ᠣᠯᠭᠤᠶᠠ᠎ᠶ᠋ᠢᠨ ᠵᠠᠭᠤᠨ ᠵᠢᠯ
2021-06-30 11:32:23
ᠵᠣᠬᠢᠶᠠᠭ᠍ᠴᠢ᠄
ᠼᠠᠢ ᠳ᠋ᠦᠩ ᠮᠧᠶ ᠪᠦᠦ ᠰᠠᠷᠠᠭᠤᠯ ᠴᠤᠪᠤᠭᠤ ᠸᠠᠩ ᠭᠤᠸᠠᠨ ᠵᠢᠩ᠎ᠶ᠋ᠢᠨ ᠴᠢᠤᠸᠠᠨ ᠯᠢ ᠱᠢᠨ ᠵᠢᠶᠦ᠋ᠨ ᠭᠡᠭᠡᠨ ᠭᠤᠤᠯ ᠬᠤᠲᠠ᠎ᠶ᠋ᠢᠨ ᠬᠠᠮ ᠵᠠᠭᠤᠴᠢᠯᠠᠭᠤᠷ᠎ᠤᠨ ᠲᠥᠪ᠎ᠤᠨ ᠰᠤᠷᠪᠤᠯᠵᠢᠯᠠᠭ᠍ᠴᠢ ᠸᠠᠩ ᠬᠠᠢ ᠲᠤᠤ
ᠣᠩᠱᠢᠭ᠍ᠰᠠᠨ ᠣᠳᠠᠭ᠎ᠠ᠄
★★★☆☆

6 ᠰᠠᠷ᠎ᠠ᠎ᠶ᠋ᠢᠨ 16 ᠎ᠤ ᠡᠳᠦᠷ᠂ ᠥᠪᠥᠷ ᠮᠣᠩᠭᠤᠯ᠎ᠤᠨ ᠡᠳᠦᠷ᠎ᠤᠨ ᠰᠣᠨᠢᠨ᠎ᠤ ᠬᠤᠷᠢᠶ᠎ᠠ᠎ᠶ᠋ᠢᠨ ᠨᠠᠮ ᠪᠠᠢᠭᠤᠯᠤᠭ᠍ᠳᠠᠭ᠍ᠰᠠᠨ 100 ᠵᠢᠯ᠎ᠤᠨ ᠣᠶ᠎ᠶ᠋ᠢ ᠪᠡᠯᠭᠡᠯᠡᠬᠦ᠌ 《ᠡᠭᠦᠷᠢᠳᠡ ᠨᠠᠮ᠎ᠢᠶᠠᠨ ᠳᠠᠭᠠᠶ᠎ᠠ — ᠡᠭᠦᠯᠡᠨ ᠬᠦᠯᠦᠭ · ᠵᠠᠭᠤᠨ ᠰᠤᠷᠪᠤᠯᠵᠢᠯᠠᠭ᠍ᠴᠢ᠎ᠶ᠋ᠢᠨ ᠲᠦᠮᠡᠨ ᠭᠠᠵᠠᠷ᠎ᠤᠨ ᠠᠶᠠᠯᠠᠯ》 ᠲᠣᠮᠣ ᠬᠡᠯᠪᠡᠷᠢ᠎ᠶ᠋ᠢᠨ ᠰᠤᠷᠪᠤᠯᠵᠢᠯᠠᠭ᠎ᠠ᠎ᠶ᠋ᠢᠨ ᠠᠵᠢᠯᠯᠠᠭ᠎ᠠ᠎ᠶ᠋ᠢᠨ ᠵᠡᠭᠦᠨ ᠬᠡᠰᠡᠭ᠎ᠤᠨ ᠰᠤᠷᠪᠤᠯᠵᠢᠯᠠᠬᠤ ᠳᠤᠭᠤᠢᠯᠠᠩ᠎ᠤᠨ᠎ᠬᠢᠨ ᠭᠡᠭᠡᠨ ᠭᠤᠤᠯ ᠬᠤᠲᠠ᠎ᠳᠤ ᠬᠦᠷᠴᠦ᠍᠂ ᠣᠯᠭᠤᠶᠠ᠎ᠶ᠋ᠢᠨ ᠴᠠᠲᠠᠨ ᠠᠢᠮᠠᠭ᠎ᠤᠨ᠎ᠬᠢᠨ᠎ᠤ ᠵᠠᠭᠤᠨ ᠵᠢᠯ᠎ᠤᠨ ᠨᠡᠭᠦᠳᠡᠯ᠎ᠤᠨ ᠲᠡᠦᠬᠡ ᠪᠤᠯᠤᠨ ᠱᠢᠨ᠎ᠡ ᠴᠠᠭ ᠦᠶ᠎ᠡ᠎ᠶ᠋ᠢᠨ ᠵᠣᠯ ᠵᠢᠷᠭᠠᠯᠲᠤ ᠠᠮᠢᠳᠤᠷᠠᠯ᠎ᠢ᠎ᠨᠢ ᠰᠤᠷᠪᠤᠯᠵᠢᠯᠠᠪᠠ᠃


