵᠢᠶ᠎ᠡ᠎ᠳᠤ ᠨᠡᠢᠲᠡᠯᠡᠨ᠎ᠡ᠃
ᠠᠷᠪᠠᠨ ᠳᠣᠯᠣᠳᠤᠭᠠᠷ ᠵᠦᠢᠯ ᠨᠠᠮ᠎ᠤᠨ ᠰᠦᠯᠳᠡ ᠨᠠᠮ᠎ᠤᠨ ᠲᠤᠭ᠎ᠤᠨ ᠮᠡᠳᠡᠯᠭᠡ᠎ᠶ᠋ᠢ ᠨᠠᠮ᠎ᠤᠨ ᠲᠡᠦᠬᠡ᠎ᠶ᠋ᠢᠨ ᠰᠤᠷᠤᠯᠴᠠᠯᠭ᠎ᠠ ᠬᠥᠮᠦᠵᠢᠯ᠂ ᠨᠠᠮ᠎ᠤᠨ ᠭᠡᠱᠢᠭᠦᠨ᠎ᠤ ᠬᠥᠮᠦᠵᠢᠯ ᠪᠣᠯᠪᠠᠰᠤᠷᠠᠯ᠂ ᠨᠠᠮ᠎ᠳᠤ ᠣᠷᠣᠬᠤ ᠢᠳᠡᠪᠬᠢᠲᠡᠨ᠎ᠤ ᠪᠣᠯᠪᠠᠰᠤᠷᠠᠯ ᠵᠡᠷᠭᠡ᠎ᠶ᠋ᠢᠨ ᠴᠢᠬᠤᠯᠠ ᠠᠭᠤᠯᠭ᠎ᠠ ᠪᠣᠯᠭᠠᠬᠤ ᠬᠡᠷᠡᠭ᠌ᠲᠡᠢ᠃
ᠡᠯ᠎ᠡ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ᠎ᠨᠢ ᠨᠠᠮ᠎ᠤᠨ ᠭᠡᠱᠢᠭᠦᠨ᠂ ᠡᠪ ᠬᠠᠮᠲᠤ ᠵᠠᠯᠠᠭᠤᠴᠤᠳ᠎ᠤᠨ ᠡᠪᠯᠡᠯ᠎ᠤᠨ ᠭᠡᠱᠢᠭᠦᠨ᠂ ᠪᠠᠭᠠᠴᠤᠳ᠎ᠤᠨ ᠬᠤᠱᠢᠭᠤᠴᠢ ᠠᠩᠬᠢ᠎ᠶ᠋ᠢᠨ ᠭᠡᠱᠢᠭᠦᠨ ᠪᠠ ᠠᠷᠠᠳ ᠤᠯᠡᠠᠢ ᠰᠤᠷᠭᠠᠨ ᠬᠥᠮᠦᠵᠢᠭᠦᠯᠵᠦ᠍᠂ ᠨᠠᠮ᠎ᠤᠨ ᠰᠦᠯᠳᠡ ᠨᠠᠮ᠎ᠤᠨ ᠲᠤᠬ᠎ᠤᠨ ᠲᠡᠦᠬᠡ ᠪᠠ ᠵᠤᠷᠢᠭ ᠰᠠᠨᠠᠭᠠᠨ᠎ᠤ ᠠᠭᠤᠯᠤᠭ᠍ᠳᠠᠬᠤᠨ᠎ᠢ ᠤᠢ᠍ᠢᠯᠡᠭᠠᠭᠤᠯᠵᠤ᠂ ᠨᠠᠮ᠎ᠤᠨ ᠰᠦᠯᠳᠡ ᠨᠠᠮ᠎ᠤᠨ ᠲᠤᠬ ᠵᠢᠴᠢ ᠲᠡᠭᠦᠨ᠎ᠤ ᠵᠢᠷᠤᠭ ᠳᠦᠷᠰᠦ᠎ᠶ᠋ᠢ ᠤᠬᠠᠮᠰᠠᠷ᠎ᠠᠴᠠ᠎ᠪᠠᠨ ᠵᠢᠷᠤᠮᠵᠢᠭᠤᠯᠤᠨ ᠬᠡᠷᠡᠭ᠌ᠯᠡᠵᠦ᠍᠂ ᠨᠠᠮ᠎ᠤᠨ ᠰᠦᠯᠳᠡ ᠨᠠᠮ᠎ᠤᠨ ᠲᠤᠬ᠎ᠢ ᠬᠦᠨᠳᠦᠳᠭᠡᠨ ᠬᠠᠢᠷᠠᠯᠠᠬᠤ ᠬᠡᠷᠡᠭ᠌ᠲᠡᠢ᠃
ᠡᠯ᠎ᠡ ᠰᠣᠨᠢᠨ ᠮᠡᠳᠡᠭᠡᠯᠡᠯ᠂ ᠬᠡᠪᠯᠡᠯ᠎ᠤᠨ ᠨᠢᠭᠡᠴᠢ ᠨᠠᠮ᠎ᠤᠨ ᠰᠦᠯᠳᠡ ᠨᠠᠮ᠎ᠤᠨ ᠲᠤᠭ᠎ᠤᠨ ᠲᠤᠬᠠᠢ ᠮᠡᠳᠡᠯᠭᠡ᠎ᠶ᠋ᠢᠨ ᠤᠬᠠᠭᠤᠯᠭ᠎ᠠ᠎ᠪᠠᠨ ᠴᠢᠩᠭᠠᠳᠭᠠᠵᠤ᠂ ᠵᠢᠷᠦᠮᠵᠢᠬ᠍ᠰᠡᠨ ᠨᠠᠮ᠎ᠤᠨ ᠰᠦᠯᠳᠡ ᠨᠠᠮ᠎ᠤᠨ ᠲᠤᠭ᠎ᠤᠨ ᠵᠢᠷᠤᠭ᠎ᠲᠠᠢ ᠮᠡᠳᠡᠭᠡ ᠪᠠ ᠬᠡᠷᠡᠯ ᠵᠢᠷᠤᠭ᠎ᠢ ᠮᠡᠳᠡᠭᠡᠯᠡᠬᠦ᠌ ᠪᠠ ᠬᠡᠷᠡᠭ᠌ᠯᠡᠵᠦ᠍᠂ ᠨᠠᠮ᠎ᠤᠨ ᠲᠦᠷᠢ ᠲᠥᠷᠬᠦ᠌᠎ᠶ᠋ᠢ ᠬᠠᠮᠠᠭᠠᠯᠠᠬᠤ ᠬᠡᠷᠡᠭ᠌ᠲᠡᠢ᠃
ᠠᠷᠪᠠᠨ ᠨᠠᠢ᠍ᠮᠠᠳᠤᠭᠠᠷ ᠵᠦᠢᠯ ᠨᠠᠮ᠎ᠤᠨ ᠰᠦᠯᠳᠡ ᠨᠠᠮ᠎ᠤᠨ ᠲᠤᠭ᠎ᠢ ᠲᠤᠰ ᠲᠦᠷᠢᠮ᠎ᠳᠤ ᠳᠠᠭᠠᠯᠳᠤᠭᠤᠯᠤᠭ᠍ᠰᠠᠨ ᠳᠤᠮᠳᠠᠳᠤ ᠤᠯᠤᠰ ᠤᠨ ᠡᠪ ᠬᠠᠮᠲᠤ ᠨᠠᠮ᠎ᠤᠨ ᠨᠠᠮ᠎ᠤᠨ ᠰᠦᠯᠳᠡ ᠨᠠᠮ᠎ᠤᠨ ᠲᠤᠭ᠎ᠢ ᠵᠤᠬᠢᠶᠠᠨ ᠦᠢᠯᠡᠳᠬᠦ᠌ ᠠᠷᠭ᠎ᠠ᠎ᠶ᠋ᠢᠨ ᠲᠣᠳᠣᠷᠬᠠᠢᠯᠠᠯᠲᠠ ᠶᠣᠰᠣᠭᠠᠷ ᠦᠢᠯᠡᠳᠬᠦ᠌ ᠬᠡᠷᠡᠭ᠌ᠲᠡᠢ᠃ ᠦᠢᠯᠡᠳᠬᠦ᠌ ᠠᠵᠤ ᠠᠬᠤᠢᠯᠠᠯ᠎ᠢ ᠮᠤᠵᠢ (ᠥᠪᠡᠷᠲᠡᠭᠡᠨ ᠵᠠᠰᠠᠬᠤ ᠣᠷᠣᠨ᠂ ᠱᠢᠭᠤᠳ ᠬᠠᠷᠢᠶ᠎ᠠ ᠬᠤᠲᠠ) ᠶ᠋ᠢᠨ ᠨᠠᠮ᠎ᠤᠨ ᠬᠤᠷᠢᠶᠠᠨ᠎ᠤ ᠵᠣᠬᠢᠶᠠᠨ ᠪᠠᠢᠭᠤᠯᠬᠤ ᠬᠡᠯᠲᠡᠰ ᠠᠴᠠ ᠦᠢᠯᠡᠳᠪᠦᠷᠢᠯᠡᠯ ᠤᠨ ᠬᠢᠷᠢ ᠬᠡᠮ ᠲᠠᠢ ᠠᠵᠤ ᠠᠬᠤᠢᠯᠠᠯ ᠤᠨ ᠲᠤᠮᠳᠠ ᠠᠴᠠ ᠲᠣᠭ᠍ᠲᠠᠭᠠᠨ᠎ᠠ᠃ ᠶᠠᠮᠠᠷᠪᠠ ᠨᠢᠭᠡᠴᠢ ᠪᠠ ᠬᠤᠪᠢ ᠬᠥᠮᠦᠨ ᠵᠥᠪᠱᠢᠶᠡᠷᠡᠭᠦᠯᠦᠭ᠌ᠰᠡᠨ ᠦᠭᠡᠢ ᠪᠠᠷ ᠨᠠᠮ ᠤᠨ ᠰᠦᠯᠳᠡ ᠨᠠᠮ᠎ᠤᠨ ᠲᠤᠭ᠎ᠢ ᠳᠤᠷ᠎ᠠ᠎ᠪᠠᠷ᠎ᠢᠶᠠᠨ ᠵᠤᠬᠢᠶᠠᠨ ᠦᠢᠯᠡᠳᠴᠦ᠍ ᠪᠣᠯᠬᠤ ᠦᠭᠡᠢ᠃
ᠠᠷᠪᠠ ᠶᠢᠰᠦᠳᠦᠭᠡᠷ ᠵᠦᠢᠯ ᠨᠠᠮ᠎ᠤᠨ ᠰᠦᠯᠳᠡ ᠨᠠᠮ᠎ᠤᠨ ᠲᠤᠬ᠎ᠢ ᠵᠠᠷᠴᠢᠮ ᠳᠡᠭᠡᠷ᠎ᠡ᠎ᠪᠠᠨ ᠲᠥᠪᠯᠡᠷᠡᠭᠦᠯᠦᠨ ᠲᠤᠬᠢᠷᠡᠭᠤᠯᠵᠦ᠍ ᠲᠠᠷᠬᠠᠭᠠᠵᠤ᠂ ᠨᠢᠭᠡ ᠨᠠᠮ᠎ᠤᠨ ᠬᠤᠷᠢᠶ᠎ᠠ᠎ᠳᠤ ᠨᠢᠭᠡ ᠨᠠᠮ᠎ᠤᠨ ᠰᠦᠯᠳᠡ᠎ᠲᠠᠢ᠂ ᠨᠢᠭᠡ ᠨᠠᠮ᠎ᠤᠨ ᠡᠭᠦᠷ᠎ᠲᠤ ᠨᠢᠭᠡ ᠨᠠᠮ᠎ᠤᠨ ᠲᠤᠬ᠎ᠲᠠᠢ ᠪᠠᠢᠯᠭᠠᠵᠤ᠂ ᠬᠡᠷᠡᠭ᠌ᠰᠡᠬᠦ᠌ ᠵᠠᠷᠤᠳᠠᠯ᠎ᠢ ᠨᠠᠮ᠎ᠤᠨ ᠰᠦᠢᠳᠭᠡᠯ᠎ᠠᠴᠠ ᠭᠠᠷᠭᠠᠵᠤ ᠪᠣᠯᠤᠨ᠎ᠠ᠃
