ᠦᠪᠦᠷ ᠮᠣᠩᠭᠤᠯ ᠪᠣᠯ ᠬᠤᠪᠢᠰᠭᠠᠯ᠎ᠤᠨ ᠣᠲᠣᠮᠱᠢᠯᠤᠨ ᠬᠠᠯᠠᠭᠤᠨ ᠦᠯᠦᠭᠡᠢ ᠮᠦᠨ᠂ ᠲᠣᠮᠲᠠᠲᠣ ᠣᠯᠣᠰ᠎ᠤᠨ ᠡᠪ ᠬᠠᠮᠲᠣ ᠨᠠᠮ᠎ᠤᠨ ᠣᠲᠣᠷᠢᠲᠣᠯᠭ᠎ᠠ ᠲᠣᠣᠷ᠎ᠠ ᠪᠠᠢᠭᠤᠯᠣᠬ᠍ᠲᠠᠬ᠍ᠰᠠᠨ ᠠᠩᠬᠠᠲᠠᠬ᠍ᠴᠢ ᠥᠨᠲᠥᠰᠥᠲᠡᠨᠤ ᠦᠪᠡᠷᠲᠡᠭᠡᠨ ᠵᠠᠰᠠᠬᠤ ᠣᠷᠣᠨ ᠪᠣᠯᠣᠨ᠎ᠠ᠃ ᠠᠲᠡ ᠬᠤᠪᠢᠰᠭᠠᠯ ᠤᠨ ᠲᠡᠦᠭᠡ ᠪᠠ ᠰᠣᠶᠣᠯ᠎ᠤᠨ ᠦᠪ ᠵᠣᠵᠠᠭᠠᠨ ᠲᠣᠠᠲᠠᠰᠣᠲᠠᠢ ᠪᠠᠢᠵᠦ᠍᠂ ᠬᠤᠪᠢᠰᠭᠠᠯᠲᠣ ᠵᠢᠭᠤᠯᠴᠢᠯᠠᠯ᠎ᠤᠨ ᠡᠬᠢ ᠪᠠᠶᠠᠯᠢᠬ ᠦᠨᠢᠷ ᠪᠠᠶᠠᠯᠢᠬ ᠪᠠᠢᠲᠠᠬ᠃ ᠬᠤᠪᠢᠰᠭᠠᠯᠲᠣ ᠰᠣᠶᠣᠯ᠎ᠨᠢ ᠨᠠᠮ᠎ᠤᠨ ᠭᠡᠷᠡᠯ ᠰᠠᠴᠣᠷᠠᠩᠭᠤᠢ ᠲᠡᠦᠭᠡ᠎ᠶ᠋ᠢ ᠲᠡᠮᠲᠡᠭ᠌ᠯᠡᠵᠦ᠍᠂ ᠨᠠᠮ᠎ᠤᠨ ᠣᠬ ᠰᠠᠨᠠᠭ᠎ᠠ ᠪᠣᠯᠣᠨ ᠡᠬᠦᠷᠭᠡ ᠬᠠᠷᠢᠭᠤᠴᠠᠯᠭ᠎ᠠ᠎ᠶ᠋ᠢ ᠠᠭᠤᠯᠵᠦ᠍ ᠪᠠᠢᠲᠠᠬ᠃ ᠬᠤᠪᠢᠰᠭᠠᠯᠲᠣ ᠵᠢᠭᠤᠯᠴᠢᠯᠠᠯ᠎ᠨᠢ ᠬᠤᠪᠢᠰᠭᠠᠯᠲᠣ ᠰᠣᠶᠣᠯ᠎ᠢ ᠲᠣᠷᠠᠰᠭᠠᠬᠤ ᠪᠠ ᠦᠪᠯᠡᠨ ᠣᠯᠠᠮᠵᠢᠯᠠᠬᠤ ᠨᠢᠭᠡ ᠵᠦᠢᠯ᠎ᠤᠨ ᠪᠦᠲᠦᠮᠵᠢᠲᠡᠢ ᠠᠷᠭ᠎ᠠ ᠬᠡᠯᠪᠡᠷᠢ ᠪᠣᠯᠬᠤ ᠶᠣᠮ᠃
ᠨᠠᠮ᠎ᠤᠨ ᠠᠷᠪᠠᠨ ᠨᠠᠢ᠍ᠮᠠᠲᠣᠭᠠᠷ ᠶᠡᠭᠡ ᠬᠤᠷᠠᠯ᠎ᠠᠴᠠ ᠨᠠᠭᠠᠰᠢ᠂ ᠮᠠᠨ᠎ᠤ ᠣᠷᠣᠨ ᠡᠯᠪᠡᠭ ᠪᠠᠶᠠᠯᠢᠬ ᠬᠤᠪᠢᠰᠭᠠᠯ᠎ᠤᠨ ᠡᠬᠢ ᠪᠠᠶᠠᠯᠢᠬ᠎ᠲᠠᠭᠠᠨ ᠲᠦᠱᠢᠭ᠌ᠯᠡᠨ ᠬᠤᠪᠢᠰᠭᠠᠯᠲᠣ ᠵᠢᠭᠤᠯᠴᠢᠯᠠᠯ᠎ᠢ ᠬᠦᠴᠦᠯᠡᠨ ᠬᠦᠭ᠌ᠵᠢᠬᠦᠯᠵᠦ᠍᠂ ᠬᠤᠪᠢᠰᠭᠠᠯᠲᠣ ᠰᠣᠶᠣᠯ᠎ᠢ ᠪᠠᠲᠠᠷᠠᠭᠤᠯᠣᠨ᠂ ᠬᠤᠪᠢᠰᠭᠠᠯᠲᠣ ᠵᠢᠭᠤᠯᠴᠢᠯᠠᠯ ᠡᠳᠦᠷ ᠲᠤᠲᠣᠮ ᠬᠦᠭ᠌ᠵᠢᠶᠡᠨ᠎ᠲᠠᠢ ᠪᠣᠯᠪᠠ᠃

ᠳᠠᠯᠠᠨ ᠬᠠᠷ᠎ᠠ ᠠᠭᠤᠯᠠ᠎ᠶ᠋ᠢᠨ ᠶᠠᠫᠤᠨ᠎ᠢ ᠡᠰᠡᠷᠭᠦᠴᠡᠬᠦ᠌ ᠰᠠᠭᠤᠷᠢᠨ᠎ᠤ ᠦᠵᠡᠭᠦᠯᠭᠡ᠎ᠶ᠋ᠢᠨ ᠤᠷᠳᠤᠨ
ᠬᠤᠪᠢᠰᠭᠠᠯᠲᠦ ᠰᠣᠶᠣᠯ᠎ᠢ ᠬᠠᠮᠠᠭᠠᠯᠠᠵᠦ᠍ ᠣᠶᠣᠨ ᠰᠠᠨᠠᠭᠠᠨ᠎ᠤ ᠬᠦᠴᠦᠨ᠎ᠢ ᠨᠢᠬ᠍ᠲᠠᠷᠠᠭᠤᠯᠪᠠ
ᠦᠵᠡᠰᠭᠦᠯᠡᠩᠲᠦ ᠰᠠᠢᠬᠠᠨ ᠣᠮᠠᠷᠠᠲᠣ ᠬᠢᠵᠠᠭᠠᠷ ᠊ ᠰᠠᠨᠰᠠᠷ᠎ᠤᠨ ᠬᠦᠰᠡᠯ ᠵᠡᠬᠦᠲᠦ᠎ᠶ᠋ᠢ ᠠᠴᠢᠶᠠᠯᠠᠬ᠍ᠰᠠᠨ ᠬᠤᠪᠢᠰᠭᠠᠯᠲᠦ ᠵᠢᠭᠤᠯᠴᠢᠯᠠᠯ᠎ᠤᠨ ᠱᠣᠭᠤᠮ᠎ᠢᠶᠠᠷ ᠳ᠋ᠦᠩᠹᠧᠩ ᠰᠠᠨᠰᠠᠷ᠎ᠤᠨ ᠬᠤᠲᠠ᠎ᠳᠤ ᠣᠷᠣᠪᠠᠯ᠂ ᠲᠠᠭᠠᠭᠤᠯᠢ ᠣᠲᠣ ᠬᠠᠷᠪᠣᠬᠤ ᠲᠠᠯᠠᠪᠣᠷ᠂ ᠵᠢᠯᠣᠭᠤᠲᠣᠨ ᠡᠵᠡᠮᠲᠡᠬᠦ᠌ ᠲᠦᠪ᠂ ᠴᠠᠩ ᠵᠧᠩ ᠬᠤᠶᠠᠲᠣᠭᠠᠷ ᠲᠠᠢᠷᠣᠯᠲᠣ ᠰᠣᠮᠣ᠂ ᠰᠣᠷᠢᠯᠲᠠ᠎ᠶ᠋ᠢᠨ ᠲᠦᠪ ᠵᠡᠷᠭᠡ᠎ᠶ᠋ᠢ ᠲᠣᠭᠤᠷᠢᠨ ᠦᠵᠡᠬᠦ᠌᠎ᠪᠠᠷ ᠲᠠᠮᠵᠢᠨ ᠠᠲᠡᠬᠢ᠎ᠨᠢ ᠲᠣᠮᠲᠠᠲᠣ᠎ᠶ᠋ᠢᠨ ᠦᠨᠳᠦᠰᠦᠲᠡᠨ᠎ᠤ ᠰᠠᠨᠰᠠᠷ᠎ᠲᠤ ᠲᠡᠬᠦᠯᠢᠬᠦ᠌ ᠬᠦᠰᠡᠯ ᠵᠡᠬᠦᠲᠦ᠎ᠶ᠋ᠢ ᠲᠡᠷᠭᠡᠯᠱᠢᠬᠦᠯᠦᠭ᠌ᠰᠡᠨ ᠨᠣᠲᠤᠬ ᠪᠣᠯᠬᠤ᠎ᠶ᠋ᠢ ᠮᠡᠲᠡᠵᠦ᠍ ᠪᠣᠯᠣᠨ᠎ᠠ᠃ ᠭᠠᠵᠠᠷ ᠰᠠᠢ ᠦᠭᠡᠢ ᠲᠦᠭᠡᠭ᠌ᠰᠡᠨ ᠡᠲᠡᠭᠡᠷ ᠬᠤᠪᠢᠰᠭᠠᠯᠲᠦ ᠰᠣᠶᠣᠯ᠎ᠨᠢ ᠡᠯᠪᠡᠭ ᠪᠠᠶᠠᠯᠢᠬ ᠬᠤᠪᠢᠰᠭᠠᠯᠲᠣ ᠰᠣᠶᠣᠯ ᠵᠢᠭᠤᠯᠴᠢᠯᠠᠯ᠎ᠤᠨ ᠡᠬᠢ ᠪᠠᠶᠠᠯᠢᠬ᠎ᠢ ᠬᠤᠷᠠᠮᠲᠣᠭᠤᠯᠵᠦ᠍᠂ ᠲᠣᠮᠲᠠᠲᠣ᠎ᠶ᠋ᠢᠨ ᠦᠨᠳᠦᠰᠦᠲᠡᠨ᠎ᠤ ᠠᠭᠤᠣ ᠶᠡᠭᠡ ᠰᠡᠷᠬᠦᠨ ᠮᠠᠨᠲᠣᠯᠲᠠᠶ᠋ᠢᠨ ᠰᠣᠶᠣᠯ᠎ᠤᠨ ᠢᠲᠡᠭᠡᠯ᠎ᠢ ᠴᠢᠩᠭᠠᠷᠠᠭᠤᠯᠵᠦ᠍ ᠪᠣᠢ᠃
ᠦᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ᠂ ᠵᠠᠰᠠᠬ᠎ᠤᠨ ᠣᠷᠲᠣᠨ ᠶᠡᠷᠦ᠎ᠠᠴᠠ ᠬᠤᠪᠢᠰᠭᠠᠯ᠎ᠤᠨ ᠣᠲᠣᠮᠱᠢᠯᠢ ᠰᠠᠢᠲᠣᠷ ᠬᠠᠮᠠᠭᠠᠯᠠᠵᠦ᠍᠂ ᠬᠤᠪᠢᠰᠭᠠᠯᠲᠦ ᠲᠡᠦᠭᠡ᠎ᠶ᠋ᠢᠨ ᠲᠣᠷᠠᠰᠭᠠᠯᠲᠣ ᠵᠦᠢᠯᠡᠰ᠎ᠢ ᠰᠠᠢᠲᠣᠷ ᠬᠠᠮᠠᠭᠠᠯᠠᠨ᠂ ᠰᠠᠢᠲᠣᠷ ᠣᠯᠠᠮᠵᠢᠯᠠᠨ ᠠᠱᠢᠬ᠍ᠯᠠᠵᠦ᠍᠂ ᠬᠤᠪᠢᠰᠭᠠᠯᠲᠦ ᠰᠣᠶᠣᠯ᠎ᠢ ᠬᠦᠭ᠌ᠵᠢᠬᠦᠯᠦᠨ ᠪᠠᠲᠠᠷᠠᠭᠤᠯᠬᠤ ᠠᠵᠢᠯ᠎ᠢ ᠴᠢᠬᠤᠯᠠᠴᠢᠯᠠᠬ᠍ᠰᠠᠭᠠᠷ ᠢᠷᠡᠵᠡᠢ᠃ ᠣᠲᠣᠬᠠᠨ᠎ᠳᠤ ᠮᠠᠨ᠎ᠤ ᠣᠷᠣᠨ᠎ᠳᠤ ᠬᠤᠪᠢᠰᠭᠠᠯᠲᠦ ᠲᠡᠦᠭᠡ᠎ᠶ᠋ᠢᠨ ᠲᠣᠷᠠᠰᠭᠠᠯᠲᠣ ᠵᠦᠢᠯᠡᠰ᠎ᠤᠨ ᠬᠠᠮᠠᠭᠠᠯᠠᠯᠲᠠ᠎ᠶ᠋ᠢᠨ ᠨᠢᠭᠡᠴᠢ 398 ᠪᠠᠢᠵᠦ᠍᠂ ᠬᠤᠪᠢᠰᠭᠠᠯᠲᠤ ᠲᠡᠦᠭᠡ᠎ᠶ᠋ᠢᠨ ᠮᠦᠽᠧᠢ᠂ ᠲᠣᠷᠠᠰᠭᠠᠯᠤᠨ ᠣᠷᠲᠣᠨ 23 ᠪᠠᠢᠵᠦ᠍᠂ ᠱᠢᠯᠵᠢᠬᠦᠯᠵᠦ᠍ ᠪᠣᠯᠬᠤ ᠬᠤᠪᠢᠰᠭᠠᠯᠲᠤ ᠲᠡᠦᠭᠡ᠎ᠶ᠋ᠢᠨ ᠲᠣᠷᠠᠰᠭᠠᠯᠲᠣ ᠵᠦᠢᠯᠡᠰ᠎ᠢ 1.2403 ᠲᠦᠮᠡᠨ ᠢᠵᠢ ᠬᠤᠷᠢᠶᠠᠨ ᠬᠠᠲᠠᠭᠠᠯᠠᠵᠦ᠍ ᠪᠣᠢ᠃
2021 ᠤᠨ᠎ᠤ 4 ᠰᠠᠷ᠎ᠠ᠎ᠳᠤ᠂ ᠦᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ᠎ᠶ᠋ᠢᠨ ᠪᠠᠢᠩᠭᠤ᠎ᠶ᠋ᠢᠨ ᠬᠤᠷᠠᠯ᠎ᠠᠴᠠ ᠪᠦᠬᠦ᠌ ᠣᠷᠣᠨ᠎ᠤ ᠬᠤᠪᠢᠰᠭᠠᠯᠲᠦ ᠲᠡᠦᠭᠡ᠎ᠶ᠋ᠢᠨ ᠲᠣᠷᠠᠰᠭᠠᠯᠲᠣ ᠵᠦᠢᠯᠡᠰ᠎ᠢ ᠬᠠᠮᠠᠭᠠᠯᠠᠨ ᠠᠱᠢᠬ᠍ᠯᠠᠬᠤ ᠠᠵᠢᠯ᠎ᠢ ᠲᠣᠰᠭᠠᠢ ᠶᠠᠷᠢᠯᠴᠠᠨ ᠪᠠᠢᠷᠢᠯᠠᠭᠤᠯᠪᠠ᠃ 5 ᠰᠠᠷ᠎ᠠ᠎ᠳᠤ᠂ ᠪᠦᠬᠦ᠌ ᠣᠷᠣᠨ᠎ᠤ ᠬᠤᠪᠢᠰᠭᠠᠯᠲᠦ ᠲᠡᠦᠭᠡ᠎ᠶ᠋ᠢᠨ ᠲᠣᠷᠠᠰᠭᠠᠯᠲᠣ ᠵᠦᠢᠯᠡᠰ᠎ᠤᠨ ᠠᠵᠢᠯ᠎ᠤᠨ ᠬᠤᠷᠠᠯ᠎ᠢ ᠵᠣᠬᠢᠶᠠᠨ ᠪᠠᠢᠭᠤᠯᠣᠨ ᠬᠤᠷᠠᠯᠲᠣᠭᠤᠯᠵᠦ᠍᠂ ᠪᠦᠬᠦ᠌ ᠣᠷᠣᠨ᠎ᠤ ᠬᠤᠪᠢᠰᠭᠠᠯᠲᠦ ᠲᠡᠦᠭᠡ᠎ᠶ᠋ᠢᠨ ᠲᠣᠷᠠᠰᠭᠠᠯᠲᠣ ᠵᠦᠢᠯᠡᠰ᠎ᠢ ᠨᠢᠭᠡᠲᠦᠯᠲᠡᠢ ᠲᠦᠯᠦᠪᠵᠢᠬᠦᠯᠦᠨ᠂ ᠪᠦᠬᠦᠯᠢ ᠴᠣᠬ᠍ᠴᠠ᠎ᠪᠠᠷ ᠬᠠᠮᠠᠭᠠᠯᠠᠬᠤ᠂ ᠦᠷᠲᠡᠭ᠎ᠢ᠎ᠨᠢ ᠠᠭᠤᠲᠠᠯᠣᠨ ᠲᠠᠢᠯᠪᠣᠷᠢᠯᠠᠵᠦ᠍ ᠲᠠᠮᠵᠢᠭᠤᠯᠬᠤ ᠵᠡᠷᠭᠡ ᠲᠠᠯ᠎ᠠ᠎ᠠᠴᠠ ᠬᠤᠪᠢᠰᠭᠠᠯᠲᠦ ᠲᠡᠦᠭᠡ᠎ᠶ᠋ᠢᠨ ᠲᠣᠷᠠᠰᠭᠠᠯᠲᠣ ᠵᠦᠢᠯᠡᠰ᠎ᠤᠨ ᠦᠢᠯᠡᠴᠢᠯᠡᠭᠡᠨ᠎ᠤ ᠶᠡᠭᠡ ᠪᠠᠢᠷᠢᠱᠢᠯ᠎ᠢ ᠪᠠᠲᠠᠷᠠᠭᠤᠯᠵᠦ᠍᠂ ᠪᠡᠯᠡ ᠮᠦᠩᠬᠦ᠂ ᠡᠳ᠋᠎ᠤᠨ ᠵᠠᠰᠠᠬ᠂ ᠰᠣᠷᠭᠠᠨ ᠬᠦᠮᠦᠵᠢᠬᠦᠯᠬᠦ᠌ ᠪᠠ ᠬᠦᠮᠦᠨ᠎ᠤ ᠬᠦᠴᠦᠨ ᠬᠢᠭᠡᠳ ᠪᠦᠬᠦ᠌ ᠣᠷᠣᠨ᠎ᠤ ᠠᠵᠦ᠍ ᠠᠬᠤᠢ ᠨᠡᠢᠭᠡᠮ᠎ᠤᠨ ᠬᠦᠭ᠌ᠵᠢᠯᠲᠡ᠎ᠶ᠋ᠢ ᠲᠦᠯᠬᠢᠨ ᠠᠬᠢᠭᠤᠯᠬᠤ ᠵᠡᠷᠭᠡ ᠲᠠᠯ᠎ᠠ᠎ᠪᠠᠷ ᠪᠣᠲᠠᠲᠠᠢ ᠱᠠᠭᠠᠷᠲᠠᠯᠭ᠎ᠠ ᠲᠣᠷᠠᠳᠪᠠ᠃ 《ᠦᠪᠡᠷᠲᠡᠭᠡᠨ ᠵᠠᠰᠠᠬᠤ ᠣᠷᠣᠨ᠎ᠤ ᠬᠤᠪᠢᠰᠭᠠᠯᠲᠦ ᠲᠡᠦᠭᠡ᠎ᠶ᠋ᠢᠨ ᠲᠣᠷᠠᠰᠭᠠᠯᠲᠣ ᠵᠦᠢᠯᠡᠰ᠎ᠢ ᠬᠠᠮᠠᠭᠠᠯᠠᠨ ᠣᠯᠠᠮᠵᠢᠯᠠᠬᠤ ᠲᠠᠪᠣᠨ ᠵᠢᠯ᠎ᠤᠨ ᠠᠵᠢᠯᠯᠠᠭ᠎ᠠ᠎ᠶ᠋ᠢᠨ ᠲᠦᠯᠦᠪᠯᠡᠭᠡ (2018 — 2022 ᠤᠨ)》 《ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠲᠡᠦᠭᠡ᠎ᠶ᠋ᠢᠨ ᠲᠣᠷᠠᠰᠭᠠᠯᠲᠣ ᠵᠦᠢᠯᠡᠰ (ᠬᠤᠪᠢᠰᠭᠠᠯᠲᠤ ᠲᠡᠦᠭᠡ᠎ᠶ᠋ᠢᠨ ᠲᠣᠷᠠᠰᠭᠠᠯᠲᠣ ᠵᠦᠢᠯᠡᠰ) ᠤᠨ ᠪᠠᠷᠢᠯᠭ᠎ᠠ᠎ᠶ᠋ᠢ ᠬᠠᠮᠠᠭᠠᠯᠠᠵᠦ᠍ ᠵᠠᠰᠠᠨ ᠰᠡᠯᠪᠢᠬᠦ᠌ ᠲᠦᠯᠦᠪᠯᠡᠭᠡ (2021 — 2023 ᠤᠨ)》 ᠵᠡᠷᠭᠡ᠎ᠶ᠋ᠢ ᠲᠣᠬ᠍ᠲᠠᠭᠠᠨ ᠨᠡᠢᠲᠡᠯᠡᠵᠦ᠍᠂ ᠬᠤᠪᠢᠰᠭᠠᠯᠲᠣ ᠲᠡᠦᠭᠡ᠎ᠶ᠋ᠢᠨ ᠲᠣᠷᠠᠰᠭᠠᠯᠲᠣ ᠵᠦᠢᠯᠡᠰ᠎ᠢ ᠬᠠᠮᠠᠭᠠᠯᠠᠵᠦ᠍ ᠣᠯᠠᠮᠵᠢᠯᠠᠬᠤ ᠪᠠ ᠠᠱᠢᠬ᠍ᠯᠠᠬᠤ᠎ᠳᠤ ᠬᠦᠴᠦᠨ ᠪᠦᠬᠦᠢ ᠲᠦᠷᠢᠮ᠎ᠤᠨ ᠪᠠᠲᠣᠯᠠᠭ᠎ᠠ ᠬᠠᠩᠭᠠᠪᠠ᠃ ᠪᠠᠰᠠ 《ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ 〈ᠠᠷᠪᠠᠨ ᠲᠦᠷᠪᠡᠲᠦᠭᠡᠷ ᠲᠠᠪᠣᠨ ᠵᠢᠯ〉 ᠤᠨ ᠲᠡᠦᠭᠡ᠎ᠶ᠋ᠢᠨ ᠲᠣᠷᠠᠰᠭᠠᠯᠲᠣ ᠵᠦᠢᠯᠡᠰ᠎ᠤᠨ ᠦᠢᠯᠡᠰ᠎ᠤᠨ ᠬᠦᠭ᠌ᠵᠢᠯᠲᠡ᠎ᠶ᠋ᠢᠨ ᠲᠦᠯᠦᠪᠵᠢᠬᠦᠯᠭᠡ》 ᠶ᠋ᠢ ᠨᠠᠢᠷᠠᠭᠤᠯᠣᠨ ᠲᠣᠬ᠍ᠲᠠᠭᠠᠵᠦ᠍᠂ ᠬᠤᠪᠢᠰᠭᠠᠯᠲᠦ ᠲᠡᠦᠭᠡ᠎ᠶ᠋ᠢᠨ ᠲᠣᠷᠠᠰᠭᠠᠯᠲᠣ ᠵᠦᠢᠯᠡᠰ᠎ᠢ ᠬᠠᠮᠠᠭᠠᠯᠠᠵᠦ᠍ ᠣᠯᠠᠮᠵᠢᠯᠠᠬᠤ ᠲᠣᠬ᠍ᠲᠠᠯᠴᠠᠭᠠᠶ᠋ᠢ ᠲᠡᠬᠦᠯᠲᠡᠷᠵᠢᠬᠦᠯᠬᠦ᠂ ᠮᠦᠽᠧᠢ᠎ᠳᠤ ᠬᠠᠲᠠᠭᠠᠯᠠᠭᠠᠰᠣᠲᠠᠢ ᠬᠤᠪᠢᠰᠭᠠᠯᠲᠦ ᠲᠡᠦᠭᠡ᠎ᠶ᠋ᠢᠨ ᠲᠣᠷᠠᠰᠭᠠᠯᠲᠣ ᠵᠦᠢᠯᠡᠰ᠎ᠢ ᠬᠠᠮᠠᠭᠠᠯᠠᠵᠦ᠍ ᠲᠡᠯᠭᠡᠨ ᠦᠵᠡᠬᠦᠯᠬᠦ᠌᠎ᠪᠠᠨ ᠴᠢᠩᠭᠠᠳᠭᠠᠬᠤ᠂ ᠬᠤᠪᠢᠰᠭᠠᠯᠲᠦ ᠲᠡᠦᠭᠡ᠎ᠶ᠋ᠢᠨ ᠲᠣᠷᠠᠰᠭᠠᠯᠲᠣ ᠵᠦᠢᠯᠡᠰ᠎ᠤᠨ ᠲᠠᠮᠵᠢᠭᠤᠯᠭ᠎ᠠ ᠠᠱᠢᠬ᠍ᠯᠠᠯᠲᠠ᠎ᠶ᠋ᠢ ᠢᠲᠡᠪᠬᠢᠲᠡᠢ ᠲᠦᠯᠬᠢᠨ ᠠᠬᠢᠭᠤᠯᠬᠤ ᠵᠡᠷᠭᠡ ᠭᠤᠷᠪᠠᠨ ᠲᠠᠯ᠎ᠠ᠎ᠠᠴᠠ ᠨᠠᠷᠢᠯᠢᠬ ᠲᠦᠯᠦᠪᠵᠢᠬᠦᠯᠭᠡ ᠬᠢᠵᠦ᠍᠂ ᠬᠡᠰᠡᠭ ᠲᠣᠭᠤᠷᠢᠬ᠎ᠤᠨ ᠬᠠᠮᠠᠭᠠᠯᠠᠯᠲᠠ ᠪᠠ ᠵᠢᠱ᠌ᠢᠶ᠎ᠠ ᠦᠵᠡᠬᠦᠯᠬᠦ᠌ ᠰᠠᠭᠤᠷᠢᠨ ᠭᠠᠵᠠᠷ᠎ᠤᠨ ᠪᠠᠢᠭᠤᠯᠣᠯᠲᠠ᠎ᠶ᠋ᠢ ᠡᠬᠦᠲᠦᠨ ᠪᠠᠢᠭᠤᠯᠵᠦ᠍ ᠨᠢᠭᠡᠲᠦᠯᠲᠡᠢ ᠲᠦᠯᠦᠪᠵᠢᠬᠦᠯᠦᠨ ᠠᠬᠢᠭᠤᠯᠬᠤ ᠠᠵᠢᠯ᠎ᠤᠨ ᠱᠢᠨ᠎ᠠ ᠪᠠᠢᠷᠢᠱᠢᠭᠤᠯᠣᠲᠠᠶ᠋ᠢ ᠬᠦᠴᠦᠯᠡᠨ ᠠᠬᠢᠭᠤᠯᠪᠠ᠃
