
ᠲᠡᠭᠡᠷ᠎ᠠ ᠵᠠᠭᠤᠨ᠎ᠤ ᠨᠠᠶᠠᠭᠠᠳ ᠤᠨ᠎ᠤ ᠡᠭᠢᠨᠤ ᠦᠶ᠎ᠡ᠎ᠳᠠᠬᠢ
ᠰᠦᠨᠢᠳ ᠵᠡᠭᠦᠨ ᠬᠤᠱᠢᠭᠤᠨ ᠤ ᠮᠠᠯᠴᠢᠳ ᠤᠨ ᠡᠪᠤᠯᠵᠢᠶ᠎ᠠ
ᠲᠠᠪᠤᠳᠤᠭᠠᠷ ᠲᠠᠪᠤᠨ ᠵᠢᠯ᠎ᠤᠨ ᠲᠦᠯᠦᠪᠯᠡᠭᠡ᠄ 1976 — 1980 ᠤᠨ᠎ᠤ ᠤᠯᠤᠰ ᠠᠷᠠᠳ᠎ᠤᠨ ᠠᠵᠦ᠍ ᠠᠬᠤᠢ᠎ᠶ᠋ᠢᠨ ᠬᠦᠭ᠌ᠵᠢᠯᠳᠠ᠎ᠶ᠋ᠢᠨ ᠲᠦᠯᠦᠪᠯᠡᠭᠡ ᠪᠤᠯ ᠲᠤᠮᠳᠠᠳᠤ ᠤᠯᠤᠰ᠎ᠤᠨ ᠲᠠᠪᠤᠳᠤᠭᠠᠷ ᠲᠠᠪᠤᠨ ᠵᠢᠯ᠎ᠤᠨ ᠲᠦᠯᠦᠪᠯᠡᠭᠡ ᠮᠦᠨ᠃ 1975 ᠤᠨ᠎ᠳᠤ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠦᠪ ᠬᠤᠷᠢᠶ᠎ᠠ 《1976 — 1980 ᠤᠨ ᠤ ᠤᠯᠤᠰ ᠠᠷᠠᠳ᠎ᠤᠨ ᠠᠵᠦ᠍ ᠠᠬᠤᠢ᠎ᠶ᠋ᠢᠨ ᠬᠦᠭ᠌ᠵᠢᠯᠳᠠ ᠶ᠋ᠢᠨ ᠠᠷᠪᠠᠨ ᠵᠢᠯ ᠤᠨ ᠲᠦᠯᠦᠪᠵᠢᠭᠦᠯᠭᠡ ᠶ᠋ᠢᠨ ᠬᠦᠳᠤᠯᠪᠤᠷᠢ (ᠲᠦᠰᠤᠯ)》 ᠶ᠋ᠢ ᠲᠤᠬ᠍ᠳᠠᠭᠠᠵᠦ᠍᠂ 《ᠲᠠᠪᠤᠳᠤᠭᠠᠷ ᠲᠠᠪᠤᠨ ᠵᠢᠯ》 ᠤᠨ ᠲᠦᠯᠦᠪᠯᠡᠭᠡ ᠶ᠋ᠢ ᠲᠤᠬᠢᠷᠠᠭᠤᠯᠪᠠ᠃ ᠭᠦᠢᠴᠡᠳᠭᠡᠭ᠌ᠰᠡᠨ ᠪᠠᠢᠳᠠᠯ᠎ᠠᠴᠠ ᠦᠵᠡᠪᠡᠯ᠂ 1977 ᠤᠨ᠎ᠠᠴᠠ 1978 ᠤᠨ᠎ᠤ ᠬᠤᠭᠤᠷᠤᠨᠳᠤ ᠨᠡᠢᠭᠡᠮ᠎ᠤᠨ ᠶᠡᠷᠦᠩᠭᠡᠢ ᠦᠢᠯᠡᠳᠭᠦᠨ᠎ᠤ ᠦᠷᠳᠡᠭ᠂ ᠠᠵᠦ᠍ ᠦᠢᠯᠡᠳᠪᠤᠷᠢ ᠲᠠᠷᠢᠶᠠᠯᠠᠩ᠎ᠤᠨ ᠶᠡᠷᠦᠩᠭᠡᠢ ᠦᠢᠯᠡᠳᠭᠦᠨ᠎ᠤ ᠦᠷᠳᠡᠭ᠂ ᠤᠯᠤᠰ ᠠᠷᠠᠳ᠎ᠤᠨ ᠤᠷᠤᠯᠭ᠎ᠠ ᠬᠤᠶᠠᠷ ᠵᠢᠯ ᠲᠠᠷᠠᠭᠠᠯᠠᠨ ᠶᠡᠭᠡ᠎ᠪᠠᠷ ᠨᠡᠮᠡᠭ᠌ᠳᠡᠵᠦ᠍᠂ ᠭᠤᠤᠯ ᠪᠤᠯᠬᠤ ᠠᠵᠦ᠍ ᠦᠢᠯᠡᠳᠪᠤᠷᠢ ᠲᠠᠷᠢᠶᠠᠯᠠᠩ᠎ᠤᠨ ᠪᠦᠲᠦᠭᠡᠭ᠌ᠳᠡᠭᠦᠨ᠎ᠤ ᠭᠠᠷᠤᠯᠳᠠ ᠲᠡᠤᠭᠡ᠎ᠶ᠋ᠢᠨ ᠬᠠᠮᠤᠭ᠎ᠤᠨ ᠰᠠᠢᠨ ᠲᠦᠪᠱᠢᠨ᠎ᠳᠤ ᠬᠦᠷᠦᠭ᠌ᠰᠡᠨ ᠪᠤᠶᠤ ᠲᠠᠪᠠᠪᠠ᠃ ᠨᠠᠮ᠎ᠤᠨ ᠠᠷᠪᠠᠨ ᠨᠢᠭᠡᠳᠦᠭᠡᠷ ᠬᠤᠭᠤᠴᠠᠭᠠᠨ᠎ᠤ ᠲᠦᠪ ᠬᠤᠷᠢᠶᠠᠨ᠎ᠤ ᠭᠤᠷᠪᠠᠳᠤᠭᠠᠷ ᠪᠦᠭᠦᠳᠡ ᠬᠤᠷᠠᠯ᠎ᠤᠨ ᠲᠠᠷᠠᠭ᠎ᠠ᠂ ᠪᠦᠭᠦ᠌ ᠨᠠᠮ᠎ᠤᠨ ᠠᠵᠢᠯ᠎ᠤᠨ ᠭᠤᠤᠯᠳᠠᠯᠭ᠎ᠠ ᠨᠡᠢᠭᠡᠮ ᠵᠢᠷᠤᠮᠳᠤ ᠤᠳᠤᠬᠢᠴᠢᠯᠠᠯᠳᠠ᠎ᠶ᠋ᠢᠨ ᠪᠦᠲᠦᠭᠡᠨ ᠪᠠᠢᠭᠤᠯᠤᠯᠳᠠ ᠲᠡᠭᠡᠷ᠎ᠠ ᠱᠢᠯᠵᠢᠵᠦ᠍᠂ 《ᠲᠠᠪᠤᠳᠤᠭᠠᠷ ᠲᠠᠪᠤᠨ ᠵᠢᠯ》 ᠤᠨ ᠲᠦᠯᠦᠪᠯᠡᠭᠡ᠎ᠶ᠋ᠢᠨ ᠭᠦᠢᠴᠡᠳᠭᠡᠯ ᠲᠤᠭ᠎ᠠ᠎ᠶ᠋ᠢ ᠴᠤ᠌ ᠬᠠᠷᠠᠭᠠᠯᠵᠠᠭᠤᠯᠤᠨ ᠶᠡᠭᠡ᠎ᠪᠠᠷ ᠲᠤᠬᠢᠷᠠᠭᠤᠯᠤᠯᠳᠠ ᠬᠢᠪᠠ᠃ 1980 ᠤᠨ᠎ᠤ ᠡᠴᠤᠰᠲᠤ᠌᠂ ᠤᠯᠤᠰ ᠠᠷᠠᠳ᠎ᠤᠨ ᠠᠵᠦ᠍ ᠠᠬᠤᠢ᠎ᠶ᠋ᠢᠨ ᠭᠤᠤᠯ ᠬᠠᠷᠢᠴᠠᠯ᠎ᠤᠨ ᠬᠠᠷᠢᠴᠠᠭ᠎ᠠ ᠡᠭᠢᠯᠡᠨ ᠰᠠᠢᠵᠢᠷᠠᠵᠦ᠍᠂ ᠦᠢᠯᠡᠳᠪᠤᠷᠢᠯᠡᠯ ᠪᠠ ᠪᠦᠲᠦᠭᠡᠨ ᠪᠠᠢᠭᠤᠯᠤᠯᠳᠠ ᠨᠡᠯᠢᠶᠡᠳ ᠬᠦᠭ᠌ᠵᠢᠪᠠ᠃