ᠬᠤᠷᠢᠳᠤᠭᠠᠷ ᠵᠦᠢᠯ ᠡᠯ᠎ᠡ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ᠎ᠨᠢ ᠨᠠᠮ᠎ᠤᠨ ᠰᠦᠯᠳᠡ ᠨᠠᠮ᠎ᠤᠨ ᠲᠤᠭ᠎ᠤᠨ ᠨᠡᠷ᠎ᠡ ᠬᠦᠨᠳᠦ᠎ᠶ᠋ᠢ ᠬᠠᠮᠠᠭᠠᠯᠠᠬᠤ ᠶᠠᠪᠤᠳᠠᠯ᠎ᠢ ᠨᠢᠭᠡ ᠵᠦᠢᠯ᠎ᠤᠨ ᠤᠯᠤᠰ ᠲᠦᠷᠦ᠎ᠶ᠋ᠢᠨ ᠡᠭᠦᠷᠭᠡ ᠪᠣᠯᠭᠠᠵᠤ᠂ ᠭᠤᠤᠯ ᠴᠣᠭ᠍ᠴᠠ᠎ᠶ᠋ᠢᠨ ᠬᠠᠷᠢᠭᠤᠴᠠᠯᠭ᠎ᠠ᠎ᠪᠠᠨ ᠦᠨᠡᠨ ᠬᠦ᠌ ᠭᠦᠢᠴᠡᠳᠭᠡᠬᠦ᠌ ᠬᠡᠷᠡᠭ᠌ᠲᠡᠢ᠃ ᠱᠢᠶᠠᠨ᠎ᠤ ᠱᠠᠲᠤᠨ᠎ᠠᠴᠠ ᠳᠡᠭᠡᠭ᠌ᠰᠢᠬᠢ ᠨᠠᠮ᠎ᠤᠨ ᠬᠤᠷᠢᠶᠠᠨ᠎ᠤ ᠵᠣᠬᠢᠶᠠᠨ ᠪᠠᠢᠭᠤᠯᠬᠤ ᠰᠠᠯᠠᠭ᠎ᠠ ᠮᠥᠴᠢᠷ ᠲᠤᠰ ᠭᠠᠵᠠᠷ ᠣᠷᠣᠨ ᠲᠤᠰ ᠪᠠᠢᠭᠤᠯᠭ᠎ᠠ ᠨᠢᠭᠡᠴᠢ ᠲᠤᠰ ᠱᠢᠰᠲ᠋ᠧᠮ᠎ᠤᠨ᠎ᠢᠶᠠᠨ ᠨᠠᠮ᠎ᠤᠨ ᠰᠦᠯᠳᠡ ᠨᠠᠮ᠎ᠤᠨ ᠲᠤᠭ᠎ᠤᠨ ᠡᠯ᠎ᠡ ᠵᠦᠢᠯ᠎ᠤᠨ ᠠᠵᠢᠯ᠎ᠤᠨ ᠬᠢᠨᠠᠯᠲᠠ ᠬᠠᠮᠢᠶᠠᠷᠤᠯᠲᠠ᠎ᠶ᠋ᠢᠨ ᠬᠠᠷᠢᠭᠤᠴᠠᠯᠭ᠎ᠠ᠎ᠪᠠᠨ ᠭᠦᠢᠴᠡᠳᠭᠡᠵᠦ᠍᠂ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ᠎ᠶ᠋ᠢᠨ ᠰᠠᠯᠠᠭ᠎ᠠ ᠮᠥᠴᠢᠷ᠎ᠲᠠᠢ ᠬᠠᠮᠲᠤᠷᠠᠨ ᠨᠠᠮ᠎ᠤᠨ ᠰᠦᠯᠳᠡ ᠨᠠᠮ᠎ᠤᠨ ᠲᠤᠭ᠎ᠤᠨ ᠦᠢᠯᠡᠳᠪᠦᠷᠢᠯᠡᠯ᠂ ᠪᠣᠷᠣᠯᠠᠭᠤᠯᠭ᠎ᠠ ᠪᠠ ᠬᠤᠳᠠᠯᠳᠤᠭᠠᠨ᠎ᠤ ᠬᠡᠷᠡᠭ᠌ᠯᠡᠯᠲᠡ᠎ᠶ᠋ᠢᠨ ᠲᠤᠬᠠᠢ ᠬᠢᠨᠠᠯᠲᠠ ᠬᠠᠮᠢᠶᠠᠷᠤᠯᠲᠠ᠎ᠪᠠᠨ ᠴᠢᠩᠭᠠᠳᠭᠠᠬᠤ ᠬᠡᠷᠡᠭ᠌ᠳᠡᠢ᠃