《5.1》 ᠤ ᠶᠡᠭᠡ ᠬᠤᠷᠠᠯ᠎ᠤᠨ ᠬᠤᠷᠠᠯ᠎ᠤᠨ ᠪᠠᠭᠤᠷᠢ᠎ᠶ᠋ᠢ ᠰᠡᠷᠬᠦᠭᠡᠨ ᠪᠠᠢᠭᠤᠯᠣᠬ᠍ᠰᠠᠨ ᠪᠦᠷᠢᠨ ᠦᠵᠡᠮᠵᠢ᠃
ᠣᠢᠷ᠎ᠠ᠎ᠶ᠋ᠢᠨ ᠵᠢᠯ᠎ᠠᠴᠠ ᠨᠠᠭᠠᠰᠢ᠂ ᠬᠤᠪᠢᠰᠭᠠᠯᠲᠦ ᠲᠡᠦᠭᠡ᠎ᠶ᠋ᠢᠨ ᠲᠣᠷᠠᠰᠭᠠᠯᠲᠣ ᠵᠦᠢᠯᠡᠰ᠎ᠤᠨ ᠱᠢᠰᠲ᠋ᠧᠮᠲᠦ ᠬᠠᠮᠠᠭᠠᠯᠠᠯᠲᠠ᠎ᠶ᠋ᠢ ᠴᠢᠩᠭᠠᠳᠭᠠᠬᠤ᠎ᠶ᠋ᠢᠨ ᠲᠦᠯᠦᠭᠡ᠂ ᠮᠠᠨ᠎ᠤ ᠣᠷᠣᠨ ᠬᠢᠩᠭᠠᠨ ᠠᠢᠮᠠᠬ᠎ᠤᠨ 《ᠨᠢᠭᠡ ᠣᠷᠲᠣᠨ ᠭᠤᠷᠪᠠᠨ ᠪᠠᠭᠤᠷᠢ》᠂ ᠶᠠᠨ ᠠᠨ᠎ᠤ ᠦᠨᠳᠦᠰᠦᠲᠡᠨ᠎ᠤ ᠲᠡᠭᠡᠲᠦ ᠰᠣᠷᠭᠠᠭᠤᠯᠢ᠎ᠶ᠋ᠢᠨ ᠪᠣᠷᠣᠪᠠᠯᠭᠠᠰᠣᠨ᠎ᠳᠠᠬᠢ ᠲᠣᠷᠠᠰᠭᠠᠯᠤᠨ ᠣᠷᠲᠣᠨ ᠵᠡᠷᠭᠡ ᠴᠢᠬᠤᠯᠠ ᠲᠣᠷᠠᠰᠭᠠᠯᠤᠨ ᠣᠷᠲᠣᠨ᠎ᠢᠶᠠᠷ ᠭᠤᠣᠯᠲᠠᠯᠭ᠎ᠠ ᠪᠣᠯᠭᠠᠵᠦ᠍᠂ ᠪᠦᠬᠦ᠌ ᠣᠷᠣᠨ᠎ᠤ ᠲᠣᠮᠲᠠ᠂ ᠵᠡᠬᠦᠨ᠂ ᠪᠠᠷᠠᠭᠤᠨ ᠬᠡᠰᠡᠭ᠎ᠤᠨ ᠬᠤᠪᠢᠰᠭᠠᠯᠲᠦ ᠲᠡᠦᠭᠡ᠎ᠶ᠋ᠢᠨ ᠲᠣᠷᠠᠰᠭᠠᠯᠲᠣ ᠵᠦᠢᠯᠡᠰ᠎ᠢ ᠬᠠᠮᠠᠭᠠᠯᠠᠵᠦ᠍ ᠠᠱᠢᠬ᠍ᠯᠠᠬᠤ ᠵᠢᠱ᠌ᠢᠶ᠎ᠠ ᠦᠵᠡᠬᠦᠯᠬᠦ᠌ ᠰᠠᠭᠤᠷᠢᠨ ᠭᠠᠵᠠᠷ᠎ᠤᠨ ᠪᠠᠢᠭᠤᠯᠣᠯᠲᠠ᠎ᠶ᠋ᠢ ᠪᠦᠬᠦ᠌ ᠲᠠᠯ᠎ᠠ᠎ᠪᠠᠷ ᠦᠷᠨᠢᠬᠦᠯᠵᠦ᠍᠂ 19 ᠬᠤᠱᠢᠭᠤ ᠱᠢᠶᠠᠨ (ᠬᠤᠲᠠ ᠲᠣᠭᠤᠷᠢᠬ) ᠣᠯᠣᠰ᠎ᠤᠨ ᠬᠤᠶᠠᠲᠣᠭᠠᠷ ᠪᠦᠯᠦᠭ ᠬᠤᠪᠢᠰᠭᠠᠯᠲᠤ ᠲᠡᠦᠭᠡ᠎ᠶ᠋ᠢᠨ ᠲᠣᠷᠠᠰᠭᠠᠯᠲᠣ ᠵᠦᠢᠯᠡᠰ᠎ᠢ ᠬᠠᠮᠠᠭᠠᠯᠠᠵᠦ᠍ ᠠᠱᠢᠬ᠍ᠯᠠᠬᠤ ᠬᠡᠰᠡᠭ ᠲᠣᠭᠤᠷᠢᠬ᠎ᠤᠨ ᠨᠡᠷᠡᠰ᠎ᠲᠤ ᠵᠢᠬ᠍ᠰᠠᠭᠠᠬ᠍ᠲᠠᠪᠠ᠃ ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠱᠢᠯᠵᠢᠬᠦᠯᠵᠦ᠍ ᠦᠯᠦ᠍ ᠪᠣᠯᠬᠤ ᠬᠤᠪᠢᠰᠭᠠᠯᠲᠦ ᠲᠡᠦᠭᠡ᠎ᠶ᠋ᠢᠨ ᠲᠣᠷᠠᠰᠭᠠᠯᠲᠣ ᠵᠦᠢᠯᠡᠰ᠎ᠤᠨ ᠨᠡᠷᠡᠰ᠎ᠢ 39 ᠨᠡᠢᠲᠡᠯᠡᠵᠦ᠍᠂ ᠡᠬᠦᠨ᠎ᠳᠤ ᠪᠦᠬᠦ᠌ ᠣᠯᠣᠰ᠎ᠤᠨ ᠭᠤᠣᠯᠲᠠᠯᠭ᠎ᠠ᠎ᠲᠠᠢ ᠲᠡᠦᠭᠡ᠎ᠶ᠋ᠢᠨ ᠲᠣᠷᠠᠰᠭᠠᠯᠲᠣ ᠵᠦᠢᠯᠡᠰ᠎ᠤᠨ ᠬᠠᠮᠠᠭᠠᠯᠠᠯᠲᠠ᠎ᠶ᠋ᠢᠨ ᠨᠢᠭᠡᠴᠢ 6᠂ ᠦᠪᠡᠷᠲᠡᠭᠡᠨ ᠵᠠᠰᠠᠬᠤ ᠣᠷᠣᠨ᠎ᠤ ᠭᠤᠣᠯᠲᠠᠯᠭ᠎ᠠ᠎ᠲᠠᠢ ᠲᠡᠦᠭᠡ᠎ᠶ᠋ᠢᠨ ᠲᠣᠷᠠᠰᠭᠠᠯᠲᠣ ᠵᠦᠢᠯᠡᠰ᠎ᠤᠨ ᠬᠠᠮᠠᠭᠠᠯᠠᠯᠲᠠ᠎ᠶ᠋ᠢᠨ ᠨᠢᠭᠡᠴᠢ 33 ᠪᠣᠢ᠃ ᠦᠪᠦᠷ ᠮᠣᠩᠭᠤᠯ᠎ᠤᠨ ᠨᠠᠮ᠎ᠤᠨ ᠬᠤᠷᠢᠶ᠎ᠠ᠎ᠶ᠋ᠢᠨ ᠠᠯᠪᠠᠨ ᠠᠰᠠᠷ᠎ᠤᠨ ᠬᠠᠭᠤᠴᠢᠨ ᠪᠠᠭᠤᠷᠢ᠎ᠶ᠋ᠢᠨ ᠦᠵᠡᠬᠦᠯᠭᠡ᠎ᠶ᠋ᠢ ᠲᠡᠰ ᠲᠡᠪᠱᠢᠬᠦᠯᠵᠦ᠍᠂ 5.1 ᠬᠤᠷᠠᠯ᠎ᠤᠨ ᠪᠠᠭᠤᠷᠢ᠎ᠶ᠋ᠢᠨ ᠬᠤᠢᠲᠣ ᠲᠠᠯ᠎ᠠ᠎ᠶ᠋ᠢᠨ ᠬᠤᠪᠢᠰᠭᠠᠯ᠎ᠤᠨ ᠭᠤᠣᠯ ᠰᠡᠲᠦᠪᠲᠦ ᠱᠣᠭᠤᠮᠠᠯ᠎ᠤᠨ ᠪᠠᠷᠢᠯᠭ᠎ᠠ᠎ᠶ᠋ᠢᠨ ᠢᠨᠵᠧᠨᠧᠷᠢᠩ ᠡᠮᠬᠢ ᠴᠡᠭ᠌ᠴᠡ᠎ᠲᠠᠢ ᠶᠠᠪᠣᠬ᠍ᠲᠠᠵᠦ᠍᠂ ᠣᠯᠠᠭᠠᠨᠬᠠᠲᠠ᠎ᠶ᠋ᠢᠨ ᠬᠤᠪᠢᠰᠭᠠᠯ᠎ᠤᠨ ᠮᠦᠽᠧᠢ᠎ᠶ᠋ᠢᠨ ᠪᠠᠢᠷᠢ᠎ᠶ᠋ᠢ ᠰᠣᠩᠭᠤᠨ ᠲᠣᠬ᠍ᠲᠠᠭᠠᠪᠠ᠃
ᠬᠤᠪᠢᠰᠭᠠᠯᠲᠣ ᠲᠦᠷᠦᠯ ᠲᠡᠮᠲᠡᠭ᠎ᠢ ᠠᠯᠲᠠᠷᠱᠢᠭᠤᠯᠣᠨ ᠰᠣᠶᠣᠯ ᠵᠢᠭᠤᠯᠴᠢᠯᠠᠯ᠎ᠤᠨ ᠠᠭᠤᠰᠣᠯᠴᠠᠯᠢ ᠠᠬᠢᠭᠤᠯᠪᠠ
ᠣᠢᠷ᠎ᠠ᠎ᠶ᠋ᠢᠨ ᠵᠢᠯ᠎ᠠᠴᠠ ᠨᠠᠭᠠᠰᠢ᠂ ᠮᠠᠨ᠎ᠤ ᠣᠷᠣᠨ ᠦᠪᠡᠷᠮᠢᠴᠡ ᠣᠨᠴᠠᠯᠢᠬ ᠪᠦᠬᠦᠢ ᠬᠤᠪᠢᠰᠭᠠᠯᠲᠣ ᠰᠣᠶᠣᠯ ᠵᠢᠭᠤᠯᠴᠢᠯᠠᠯ᠎ᠤᠨ ᠡᠬᠢ ᠪᠠᠶᠠᠯᠢᠬ᠎ᠢ ᠢᠲᠡᠪᠬᠢᠲᠡᠢ ᠠᠭᠤᠲᠠᠯᠣᠨ᠂ ᠠᠵᠦ᠍ ᠦᠢᠯᠡᠰ᠎ᠤᠨ ᠪᠦᠲᠦᠴᠡ᠎ᠪᠠᠨ ᠲᠠᠰᠣᠷᠠᠯᠲᠠ ᠦᠭᠡᠢ ᠲᠣᠬᠢᠷᠠᠭᠤᠯᠵᠦ᠍᠂ ᠬᠤᠪᠢᠰᠭᠠᠯᠲᠣ ᠰᠣᠶᠣᠯ ᠵᠢᠭᠤᠯᠴᠢᠯᠠᠯ᠎ᠤᠨ ᠠᠭᠤᠰᠣᠯᠴᠠᠯᠢ ᠠᠬᠢᠭᠤᠯᠣᠨ᠂ ᠬᠤᠪᠢᠰᠭᠠᠯ᠎ᠤᠨ ᠣᠲᠣᠮᠱᠢᠯᠢ ᠣᠯᠠᠮᠵᠢᠯᠠᠨ ᠨᠢᠬ᠍ᠲᠠᠷᠠᠭᠤᠯᠵᠦ᠍᠂ ᠬᠤᠪᠢᠰᠭᠠᠯᠲᠣ ᠰᠣᠶᠣᠯ ᠵᠢᠭᠤᠯᠴᠢᠯᠠᠯ᠎ᠤᠨ ᠴᠢᠨᠠᠷ ᠰᠠᠢᠲᠠᠢ ᠬᠦᠭ᠌ᠵᠢᠯᠲᠡ᠎ᠶ᠋ᠢ ᠲᠦᠷᠭᠡᠳᠭᠡᠭ᠌ᠰᠡᠨ ᠲᠡᠲᠦᠢ ᠦᠭᠡᠢ ᠬᠤᠪᠢᠰᠭᠠᠯᠲᠣ ᠰᠣᠶᠣᠯ ᠵᠢᠭᠤᠯᠴᠢᠯᠠᠯ᠎ᠤᠨ ᠲᠦᠷᠦᠯ ᠲᠡᠮᠲᠡᠭ᠎ᠢ ᠠᠯᠲᠠᠷᠱᠢᠭᠤᠯᠣᠨ᠂ ᠦᠷᠢᠰᠦᠯᠲᠦᠬᠦ᠌ ᠬᠦᠴᠦᠨ᠎ᠢᠶᠠᠨ ᠴᠢᠩᠭᠠᠷᠠᠭᠤᠯᠣᠬ᠍ᠰᠠᠨ ᠪᠠᠢᠨ᠎ᠠ᠃
ᠦᠪᠦᠷ ᠮᠣᠩᠭᠤᠯ᠎ᠤᠨ ᠰᠣᠶᠣᠯ ᠵᠢᠭᠤᠯᠴᠢᠯᠠᠯ᠎ᠤᠨ ᠲᠢᠩᠬᠢᠮ᠎ᠤᠨ ᠡᠬᠢ ᠪᠠᠶᠠᠯᠢᠬ᠎ᠢ ᠨᠡᠭᠡᠭᠡᠨ ᠠᠱᠢᠬ᠍ᠯᠠᠬᠤ ᠭᠠᠵᠠᠷ᠎ᠤᠨ ᠲᠠᠷᠤᠭ᠎ᠠ ᠵᠠᠩ ᠶᠠᠨ ᠷᠦ᠋ᠶ᠋ᠢᠨ ᠲᠠᠨᠢᠯᠴᠠᠭᠤᠯᠬᠤ᠎ᠪᠠᠷ᠂ ᠮᠠᠨ᠎ᠤ ᠣᠷᠣᠨ ᠶᠡᠷᠦ᠎ᠠᠴᠠ ᠬᠤᠪᠢᠰᠭᠠᠯᠲᠣ ᠵᠢᠭᠤᠯᠴᠢᠯᠠᠯ᠎ᠢᠶᠠᠷ ᠭᠤᠣᠯ ᠪᠣᠯᠭᠠᠬ᠍ᠰᠠᠨ ᠣᠯᠠᠨ ᠬᠡᠯᠪᠡᠷᠢ ᠶᠠᠩᠵᠦ᠎ᠶ᠋ᠢᠨ ᠨᠡᠢᠯᠡᠯ ᠮᠠᠶᠢᠬ᠎ᠤᠨ ᠵᠢᠭᠤᠯᠴᠢᠯᠠᠯ᠎ᠤᠨ ᠱᠣᠭᠤᠮ᠎ᠢ ᠬᠦᠴᠦᠯᠡᠨ ᠪᠠᠢᠭᠤᠯᠣᠬ᠍ᠰᠠᠭᠠᠷ ᠢᠷᠡᠵᠡᠢ᠃ ᠣᠢᠷ᠎ᠠ᠎ᠳᠤ ᠮᠠᠨ᠎ᠤ ᠣᠷᠣᠨ᠎ᠠᠴᠠ ᠲᠡᠪᠱᠢᠬᠦᠯᠦᠭ᠌ᠰᠡᠨ 《ᠰᠡᠳᠭᠢᠯ ᠨᠢᠭᠡᠲᠦᠨ ᠬᠦᠴᠦ᠍ ᠬᠠᠮᠲᠣᠳᠭᠠᠬᠤ ᠊ ᠬᠠᠮᠲᠣ᠎ᠪᠠᠷ ᠲᠠᠢᠰᠣᠨᠢ ᠡᠰᠡᠷᠬᠦᠴᠡᠬᠦ᠌》 《ᠬᠤᠪᠢᠰᠭᠠᠯ᠎ᠤᠨ ᠲᠦᠲᠡᠭ ᠊ ᠬᠤᠪᠢᠰᠭᠠᠯᠲᠣ ᠲᠠᠯ᠎ᠠ ᠨᠣᠲᠤᠬ》 《ᠨᠣᠮᠢᠨ ᠨᠣᠭᠤᠭᠠᠨ ᠠᠯᠠᠱᠠ ᠊ ᠦᠩᠭᠡ ᠢᠯᠭᠠᠷᠠᠬ᠍ᠰᠠᠨ ᠡᠵᠡᠨ᠎ᠡ》 3 ᠵᠣᠷᠪᠣᠰ ᠬᠤᠪᠢᠰᠭᠠᠯᠲᠣ ᠱᠢᠯᠢᠲᠡᠭ ᠱᠣᠭᠤᠮ᠎ᠨᠢ ᠰᠣᠶᠣᠯ ᠬᠢᠭᠡᠳ ᠵᠢᠭᠤᠯᠴᠢᠯᠠᠯ᠎ᠤᠨ ᠶᠠᠮᠣᠨ᠂ ᠲᠦᠪ᠎ᠤᠨ ᠣᠬᠠᠭᠤᠯᠬᠤ ᠬᠡᠯᠲᠡᠰ᠂ ᠨᠠᠮ᠎ᠤᠨ ᠲᠦᠪ ᠬᠤᠷᠢᠶ᠎ᠠ᠎ᠶ᠋ᠢᠨ ᠨᠠᠮ᠎ᠤᠨ ᠲᠡᠦᠭᠡ ᠬᠢᠭᠡᠳ ᠰᠣᠷᠪᠣᠯᠵᠢ ᠪᠢᠴᠢᠭ ᠰᠣᠲᠣᠯᠬᠤ ᠬᠦᠷᠢᠶᠡᠯᠡᠩ᠂ ᠣᠯᠣᠰ᠎ᠤᠨ ᠬᠦᠭ᠌ᠵᠢᠬᠦᠯᠦᠯᠲᠡ ᠪᠡ ᠦᠭᠡᠷᠡᠴᠢᠯᠡᠯᠲᠡ᠎ᠶ᠋ᠢᠨ ᠵᠦᠪᠯᠡᠯ᠎ᠠᠴᠠ ᠨᠡᠢᠲᠡᠯᠡᠭ᠌ᠰᠡᠨ 《ᠨᠠᠮ ᠪᠠᠢᠭᠤᠯᠣᠬ᠍ᠲᠠᠬ᠍ᠰᠠᠨ ᠵᠠᠭᠤᠨ ᠵᠢᠯ᠎ᠤᠨ ᠬᠤᠪᠢᠰᠭᠠᠯᠲᠣ ᠵᠢᠭᠤᠯᠴᠢᠯᠠᠯ᠎ᠤᠨ ᠵᠠᠭᠤᠨ ᠵᠣᠷᠪᠣᠰ ᠱᠢᠯᠢᠲᠡᠭ ᠱᠣᠭᠤᠮ》 ᠳᠤ ᠰᠣᠩᠭᠤᠬ᠍ᠲᠠᠬ᠍ᠰᠠᠨ ᠶᠣᠮ᠃

ᠦᠪᠦᠷ ᠮᠣᠩᠭᠤᠯ᠎ᠤᠨ ᠦᠨᠳᠦᠰᠦᠲᠡᠨ᠎ᠤ ᠴᠢᠯᠦᠭᠡᠯᠡᠯᠲᠡ᠎ᠶ᠋ᠢᠨ ᠲᠣᠷᠠᠰᠭᠠᠯᠤᠨ ᠣᠷᠲᠣᠨ᠃
ᠬᠤᠪᠢᠰᠭᠠᠯᠲᠣ ᠰᠣᠶᠣᠯ ᠵᠢᠭᠤᠯᠴᠢᠯᠠᠯ᠎ᠢ ᠡᠬᠦᠲᠦᠨ ᠪᠠᠢᠭᠤᠯᠬᠤ ᠲᠣᠬ᠍ᠲᠠᠯᠴᠠᠭᠠᠶ᠋ᠢ ᠲᠡᠬᠦᠯᠲᠡᠷᠵᠢᠬᠦᠯᠵᠦ᠍᠂ ᠬᠤᠪᠢᠰᠭᠠᠯᠲᠣ ᠰᠣᠶᠣᠯ ᠵᠢᠭᠤᠯᠴᠢᠯᠠᠯ᠎ᠤᠨ ᠲᠦᠷᠦᠯ ᠲᠡᠮᠲᠡᠭ᠎ᠢ ᠡᠬᠦᠳᠪᠡ᠃ ᠣᠢᠷ᠎ᠠ᠎ᠶ᠋ᠢᠨ ᠵᠢᠯ᠎ᠠᠴᠠ ᠨᠠᠰᠢ᠂ ᠮᠠᠨ᠎ᠤ ᠣᠷᠣᠨ ᠬᠤᠪᠢᠰᠭᠠᠯᠲᠣ ᠡᠬᠢ ᠪᠠᠶᠠᠯᠢᠬ᠎ᠤᠨ ᠠᠱᠢᠬ᠍ᠯᠠᠯᠲᠠ᠎ᠶ᠋ᠢ ᠲᠦᠯᠦᠪᠵᠢᠬᠦᠯᠦᠨ ᠵᠢᠯᠣᠭᠤᠳᠴᠦ᠍᠂ ᠱᠢᠨᠵᠢᠯᠡᠬᠦ᠌ ᠣᠬᠠᠭᠠᠨᠴᠢ᠎ᠪᠠᠷ ᠣᠲᠣᠷᠢᠳᠪᠠ᠃ 《ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ 〈ᠠᠷᠪᠠᠨ ᠲᠦᠷᠪᠡᠲᠦᠭᠡᠷ ᠲᠠᠪᠣᠨ ᠵᠢᠯ〉 ᠤᠨ ᠬᠤᠪᠢᠰᠭᠠᠯᠲᠣ ᠵᠢᠭᠤᠯᠴᠢᠯᠠᠯ᠎ᠤᠨ ᠬᠦᠭ᠌ᠵᠢᠯᠲᠡ᠎ᠶ᠋ᠢᠨ ᠲᠦᠯᠦᠪᠵᠢᠬᠦᠯᠭᠡ》 ᠶ᠋ᠢ ᠵᠣᠬᠢᠶᠠᠨ ᠪᠠᠢᠭᠤᠯᠣᠨ ᠨᠠᠢᠷᠠᠭᠤᠯᠵᠦ᠍᠂ ᠮᠠᠨ᠎ᠤ ᠣᠷᠣᠨ᠎ᠤ ᠬᠤᠪᠢᠰᠭᠠᠯᠲᠣ ᠵᠢᠭᠤᠯᠴᠢᠯᠠᠯ᠎ᠤᠨ ᠬᠦᠭ᠌ᠵᠢᠯᠲᠡ᠎ᠶ᠋ᠢᠨ ᠰᠡᠳᠭᠢᠴᠡ ᠪᠣᠯᠣᠨ ᠪᠠᠢᠷᠢ ᠲᠣᠬ᠍ᠲᠠᠭᠠᠯᠲᠠᠶ᠋ᠢ ᠲᠣᠲᠣᠷᠬᠠᠢᠯᠠᠵᠦ᠍᠂ ᠬᠤᠪᠢᠰᠭᠠᠯᠲᠣ ᠰᠣᠶᠣᠯ ᠵᠢᠭᠤᠯᠴᠢᠯᠠᠯ᠎ᠤᠨ ᠦᠢᠯᠡᠳᠬᠦᠨ᠎ᠤ ᠲᠣᠬ᠍ᠲᠠᠯᠴᠠᠭᠠ᠂ ᠬᠤᠪᠢᠰᠭᠠᠯᠲᠣ ᠰᠣᠶᠣᠯ ᠵᠢᠭᠤᠯᠴᠢᠯᠠᠯ᠎ᠢ ᠠᠭᠤᠰᠣᠯᠴᠠᠭᠤᠯᠬᠤ ᠵᠠᠮ ᠰᠣᠪᠠᠬ᠂ ᠬᠤᠪᠢᠰᠭᠠᠯᠲᠣ ᠰᠣᠶᠣᠯ ᠵᠢᠭᠤᠯᠴᠢᠯᠠᠯ᠎ᠤᠨ ᠱᠢᠯᠢᠲᠡᠭ ᠵᠠᠮ ᠱᠣᠭᠤᠮ᠂ ᠣᠬᠠᠭᠤᠯᠭ᠎ᠠ ᠪᠣᠷᠣᠯᠠᠭᠤᠯᠭ᠎ᠠ ᠵᠡᠷᠭᠡ ᠲᠠᠯ᠎ᠠ᠎ᠪᠠᠷ ᠶᠡᠷᠦᠩᠬᠡᠢᠯᠡᠭ᠌ᠰᠨᠨ ᠲᠦᠯᠦᠪᠵᠢᠬᠦᠯᠭᠡ ᠬᠢᠪᠡ᠃