ᠵᠢᠷᠭᠤᠳᠤᠭᠠᠷ ᠲᠠᠪᠤᠨ ᠵᠢᠯ᠎ᠤᠨ ᠲᠦᠯᠦᠪᠯᠡᠭᠡ᠄ 1981 — 1985 ᠤᠨ ᠪᠤᠯ ᠲᠤᠮᠳᠠᠳᠤ ᠤᠯᠤᠰ ᠤᠨ ᠵᠢᠷᠭᠤᠳᠤᠭᠠᠷ ᠲᠠᠪᠤᠨ ᠵᠢᠯ ᠤᠨ ᠲᠦᠯᠦᠪᠯᠡᠭᠡ᠎ᠶ᠋ᠢᠨ ᠴᠠᠬ ᠬᠤᠭᠤᠴᠠᠭ᠎ᠠ ᠮᠦᠨ᠃ 《ᠵᠢᠷᠭᠤᠳᠤᠭᠠᠷ ᠲᠠᠪᠤᠨ ᠵᠢᠯ》 ᠤᠨ ᠲᠦᠯᠦᠪᠯᠡᠭᠡ ᠪᠤᠯ 《ᠨᠢᠭᠡᠳᠦᠭᠡᠷ ᠲᠠᠪᠤᠨ ᠵᠢᠯ》 ᠤᠨ ᠲᠦᠯᠦᠪᠯᠡᠭᠡ᠎ᠶ᠋ᠢᠨ ᠲᠠᠷᠠᠭᠠᠭᠢ ᠨᠢᠭᠡᠨ ᠨᠡᠯᠢᠶᠡᠳ ᠪᠦᠷᠢᠨ ᠲᠦᠭᠦᠷ ᠲᠠᠪᠤᠨ ᠵᠢᠯ᠎ᠤᠨ ᠲᠦᠯᠦᠪᠯᠡᠭᠡ ᠪᠠᠢᠵᠦ᠍᠂ ᠠᠵᠦ᠍ ᠠᠬᠤᠢ᠎ᠶ᠋ᠢᠨ ᠬᠦᠭ᠌ᠵᠢᠯᠳᠠ᠎ᠶ᠋ᠢ ᠴᠢᠬᠤᠯᠠᠴᠢᠯᠠᠬᠤ᠎ᠶ᠋ᠢᠨ ᠬᠠᠮᠳᠤ ᠨᠡᠢᠭᠡᠮ᠎ᠤᠨ ᠬᠦᠭ᠌ᠵᠢᠯᠳᠠ᠎ᠶ᠋ᠢ ᠲᠤᠪᠤᠢᠮ᠎ᠠ ᠪᠠᠢᠷᠢᠨ᠎ᠳᠤ ᠲᠠᠯᠪᠢᠬ᠍ᠰᠠᠨ᠎ᠨᠢ ᠲᠡᠭᠦᠨ᠎ᠤ ᠢᠯᠡ ᠲᠤᠳᠤ ᠤᠨᠴᠠᠯᠢᠭ ᠪᠤᠯᠬᠤ ᠶᠤᠮ᠃ ᠨᠠᠮ ᠪᠠ ᠵᠠᠰᠠᠬ᠎ᠤᠨ ᠤᠷᠳᠤᠨ᠎ᠠᠴᠠ ᠬᠦᠮᠦᠨ ᠠᠮᠠ᠂ ᠬᠦᠳᠡᠯᠮᠦᠷᠢ ᠬᠦᠴᠤ᠌ ᠠᠵᠢᠯ ᠤᠯᠭᠤᠯᠳᠠ᠂ ᠰᠠᠭᠤᠭᠠᠯᠢ ᠠᠷᠠᠳ᠎ᠤᠨ ᠤᠷᠤᠯᠭ᠎ᠠ ᠪᠠ ᠬᠡᠷᠡᠭ᠌ᠯᠡᠭᠡ᠂ ᠬᠤᠳᠠ ᠬᠦᠳᠡᠭᠡ᠎ᠶ᠋ᠢᠨ ᠪᠦᠲᠦᠭᠡᠨ ᠪᠠᠢᠭᠤᠯᠤᠯᠳᠠ᠂ ᠨᠡᠢᠭᠡᠮ᠎ᠤᠨ ᠠᠰᠠᠷᠠᠮᠵᠢ᠂ ᠰᠤᠶᠤᠯ᠂ ᠡᠷᠡᠭᠦᠯ ᠬᠠᠮᠠᠭᠠᠯᠠᠯ᠂ ᠪᠡᠶ᠎ᠠ᠎ᠶ᠋ᠢᠨ ᠲᠠᠮᠢᠷ᠂ ᠤᠷᠴᠢᠨ ᠲᠤᠭᠤᠷᠢᠨ᠎ᠤ ᠬᠠᠮᠠᠭᠠᠯᠠᠯᠳᠠ ᠵᠡᠷᠭᠡ ᠨᠡᠢᠭᠡᠮ᠎ᠤᠨ ᠬᠦᠭ᠌ᠵᠢᠯᠳᠠ᠎ᠶ᠋ᠢᠨ ᠲᠠᠯ᠎ᠠ᠎ᠪᠠᠷ ᠲᠤᠬᠢᠷᠠᠭᠤᠯᠤᠯᠳᠠ ᠬᠢᠪᠠ᠃ ᠲᠦᠯᠦᠪᠯᠡᠭᠡ᠎ᠳᠤ ᠦᠷᠡᠵᠢᠯ᠎ᠢ ᠮᠠᠨ᠎ᠤ ᠤᠯᠤᠰ᠎ᠤᠨ ᠨᠢᠭᠡᠨ ᠤᠯᠤᠰ᠎ᠤᠨ ᠦᠨᠳᠤᠰᠤᠨ ᠪᠤᠳᠤᠯᠭ᠎ᠠ᠎ᠪᠠᠷ ᠲᠤᠬ᠍ᠳᠠᠭᠠᠪᠠ᠃ ᠦᠡᠭ᠌ᠭᠡᠷᠡᠭ᠌ᠰᠡᠨ᠎ᠤ ᠮᠠᠰᠢ ᠤᠯᠠᠨ ᠬᠡᠮᠵᠢᠯᠳᠤ ᠬᠤᠪᠢᠶᠠᠷᠢᠯᠠᠯᠳᠠ ᠪᠠ ᠪᠢᠯᠧᠲ᠎ᠢᠶᠠᠷ ᠬᠠᠨᠭ᠌ᠭᠠᠬᠤ ᠲᠠᠸᠠᠷᠤᠳᠤᠨ ᠠᠮᠤ᠂ ᠲᠤᠰᠤ᠎ᠠᠴᠠ ᠪᠤᠰᠤᠳ᠎ᠢ᠎ᠨᠢ ᠦᠨᠳᠤᠰᠦᠨ᠎ᠳᠡᠭᠡᠨ ᠪᠢᠯᠧᠲ᠎ᠢᠶᠠᠷ ᠬᠠᠨᠭ᠌ᠭᠠᠬᠤ᠎ᠶ᠋ᠢ ᠦᠭᠡᠢᠰᠭᠡᠵᠦ᠍᠂ ᠴᠢᠯᠦᠭᠡᠳᠡᠢ ᠬᠠᠨᠭ᠌ᠭᠠᠵᠦ᠍ ᠡᠭᠢᠯᠡᠪᠡ᠃
1978 ᠤᠨ᠎ᠳᠤ ᠦᠯᠦᠰᠭᠦᠯᠠᠩ ᠭᠠᠴᠢᠭᠢ ᠬᠠᠨᠤᠳᠠᠯ᠎ᠠ ᠠᠮᠰᠠᠬ᠍ᠰᠠᠨ ᠠᠨᠾᠦ᠋ᠢ ᠮᠤᠵᠢ᠎ᠶ᠋ᠢᠨ ᠹᠸᠡᠭ ᠶᠠᠩ ᠱᠢᠶᠠᠨ᠎ᠤ ᠱᠢᠶᠤᠤ ᠭᠠᠨᠭ᠌ ᠲᠤᠰᠭᠤᠨ᠎ᠤ 18 ᠲᠠᠷᠢᠶᠠᠴᠢᠨ ᠲᠦᠭ᠌ᠰᠢᠭᠦᠷᠢ᠎ᠶ᠋ᠢ ᠰᠦᠷᠴᠤ᠌ 《ᠲᠠᠭᠠᠭᠠᠴᠢᠯᠠᠯᠳᠠ》 ᠶ᠋ᠢᠨ ᠭᠡᠷ᠎ᠠ᠎ᠳᠤ ᠭᠠᠷᠤᠨ ᠦᠰᠦᠭ ᠵᠢᠷᠤᠵᠦ᠍᠂ ᠲᠤᠮᠳᠠᠳᠤ ᠤᠯᠤᠰ᠎ᠤᠨ ᠬᠦᠳᠡᠭᠡ ᠲᠤᠰᠭᠤᠨ᠎ᠤ ᠦᠭᠡᠷᠡᠴᠢᠯᠡᠯᠳᠡ᠎ᠶ᠋ᠢᠨ ᠬᠦᠱᠢᠭᠡ᠎ᠶ᠋ᠢ ᠢᠷᠡᠪᠡ᠃ ᠡᠭᠦᠨ᠎ᠲᠠᠢ ᠴᠤᠬ᠍ᠭᠠᠷ᠂ ᠡᠭᠡ ᠤᠯᠤᠰ᠎ᠤᠨ ᠤᠮᠠᠷᠠᠳᠤ ᠬᠢᠵᠠᠭᠠᠷ᠎ᠲᠠᠬᠢ ᠦᠪᠤᠷ ᠮᠤᠩᠭᠤᠯ᠎ᠳᠤ ᠪᠠᠰᠠ ᠭᠠᠵᠠᠷ ᠱᠢᠷᠤᠢ᠎ᠲᠠᠢ ᠬᠤᠯᠪᠤᠬ᠍ᠳᠠᠬᠤ ᠬᠤᠶᠠᠷ ᠲᠤᠮᠤ ᠶᠠᠪᠤᠳᠠᠯ ᠡᠭᠦᠰᠴᠤ᠌᠂ ᠦᠪᠤᠷ ᠮᠤᠩᠭᠤᠯ᠎ᠤᠨ ᠬᠦᠳᠡᠭᠡ ᠲᠤᠰᠭᠤᠨ᠎ᠤ ᠦᠭᠡᠷᠡᠴᠢᠯᠡᠯᠳᠡ᠎ᠶ᠋ᠢ ᠡᠭᠢᠯᠡᠭᠦᠯᠦᠭ᠌ᠰᠡᠨ ᠪᠠᠢᠨ᠎ᠠ᠃
43 ᠵᠢᠯ᠎ᠤᠨ ᠡᠮᠦᠨ᠎ᠠ᠂ ᠤᠷᠳᠤᠰ ᠬᠤᠳᠠ᠎ᠶ᠋ᠢᠨ ᠲᠠᠯᠠᠳ ᠬᠤᠱᠢᠭᠤᠨ᠎ᠤ ᠠᠰᠠᠷ᠎ᠤᠨ ᠬᠤᠭᠤᠯᠠᠢ ᠨᠢᠭᠡᠳᠤᠯ᠎ᠤᠨ ᠺᠠᠨᠭ᠌ ᠵᠢᠶᠠ ᠸᠠᠨ ᠪᠠᠷᠢᠭᠠᠳᠠ᠎ᠳᠤ ᠠᠷᠠᠳ᠎ᠤᠨ ᠨᠢᠭᠡᠳᠤᠯ᠎ᠤᠨ ᠶᠡᠭᠡ ᠪᠠᠷᠢᠭᠠᠳᠠ᠎ᠶ᠋ᠢᠨ ᠦᠢᠯᠡᠳᠪᠤᠷᠢᠯᠡᠯ᠎ᠤᠨ ᠬᠡᠯᠪᠡᠷᠢ᠎ᠶ᠋ᠢ ᠬᠡᠷᠡᠭ᠌ᠵᠢᠭᠦᠯᠵᠦ᠍᠂ ᠪᠠᠷᠢᠭᠠᠳᠠ᠎ᠶ᠋ᠢᠨ ᠭᠡᠱᠢᠭᠦᠳ ᠤᠷᠤᠢ᠎ᠶ᠋ᠢᠨ ᠬᠦᠯᠦᠰᠦ᠎ᠪᠠᠨ ᠤᠯᠠ᠎ᠳᠠᠭᠠᠨ ᠲᠤᠯᠳᠠᠯ᠎ᠠ ᠤᠷᠤᠰᠭᠠᠨ ᠬᠦᠳᠡᠯᠮᠦᠷᠢᠯᠡᠪᠡᠴᠤ᠌ ᠬᠤᠪᠢᠳᠠᠵᠦ᠍ ᠤᠯᠬᠤ ᠬᠦᠨᠡᠰᠦᠨ ᠠᠮᠤ᠎ᠨᠢ ᠵᠢᠯ᠎ᠳᠡᠭᠡᠨ ᠢᠳᠡᠵᠦ᠍ ᠬᠦᠷᠳᠡᠭ ᠦᠭᠡᠢ ᠪᠠᠢᠯ᠎ᠠ᠃ ᠭᠡᠷ᠎ᠤᠨ ᠬᠦᠮᠦᠰ᠎ᠢᠶᠠᠨ ᠭᠡᠳᠡᠰᠦ ᠴᠠᠳᠭᠤᠯᠠᠩ ᠪᠠᠢᠯᠭᠠᠬᠤ᠎ᠶ᠋ᠢᠨ ᠲᠦᠯᠦᠭᠡ᠂ 53 ᠨᠠᠰᠤᠳᠠᠢ ᠲᠤᠰᠭᠤᠨ᠎ᠤ ᠠᠷᠠᠳ ᠵᠤᠤ ᠴᠸᠤ ᠨᠢᠤᠢ ᠲᠦᠷᠦ᠎ᠶ᠋ᠢᠨ ᠪᠤᠳᠤᠯᠭ᠎ᠠ᠎ᠶ᠋ᠢ ᠵᠦᠷᠢᠴᠡᠭᠦ᠌ ᠲᠦᠭ᠌ᠰᠢᠭᠦᠷᠢ᠎ᠶ᠋ᠢ ᠰᠦᠷᠴᠤ᠌᠂ ᠺᠠᠨᠭ᠌ ᠵᠢᠶᠠ ᠸᠠᠨ ᠪᠠᠷᠢᠭᠠᠳᠠ᠎ᠶ᠋ᠢᠨ᠎ᠢᠶᠠᠨ 14 ᠮᠦ᠍ ᠭᠠᠵᠠᠷ ᠱᠢᠷᠤᠢ᠎ᠶ᠋ᠢ ᠲᠠᠭᠠᠭᠠᠴᠢᠯᠠᠵᠦ᠍᠂ ᠪᠦᠭᠦ᠌ ᠤᠯᠤᠰ᠎ᠲᠤ ᠲᠠᠷᠢᠶᠠᠴᠢᠨ ᠬᠤᠪᠢ ᠬᠦᠮᠦᠨ ᠦᠢᠯᠡᠳᠪᠤᠷᠢᠯᠡᠯ᠎ᠤᠨ ᠪᠠᠷᠢᠭᠠᠳᠠ᠎ᠲᠠᠢ ᠨᠡᠢᠳᠡ᠎ᠶ᠋ᠢᠨ ᠭᠠᠵᠠᠷ ᠱᠢᠷᠤᠢ᠎ᠶ᠋ᠢ ᠲᠠᠭᠠᠭᠠᠴᠢᠯᠠᠬᠤ ᠬᠡᠯᠡᠯᠴᠡᠭᠡᠷ ᠲᠤᠬ᠍ᠳᠠᠬ᠍ᠰᠠᠨ ᠬᠠᠮᠤᠭ᠎ᠤᠨ ᠠᠩᠬᠠᠨ᠎ᠤ ᠬᠦᠮᠦᠨ ᠪᠤᠯᠪᠠ᠃
ᠵᠤᠤ ᠴᠸᠤ ᠨᠢᠤᠢ ᠭᠠᠵᠠᠷ ᠱᠢᠷᠤᠢ ᠲᠠᠭᠠᠭᠠᠴᠢᠯᠠᠬ᠍ᠰᠠᠨ 3 ᠵᠢᠯ᠎ᠤᠨ ᠬᠤᠭᠤᠷᠤᠨᠳᠤ᠂ 14 ᠮᠦ᠍ ᠭᠠᠵᠠᠷ᠎ᠤᠨ ᠤᠨᠠᠯᠳᠠ ᠲᠠᠬᠢᠨ᠎ᠢᠶᠠᠷ ᠨᠡᠮᠡᠭ᠌ᠳᠡᠵᠦ᠍᠂ ᠠᠮᠤ ᠪᠤᠳᠠᠭᠠᠨ᠎ᠤ ᠤᠨᠠᠯᠳᠠ᠎ᠨᠢ ᠵᠦᠪᠭᠡᠨ 200 ᠵᠢᠩ ᠪᠠᠢᠬ᠍ᠰᠠᠨ ᠲᠠᠷᠢᠶᠠᠨ ᠭᠠᠵᠡᠷ᠎ᠤᠨ ᠮᠦ᠍ ᠪᠦᠷᠢ᠎ᠶ᠋ᠢᠨ ᠤᠨᠠᠯᠳᠠ᠎ᠨᠢ 500 ᠵᠢᠩ᠎ᠢ ᠲᠠᠪᠠᠪᠠ᠃ 3 ᠵᠢᠯ᠎ᠤᠨ ᠲᠤᠷᠰᠢ᠂ ᠵᠤᠤ ᠴᠸᠤ ᠨᠢᠤᠢᠶ᠋ᠢᠨᠬᠢᠨᠤ ᠠᠮᠤ ᠪᠤᠳᠠᠭ᠎ᠠ᠎ᠶ᠋ᠢᠨ ᠤᠨᠠᠯᠳᠠ᠎ᠨᠢ ᠺᠠᠨᠭ᠌ ᠵᠢᠶᠠ ᠸᠠᠨ ᠪᠠᠷᠢᠭᠠᠳᠠ᠎ᠶ᠋ᠢᠨ 50 ᠭᠠᠷᠤᠢ ᠪᠢᠷ᠎ᠠ ᠴᠢᠳᠠᠯ᠎ᠲᠠᠢ ᠬᠦᠳᠡᠯᠮᠦᠷᠢ ᠬᠦᠴᠤ᠎ᠶ᠋ᠢᠨ 80 ᠭᠠᠷᠤᠢ ᠮᠦ᠍ ᠭᠠᠵᠠᠷ᠎ᠠᠴᠠ ᠬᠤᠷᠢᠶᠠᠬ᠍ᠰᠠᠨ ᠠᠮᠤ ᠪᠤᠳᠠᠭᠠᠨ᠎ᠤ ᠤᠨᠠᠯᠳᠠ᠎ᠶ᠋ᠢᠨ ᠬᠠᠭᠠᠰ ᠱᠢᠬᠠᠮ᠎ᠢ ᠡᠵᠡᠯᠡᠪᠡ᠃ ᠲᠤᠬᠠᠢ᠎ᠶ᠋ᠢᠨ ᠦᠶ ᠠ᠎ᠳᠤ ᠺᠠᠨᠭ᠌ ᠵᠢᠶᠠ ᠸᠠᠨ ᠪᠠᠷᠢᠭᠠᠳᠠ᠎ᠶ᠋ᠢᠨ ᠡᠨᠡ ᠬᠦ᠌ ᠶᠠᠪᠤᠳᠠᠯ᠎ᠨᠢ ᠪᠦᠭᠦ᠌ ᠲᠠᠯᠠᠳ ᠬᠤᠱᠢᠭᠤ᠎ᠶ᠋ᠢ ᠲᠤᠷᠬᠢᠭᠤᠯᠪᠠ᠃ 1980 ᠤᠨ᠎ᠤ ᠡᠴᠤᠰ ᠪᠤᠯᠬᠤ᠎ᠳᠤ᠂ ᠶᠡᠭᠡ ᠵᠤᠤ ᠠᠢᠮᠠᠬ᠎ᠤᠨ 73% ᠶ᠋ᠢᠨ ᠦᠢᠯᠡᠳᠪᠤᠷᠢᠯᠡᠯ᠎ᠤᠨ ᠪᠠᠷᠢᠭᠠᠳᠠ ᠬᠤᠷᠢᠶᠠᠯᠳᠠ᠎ᠶ᠋ᠢ ᠡᠷᠦᠭᠡ᠎ᠳᠤ ᠲᠠᠭᠠᠭᠠᠴᠢᠯᠠᠭᠤᠯᠤᠬ᠍ᠰᠠᠨ ᠪᠠᠢᠯ᠎ᠠ᠃