untitled.png


ᠰᠤᠷᠪᠤᠯᠵᠢᠯᠠᠭ᠍ᠴᠢᠳ ᠣᠯᠭᠤᠶᠠ ᠡᠸᠡᠩᠬᠢ ᠦᠨᠳᠦᠰᠦᠲᠡᠨ᠎ᠤ ᠱᠢᠶᠠᠩ᠎ᠳᠤ ᠬᠦᠷᠬᠦ᠌᠎ᠳᠤ ᠡᠸᠡᠩᠬᠢ ᠥᠬᠢᠨ ᠦ᠋ ᠳ᠋ᠠᠨ ᠬᠠᠯᠠᠭᠤᠮᠰᠤᠭ᠎ᠢᠶᠠᠷ ᠤᠭ᠍ᠲᠤᠨ ᠠᠪᠴᠤ᠌ ᠡᠸᠡᠩᠬᠢ ᠬᠡᠯᠡ᠎ᠪᠠᠷ 《ᠲᠠ ᠰᠠᠢᠨ ᠦᠦ?》 ᠭᠡᠵᠦ᠍ ᠮᠡᠨᠳᠦᠴᠢᠯᠡᠪᠡ᠃ ᠤᠯᠭᠤᠶᠠ ᠡᠸᠡᠩᠬᠢ ᠦᠨᠳᠦᠰᠦᠲᠡᠨ᠎ᠤ ᠱᠢᠶᠠᠩ᠎ᠳᠤ ᠡᠸᠡᠩᠬᠢ ᠬᠡᠯᠡ᠎ᠪᠠᠷ ᠮᠡᠨᠳᠦᠴᠢᠯᠡᠬᠦ᠌᠎ᠨᠢ ᠤᠯᠭᠤᠶᠠᠴᠤᠳ᠎ᠤᠨ ᠵᠣᠴᠢᠳ᠎ᠲᠠᠭᠠᠨ ᠳᠡᠪᠱᠢᠭᠦᠯᠦᠭ᠌ᠰᠡᠨ ᠴᠢᠩ ᠰᠡᠳᠭᠢᠯ᠎ᠤᠨ ᠵᠥᠩᠨᠡᠯ᠎ᠢ ᠢᠯᠡᠳᠭᠡᠵᠦ᠍ ᠪᠠᠢᠳᠠᠭ᠃

ᠡᠦ ᠳ᠋ᠠᠨ ᠣᠯᠠᠨ ᠦᠨᠳᠦᠰᠦᠲᠡᠨ᠎ᠲᠠᠢ ᠭᠡᠷ ᠪᠦᠯᠢ᠎ᠳᠤ ᠲᠥᠷᠥᠵᠡᠢ᠃ ᠤᠳᠤ ᠭᠡᠭᠡᠨ ᠭᠤᠤᠯ ᠬᠤᠲᠠ᠎ᠶ᠋ᠢᠨ ᠣᠯᠭᠤᠶᠠ ᠡᠸᠡᠩᠬᠢ ᠦᠨᠳᠦᠰᠦᠲᠡᠨ᠎ᠤ ᠱᠢᠶᠠᠩ᠎ᠳᠤ ᠤᠬᠠᠭᠤᠯᠤᠭ᠍ᠴᠢ᠎ᠪᠠᠷ ᠠᠵᠢᠯᠯᠠᠵᠤ ᠪᠤᠢ᠃ ᠲᠡᠭᠦᠨ᠎ᠤ ᠳᠠᠭᠠᠭᠤᠯᠭ᠎ᠠ᠎ᠪᠠᠷ ᠪᠢᠳᠡ ᠣᠯᠭᠤᠶᠠ᠎ᠶ᠋ᠢ ᠤᠢ᠍ᠢᠯᠠᠭᠠᠵᠤ ᠡᠬᠢᠯᠡᠪᠡ ᠁



《ᠣᠯᠭᠤᠶᠠ》 ᠭᠡᠳᠡᠭ᠎ᠨᠢ ᠡᠸᠡᠩᠬᠢ ᠬᠡᠯᠡᠨ᠎ᠤ 《ᠤᠯᠢᠶᠠᠰᠤᠨ ᠣᠶ ᠢᠭ᠍ᠴᠤ ᠰᠠᠬᠤᠯᠢᠭ ᠭᠠᠵᠠᠷ》 ᠭᠡᠳᠡᠭ ᠦᠭᠡ ᠪᠣᠯᠤᠨ᠎ᠠ᠃ ᠠᠳᠡ ᠡᠸᠡᠩᠬᠢ᠂ ᠬᠢᠲᠠᠳ᠂ ᠣᠷᠴᠣᠨ᠂ ᠳᠠᠭᠤᠷ᠂ ᠣᠷᠣᠰ᠂ ᠮᠣᠩᠭᠤᠯ᠂ ᠮᠠᠨᠵᠤ᠂ ᠬᠤᠲᠣᠩ᠂ ᠲᠦᠵᠢᠶᠠ ᠵᠡᠷᠭᠡ 9 ᠦᠨᠳᠦᠰᠦᠲᠡᠨ᠎ᠲᠠᠢ᠂ ᠪᠦᠬᠦ᠌ ᠬᠥᠮᠦᠨ ᠠᠮᠠ᠎ᠨᠢ 1416 ᠪᠠᠢᠵᠤ᠂ ᠪᠦᠬᠦ᠌ ᠱᠢᠶᠠᠩ᠎ᠤᠨ ᠲᠠᠯᠠᠪᠠᠢ᠎ᠨᠢ 1767.2 ᠲᠡᠭ᠌ᠰᠢ ᠳᠥᠷᠪᠡᠯᠵᠢᠨ ᠺᠢᠯᠣᠮᠧᠲᠷ ᠪᠤᠯᠤᠨ᠎ᠠ᠃


untitled.png0.png


ᠣᠯᠭᠤᠶᠠ ᠡᠸᠡᠩᠬᠢ ᠦᠨᠳᠦᠰᠦᠲᠡᠨ᠎ᠤ ᠱᠢᠶᠠᠩ᠎ᠤᠨ ᠴᠠᠲᠠᠨ ᠡᠸᠡᠩᠬᠢᠴᠤᠳ ᠪᠣᠯ ᠮᠠᠨ᠎ᠤ ᠤᠯᠤᠰ᠎ᠤᠨ ᠡᠸᠡᠩᠬᠢ ᠦᠨᠳᠦᠰᠦᠲᠡᠨ᠎ᠤ ᠨᠢᠭᠡ ᠠᠢᠮᠠᠭ ᠪᠣᠯᠤᠨ᠎ᠠ᠃

ᠥᠩᠭᠡᠷᠡᠭ᠌ᠰᠡᠨ᠎ᠳᠤ ᠴᠠᠲᠠᠨ ᠡᠸᠡᠩᠬᠢᠴᠤᠳ ᠪᠠᠯᠠᠷ ᠤᠢ᠎ᠳᠤ ᠤᠯᠠᠮᠵᠢᠯᠠᠯᠲᠤ ᠠᠩ ᠠᠩᠨᠠᠯ᠎ᠤᠨ ᠦᠢᠯᠡᠳᠪᠦᠷᠢᠯᠡᠯ ᠬᠢᠵᠦ᠍ ᠪᠠᠢᠵᠠᠢ᠃ ᠲᠤᠬᠠᠶ᠎ᠶ᠋ᠢᠨ ᠦᠶ᠎ᠡ᠎ᠶ᠋ᠢᠨ ᠠᠮᠢᠳᠤᠷᠠᠯ᠎ᠨᠢ ᠲᠦᠢᠯ᠎ᠤᠨ ᠬᠦᠴᠢᠷᠲᠡᠢ ᠪᠠᠢᠵᠤ᠂ ᠡᠮᠴᠢᠯᠡᠭᠡᠨ᠎ᠤ ᠨᠦᠬᠦᠴᠡᠯ ᠪᠠᠷᠤᠭ᠍ᠲᠠᠢ᠎ᠠᠴᠠ ᠪᠤᠯᠵᠤ ᠣᠯᠠᠩᠬᠢ ᠠᠩᠴᠢᠳ ᠡᠯ᠎ᠡ ᠵᠦᠢᠯ᠎ᠤᠨ ᠡᠪᠡᠳᠴᠢᠨ ᠲᠠᠬᠤᠯ᠎ᠳᠤ ᠨᠡᠷᠪᠡᠭ᠌ᠳᠡᠨ᠂ ᠪᠦᠬᠦ᠋ᠢᠯᠡ ᠠᠢᠮᠠᠭ ᠤᠭ᠍ᠰᠠᠭ᠎ᠠ᠎ᠨᠢ ᠤᠳᠤᠮ ᠲᠠᠰᠤᠷᠠᠬᠤ ᠠᠶᠤᠯ᠎ᠳᠤ ᠨᠢᠭᠤᠷᠯᠠᠵᠤ ᠪᠠᠢᠪᠠ᠃

ᠴᠢᠯᠦᠭᠡᠯᠡᠭ᠌ᠳᠡᠭ᠌ᠰᠡᠨ ᠡᠬᠢᠨ᠎ᠤ ᠦᠶ᠎ᠡ᠎ᠶ᠋ᠢᠨ ᠪᠦᠷᠢᠳᠭᠡᠯ᠎ᠢ ᠦᠨᠳᠦᠰᠦᠯᠡᠪᠡᠯ᠂ ᠲᠤᠬᠠᠶ᠎ᠶ᠋ᠢᠨ ᠦᠶ᠎ᠡ᠎ᠳᠤ ᠴᠠᠲᠠᠨ ᠡᠸᠡᠩᠬᠢ ᠠᠢᠮᠠᠭ᠎ᠤᠨ᠎ᠬᠢᠨ ᠵᠥᠪᠬᠡᠨ 136 ᠬᠥᠮᠦᠨ ᠦᠯᠡᠳᠡᠵᠡᠶ᠃

ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ᠎ᠤ ᠳᠠᠷᠠᠭ᠎ᠠ ᠴᠠᠲᠠᠨᠴᠤᠳ ᠦᠨᠳᠦᠰᠦᠲᠡᠨ᠎ᠤ ᠶᠡᠭᠡ ᠭᠡᠷ ᠪᠦᠯᠢ᠎ᠳᠤ ᠠᠭᠤᠰᠴᠤ᠌ ᠡᠬᠢᠯᠡᠪᠡ᠃ 《ᠬᠥᠮᠦᠨ ᠳᠤᠮᠳᠠᠴᠢ᠎ᠶ᠋ᠢᠨ ᠬᠢᠷᠢ ᠲᠦᠪᠱᠢᠨ᠎ᠢᠶᠠᠷ ᠠᠪᠴᠤ᠌ ᠬᠡᠯᠡᠪᠠᠯ᠂ 70 ᠭᠠᠷᠤᠶ ᠵᠢᠯ᠎ᠤᠨ ᠲᠤᠷᠰᠢ ᠮᠠᠨ᠎ᠤ ᠴᠠᠲᠠᠨᠴᠤᠳ ᠤᠯᠤᠰ᠎ᠤᠨ ᠳᠣᠲᠣᠭᠠᠳᠤ᠎ᠳᠤ ᠬᠥᠮᠦᠨ᠎ᠤ ᠲᠤᠭ᠎ᠠ᠎ᠪᠠᠷ ᠬᠠᠮᠤᠭ᠎ᠤᠨ ᠴᠦᠬᠡᠨ ᠪᠤᠯᠪᠠᠴᠤ᠌ ᠬᠠᠮᠤᠭ᠎ᠤᠨ ᠠᠷᠪᠢᠨ ᠠᠱᠢᠭ ᠬᠦᠷᠲᠡᠭ᠌ᠰᠡᠨ ᠬᠦᠮᠦᠰ ᠪᠤᠯᠤᠨ᠎ᠠ》 ᠭᠡᠵᠦ᠍ ᠡᠦ ᠳ᠋ᠠᠨ ᠬᠡᠯᠡᠨ᠎ᠡ᠃


untitled.png1.png


ᠣᠳᠣᠬᠠᠨ᠎ᠳᠤ ᠴᠠᠲᠠᠨ ᠠᠢᠮᠠᠭ᠎ᠤᠨ ᠬᠥᠮᠦᠨ ᠠᠮᠠ 332᠂ ᠴᠠ ᠪᠤᠭᠤ᠎ᠶ᠋ᠢᠨ ᠲᠤᠭ᠎ᠠ 1300 ᠭᠠᠷᠤᠶ ᠭᠡᠵᠦ᠍ ᠲᠡᠷᠡ ᠪᠢᠳᠡᠨ᠎ᠳᠤ ᠬᠡᠯᠡᠯ᠎ᠠ᠃ ᠦᠨᠳᠦᠰᠦᠲᠡᠨ᠎ᠤ ᠶᠡᠭᠡ ᠭᠡᠷ ᠪᠦᠯᠢ᠎ᠳᠤ ᠬᠠᠯᠠᠭᠤᠨ ᠳᠤᠯᠠᠭᠠᠨ᠎ᠢ ᠡᠳ᠋ᠯᠡᠬᠦ᠌᠎ᠶ᠋ᠢᠨ ᠬᠠᠮᠲᠤ ᠴᠠᠲᠠᠨᠴᠤᠳ᠎ᠤᠨ ᠤᠯᠠᠮᠵᠢᠯᠠᠯ᠎ᠳᠤ ᠯᠤᠲᠤ ᠬᠤᠪᠢᠷᠠᠯᠲᠠ ᠭᠠᠷᠪᠠ᠃ ᠲᠡᠭᠡᠬᠦ᠌᠎ᠳᠤ ᠡᠳᠡᠭᠡᠷ ᠬᠤᠪᠢᠷᠠᠯᠲᠠ᠎ᠶ᠋ᠢ ᠡᠭᠦᠰᠭᠡᠭ᠌ᠰᠡᠨ ᠬᠥᠳᠡᠯᠭᠡᠭᠦᠷ᠎ᠨᠢ ᠭᠤᠷᠪᠠ ᠤᠳᠠᠭ᠎ᠠ᠎ᠶ᠋ᠢᠨ ᠰᠠᠭᠤᠷᠢᠱᠢᠯ ᠶᠤᠮ᠃

ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ᠎ᠠᠴᠠ ᠤᠳᠤ ᠪᠣᠯᠲᠠᠯ᠎ᠠ᠂ ᠰᠠᠭᠤᠷᠢᠱᠢᠯ ᠪᠤᠯ ᠴᠠᠲᠠᠨᠴᠤᠳ᠎ᠢ ᠣᠳᠣ ᠦᠶ᠎ᠡ᠎ᠶ᠋ᠢᠨ ᠨᠡᠢᠭᠡᠮ᠎ᠳᠤ ᠠᠭᠤᠰᠭᠠᠬᠤ᠎ᠪᠠᠷ ᠬᠦᠲᠦᠯᠦᠭ᠌ᠰᠡᠨ ᠵᠠᠰᠠᠭ᠎ᠤᠨ ᠤᠷᠳᠤᠨ᠎ᠤ ᠠᠷᠭ᠎ᠠ ᠵᠠᠮ ᠶᠤᠮ᠃

ᠲᠤᠬᠠᠶ᠎ᠶ᠋ᠢᠨ ᠭᠠᠵᠠᠷ᠎ᠤᠨ ᠵᠠᠰᠠᠭ᠎ᠤᠨ ᠣᠷᠳᠣᠨ ᠡᠸᠡᠩᠬᠢᠴᠤᠳ᠎ᠤᠨ ᠠᠩ ᠠᠩᠨᠠᠯ᠎ᠤᠨ ᠠᠮᠢᠳᠤᠷᠠᠯ ᠪᠣᠯᠤᠨ ᠴᠠ ᠪᠤᠭᠤ᠎ᠶ᠋ᠢᠨ ᠦᠢᠯᠡᠰ᠎ᠤᠨ ᠬᠥᠭ᠌ᠵᠢᠯᠲᠡ᠎ᠶ᠋ᠢ ᠳᠡᠮᠵᠢᠬᠦ᠌᠎ᠶ᠋ᠢᠨ ᠲᠥᠯᠥᠭᠡ ᠤᠷᠲᠤ ᠬᠤᠭᠤᠴᠠᠭᠠᠨ᠎ᠤ ᠦᠷᠭᠦᠯᠵᠢᠯᠡᠭ᠌ᠰᠡᠨ ᠳᠡᠮᠵᠢᠯᠭᠡ ᠪᠠ ᠬᠠᠪᠰᠤᠷᠤᠯᠭ᠎ᠠ ᠦᠵᠡᠭᠦᠯᠵᠦ᠍᠂ ᠤᠷᠢᠳ ᠬᠤᠵᠢᠳ ᠴᠢ ᠴᠢᠶᠠᠨ᠂ ᠣᠯᠭᠤᠶᠠ ᠪᠣᠯᠤᠨ ᠭᠡᠭᠡᠨ ᠭᠤᠣᠯ ᠭᠡᠬᠦ᠌ ᠭᠤᠷᠪᠠᠨ ᠰᠠᠭᠤᠷᠢᠱᠢᠯ᠎ᠤᠨ ᠴᠡᠭ᠎ᠢ ᠪᠠᠢᠭᠤᠯᠵᠤ ᠦᠭ᠌ᠭᠦᠨ᠂ ᠴᠠ ᠪᠤᠭᠤ᠎ᠶ᠋ᠢᠨ ᠰᠦᠷᠦᠭ᠎ᠨᠢ ᠴᠤ᠌ ᠬᠡᠳᠦᠨᠲᠡ ᠮᠢᠩᠭ᠎ᠠ᠎ᠶ᠋ᠢ ᠳᠠᠪᠠᠭ᠍ᠰᠠᠨ ᠶᠤᠮ᠃

ᠨᠠᠮ ᠪᠠ ᠵᠠᠰᠠᠭ᠎ᠤᠨ ᠣᠷᠳᠣᠨ᠎ᠠᠴᠠ ᠡᠸᠡᠩᠬᠢᠴᠤᠳ᠎ᠢ ᠮᠠᠰᠢ ᠬᠠᠯᠠᠮᠵᠢᠯᠠᠵᠤ᠂ ᠲᠡᠳᠡᠨ᠎ᠤ ᠤᠯᠤᠰ ᠲᠥᠷᠥ᠎ᠶ᠋ᠢᠨ ᠪᠠᠢᠷᠢ ᠰᠠᠭᠤᠷᠢ᠎ᠶ᠋ᠢ ᠳᠡᠭᠡᠭ᠌ᠰᠢᠯᠡᠭᠦᠯᠬᠦ᠌᠎ᠶ᠋ᠢ ᠴᠢᠬᠤᠯᠠᠴᠢᠯᠠᠨ᠂ ᠲᠡᠳᠡᠨ᠎ᠤ ᠠᠮᠢᠳᠤᠷᠠᠯ᠎ᠢ ᠬᠠᠯᠠᠮᠵᠢᠯᠠᠵᠤ᠂ ᠲᠡᠳᠡᠨ᠎ᠢ ᠬᠠᠪᠰᠤᠷᠤᠨ ᠦᠢᠯᠡᠳᠪᠦᠷᠢᠯᠡᠯ᠎ᠢ᠎ᠨᠢ ᠬᠥᠭ᠌ᠵᠢᠭᠦᠯᠵᠦ᠍᠂ ᠠᠯᠢ ᠤᠯᠠᠨ ᠠᠷᠭ᠎ᠠ ᠬᠡᠮᠵᠢᠶ᠎ᠡ ᠠᠪᠴᠤ᠌ ᠪᠠᠢᠭᠠᠳ ᠡᠸᠡᠩᠬᠢᠴᠤᠳ᠎ᠢ ᠦᠨᠳᠦᠰᠦᠲᠡᠨ᠎ᠤ ᠬᠡᠪ ᠴᠢᠨᠠᠷ ᠪᠦᠬᠦ᠌ ᠲᠠᠯ᠎ᠠ᠎ᠪᠠᠷ ᠳᠡᠭᠡᠭ᠌ᠰᠢᠯᠡᠭ᠌ᠰᠡᠨ᠂ ᠠᠵᠤ ᠠᠬᠤᠶ ᠰᠣᠶᠣᠯ ᠲᠦᠷᠭᠡᠨ ᠬᠥᠭ᠌ᠵᠢᠭ᠌ᠰᠡᠨ ᠦᠨᠳᠦᠰᠦᠲᠡᠨ ᠪᠤᠯᠭᠠᠵᠤ᠂ ᠶᠠᠳᠠᠭᠤ᠎ᠠᠴᠠ ᠠᠩᠭᠢᠵᠢᠷᠠᠨ ᠴᠢᠨᠡᠭᠡᠯᠢᠭ ᠨᠡᠢᠭᠡᠮ᠎ᠳᠤ ᠣᠷᠣᠬᠤ ᠲᠦᠷᠭᠡᠨ ᠵᠠᠮ᠎ᠢᠶᠠᠷ ᠵᠠᠮᠨᠠᠭᠤᠯᠪᠠ᠃