ᠨᠠᠮ᠎ᠤᠨ ᠰᠦᠯᠳᠡ ᠨᠠᠮ᠎ᠤᠨ ᠲᠤᠭ᠎ᠤᠨ ᠦᠢᠯᠡᠳᠬᠦᠨ᠎ᠢ ᠬᠠᠤᠯᠢ ᠪᠤᠰᠤ᠎ᠪᠠᠷ ᠦᠢᠯᠡᠳᠪᠦᠷᠢᠯᠡᠭ᠌ᠰᠡᠨ᠂ ᠪᠣᠷᠣᠯᠠᠭᠤᠯᠤᠭ᠍ᠰᠠᠨ ᠠᠵᠤ ᠠᠬᠤᠢᠯᠠᠯ ᠪᠠ ᠬᠤᠪᠢ ᠬᠥᠮᠦᠨ᠂ ᠲᠤᠰ ᠲᠦᠷᠢᠮ᠎ᠢ ᠵᠥᠷᠢᠴᠡᠨ ᠨᠠᠮ᠎ᠤᠨ ᠰᠦᠯᠳᠡ ᠨᠠᠮ᠎ᠤᠨ ᠲᠤᠭ ᠵᠢᠴᠢ ᠲᠡᠭᠦᠨ᠎ᠤ ᠵᠢᠷᠤᠭ ᠳᠦᠷᠰᠦ᠎ᠶ᠋ᠢ ᠬᠡᠷᠡᠭ᠌ᠯᠡᠭ᠌ᠰᠡᠨ ᠠᠵᠢᠯᠯᠠᠭ᠎ᠠ᠎ᠶ᠋ᠢ ᠱᠢᠭᠦᠮᠵᠢᠯᠡᠨ ᠰᠤᠷᠭᠠᠵᠤ᠂ ᠴᠠᠭ ᠲᠤᠬᠠᠢᠳᠤᠨᠢ ᠵᠠᠯᠠᠷᠠᠭᠤᠯᠵᠤ᠂ ᠦᠢᠯᠡ ᠪᠠᠢᠳᠠᠯ᠎ᠨᠢ ᠬᠦᠨᠳᠦ ᠨᠣᠴᠢᠲᠠᠢ ᠪᠤᠶᠤ ᠵᠠᠯᠠᠷᠠᠭᠤᠯᠬᠤ ᠦᠭᠡᠢ ᠪᠠᠢᠪᠠᠯ᠂ ᠬᠠᠮᠢᠶ᠎ᠠ ᠪᠦᠬᠦᠢ ᠲᠣᠭ᠍ᠲᠠᠭᠠᠯ ᠶᠣᠰᠣᠭᠠᠷ ᠱᠢᠢᠳᠪᠦᠷᠢᠯᠡᠵᠦ᠍᠂ ᠬᠠᠤᠯᠢ᠎ᠶ᠋ᠢ ᠵᠥᠷᠢᠴᠡᠵᠦ᠍ ᠶᠠᠯ᠎ᠠ ᠬᠢᠭ᠌ᠰᠡᠨ ᠰᠡᠵᠢᠭ᠌ᠯᠡᠯᠲᠡᠢ ᠪᠠᠢᠪᠠᠯ ᠬᠠᠤᠯᠢ ᠶᠣᠰᠣᠭᠠᠷ ᠱᠢᠢᠳᠪᠦᠷᠢᠯᠡᠨ᠎ᠡ᠃
ᠬᠤᠷᠢᠨ ᠨᠢᠭᠡᠳᠦᠭᠡᠷ ᠵᠦᠢᠯ ᠲᠥᠪ᠎ᠤᠨ ᠴᠡᠷᠢᠭ᠎ᠤᠨ ᠶᠠᠪᠤᠳᠠᠯ᠎ᠤᠨ ᠬᠤᠷᠢᠶ᠎ᠠ ᠲᠤᠰ ᠲᠦᠷᠢᠮ᠎ᠢ ᠦᠨᠳᠦᠰᠦᠯᠡᠵᠦ᠍᠂ ᠬᠠᠮᠢᠶ᠎ᠠ ᠪᠦᠬᠦᠢ ᠲᠣᠭ᠍ᠲᠠᠭᠠᠯ᠎ᠢ ᠲᠣᠭ᠍ᠲᠠᠭᠠᠵᠤ ᠪᠣᠯᠤᠨ᠎ᠠ᠃