ᠡᠳᠦᠭᠡ᠂ ᠺᠠᠨᠭ᠌ ᠵᠢᠶᠠ ᠸᠠᠨ ᠲᠤᠰᠭᠤᠨ ᠨᠢᠭᠡᠨᠳᠡ ᠱᠠᠭᠢᠮᠤᠨᠢ ᠪᠠᠯᠭᠠᠰᠤᠨ᠎ᠤ ᠴᠸᠡᠭ ᠲᠠ ᠲᠤᠰᠭᠤᠨ᠎ᠳᠤ ᠬᠠᠷᠢᠶᠠᠯᠠᠬ᠍ᠳᠠᠵᠦ᠍᠂ ᠲᠤᠬᠠᠢ᠎ᠶ᠋ᠢᠨ ᠦᠶ᠎ᠠ᠎ᠶ᠋ᠢᠨ 80 ᠮᠦ᠍ ᠲᠠᠷᠢᠶᠠᠨ ᠭᠠᠵᠠᠷ᠎ᠨᠢ 6000 ᠭᠠᠷᠤᠢ ᠮᠦ᠍ ᠪᠤᠯᠵᠦ᠍ ᠦᠷᠭᠡᠳᠦᠭᠡᠳ᠂ ᠮᠠᠱᠢᠨ ᠮᠧᠬᠠᠨᠢᠭ ᠮᠤᠷᠢᠨ ᠠᠨᠵᠢᠰᠦ᠎ᠶ᠋ᠢ ᠤᠷᠤᠯᠠᠵᠤ᠂ ᠲᠠᠷᠢᠶᠠᠴᠢᠳ᠎ᠤᠨ ᠲᠠᠷᠢᠵᠦ᠍ ᠲᠡᠵᠢᠭᠡᠭᠦ᠌ ᠦᠢᠯᠡᠰ ᠦᠳᠳᠡᠷ ᠲᠦᠷᠭᠡᠨ ᠬᠦᠭ᠌ᠵᠢᠵᠦ᠍᠂ ᠲᠤᠰᠭᠤᠨ᠎ᠳᠤ ᠨᠡᠢᠳᠡ᠎ᠶ᠋ᠢᠨ ᠠᠵᠦ᠍ ᠠᠬᠤᠢ᠎ᠶ᠋ᠢᠨ ᠤᠷᠤᠯᠭ᠎ᠠ᠎ᠲᠠᠢ ᠪᠤᠯᠵᠦ᠍᠂ 2020 ᠤᠨ᠎ᠳᠤ ᠬᠦᠮᠦᠨ ᠲᠤᠮᠳᠠᠴᠢ᠎ᠶ᠋ᠢᠨ ᠴᠡᠪᠡᠷ ᠤᠷᠤᠯᠭ᠎ᠠ 1.2 ᠲᠦᠮᠡᠨ ᠲᠦᠭᠦᠷᠢᠭ᠎ᠲᠤ ᠬᠦᠷᠪᠡ᠃
1978 ᠤᠨ ᠪᠠ 1979 ᠤᠨ᠎ᠤ ᠡᠪᠤᠯ ᠬᠠᠪᠤᠷ᠎ᠤᠨ ᠠᠭᠤᠯᠵᠠᠷ᠎ᠲᠤ᠌᠂ ᠬᠦᠬᠡᠬᠤᠳᠠ᠎ᠶ᠋ᠢᠨ ᠲᠤᠬ᠍ᠳᠠᠬᠤ ᠱᠢᠶᠠᠨ᠎ᠤ ᠵᠦᠡᠭ ᠲᠠᠨ ᠨᠢᠭᠡᠳᠦᠯ ᠲᠠᠷᠢᠶᠠᠴᠢᠳ᠎ᠲᠠᠭᠠᠨ ᠬᠦᠮᠦᠨ ᠪᠦᠷᠢ᠎ᠳᠤ 2 ᠮᠦ᠍ ᠬᠠᠭᠠᠰ 《ᠬᠦᠨᠡᠰᠦᠨ ᠠᠮᠤ᠎ᠶ᠋ᠢᠨ ᠲᠠᠷᠢᠶ᠎ᠠ》 ᠬᠤᠪᠢᠶᠠᠨ ᠦᠭ᠌ᠴᠤ᠂ ᠦᠪᠤᠷ ᠮᠤᠩᠭᠤᠯ᠎ᠳᠤ 《ᠬᠦᠨᠡᠰᠦᠨ ᠠᠮᠤ᠎ᠶ᠋ᠢᠨ ᠲᠠᠷᠢᠶ᠎ᠠ + ᠲᠠᠸᠠᠷ᠎ᠤᠨ ᠠᠮᠤ᠎ᠶ᠋ᠢᠨ ᠲᠠᠷᠢᠶ᠎ᠠ》 ᠶ᠋ᠢᠨ ᠬᠠᠷᠢᠭᠤᠴᠠᠯᠭ᠎ᠠ᠎ᠶ᠋ᠢᠨ ᠲᠦᠷᠢᠮ᠎ᠢ ᠲᠦᠷᠦᠭᠦᠯᠠᠨ ᠬᠡᠷᠡᠭ᠌ᠵᠢᠭᠦᠯᠪᠠ᠃
1976 ᠤᠨ᠎ᠠᠴᠠ 1978 ᠤᠨ ᠬᠦ᠍ᠷᠳᠡᠯ᠎ᠠ᠂ ᠵᠦᠡᠭ ᠲᠠᠨ ᠨᠢᠭᠡᠳᠦᠯ᠎ᠤᠨ ᠠᠮᠤ ᠪᠤᠳᠠᠭᠠᠨ᠎ᠤ ᠤᠨᠠᠯᠳᠠ 400 ~ 600 ᠲᠦᠮᠡᠨ ᠵᠢᠩ᠎ᠤᠨ ᠬᠤᠭᠤᠷᠤᠨᠳᠤ ᠯᠡ ᠪᠠᠢᠵᠦ᠍᠂ ᠮᠦ᠍ ᠪᠦᠷᠢ᠎ᠶ᠋ᠢᠨ ᠤᠨᠠᠯᠳᠠ 110 ᠵᠢᠩ᠎ᠳᠤ ᠬᠦᠷᠭᠦ᠌ ᠦᠭᠡᠢ ᠪᠠᠢᠪᠠ᠃ ᠨᠢᠭᠡᠳᠤᠯᠤᠨᠢᠶᠠᠨ ᠢᠳᠡᠵᠦ᠍ ᠡᠮᠦᠰᠭᠦ᠌ ᠠᠰᠠᠭᠤᠳᠠᠯ᠎ᠢ ᠱᠢᠢᠳᠪᠤᠷᠢᠯᠡᠭᠦᠶ᠋ᠢᠨ ᠲᠦᠯᠦᠭᠡ᠂ 1979 ᠤᠨ᠎ᠤ ᠡᠭᠢ᠎ᠪᠠᠷ ᠵᠦᠡᠭ ᠲᠠᠨ ᠨᠢᠭᠡᠳᠤᠯ ᠨᠠᠮ᠎ᠤᠨ ᠬᠤᠷᠢᠶᠠᠨ᠎ᠤ ᠱᠢᠢᠳᠪᠤᠷᠢ᠎ᠶ᠋ᠢᠨ ᠬᠡᠯᠪᠡᠷᠢ᠎ᠪᠠᠷ᠂ ᠭᠡᠰᠡᠭ ᠲᠠᠷᠢᠶᠠᠨ ᠭᠠᠵᠠᠷ᠎ᠢᠶᠠᠨ 《ᠬᠦᠨᠡᠰᠤᠨ ᠠᠮᠤ᠎ᠶ᠋ᠢᠨ ᠲᠠᠷᠢᠶ᠎ᠠ》 ᠶ᠋ᠢᠨ ᠨᠡᠷ᠎ᠠ᠎ᠪᠠᠷ ᠭᠡᠱᠢᠭᠦᠳ᠎ᠲᠡᠭᠡᠨ ᠬᠤᠪᠢᠶᠠᠨ ᠦᠭ᠌ᠴᠤ᠂ 《ᠬᠦᠨᠡᠰᠤᠨ ᠠᠮᠤ᠎ᠶ᠋ᠢᠨ ᠲᠠᠷᠢᠶ᠎ᠠ》 ᠶ᠋ᠢᠨ ᠤᠨᠠᠯᠳᠠ ᠭᠡᠱᠢᠭᠦᠳ᠎ᠲᠤ ᠬᠠᠷᠢᠶᠠᠯᠠᠬ᠍ᠳᠠᠨᠠ ᠭᠡᠵᠦ᠍ ᠲᠤᠳᠤᠷᠬᠠᠢᠯᠠᠨ᠂ ᠲᠡᠭᠡᠷ᠎ᠠ᠎ᠠᠴᠠ ᠲᠤᠷᠤᠬ᠍ᠰᠢ 《ᠲᠠᠭᠠᠭᠠᠴᠢᠯᠠᠯᠳᠠ》 ᠶ᠋ᠢᠨ ᠦᠭᠡᠷᠡᠴᠢᠯᠡᠯᠳᠡ᠎ᠶ᠋ᠢ ᠡᠬᠢᠯᠡᠭᠦᠯᠵᠦ᠍᠂ ᠵᠦᠡᠭ ᠲᠠᠨ ᠨᠢᠭᠡᠳᠦᠯ ᠪᠤᠭᠤᠮᠳᠠ᠎ᠶ᠋ᠢᠨ ᠭᠠᠳᠠᠨᠠᠭᠢ 《ᠱᠢᠶᠤᠤ ᠭᠠᠨᠭ᠌ ᠲᠤᠰᠭᠤᠨ》 ᠤ ᠴᠤᠯᠠᠲᠠᠢ ᠪᠤᠯᠪᠠ᠃ ᠤᠯᠠᠨ ᠵᠢᠯ᠎ᠤᠨ ᠲᠤᠷᠰᠢ᠂ ᠤᠤᠯ᠎ᠤᠨ ᠵᠦᠡᠭ ᠲᠠᠨ ᠨᠢᠭᠡᠳᠤᠯ (ᠤᠳᠤ᠎ᠶ᠋ᠢᠨ ᠵᠦᠡᠭ ᠲᠠᠨ ᠱᠢᠶᠠᠩ) ᠤᠨ ᠬᠠᠷᠢᠶ᠎ᠠ ᠲᠤᠰᠭᠤᠨᠨᠤᠭᠤᠳ ᠭᠠᠵᠠᠷ ᠱᠢᠷᠤᠢ᠎ᠶ᠋ᠢᠨ ᠡᠵᠡᠩᠨᠡᠯᠳᠡ᠎ᠶ᠋ᠢᠨ ᠬᠡᠯᠪᠡᠷᠢ᠎ᠳᠡᠭᠡᠨ ᠲᠠᠰᠤᠷᠠᠯᠳᠠ ᠦᠭᠡᠢ ᠦᠭᠡᠷᠡᠴᠢᠯᠡᠯᠳᠡ ᠬᠢᠵᠦ᠍ ᠱᠢᠨ᠎ᠠ᠎ᠶ᠋ᠢ ᠡᠭᠦᠳᠦᠭᠡᠳ ᠯᠡ ᠵᠤᠬ᠍ᠰᠤᠬ᠍ᠰᠠᠨ ᠪᠢᠰᠢ᠂ ᠬᠠᠷᠢᠨ ᠬᠦᠭ᠌ᠵᠢᠯᠳᠠ᠎ᠶ᠋ᠢᠨ ᠰᠡᠳᠭᠢᠴᠡ᠎ᠪᠠᠨ ᠤᠯᠠᠮ᠎ᠢᠶᠠᠷ ᠤᠯᠠᠨ ᠡᠱᠢᠵᠢᠭᠦᠯᠵᠦ᠍᠂ ᠦᠨᠦ᠍ ᠵᠢᠭᠤᠯᠴᠢᠯᠠᠯ᠎ᠤᠨ ᠦᠢᠯᠡᠰ ᠡᠷᠬᠢᠯᠡᠭᠦ᠌ ᠪᠤᠯᠪᠠ᠃