untitled.png4.png


ᠠᠮᠢ ᠠᠬᠤᠶ᠎ᠶ᠋ᠢᠨ ᠨᠡᠭᠦᠳᠡᠯ ᠠᠷᠠᠳ᠎ᠤᠨ ᠲᠦᠷᠦᠯ ᠵᠦᠢᠯ᠎ᠢ ᠬᠡᠷᠡᠭ᠌ᠵᠢᠭᠦᠯᠦᠭ᠌ᠰᠡᠨ᠎ᠤ ᠳᠠᠷᠠᠭ᠎ᠠ᠂ ᠭᠡᠭᠡᠨ ᠭᠤᠤᠯ ᠬᠤᠲᠠ 《ᠴᠠᠲᠠᠨ ᠠᠢᠮᠠᠭ᠎ᠤᠨ ᠰᠣᠶᠣᠯ ᠣᠯᠭᠤᠶᠠ᠎ᠶ᠋ᠢᠨ ᠵᠠᠩ ᠠᠭᠠᠯᠢ》 ᠎ᠶ᠋ᠢ ᠬᠦᠴᠦᠯᠡᠨ ᠴᠤᠭ᠍ᠴᠠᠯᠠᠵᠤ᠂ ᠣᠨᠴᠠᠯᠢᠭ᠍ᠲᠤ ᠠᠷᠠᠳ᠎ᠤᠨ ᠵᠠᠩ ᠦᠢᠯᠡ᠎ᠶ᠋ᠢᠨ ᠡᠬᠢ ᠪᠠᠶᠠᠯᠢᠭ᠎ᠲᠤ ᠲᠦᠱᠢᠭ᠌ᠯᠡᠨ ᠣᠯᠭᠤᠶᠠ᠎ᠶ᠋ᠢᠨ ᠵᠢᠭᠤᠯᠴᠢᠯᠠᠯ᠎ᠤᠨ ᠲᠦᠷᠦᠯ ᠲᠡᠮᠳᠡᠭ᠎ᠢ ᠶᠡᠭᠡ᠎ᠪᠠᠷ ᠨᠡᠭᠡᠭᠡᠨ ᠬᠥᠭ᠌ᠵᠢᠭᠦᠯᠪᠡ᠃

ᠡᠯ᠎ᠡ ᠱᠠᠲᠤᠨ᠎ᠤ ᠨᠠᠮ᠎ᠤᠨ ᠬᠤᠷᠢᠶ᠎ᠠ᠂ ᠵᠠᠰᠠᠭ᠎ᠤᠨ ᠣᠷᠳᠣᠨ᠎ᠤ ᠬᠦᠴᠦᠲᠡᠶ ᠳᠡᠮᠵᠢᠯᠭᠡ ᠬᠠᠯᠠᠮᠵᠢᠯᠠᠯ ᠳᠤᠤᠷ᠎ᠠ᠂ ᠤᠯᠭᠤᠶᠠ ᠡᠸᠡᠩᠬᠢ ᠦᠨᠳᠦᠰᠦᠲᠡᠨ᠎ᠤ ᠱᠢᠶᠠᠩ ᠲᠦᠷᠭᠡᠨ ᠬᠥᠭ᠌ᠵᠢᠯᠲᠡ᠎ᠶ᠋ᠢᠨ ᠱᠢᠨ᠎ᠡ ᠱᠠᠲᠤᠨ᠎ᠳᠤ ᠣᠷᠣᠵᠠᠶ᠃

ᠡᠭᠦᠨ᠎ᠤ ᠬᠠᠮᠲᠤ ᠤᠯᠭᠤᠶᠠ ᠡᠸᠡᠩᠬᠢ ᠦᠨᠳᠦᠰᠦᠲᠡᠨ᠎ᠤ ᠱᠢᠶᠠᠩ᠎ᠤᠨ ᠬᠥᠮᠦᠰ ᠪᠠᠰᠠ ᠣᠳᠣ ᠪᠠᠢᠭ᠎ᠠ ᠡᠬᠢ ᠪᠠᠶᠠᠯᠢᠭ᠎ᠤᠨ ᠳᠠᠪᠠᠭᠤᠯᠢᠭ᠎ᠢᠶᠠᠨ ᠪᠠᠳᠠᠷᠠᠭᠤᠯᠵᠤ᠂ ᠬᠤᠰᠤ ᠮᠣᠳᠣᠨ᠎ᠤ ᠤᠢ᠍ᠢᠰᠦ᠂ ᠠᠮᠢᠲᠠᠨ᠎ᠤ ᠠᠷᠠᠰᠤ᠎ᠪᠠᠷ ᠲᠦᠭᠦᠬᠡᠶ ᠮᠠᠲ᠋ᠧᠷᠢᠶᠠᠯ ᠪᠤᠯᠭᠠᠵᠤ ᠭᠠᠵᠠᠷ ᠣᠷᠣᠨ᠂ ᠦᠨᠳᠦᠰᠦᠲᠡᠨ ᠪᠠ ᠠᠩ ᠠᠩᠨᠠᠯ᠎ᠤᠨ ᠰᠣᠶᠣᠯ᠎ᠤᠨ ᠣᠨᠴᠠᠯᠢᠭ᠎ᠲᠠᠢ ᠭᠠᠷ ᠤᠷᠠᠯᠠᠯ᠎ᠤᠨ ᠪᠦᠲᠦᠭᠡᠭ᠌ᠳᠡᠬᠦᠨ ᠤᠷᠠᠯᠠᠨ ᠪᠦᠲᠦᠭᠡᠵᠦ᠍ ᠡᠬᠢᠯᠡᠵᠡᠢ᠃


untitled.png7.png


ᠣᠯᠭᠤᠶᠠ᠎ᠨᠢ ᠳᠤᠮᠳᠠᠳᠤ ᠤᠯᠤᠰ᠎ᠤᠨ ᠳᠡᠯᠡᠬᠡᠶ ᠳ᠋ᠠᠬᠢᠨ᠎ᠲᠠᠢ ᠬᠠᠷᠢᠯᠴᠠᠬᠤ ᠨᠡᠷ᠎ᠡ᠎ᠶ᠋ᠢᠨ ᠬᠠᠭᠤᠳᠠᠰᠤ ᠪᠣᠯᠤᠭ᠍ᠰᠠᠨ᠎ᠤ ᠬᠤᠪᠢ᠎ᠳᠤ᠂ ᠭᠠᠳᠠᠭᠠᠳᠤ᠎ᠳᠤ ᠭᠠᠷᠭᠠᠬᠤ ᠪᠠ ᠭᠠᠳᠠᠭᠠᠳᠤ᠎ᠠᠴᠠ ᠣᠷᠣᠭᠤᠯᠬᠤ᠎ᠶ᠋ᠢᠨ ᠠᠯᠢ᠎ᠶ᠋ᠢ᠎ᠨᠢ ᠴᠤ᠌ ᠲᠤᠲᠠᠭᠤᠯᠤᠭ᠎ᠠ ᠦᠭᠡᠢ ᠶᠤᠮ᠃

2008 ᠣᠨ᠎ᠤ 6 ᠰᠠᠷ᠎ᠠ᠎ᠳᠤ ᠣᠯᠭᠤᠶᠠ ᠡᠸᠡᠩᠬᠢ ᠦᠨᠳᠦᠰᠦᠲᠡᠨ᠎ᠤ 5 ᠠᠩᠴᠢᠨ ᠠᠢᠮᠠᠭ ᠣᠯᠠᠨ ᠤᠯᠤᠰ᠎ᠤᠨ ᠴᠠ ᠪᠤᠭᠤ ᠲᠡᠵᠢᠭᠡᠨ ᠦᠷᠡᠵᠢᠭᠦᠯᠦᠭ᠌ᠴᠢᠳ᠎ᠤᠨ ᠨᠡᠢᠭᠡᠮᠯᠢᠭ᠎ᠲᠤ ᠡᠯᠰᠡᠭᠦᠯᠪᠡ᠃

2013 ᠣᠨ᠎ᠤ 7 ᠰᠠᠷ᠎ᠠ᠎ᠳᠤ ᠲᠤᠰ ᠱᠢᠶᠠᠩ ᠲᠠᠪᠤᠳᠤᠭᠠᠷ ᠬᠤᠭᠤᠴᠠᠭᠠᠨ᠎ᠤ ᠳᠡᠯᠡᠬᠡᠶ᠎ᠶ᠋ᠢᠨ ᠴᠠ ᠪᠤᠭᠤ ᠲᠡᠵᠢᠭᠡᠨ ᠦᠷᠡᠵᠢᠭᠦᠯᠦᠭ᠌ᠴᠢᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠢ ᠳᠠᠭᠠᠭᠠᠴᠢᠯᠠᠨ ᠡᠷᠭᠢᠯᠡᠵᠦ᠍᠂ ᠰᠸᠧᠳᠧᠨ᠂ ᠹᠢᠨᠯᠠᠨᠳ᠋᠂ ᠨᠣᠷᠸᠠᠢ ᠵᠡᠷᠭᠡ 9 ᠤᠯᠤᠰ᠎ᠤᠨ 200 ᠭᠠᠷᠤᠢ ᠲᠥᠯᠥᠭᠡᠯᠡᠭ᠌ᠴᠢ ᠬᠤᠷᠠᠯ᠎ᠳᠤ ᠣᠷᠣᠯᠴᠠᠪᠠ᠃


untitled.png8.png


2019 ᠣᠨ᠎ᠤ 5 ᠰᠠᠷ᠎ᠠ᠎ᠳᠤ ᠤᠮᠠᠷᠠᠲᠤ ᠲᠦᠢᠯ᠎ᠤᠨ ᠴᠠᠭᠠᠷᠢᠭ᠎ᠤᠨ ᠶᠠᠷᠢᠶᠠᠨ᠎ᠤ ᠲᠠᠪᠴᠠᠩ᠎ᠤᠨ ᠳᠤᠮᠳᠠᠳᠤ ᠤᠯᠤᠰ᠎ᠤᠨ ᠬᠤᠪᠢᠶᠠᠷᠢ ᠶᠠᠷᠢᠶᠠᠨ᠎ᠤ ᠲᠠᠪᠴᠠᠩ ᠱᠠᠩᠬᠠᠢ᠎ᠳᠤ ᠶᠠᠪᠤᠭ᠍ᠳᠠᠵᠤ᠂ ᠤᠯᠭᠤᠶᠠ ᠡᠸᠡᠩᠬᠢ ᠦᠨᠳᠦᠰᠦᠲᠡᠨ᠎ᠤ ᠱᠢᠶᠠᠩ ᠤᠷᠢᠯᠭ᠎ᠠ᠎ᠪᠠᠷ ᠣᠷᠣᠯᠴᠠᠪᠠ᠃