ᠬᠤᠷᠢᠨ ᠬᠤᠶᠠᠳᠤᠭᠠᠷ ᠵᠦᠢᠯ ᠨᠠᠮ᠎ᠤᠨ ᠭᠡᠱᠢᠭᠦᠨ᠎ᠤ ᠰᠦᠯᠳᠡ ᠲᠡᠮᠳᠡᠭ ᠪᠣᠯ ᠨᠠᠮ᠎ᠤᠨ ᠭᠡᠱᠢᠭᠦᠨ᠎ᠤ ᠪᠡᠶ᠎ᠡ᠎ᠶ᠋ᠢᠨ ᠭᠠᠷᠤᠯ᠎ᠤᠨ ᠪᠡᠯᠭᠡ ᠲᠡᠮᠳᠡᠭ ᠮᠥᠨ᠂ ᠲᠡᠭᠦᠨ᠎ᠢ ᠵᠤᠬᠢᠶᠠᠨ ᠦᠢᠯᠡᠳᠬᠦ᠂ ᠬᠡᠷᠡᠭ᠌ᠯᠡᠬᠦ᠂ ᠬᠠᠮᠢᠶᠠᠷᠬᠤ ᠲᠤᠬᠠᠢ ᠠᠰᠲᠠᠭᠠᠨ ᠲᠣᠭ᠍ᠲᠠᠭᠠᠨ᠎ᠠ᠃
ᠬᠤᠷᠢᠨ ᠭᠤᠷᠪᠠᠳᠤᠭᠠᠷ ᠵᠦᠢᠯ ᠲᠤᠰ ᠲᠦᠷᠢᠮ᠎ᠢ ᠲᠥᠪ᠎ᠤᠨ ᠵᠣᠬᠢᠶᠠᠨ ᠪᠠᠢᠭᠤᠯᠬᠤ ᠬᠡᠯᠲᠡᠰ᠎ᠠᠴᠠ ᠬᠠᠷᠢᠭᠤᠴᠠᠨ ᠲᠠᠢᠯᠪᠤᠷᠢᠯᠠᠨ᠎ᠠ᠃
ᠬᠤᠷᠢᠨ ᠳᠥᠷᠪᠡᠳᠦᠭᠡᠷ ᠵᠦᠢᠯ ᠲᠤᠰ ᠳᠦᠷᠢᠮ᠎ᠢ ᠨᠡᠢᠲᠡᠯᠡᠭ᠌ᠰᠡᠨ ᠡᠳᠦᠷ᠎ᠠᠴᠠ ᠡᠬᠢᠯᠡᠨ ᠬᠡᠷᠡᠭ᠌ᠵᠢᠭᠦᠯᠦᠨ᠎ᠡ᠃ ᠡᠭᠦᠨ᠎ᠠᠴᠠ ᠡᠮᠦᠨ᠎ᠡ ᠨᠡᠢᠲᠡᠯᠡᠭ᠌ᠰᠡᠨ ᠨᠠᠮ᠎ᠤᠨ ᠰᠦᠯᠳᠡ ᠨᠠᠮ᠎ᠤᠨ ᠲᠤᠬ᠎ᠤᠨ ᠲᠤᠬᠠᠢ ᠲᠣᠭ᠍ᠲᠠᠭᠠᠯ ᠤᠨ ᠲᠤᠲᠤᠷ᠎ᠠ ᠲᠤᠰ ᠲᠦᠷᠢᠮ ᠲᠠᠢ ᠨᠢᠭᠡᠳᠦᠯ ᠤᠢ᠍ᠭᠡᠢ ᠲᠠᠯ᠎ᠠ ᠪᠠᠢᠪᠠᠯ ᠲᠤᠰ ᠲᠦᠷᠢᠮ ᠤᠨ ᠶᠣᠰᠣᠭᠠᠷ ᠬᠡᠷᠡᠭ᠌ᠵᠢᠭᠦᠯᠦᠨ᠎ᠡ᠃ (ᠱᠢᠨᠬᠤᠸᠠ ᠬᠤᠷᠢᠶᠠᠨ᠎ᠤ ᠪᠡᠭᠡᠵᠢᠩ᠎ᠤᠨ 6 ᠰᠠᠷ᠎ᠠ᠎ᠶ᠋ᠢᠨ 28 ᠤ ᠴᠠᠬᠢᠯᠭᠠᠨ ᠮᠡᠳᠡᠭᠡ)