ᠦᠭᠡᠷᠡᠴᠢᠯᠠᠯᠳᠠ ᠡᠩ ᠲᠡᠷᠢᠭᠦᠨ᠎ᠳᠤ ᠬᠦᠳᠡᠭᠡ ᠲᠤᠰᠭᠤᠨ᠎ᠳᠤ ᠱᠢᠪᠳᠤᠯᠤᠯᠳᠠ ᠬᠢᠵᠦ᠍ ᠠᠮᠵᠢᠯᠳᠠ ᠤᠯᠤᠬ᠍ᠰᠠᠨ᠎ᠨᠢ ᠭᠡᠨᠡᠳᠳᠡ᠎ᠶ᠋ᠢᠨ ᠪᠢᠰᠢ᠂ ᠲᠡᠷᠡ᠎ᠨᠢ ᠮᠠᠨ᠎ᠤ ᠤᠯᠤᠰ᠎ᠤᠨ ᠦᠨᠳᠤᠰᠤᠨ ᠤᠯᠤᠰ᠎ᠤᠨ ᠪᠠᠢᠳᠠᠯ ᠪᠠ ᠲᠤᠬᠠᠢ᠎ᠶ᠋ᠢᠨ ᠦᠶ᠎ᠠ᠎ᠶ᠋ᠢᠨ ᠬᠦᠳᠡᠭᠡ ᠲᠤᠰᠭᠤᠨ᠎ᠤ ᠠᠵᠦ᠍ ᠠᠬᠤᠢ᠎ᠶ᠋ᠢᠨ ᠬᠦᠭ᠌ᠵᠢᠯᠳᠠ᠎ᠶ᠋ᠢᠨ ᠬᠦᠴᠢᠷᠳᠠᠯ᠎ᠠᠴᠠ ᠲᠤᠬ᠍ᠳᠠᠭᠠᠬ᠍ᠳᠠᠬ᠍ᠰᠠᠨ ᠶᠤᠮ᠃ ᠲᠤᠮᠳᠠᠳᠤ ᠤᠯᠤᠰ᠎ᠤᠨ ᠤᠨᠴᠠᠯᠢᠭ᠎ᠲᠠᠢ ᠨᠡᠢᠭᠡᠮ ᠵᠢᠷᠤᠮ᠎ᠢ ᠪᠦᠲᠦᠭᠡᠨ ᠪᠠᠢᠭᠤᠯᠬᠤ ᠠᠭᠤᠤ ᠶᠡᠭᠡ ᠦᠢᠯᠡᠳᠦᠯᠭᠡ ᠡᠢᠨ ᠬᠦ᠌ ᠨᠠᠮ ᠪᠠ ᠦᠷᠭᠡᠨ ᠤᠯᠠᠨ ᠲᠦᠮᠡᠨ᠎ᠤ ᠡᠭᠦᠳᠤᠨ ᠪᠦᠲᠦᠭᠡᠯᠭᠡ᠎ᠶ᠋ᠢᠨ ᠲᠤᠮᠳᠠ ᠠᠯᠬᠤᠮ ᠠᠯᠬᠤᠮ᠎ᠢᠶᠠᠷ ᠢᠳᠡᠷᠡᠭᠦᠨ ᠤᠷᠤᠬ᠍ᠰᠢᠯᠠᠵᠦ᠍ ᠢᠷᠡᠭ᠌ᠰᠡᠨ ᠶᠤᠮ᠃
1983 ᠤᠨ᠎ᠤ ᠴᠠᠭᠠᠨ ᠰᠠᠷ᠎ᠠ᠎ᠳᠤ᠂ ᠱᠢᠯᠢ᠎ᠶ᠋ᠢᠨ ᠭᠤᠤᠯ ᠠᠢᠮᠠᠬ᠎ᠤᠨ ᠰᠦᠨᠢᠳ ᠵᠡᠭᠦᠨ ᠬᠤᠱᠢᠭᠤᠨ᠎ᠤ ᠪᠠᠶᠠᠨᠨᠠᠭᠤᠷ ᠪᠠᠯᠭᠠᠰᠤᠨ᠎ᠤ ᠡᠯᠡᠰᠦᠳᠤ ᠪᠤᠯᠠᠬ ᠭᠠᠴᠠᠭᠠᠨ᠎ᠤ ᠵᠠᠷᠢᠮ ᠮᠠᠯᠴᠢᠳ ᠡᠭᠦᠳᠡᠨ᠎ᠳᠡᠭᠡᠨ ᠬᠤᠤᠰ ᠤᠶᠠᠩᠭ᠎ᠠ ᠨᠠᠭᠠᠵᠦ᠍᠂ ᠮᠠᠯ ᠤᠨᠤᠭ᠎ᠠ ᠬᠤᠪᠢᠶᠠᠵᠦ᠍ ᠤᠯᠤᠬ᠍ᠰᠠᠨ᠎ᠳᠠᠭᠠᠨ ᠪᠠᠶᠠᠷᠯᠠᠨ ᠲᠠᠯᠠᠷᠬᠠᠬ᠍ᠰᠠᠨ ᠰᠡᠳᠭᠢᠯᠭᠡ᠎ᠪᠠᠨ ᠢᠯᠡᠳᠭᠡᠵᠦ᠍ ᠪᠠᠢᠯ᠎ᠠ᠃ ᠶᠠᠮᠠᠷ ᠲᠦᠷᠦ᠎ᠶ᠋ᠢᠨ ᠪᠤᠳᠤᠯᠭ᠎ᠠ᠎ᠶ᠋ᠢ ᠡᠳ᠋ᠯᠡᠵᠦ᠍ ᠮᠠᠯᠴᠢᠳ ᠢᠡᠭ᠌ᠭᠢᠵᠦ᠍ ᠪᠠᠶᠠᠷᠯᠠᠯᠳᠤᠵᠦ᠍ ᠪᠠᠢᠬᠤ ᠪᠤᠢ? ᠭᠡᠪᠡᠯ ᠲᠠᠷᠤᠢ ᠮᠠᠯ ᠪᠡᠯᠴᠢᠭᠡᠷ᠎ᠢ ᠬᠤᠤᠰ ᠲᠠᠭᠠᠭᠠᠴᠢᠯᠠᠭᠤᠯᠬᠤ ᠲᠦᠷᠢᠮ ᠪᠤᠯᠤᠨ᠎ᠠ᠃ ᠲᠡᠭᠡᠷ᠎ᠠ ᠵᠠᠭᠤᠨ᠎ᠤ ᠨᠠᠶᠠᠭᠠᠳ ᠤᠨ᠎ᠤ ᠡᠭᠢ᠎ᠪᠠᠷ᠂ ᠱᠢᠯᠢ᠎ᠶ᠋ᠢᠨ ᠭᠤᠤᠯ ᠠᠢᠮᠠᠬ ᠲᠦᠪ᠎ᠤᠨ ᠮᠠᠯᠵᠢᠬᠤ ᠲᠠᠷᠢᠶᠠᠯᠠᠬᠤ ᠤᠷᠤᠨ᠎ᠤ ᠠᠵᠢᠯ᠎ᠤᠨ ᠲᠤᠬᠠᠢ 3 ᠵᠢᠯ ᠲᠠᠷᠠᠭᠠᠯᠠᠨ ᠨᠡᠢᠳᠡᠯᠡᠭ᠌ᠰᠡᠨ 3 ᠤᠳᠠᠭ᠎ᠠ᠎ᠶ᠋ᠢᠨ 1 ᠳ᠋ᠤᠭᠡᠷ ᠨᠤᠮᠧᠷᠳᠤ ᠪᠢᠴᠢᠭ ᠮᠠᠲ᠋ᠧᠷᠢᠶᠠᠯ᠎ᠤᠨ ᠵᠤᠷᠢᠭ ᠰᠠᠨᠠᠭ᠎ᠠ ᠵᠢᠴᠢ ᠦᠪᠡᠷᠳᠡᠭᠡᠨ ᠵᠠᠰᠠᠬᠤ ᠤᠷᠤᠨ᠎ᠤ ᠮᠠᠯᠵᠢᠬᠤ ᠲᠠᠷᠢᠶᠠᠯᠠᠬᠤ ᠤᠷᠤᠨ᠎ᠤ ᠦᠭᠡᠷᠡᠴᠢᠯᠠᠯᠳᠠ᠎ᠶ᠋ᠢ ᠰᠠᠢᠳᠤᠷ ᠬᠢᠵᠦ᠍᠂ ᠮᠠᠯ ᠪᠠᠯᠴᠢᠭᠡᠷ᠎ᠢ ᠬᠤᠤᠰ ᠲᠠᠭᠠᠭᠠᠴᠢᠯᠠᠭᠤᠯᠬᠤ ᠦᠢᠯᠡᠳᠪᠤᠷᠢᠯᠡᠯ᠎ᠤᠨ ᠬᠠᠷᠢᠭᠤᠴᠠᠯᠭ᠎ᠠ᠎ᠶ᠋ᠢᠨ ᠲᠦᠷᠢᠮ᠎ᠤᠨ ᠨᠢᠭᠡᠳᠦᠯᠳᠡᠢ ᠪᠠᠢᠷᠢᠯᠠᠭᠤᠯᠤᠯᠳᠠ᠎ᠶ᠋ᠢ ᠬᠡᠷᠡᠭ᠌ᠵᠢᠭᠦᠯᠵᠦ᠍᠂ 1982 ᠤᠨ᠎ᠠᠴᠠ ᠡᠬᠢᠯᠡᠵᠦ᠍ ᠮᠠᠯᠵᠢᠬᠤ ᠤᠷᠤᠨ᠎ᠳᠤ ᠮᠠᠯ ᠪᠠᠯᠴᠢᠭᠡᠷ᠎ᠢ ᠬᠤᠤᠰ ᠲᠠᠭᠠᠭᠠᠴᠢᠯᠠᠭᠤᠯᠬᠤ ᠲᠦᠷᠢᠮ᠎ᠢ ᠬᠡᠷᠡᠭ᠌ᠵᠢᠭᠦᠯᠪᠠ᠃