ᠠᠵᠦ᠍ ᠦᠢᠯᠡᠰ᠎ᠤᠨ ᠠᠭᠤᠰᠣᠯᠴᠠᠯᠢ ᠢᠲᠡᠪᠬᠢᠲᠡᠢ ᠠᠬᠢᠭᠤᠯᠵᠦ᠍᠂ ᠬᠤᠪᠢᠰᠭᠠᠯᠲᠣ ᠰᠣᠶᠣᠯ ᠵᠢᠭᠤᠯᠴᠢᠯᠠᠯ᠎ᠤᠨ ᠠᠵᠦ᠍ ᠦᠢᠯᠡᠰ᠎ᠤᠨ ᠲᠣᠬ᠍ᠲᠠᠯᠴᠠᠭᠠᠶ᠋ᠢ ᠲᠡᠬᠦᠯᠲᠡᠷᠵᠢᠬᠦᠯᠵᠦ᠍᠂ ᠦᠪᠦᠷ ᠮᠣᠩᠭᠤᠯ᠎ᠤᠨ ᠬᠤᠪᠢᠰᠭᠠᠯᠲᠣ ᠰᠣᠶᠣᠯ ᠵᠢᠭᠤᠯᠴᠢᠯᠠᠯ᠎ᠤᠨ ᠲᠦᠷᠦᠯ ᠲᠡᠮᠲᠡᠭ᠎ᠢ ᠠᠯᠲᠠᠷᠱᠢᠭᠤᠯᠪᠠ᠃ ᠣᠯᠠᠭᠠᠨᠬᠦᠦ᠎ᠶ᠋ᠢᠨ ᠬᠠᠭᠤᠴᠢᠨ ᠰᠠᠭᠤᠴᠠ ᠪᠣᠯᠣᠨ ᠲᠣᠷᠠᠰᠭᠠᠯᠤᠨ ᠣᠷᠲᠣᠨ᠂ ᠮᠠᠨᠵᠣᠣᠷ ᠬᠤᠲᠠ᠎ᠶ᠋ᠢᠨ ᠬᠤᠪᠢᠰᠭᠠᠯᠲᠣ ᠣᠯᠠᠨ ᠣᠯᠣᠰ᠎ᠤᠨ ᠨᠢᠭᠤᠴᠠ ᠵᠠᠮ ᠬᠠᠷᠢᠯᠴᠠᠭᠠᠨ᠎ᠤ ᠱᠣᠭᠤᠮ᠎ᠤᠨ ᠬᠦᠮᠦᠵᠢᠯ᠎ᠤᠨ ᠰᠠᠭᠤᠷᠢᠨ ᠵᠡᠷᠭᠡ 3 ᠬᠤᠪᠢᠰᠭᠠᠯᠲᠣ ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ᠎ᠨᠢ ᠪᠦᠬᠦ᠌ ᠣᠯᠣᠰ᠎ᠤᠨ ᠬᠤᠪᠢᠰᠭᠠᠯᠲᠣ ᠵᠢᠭᠤᠯᠴᠢᠯᠠᠯ᠎ᠤᠨ ᠱᠢᠯᠢᠲᠡᠭ ᠦᠵᠡᠮᠵᠢ᠎ᠶ᠋ᠢᠨ ᠣᠷᠣᠨ᠎ᠢᠶᠠᠷ ᠰᠣᠩᠭᠤᠬ᠍ᠲᠠᠵᠦ᠍᠂ ᠲᠠᠯᠠᠨ ᠬᠠᠷ᠎ᠠ ᠠᠭᠤᠯᠠ᠎ᠶ᠋ᠢᠨ ᠶᠠᠫᠣᠨ᠎ᠢ ᠡᠰᠡᠷᠬᠦᠴᠡᠬᠦ᠌ ᠰᠠᠭᠤᠷᠢᠨ ᠭᠠᠵᠠᠷ᠎ᠤᠨ ᠬᠠᠭᠤᠴᠢᠨ ᠪᠠᠭᠤᠷᠢ᠂ ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠵᠠᠰᠠᠬ᠎ᠤᠨ ᠣᠷᠲᠣᠨ᠎ᠤ ᠲᠣᠷᠠᠰᠭᠠᠯᠤᠨ ᠭᠠᠵᠠᠷ ᠵᠡᠷᠭᠡ ᠪᠦᠬᠦ᠌ ᠣᠯᠣᠰ᠎ᠤᠨ ᠣᠯᠣᠰ᠎ᠢᠶᠠᠨ ᠬᠠᠢᠷᠠᠯᠠᠬᠤ ᠬᠦᠮᠦᠵᠢᠯ᠎ᠤᠨ ᠵᠢᠱ᠌ᠢᠶ᠎ᠠ ᠦᠵᠡᠬᠦᠯᠬᠦ᠌ ᠰᠠᠭᠤᠷᠢᠨ᠎ᠢ 7 ᠡᠬᠦᠲᠦᠨ ᠪᠠᠢᠭᠤᠯᠪᠠ᠃ ᠪᠠᠰᠠ ᠬᠤᠪᠢᠰᠭᠠᠯᠲᠣ ᠦᠵᠡᠮᠵᠢ᠎ᠶ᠋ᠢᠨ ᠣᠷᠣᠨ᠎ᠤ ᠲᠡᠰ ᠲᠣᠬ᠍ᠲᠠᠭᠠᠬᠤᠶ᠋ᠢ ᠡᠬᠦᠲᠦᠨ ᠪᠠᠢᠭᠤᠯᠬᠤ ᠪᠠ ᠬᠢᠨᠠᠨ ᠲᠣᠬ᠍ᠲᠠᠭᠠᠬᠤ ᠠᠵᠢᠯ᠎ᠢ ᠵᠣᠬᠢᠶᠠᠨ ᠪᠠᠢᠭᠤᠯᠣᠨ ᠦᠷᠨᠢᠬᠦᠯᠵᠦ᠍᠂ 29 ᠬᠤᠪᠢᠰᠭᠠᠯᠲᠣ ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ᠎ᠢ ᠲᠡᠰ ᠲᠣᠬ᠍ᠲᠠᠭᠠᠬ᠍ᠰᠠᠨ ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ᠎ᠢᠶᠠᠷ ᠦᠨᠡᠯᠡᠵᠦ᠍᠂ ᠡᠬᠦᠨ᠎ᠳᠤ 5A ᠲᠡᠰ᠎ᠤᠨ 1 ᠦᠵᠡᠮᠵᠢ᠎ᠶ᠋ᠢᠨ ᠣᠷᠣᠨ᠂ 4A ᠲᠡᠰ᠎ᠤᠨ 12 ᠦᠵᠡᠮᠵᠢ᠎ᠶ᠋ᠢᠨ ᠣᠷᠣᠨ᠂ 3A ᠲᠡᠰ᠎ᠤᠨ 8 ᠦᠵᠡᠮᠵᠢ᠎ᠶ᠋ᠢᠨ ᠣᠷᠣᠨ᠂ 2A ᠲᠡᠰ᠎ᠤᠨ 8 ᠦᠵᠡᠮᠵᠢ᠎ᠶ᠋ᠢᠨ ᠣᠷᠣᠨ ᠪᠣᠢ᠃ ᠬᠤᠪᠢᠰᠭᠠᠯᠲᠣ ᠵᠢᠭᠤᠯᠴᠢᠯᠠᠯ ᠬᠢᠭᠡᠳ ᠬᠦᠲᠡᠭᠡ ᠲᠣᠰᠭᠤᠨ᠎ᠤ ᠵᠢᠭᠤᠯᠴᠢᠯᠠᠯ᠂ ᠰᠣᠲᠣᠯᠵᠦ᠍ ᠰᠣᠷᠣᠯᠴᠠᠬᠤ ᠵᠢᠭᠤᠯᠴᠢᠯᠠᠯ ᠵᠡᠷᠭᠡ ᠵᠢᠭᠤᠯᠴᠢᠯᠠᠯ᠎ᠤᠨ ᠦᠢᠯᠡᠳᠬᠦᠨ ᠪᠠ ᠡᠬᠢ ᠪᠠᠶᠠᠯᠢᠬ᠎ᠤᠨ ᠨᠡᠢᠳᠭᠡᠯᠢ ᠬᠦᠨᠵᠡᠭᠡᠢᠷᠡᠬᠦᠯᠵᠦ᠍᠂ 10 ᠵᠣᠷᠪᠣᠰ 《ᠦᠵᠡᠰᠭᠦᠯᠡᠩᠲᠦ ᠰᠠᠢᠬᠠᠨ ᠣᠮᠠᠷᠠᠲᠣ ᠬᠢᠵᠠᠭᠠᠷ》 ᠭᠤᠣᠯ ᠰᠡᠲᠦᠪᠲᠦ ᠱᠢᠯᠢᠲᠡᠭ ᠬᠤᠪᠢᠰᠭᠠᠯᠲᠣ ᠵᠢᠭᠤᠯᠴᠢᠯᠠᠯ᠎ᠤᠨ ᠵᠠᠮ ᠱᠣᠭᠤᠮ᠎ᠢ ᠡᠬᠦᠲᠦᠨ ᠪᠠᠢᠭᠤᠯᠪᠠ᠃