ᠬᠤᠷᠠᠯ᠎ᠤᠨ ᠳᠠᠷᠠᠭ᠎ᠠ᠂ ᠣᠯᠭᠤᠶᠠ᠎ᠶ᠋ᠢᠨ ᠴᠠ ᠪᠤᠭᠤ ᠪᠣᠯᠤᠨ ᠲᠦᠢᠯ᠎ᠤᠨ ᠣᠷᠣᠨ᠎ᠤ ᠱᠢᠤᠸᠠᠢ ᠯᠦᠩ ᠨᠡᠷᠡᠮᠵᠢᠲᠦ᠎ᠨᠢ ᠳᠤᠮᠳᠠᠳᠤ ᠤᠯᠤᠰ᠎ᠤᠨ ᠤᠮᠠᠷᠠᠲᠤ ᠲᠦᠢᠯ᠎ᠤᠨ ᠴᠠᠭᠠᠷᠢᠭ᠎ᠤᠨ ᠰᠣᠶᠣᠯ᠎ᠢ ᠲᠥᠯᠥᠭᠡᠯᠡᠵᠦ᠍ ᠪᠣᠯᠤᠨ᠎ᠠ ᠭᠡᠰᠡᠨ ᠳᠤᠮᠳᠠᠳᠤ ᠤᠯᠤᠰ᠎ᠤᠨ ᠭᠠᠳᠠᠭᠠᠳᠤ ᠶᠠᠪᠤᠳᠠᠯ᠎ᠤᠨ ᠶᠠᠮᠤᠨ᠎ᠤ ᠵᠦᠪᠱᠢᠶᠡᠷᠡᠯ᠎ᠢ ᠤᠯᠪᠠ᠃

ᠡᠸᠡᠩᠬᠢᠴᠤᠳ ᠵᠠᠭᠤᠨ ᠵᠢᠯ᠎ᠤᠨ ᠲᠤᠷᠰᠢ ᠨᠠᠮ᠎ᠤᠨ ᠬᠠᠯᠠᠮᠵᠢᠯᠠᠯ ᠳᠣᠣᠷ᠎ᠠ ᠠᠮᠤᠷ ᠵᠢᠮᠦᠷ ᠠᠵᠤ ᠲᠦᠷᠦᠵᠤ᠂ ᠠᠮᠢᠳᠤᠷᠠᠯ᠎ᠨᠢ ᠡᠳᠦᠷ᠎ᠠᠴᠠ ᠡᠳᠦᠷ ᠦᠭᠡᠳᠡᠯᠡᠨ᠂ ᠦᠢᠯᠡᠳᠪᠦᠷᠢᠯᠡᠯ ᠠᠮᠢᠳᠤᠷᠠᠯ᠎ᠤᠨ ᠨᠥᠬᠦᠴᠡᠯ᠎ᠨᠢ ᠰᠠᠨᠠᠭᠠᠨ᠎ᠳᠤ ᠪᠠᠭ᠍ᠲᠠᠮ᠎ᠠ ᠦᠭᠡᠢ ᠬᠤᠪᠢᠷᠠᠯᠲᠠ ᠭᠠᠷᠴᠠᠶ᠃


untitled.png89.png


ᠭᠡᠪᠡᠴᠦ᠍ ᠲᠡᠳᠡᠨ᠎ᠤ ᠬᠥᠳᠡᠯᠮᠦᠷᠢᠴᠢ ᠡᠷᠡᠯᠬᠡᠭ᠂ ᠬᠠᠯᠠᠭᠤᠮᠰᠤᠭ ᠵᠣᠴᠢᠨᠰᠠᠭ᠂ ᠤᠬᠠᠭᠠᠯᠢᠭ ᠪᠠ ᠪᠦᠲᠦᠭᠡᠯᠴᠢ ᠴᠢᠳᠠᠪᠤᠷᠢ᠎ᠲᠠᠢ ᠦᠨᠳᠦᠰᠦᠲᠡᠨ᠎ᠤ ᠵᠠᠩ ᠴᠢᠨᠠᠷ ᠵᠢᠴᠢ ᠡᠬᠡ ᠨᠤᠲᠤᠭ᠎ᠤᠨ ᠪᠠᠯᠠᠷ ᠣᠢ᠎ᠪᠠᠨ ᠳᠡᠭᠡᠳᠦᠯᠡᠨ ᠬᠠᠢᠷᠠᠯᠠᠬᠤ᠂ ᠠᠮᠢ ᠠᠬᠤᠶ᠎ᠶ᠋ᠢᠨ ᠣᠷᠴᠢᠨ ᠲᠣᠭᠤᠷᠢᠨ᠂ ᠬᠡᠭᠡᠷ᠎ᠡ᠎ᠶ᠋ᠢᠨ ᠠᠮᠢᠲᠠᠨ ᠤᠷᠭᠤᠮᠠᠯ᠎ᠢ ᠬᠠᠮᠠᠭᠠᠯᠠᠬᠤ ᠲᠥᠷᠥᠯᠬᠢ ᠴᠢᠨᠠᠷ᠎ᠨᠢ ᠬᠤᠪᠢᠷᠠᠭ᠎ᠠ ᠦᠭᠡᠢ ᠶᠤᠮ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号