ᠨᠠᠮ᠎ᠤᠨ ᠠᠷᠪᠠᠨ ᠨᠢᠭᠡᠳᠦᠭᠡᠷ ᠬᠤᠭᠤᠴᠠᠭᠠᠨ᠎ᠤ ᠲᠦᠪ ᠬᠤᠷᠢᠶᠠᠨ᠎ᠤ ᠭᠤᠷᠪᠠᠳᠤᠭᠠᠷ ᠪᠦᠭᠦᠳᠡ ᠬᠤᠷᠠᠯ᠎ᠤᠨ ᠲᠠᠷᠠᠭ᠎ᠠ᠂ ᠦᠪᠡᠷᠳᠡᠭᠡᠨ ᠵᠠᠰᠠᠬᠤ ᠤᠷᠤᠨ᠎ᠤ ᠨᠠᠮ᠎ᠤᠨ ᠬᠤᠷᠢᠶ᠎ᠠ ᠵᠠᠰᠠᠭ᠎ᠤᠨ ᠤᠷᠳᠤᠨ ᠮᠠᠯ ᠠᠵᠦ᠍ ᠠᠬᠤᠢ᠎ᠶ᠋ᠢ ᠬᠦᠭ᠌ᠵᠢᠭᠦᠯᠭᠦ᠌ ᠠᠯᠢ ᠤᠯᠠᠨ ᠴᠢᠬᠤᠯᠠ ᠶᠡᠭᠡ ᠦᠭᠡᠷᠡᠴᠢᠯᠡᠯᠳᠡ᠎ᠶ᠋ᠢᠨ ᠠᠷᠭ᠎ᠠ ᠬᠡᠮᠵᠢᠶ᠎ᠠ ᠬᠡᠷᠡᠭ᠌ᠵᠢᠭᠦᠯᠵᠦ᠍᠂ ᠨᠤᠳᠤᠬ ᠪᠡᠯᠴᠢᠭᠡᠷ᠎ᠤᠨ ᠡᠵᠡᠩᠨᠡᠯᠳᠡ᠎ᠶ᠋ᠢᠨ ᠪᠠᠢᠭᠤᠯᠤᠮᠵᠢ᠎ᠶ᠋ᠢᠨ ᠲᠠᠯ᠎ᠠ᠎ᠪᠠᠷ ᠢᠳᠡᠪᠭᠢᠳᠠᠢ ᠰᠦᠪᠡᠭ᠌ᠴᠢᠯᠡᠨ ᠦᠢᠯᠡᠳᠦᠯᠭᠡᠵᠢᠭᠦᠯᠪᠠ᠃ 1983 ᠤᠨ᠎ᠳᠤ᠂ ᠦᠪᠡᠷᠳᠡᠭᠡᠨ ᠵᠠᠰᠠᠬᠤ ᠤᠷᠤᠨ᠎ᠤ ᠬᠤᠱᠢᠭᠤ ᠱᠢᠶᠠᠨ᠎ᠤ ᠨᠠᠮ᠎ᠤᠨ ᠬᠤᠷᠢᠶᠠᠨ᠎ᠤ ᠱᠦᠵᠢ᠎ᠶ᠋ᠢᠨ ᠬᠤᠷᠠᠯ ᠲᠡᠭᠡᠷ᠎ᠠ᠂ ᠤᠯᠠᠭᠠᠨᠬᠠᠳᠠ ᠬᠤᠳᠠ᠎ᠶ᠋ᠢᠨ ᠪᠠᠭᠠᠷᠢᠨ ᠪᠠᠷᠠᠭᠤᠨ ᠬᠤᠱᠢᠭᠤ ᠮᠠᠯ᠎ᠢ ᠦᠷᠳᠡᠭ᠌ᠯᠡᠵᠦ᠍ ᠲᠠᠭᠠᠭᠠᠴᠢᠯᠠᠭᠤᠯᠬᠤ᠎ᠶ᠋ᠢ ᠬᠡᠷᠡᠭ᠌ᠵᠢᠭᠦᠯᠦᠭ᠌ᠰᠡᠨ ᠬᠢᠳᠠᠯ᠎ᠢᠶᠠᠨ ᠲᠠᠨᠢᠯᠴᠠᠭᠤᠯᠵᠦ᠍᠂ ᠨᠡᠢᠳᠡᠮ᠎ᠤᠨ ᠬᠦᠷᠢᠶᠠᠯᠠᠯ᠎ᠢ ᠤᠯᠪᠠ᠃ ᠬᠤᠷᠠᠯ᠎ᠤᠨ ᠲᠠᠷᠠᠭ᠎ᠠ᠂ ᠵᠠᠷᠢᠮ ᠭᠠᠵᠠᠷ ᠤᠷᠤᠨ ᠮᠠᠯ᠎ᠢ ᠦᠷᠳᠡᠭ᠌ᠯᠡᠵᠦ᠍ ᠲᠠᠭᠠᠭᠠᠴᠢᠯᠠᠭᠤᠯᠬᠤ ᠰᠠᠭᠤᠷᠢᠨ ᠲᠡᠭᠡᠷ᠎ᠠ᠂ 《ᠮᠠᠯ᠎ᠢ ᠦᠷᠳᠡᠭ᠌ᠯᠡᠨ ᠡᠷᠦᠭᠡ᠎ᠳᠤ ᠬᠤᠪᠢᠶᠠᠵᠦ᠍᠂ ᠬᠤᠭᠤᠴᠠᠭ᠎ᠠ ᠬᠤᠪᠢᠶᠠᠨ ᠪᠤᠴᠠᠭᠠᠵᠦ᠍᠂ ᠬᠤᠪᠢ᠎ᠪᠠᠷ᠎ᠢᠶᠠᠨ ᠦᠮᠴᠢᠯᠡᠵᠦ᠍ ᠬᠤᠪᠢ᠎ᠪᠠᠷ᠎ᠢᠶᠠᠨ ᠲᠡᠵᠢᠭᠡᠭᠦ᠌》 ᠬᠠᠷᠢᠭᠤᠴᠠᠯᠭ᠎ᠠ᠎ᠶ᠋ᠢᠨ ᠲᠦᠷᠢᠮ᠎ᠢ ᠠᠯᠬᠤᠮ ᠠᠯᠬᠤᠮ᠎ᠢᠶᠠᠷ ᠬᠡᠷᠡᠭ᠌ᠵᠢᠭᠦᠯᠪᠠ᠃ ᠮᠠᠯᠵᠢᠬᠤ ᠤᠷᠤᠨ᠎ᠤ ᠦᠢᠯᠡᠳᠪᠤᠷᠢᠯᠡᠯ᠎ᠤᠨ ᠬᠠᠷᠢᠭᠤᠴᠠᠯᠭ᠎ᠠ᠎ᠶ᠋ᠢᠨ ᠲᠦᠷᠢᠮ᠎ᠤᠨ ᠬᠡᠯᠪᠡᠷᠢ᠎ᠳᠤ ᠦᠨᠳᠤᠰᠦᠨ ᠴᠢᠨᠠᠷᠳᠠᠢ ᠬᠤᠪᠢᠷᠠᠯᠳᠠ ᠭᠠᠷᠪᠠ᠃ ᠦᠪᠡᠷᠳᠡᠭᠡᠨ ᠵᠠᠰᠠᠬᠤ ᠤᠷᠤᠨ᠎ᠤ ᠵᠠᠰᠠᠬ᠎ᠤᠨ ᠤᠷᠳᠤᠨ ᠪᠠᠢᠳᠠᠯ᠎ᠳᠤ ᠵᠤᠬᠢᠴᠠᠭᠤᠯᠤᠨ ᠵᠢᠯᠤᠭᠤᠳᠤᠯᠭ᠎ᠠ ᠬᠢᠵᠦ᠍ 《ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠨᠤᠳᠤᠭ ᠪᠡᠯᠴᠢᠭᠡᠷ᠎ᠤᠨ ᠬᠠᠮᠢᠶᠠᠷᠤᠯᠳᠠ᠎ᠶ᠋ᠢᠨ ᠲᠦᠷᠢᠮ》 ᠢ ᠨᠡᠢᠳᠡᠯᠡᠪᠡ᠃
1984 ᠤᠨ᠎ᠤ 7 ᠰᠠᠷ᠎ᠠ᠎ᠳᠤ ᠬᠤᠷᠠᠯᠳᠤᠭᠤᠯᠤᠬ᠍ᠰᠠᠨ ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠮᠠᠯᠵᠢᠬᠤ ᠤᠷᠤᠨ᠎ᠤ ᠠᠵᠢᠯ᠎ᠤᠨ ᠬᠤᠷᠠᠯ᠎ᠠᠴᠠ᠂ ᠮᠠᠯᠵᠢᠬᠤ ᠤᠷᠤᠨ᠎ᠳᠤ ᠨᠤᠳᠤᠬ ᠪᠡᠯᠴᠢᠭᠡᠷ᠎ᠢ ᠬᠡᠰᠡᠭ ᠬᠤᠪᠢᠶᠠᠨ ᠲᠠᠭᠠᠭᠠᠴᠢᠯᠠᠭᠤᠯᠬᠤ᠂ ᠮᠠᠯ᠎ᠢ ᠦᠷᠳᠡᠭ᠌ᠯᠡᠵᠦ᠍ ᠡᠷᠦᠭᠡ᠎ᠳᠤ ᠬᠤᠪᠢᠶᠠᠬᠤ 《ᠬᠤᠤᠰ ᠲᠠᠭᠠᠭᠠᠴᠢᠯᠠᠯᠳᠠ᠎ᠶ᠋ᠢᠨ ᠲᠦᠷᠢᠮ》 ᠢ ᠪᠦᠭᠦ᠌ ᠲᠠᠯ᠎ᠠ᠎ᠪᠠᠷ ᠬᠡᠷᠡᠭ᠌ᠵᠢᠭᠦᠯᠬᠦ᠌᠎ᠪᠠᠷ ᠲᠤᠭ᠍ᠲᠠᠵᠤ᠂ ᠮᠠᠯᠵᠢᠬᠤ ᠤᠷᠤᠨ᠎ᠤ ᠤᠨᠴᠠᠯᠢᠭᠲᠤ ᠵᠤᠬᠢᠴᠠᠬᠤ ᠨᠡᠢᠭᠡᠮ ᠵᠢᠷᠤᠮ᠎ᠤᠨ ᠮᠠᠯ ᠠᠵᠦ᠍ ᠠᠬᠤᠢ᠎ᠶ᠋ᠢᠨ ᠡᠵᠡᠩᠨᠡᠯᠳᠡ ᠬᠠᠮᠢᠶᠠᠷᠤᠯᠳᠠ᠎ᠶ᠋ᠢᠨ ᠪᠠᠢᠭᠤᠯᠤᠮᠵᠢ᠎ᠶ᠋ᠢ ᠠᠩᠬ᠎ᠠ ᠠᠯᠬᠤᠮ ᠪᠦᠷᠢᠯᠳᠦᠭᠦᠯᠪᠠ᠃
ᠮᠠᠯ ᠪᠡᠯᠴᠢᠭᠡᠷ᠎ᠢ ᠬᠤᠤᠰ ᠲᠠᠭᠠᠭᠠᠴᠢᠯᠠᠭᠤᠯᠬᠤ ᠬᠠᠷᠢᠭᠤᠴᠠᠯᠭ᠎ᠠ᠎ᠶ᠋ᠢᠨ ᠲᠦᠷᠢᠮ᠎ᠢ ᠬᠡᠷᠡᠭ᠌ᠵᠢᠭᠦᠯᠦᠭ᠌ᠰᠡᠨ᠎ᠨᠢ ᠮᠠᠯᠵᠢᠬᠤ ᠤᠷᠤᠨ᠎ᠤ ᠦᠢᠯᠡᠳᠪᠤᠷᠢᠯᠡᠯ᠎ᠤᠨ ᠠᠷᠭ᠎ᠠ ᠬᠡᠯᠪᠡᠷᠢ᠎ᠶ᠋ᠢ ᠦᠨᠳᠦᠰᠦᠨ᠎ᠠᠴᠠ᠎ᠨᠢ ᠬᠤᠪᠢᠷᠠᠭᠤᠯᠤᠬ᠍ᠰᠠᠨᠢᠶᠠᠷ ᠪᠠᠷᠠᠬᠤ ᠦᠭᠡᠢ᠂ ᠦᠢᠯᠡᠳᠪᠤᠷᠢᠯᠡᠯ᠎ᠤᠨ ᠬᠦᠴᠤᠨ᠎ᠢ ᠶᠡᠭᠡ᠎ᠪᠠᠷ ᠴᠢᠯᠦᠭᠡᠯᠡᠵᠦ᠍᠂ ᠮᠠᠯᠴᠢᠳ᠎ᠤᠨ ᠢᠳᠡᠪᠭᠢᠵᠢᠯᠢ ᠶᠡᠭᠡ᠎ᠪᠠᠷ ᠲᠠᠢᠴᠢᠯᠠᠪᠠ᠃ ᠬᠤᠷᠴᠡᠪᠢᠯᠢᠭ ᠪᠤᠯ ᠬᠠᠮᠤᠭ᠎ᠤᠨ ᠠᠩᠬ᠎ᠠ ᠮᠠᠯ ᠪᠡᠯᠴᠢᠭᠡᠷ᠎ᠢ ᠬᠤᠤᠰ ᠲᠠᠭᠠᠭᠠᠴᠢᠯᠠᠭᠤᠯᠬᠤ ᠬᠠᠷᠢᠭᠤᠴᠠᠯᠭ᠎ᠠ᠎ᠶ᠋ᠢᠨ ᠲᠦᠷᠢᠮ᠎ᠤᠨ ᠠᠱᠢᠭ᠎ᠢ ᠬᠦᠷᠳᠡᠭ᠌ᠰᠡᠳ᠎ᠤᠨ ᠨᠢᠭᠡᠨ ᠪᠤᠯᠤᠨ᠎ᠠ᠃ 《ᠪᠢᠳᠡᠨ᠎ᠤ ᠡᠨᠡ ᠦᠶ᠎ᠠ᠎ᠶ᠋ᠢᠨ᠎ᠬᠢᠨ ᠪᠤᠯ ᠲᠡᠭ᠌ᠷᠢ᠎ᠶ᠋ᠢ ᠲᠦᠱᠢᠵᠦ᠍ ᠮᠠᠯ ᠮᠠᠯᠵᠢᠬ᠍ᠰᠠᠨ ᠬᠠᠮᠤᠭ᠎ᠤᠨ ᠰᠡᠭᠦᠯᠴᠢ᠎ᠶ᠋ᠢᠨ ᠨᠢᠭᠡ ᠦᠶ᠎ᠠ᠎ᠶ᠋ᠢᠨ ᠮᠠᠯᠴᠢᠳ ᠭᠡᠵᠦ᠍ ᠬᠡᠯᠡᠵᠦ᠍ ᠪᠤᠯᠤᠨ᠎ᠠ᠃ ᠦᠭᠡᠷᠡᠴᠢᠯᠡᠯᠳᠡ ᠨᠡᠭᠡᠭᠡᠯᠳᠡ᠎ᠶ᠋ᠢᠨ ᠰᠠᠢᠨ ᠴᠠᠬ᠎ᠲᠤ ᠲᠤᠬᠢᠶᠠᠯᠳᠤᠵᠦ᠍᠂ ᠴᠢᠨᠡᠭᠡᠯᠢᠭ ᠠᠮᠢᠳᠤᠷᠠᠯ᠎ᠢ ᠡᠳ᠋ᠯᠡᠪᠡ᠂ ᠬᠠᠰᠢ ᠯᠠ ᠨᠠᠮ᠎ᠤᠨ ᠲᠦᠷᠦ᠎ᠶ᠋ᠢᠨ ᠪᠤᠳᠤᠯᠭ᠎ᠠ ᠰᠠᠢᠨ ᠪᠠᠢᠨ᠎ᠠ》 ᠭᠡᠵᠦ᠍ ᠬᠤᠷᠴᠡᠪᠢᠯᠢᠭ ᠨᠠᠰᠤᠳᠠᠨ ᠮᠠᠯ ᠪᠡᠯᠴᠢᠭᠡᠷ᠎ᠢ ᠬᠤᠤᠰ ᠲᠠᠭᠠᠭᠠᠴᠢᠯᠠᠭᠤᠯᠬᠤ ᠬᠠᠷᠢᠭᠤᠴᠠᠯᠭ᠎ᠠ᠎ᠶ᠋ᠢᠨ ᠲᠦᠷᠢᠮ᠎ᠢ ᠬᠦᠨ ᠰᠡᠳᠭᠢᠯᠭᠡ᠎ᠲᠠᠢ ᠶᠠᠷᠢᠨ᠎ᠠ᠃
ᠮᠠᠯ ᠪᠡᠯᠴᠢᠭᠡᠷ᠎ᠢ ᠬᠤᠤᠰ ᠲᠠᠭᠠᠭᠠᠴᠢᠯᠠᠭᠤᠯᠬᠤ ᠬᠠᠷᠢᠭᠤᠴᠠᠯᠭ᠎ᠠ᠎ᠶ᠋ᠢᠨ ᠲᠦᠷᠢᠮ ᠨᠢᠭᠡ ᠬᠤᠭᠤᠴᠠᠭᠠᠨ᠎ᠳᠤ ᠮᠠᠰᠢ ᠢᠯᠡᠷᠭᠡᠢ ᠠᠵᠦ᠍ ᠠᠬᠤᠢ᠎ᠶ᠋ᠢᠨ ᠦᠷ᠎ᠠ ᠠᠱᠢᠭ ᠪᠠ ᠨᠡᠢᠭᠡᠮ᠎ᠤᠨ ᠦᠷ᠎ᠠ ᠠᠱᠢᠭ ᠠᠪᠴᠢᠷᠠᠵᠦ᠍᠂ ᠮᠠᠯᠴᠢᠳ᠎ᠤᠨ ᠢᠳᠡᠪᠭᠢᠵᠢᠯᠢ ᠶᠡᠭᠡ᠎ᠪᠠᠷ ᠲᠠᠢᠴᠢᠯᠠᠪᠠ᠃ ᠨᠤᠳᠤᠬ ᠪᠡᠯᠴᠢᠭᠡᠷ᠎ᠤᠨ ᠪᠦᠲᠦᠭᠡᠨ ᠪᠠᠢᠭᠤᠯᠤᠯᠳᠠ ᠤᠤᠯ᠎ᠤᠨ ᠤᠯᠤᠰ᠎ᠠᠴᠠ ᠪᠡᠯᠡ ᠮᠦᠡᠭ᠌ᠭᠦ ᠭᠠᠷᠭᠠᠵᠦ᠍᠂ ᠨᠢᠭᠡᠳᠤᠯ ᠪᠠᠷᠢᠭᠠᠳᠠ ᠵᠤᠬᠢᠶᠠᠨ ᠪᠠᠢᠭᠤᠯᠵᠦ᠍᠂ ᠮᠠᠯᠴᠢᠳ ᠤᠷᠤᠯᠴᠠᠵᠦ᠍ ᠪᠠᠢᠬ᠍ᠰᠠᠨ᠎ᠠᠴᠠ ᠤᠯᠤᠰ᠎ᠠᠴᠠ ᠲᠡᠮᠵᠢᠵᠦ᠍᠂ ᠨᠢᠭᠡᠳᠤᠯ ᠪᠠᠷᠢᠭᠠᠳᠠ ᠲᠦᠯᠦᠪᠵᠢᠭᠦᠯᠵᠦ᠍᠂ ᠮᠠᠯᠴᠢᠳ ᠦᠪᠡᠷ᠎ᠢᠶᠠᠨ ᠪᠡᠯᠡ ᠮᠦᠡᠭ᠌ᠭᠦ ᠬᠤᠷᠠᠮᠳᠤᠭᠤᠯᠵᠦ᠍ ᠪᠦᠲᠦᠭᠡᠨ ᠪᠠᠢᠭᠤᠯᠤᠯᠳᠠ ᠬᠢᠭᠦ᠌ ᠪᠤᠯᠵᠦ᠍᠂ ᠤᠯᠠᠮᠵᠢᠯᠠᠯᠳᠤ ᠮᠠᠯ ᠠᠵᠦ᠍ ᠠᠬᠤᠢ᠎ᠳᠤ ᠱᠢᠨ᠎ᠠ ᠠᠮᠢᠵᠢᠷᠠᠯ᠎ᠤᠨ ᠬᠦᠴᠤᠨ ᠤᠯᠭᠤᠪᠠ᠃
ᠴᠠᠭ ᠦᠶ᠎ᠠ᠎ᠶ᠋ᠢᠨ ᠬᠦᠭ᠌ᠵᠢᠯᠳᠠ᠎ᠶ᠋ᠢ ᠲᠠᠭᠠᠯᠳᠤᠵᠦ᠍᠂ ᠱᠢᠯᠢ᠎ᠶ᠋ᠢᠨ ᠭᠤᠤᠯ᠎ᠤᠨ ᠲᠠᠯ᠎ᠠ ᠨᠤᠳᠤᠬ᠎ᠲᠤ ᠲᠡᠭ᠌ᠷᠢ ᠭᠠᠵᠠᠷ᠎ᠢ ᠲᠤᠩᠰᠤᠯᠭᠠᠮ᠎ᠠ ᠬᠤᠪᠢᠷᠠᠯᠳᠠ ᠭᠠᠷᠴᠠᠢ᠃ 《ᠠᠵᠦ᠍ ᠠᠬᠤᠢ᠍ᠢᠯᠠᠯ + ᠬᠤᠷᠱᠢᠶ᠎ᠠ + ᠮᠠᠯᠴᠢᠨ ᠡᠷᠦᠭᠡ》 ᠪᠤᠯ ᠱᠢᠯᠢ᠎ᠶ᠋ᠢᠨ ᠭᠤᠤᠯ᠎ᠤᠨ ᠲᠠᠯ᠎ᠠ ᠨᠤᠳᠤᠬ᠎ᠲᠤ ᠦᠷᠭᠦᠯᠵᠢ ᠲᠤᠬᠢᠶᠠᠯᠳᠤᠬᠤ ᠬᠤᠷᠱᠢᠶ᠎ᠠ᠎ᠶ᠋ᠢᠨ ᠬᠡᠯᠪᠡᠷᠢ ᠶᠤᠮ᠃ ᠠᠵᠦ᠍ ᠠᠬᠤᠢ᠍ᠢᠯᠠᠯ ᠮᠠᠯᠴᠢᠳ᠎ᠤᠨ ᠭᠠᠷ᠎ᠠᠴᠠ ᠮᠢᠬ᠎ᠠ ᠰᠦ ᠵᠡᠷᠭᠡ᠎ᠶ᠋ᠢ ᠬᠤᠳᠠᠯᠳᠤᠨ ᠠᠪᠴᠤ᠌᠂ ᠡᠳ᠋ᠱᠢᠭᠦᠯᠦᠨ ᠪᠤᠯᠪᠠᠰᠤᠷᠠᠭᠤᠯᠤᠬ᠍ᠰᠠᠨᠤ ᠲᠡᠷᠠᠭ᠎ᠠ ᠡᠯ᠎ᠠ ᠭᠠᠵᠠᠷ᠎ᠲᠤ ᠪᠤᠷᠤᠯᠠᠭᠤᠯᠤᠨ᠎ᠠ᠃ ᠡᠢᠮᠦᠷᠭᠦᠦ ᠬᠠᠮᠵᠢᠯᠴᠠᠭᠠᠨ᠎ᠤ ᠵᠠᠬ᠍ᠪᠤᠷ ᠮᠠᠯᠵᠢᠬᠤ ᠤᠷᠤᠨ᠎ᠤ ᠤᠳᠤᠬᠢᠴᠢᠯᠠᠯᠳᠠ᠎ᠶ᠋ᠢ ᠲᠠᠭᠠᠯᠳᠤᠵᠦ᠍᠂ ᠭᠠᠷᠤᠯᠳᠠ᠎ᠶ᠋ᠢ ᠤᠯᠠᠮ ᠨᠡᠮᠡᠭ᠌ᠳᠡᠭᠦᠯᠵᠦ᠍ ᠦᠷ᠎ᠠ ᠠᠱᠢᠭ᠎ᠢ ᠤᠯᠠᠮ ᠦᠨᠳᠤᠷ ᠪᠤᠯᠭᠠᠪᠠ᠃
ᠨᠤᠳᠤᠭ ᠪᠡᠯᠴᠢᠭᠡᠷ ᠪᠠ ᠮᠠᠯᠵᠢᠬᠤ ᠤᠷᠤᠨ᠎ᠤ ᠤᠳᠤᠬᠢᠴᠢᠯᠠᠯᠳᠠ᠎ᠳᠤ ᠲᠦᠱᠢᠭ᠌ᠯᠡᠵᠦ᠍᠂ ᠨᠡᠩ ᠤᠯᠠᠨ ᠱᠢᠨ᠎ᠠ᠎ᠪᠠᠷ ᠮᠡᠨᠳᠤᠬ᠍ᠰᠠᠨ ᠠᠵᠦ᠍ ᠦᠢᠯᠡᠰ ᠬᠦᠴᠤᠷᠭᠡᠭ᠌᠎ᠵᠢᠨ ᠪᠤᠵᠠᠭᠠᠢᠷᠠᠵᠦ᠍᠂ ᠮᠠᠯ ᠠᠵᠦ᠍ ᠠᠬᠤᠢ᠎ᠶ᠋ᠢᠨ ᠦᠢᠯᠡᠴᠢᠯᠡᠭᠡ ᠬᠠᠨᠭ᠌ᠭᠠᠬᠤ ᠲᠤᠰᠭᠠᠢ ᠪᠦᠯᠭᠦᠮ᠂ ᠮᠠᠯ ᠠᠵᠦ᠍ ᠠᠬᠤᠢ᠎ᠶ᠋ᠢᠨ ᠮᠡᠳᠡᠭᠡ ᠵᠠᠩᠭᠢᠴᠢᠯᠠᠬ᠍ᠰᠠᠨ ᠲᠠᠪᠴᠠᠩ᠎ᠢ ᠨᠡᠭᠡᠭᠡᠨ ᠬᠦᠭ᠌ᠵᠢᠭᠦᠯᠭᠦ᠌ ᠲᠤᠰᠭᠠᠢ ᠬᠤᠷᠱᠢᠶ᠎ᠠ᠂ ᠵᠢᠭᠤᠯᠴᠢᠯᠠᠯ᠎ᠤᠨ ᠦᠢᠯᠡᠰ᠎ᠢᠶᠠᠷ ᠪᠤᠰᠤᠬ᠍ᠰᠠᠨ 《ᠮᠠᠯᠴᠢᠨ ᠠᠢᠯ》 ᠵᠡᠷᠭᠡ ᠱᠢᠨ᠎ᠠ ᠠᠵᠢᠯ ᠲᠦᠷᠤᠯ ᠮᠡᠨᠳᠤᠵᠦ᠍᠂ ᠮᠠᠯᠴᠢᠳ᠎ᠤᠨ ᠠᠵᠢᠯ᠎ᠤᠨ ᠲᠦᠷᠤᠯ ᠤᠯᠠᠮ᠎ᠢᠶᠠᠷ ᠤᠯᠠᠱᠢᠷᠠᠵᠦ᠍᠂ ᠲᠠᠯ᠎ᠠ ᠨᠤᠳᠤᠬ᠎ᠤᠨ ᠠᠮᠢᠳᠤᠷᠠᠯ᠎ᠢᠶᠠᠷ ᠰᠡᠳᠦᠪᠯᠡᠭ᠌ᠰᠡᠨ ᠬᠡᠤᠭᠡᠳ᠎ᠤᠨ ᠲᠤᠬ᠍ᠯᠠᠭᠠᠮ᠂ ᠲᠠᠯ᠎ᠠ ᠨᠤᠳᠤᠬ᠎ᠤᠨ ᠠᠮᠢᠳᠤᠷᠠᠯ᠎ᠢ ᠲᠡᠮᠳᠡᠭ᠌ᠯᠡᠵᠦ᠍᠂ ᠤᠨᠴᠠ ᠭᠠᠷᠤᠯᠳᠠ᠎ᠶ᠋ᠢ ᠭᠠᠳᠠᠬ᠍ᠰᠢ ᠪᠤᠷᠤᠯᠠᠭᠤᠯᠬᠤ ᠰᠦᠯᠵᠢᠶᠠᠨ ᠤᠳᠤᠳ ᠠᠷᠤ ᠠᠷᠤ᠎ᠠᠴᠠ᠎ᠪᠠᠨ ᠴᠤᠯᠭᠤᠷᠠᠵᠦ᠍ ᠪᠠᠢᠨ᠎ᠠ ᠁

ᠮᠢᠬᠠᠨ ᠦᠭᠡᠷ᠎ᠤᠨ ᠦᠢᠯᠡᠰ ᠠᠷᠠᠳ᠎ᠢ
ᠪᠠᠶᠠᠵᠢᠭᠤᠯᠬᠤ ᠠᠵᠦ᠍ ᠦᠢᠯᠡᠰ ᠪᠤᠯᠪᠠ

ᠲᠠᠨᠠᠨ ᠴᠠᠭᠠᠨ ᠬᠤᠨᠢᠨ ᠰᠦᠷᠦᠭ ᠲᠠᠷᠬᠠᠨ ᠪᠡᠯᠴᠢᠨᠠ
ᠬᠡᠷᠡᠯ ᠵᠢᠷᠤᠬᠤᠳᠢ 《ᠦᠪᠤᠷ ᠮᠤᠩᠭᠤᠯ᠎ᠤᠨ ᠡᠳᠦᠷ᠎ᠤᠨ ᠰᠤᠨᠢᠨ》᠂ ᠦᠪᠤᠷ ᠮᠤᠩᠭᠤᠯ᠎ᠤᠨ ᠰᠤᠨᠢᠨ ᠮᠡᠳᠡᠭᠡᠨ᠎ᠤ ᠰᠦᠯᠵᠢᠶ᠎ᠠ᠎ᠠᠴᠠ ᠠᠪᠤᠪᠠ