ᠬᠤᠪᠢᠰᠭᠠᠯ᠎ᠤᠨ ᠦᠯᠢᠭᠡᠷ᠎ᠢ ᠰᠠᠢᠲᠣᠷ ᠶᠠᠷᠢᠵᠦ᠍ ᠴᠠᠬ ᠦᠶ᠎ᠡ᠎ᠶ᠋ᠢᠨ ᠦᠩᠭᠡ ᠬᠢᠯᠪᠠᠭ᠎ᠠ᠎ᠶ᠋ᠢ ᠰᠠᠴᠣᠷᠠᠭᠤᠯᠪᠠ
ᠦᠪᠦᠷ ᠮᠣᠩᠭᠤᠯ᠎ᠤᠨ ᠰᠣᠶᠣᠯ ᠵᠢᠭᠤᠯᠴᠢᠯᠠᠯ᠎ᠤᠨ ᠲᠢᠩᠬᠢᠮ᠎ᠤᠨ ᠲᠡᠳ᠋ ᠲᠠᠷᠤᠭ᠎ᠠ ᠸᠧᠢ ᡁᠢ ᠬᠦᠸᠧ᠎ᠶ᠋ᠢᠨ ᠲᠠᠨᠢᠯᠴᠠᠭᠤᠯᠬᠤ᠎ᠪᠠᠷ᠂ ᠡᠨᠡ ᠵᠢᠯ ᠪᠣᠯ ᠲᠣᠮᠲᠠᠲᠣ ᠣᠯᠣᠰ᠎ᠤᠨ ᠡᠪ ᠬᠠᠮᠲᠣ ᠨᠠᠮ ᠪᠠᠢᠭᠤᠯᠣᠬ᠍ᠲᠠᠬ᠍ᠰᠠᠨ 100 ᠵᠢᠯ᠎ᠤᠨ ᠣᠢ ᠪᠣᠯᠣᠨ᠎ᠠ᠂ ᠮᠠᠨ᠎ᠤ ᠣᠷᠣᠨ ᠲᠣᠮᠲᠠᠲᠣ ᠣᠯᠣᠰ᠎ᠤᠨ ᠡᠪ ᠬᠠᠮᠲᠣ ᠨᠠᠮ᠎ᠤᠨ ᠨᠠᠮ᠎ᠤᠨ ᠲᠡᠦᠭᠡ᠎ᠶ᠋ᠢᠨ ᠦᠵᠡᠬᠦᠯᠭᠡ᠂ ᠦᠪᠦᠷ ᠮᠣᠩᠭᠤᠯ᠎ᠤᠨ ᠬᠤᠪᠢᠰᠭᠠᠯ᠎ᠤᠨ ᠲᠡᠦᠭᠡ᠎ᠶ᠋ᠢᠨ ᠦᠵᠡᠬᠦᠯᠭᠡ᠎ᠶ᠋ᠢ ᠭᠤᠣᠯᠲᠠᠯᠭ᠎ᠠ᠎ᠲᠠᠢ ᠡᠷᠬᠢᠯᠡᠵᠦ᠍᠂ ᠬᠤᠪᠢᠰᠭᠠᠯᠲᠦ ᠲᠡᠦᠭᠡ᠎ᠶ᠋ᠢᠨ ᠲᠣᠷᠠᠰᠭᠠᠯᠲᠣ ᠵᠦᠢᠯᠡᠰ᠎ᠤᠨ ᠦᠯᠢᠭᠡᠷ᠎ᠢ ᠰᠠᠢᠲᠣᠷ ᠶᠠᠷᠢᠵᠦ᠍᠂ ᠬᠤᠪᠢᠰᠭᠠᠯ᠎ᠤᠨ ᠣᠲᠣᠮᠱᠢᠯᠢ ᠣᠯᠠᠮᠵᠢᠯᠠᠨ ᠪᠠᠲᠠᠷᠠᠭᠤᠯᠬᠤ ᠪᠣᠯᠣᠨ᠎ᠠ᠃ ᠡᠬᠦᠨ᠎ᠤ ᠬᠠᠮᠲᠣ ᠱᠢᠯᠢᠲᠡᠭ ᠵᠦᠴᠦᠭᠡ ᠲᠠᠭᠤᠣᠷᠢᠯᠢᠬᠤᠨ ᠪᠦᠲᠦᠭᠡᠯ ᠪᠣᠯᠣᠨ ᠣᠯᠠᠭᠠᠨᠮᠦᠴᠢᠷ ᠨᠠᠮ᠎ᠤᠨ ᠲᠡᠦᠭᠡ᠎ᠶ᠋ᠢᠨ ᠦᠵᠡᠭ᠌ᠲᠡᠯᠲᠦ ᠪᠣᠭᠤᠨᠢ ᠵᠦᠴᠦᠭᠡ᠎ᠶ᠋ᠢᠨ ᠦᠵᠡᠬᠦᠯᠭᠡ᠎ᠶ᠋ᠢᠨ ᠠᠵᠢᠯᠯᠠᠭ᠎ᠠ᠎ᠶ᠋ᠢ ᠡᠷᠬᠢᠯᠡᠵᠦ᠍᠂ ᠡᠯ ᠷᠧᠨ᠎ᠲᠠᠢ ᠵᠦᠴᠦᠭᠡ 《ᠠᠭᠤᠯᠠᠨ᠎ᠤ ᠴᠠᠭᠠᠨ᠎ᠠ》 ᠵᠡᠷᠭᠡ ᠱᠢᠯᠢᠲᠡᠭ ᠵᠦᠴᠦᠭᠡ᠎ᠶ᠋ᠢᠨ ᠲᠣᠬ᠍ᠯᠠᠯᠲᠠ ᠦᠵᠡᠬᠦᠯᠭᠡ ᠡᠷᠬᠢᠯᠡᠨ᠎ᠡ᠃ 《ᠠᠶ᠎ᠠ ᠲᠠᠭᠤᠣ᠎ᠪᠠᠨ ᠠᠭᠤᠣ ᠨᠠᠮ᠎ᠳᠠᠭᠠᠨ ᠡᠷᠬᠦᠨᠡᠮ》 ᠣᠯᠠᠨ ᠲᠦᠮᠡᠨᠴᠢ ᠲᠠᠭᠤᠣ ᠱᠢᠯᠦᠭ᠎ᠤᠨ ᠠᠵᠢᠯᠯᠠᠭ᠎ᠠ᠎ᠶ᠋ᠢ ᠦᠷᠬᠦᠯᠵᠢᠯᠡᠨ ᠦᠷᠨᠢᠬᠦᠯᠵᠦ᠍᠂ ᠱᠢᠯᠢᠲᠡᠭ ᠪᠦᠲᠦᠭᠡᠯ᠎ᠢ ᠰᠣᠩᠭᠤᠨ ᠪᠦᠬᠦ᠌ ᠣᠷᠣᠨ᠎ᠤ ᠬᠡᠪᠴᠢᠶᠠᠨ᠎ᠳᠤ ᠲᠣᠭᠤᠷᠢᠨ ᠲᠣᠬ᠍ᠯᠠᠨᠠ᠃ ᠨᠢᠭᠡ ᠪᠦᠯᠦᠭ ᠨᠦᠯᠦᠭᠡᠯᠡᠬᠦ᠌ ᠬᠦᠴᠦᠨ ᠪᠦᠬᠦᠢ᠂ ᠰᠣᠷᠭᠠᠨ ᠬᠦᠮᠦᠵᠢᠬᠦᠯᠬᠦ᠌ ᠦᠢᠯᠡᠲᠦᠯ ᠪᠦᠬᠦᠢ ᠬᠤᠪᠢᠰᠭᠠᠯ᠎ᠤᠨ ᠦᠯᠢᠭᠡᠷ᠎ᠢ ᠦᠷᠭᠡᠨ᠎ᠢᠶᠠᠷ ᠣᠬᠠᠭᠤᠯᠵᠦ᠍᠂ ᠮᠠᠨ᠎ᠤ ᠣᠷᠣᠨ᠎ᠤ ᠰᠣᠶᠣᠯ ᠵᠢᠭᠤᠯᠴᠢᠯᠠᠯ᠎ᠤᠨ ᠠᠭᠤᠰᠣᠯᠴᠠᠨ ᠴᠢᠨᠠᠷ ᠰᠠᠢᠲᠠᠢ ᠬᠦᠭ᠌ᠵᠢᠬᠦ᠌ ᠪᠠ ᠰᠣᠲᠣᠨ ᠪᠦᠲᠦᠭᠡᠯ᠎ᠢ ᠵᠣᠬᠢᠶᠠᠨ ᠪᠦᠲᠦᠭᠡᠬᠦ᠌᠎ᠪᠠᠷ ᠬᠦᠴᠦᠯᠡᠨ ᠴᠢᠷᠮᠠᠢᠨ᠎ᠠ᠃

ᠲᠣᠮᠲᠠᠲᠣ ᠣᠯᠣᠰ᠎ᠤᠨ ᠡᠪ ᠬᠠᠮᠲᠣ ᠨᠠᠮ᠎ᠤᠨ ᠦᠪᠦᠷ ᠮᠣᠩᠭᠤᠯ᠎ᠤᠨ ᠠᠵᠢᠯ᠎ᠤᠨ ᠵᠦᠪᠯᠡᠯ᠎ᠤᠨ ᠠᠯᠪᠠᠯᠠᠬᠤ ᠠᠰᠠᠷ᠎ᠤᠨ ᠪᠠᠭᠤᠷᠢ᠃
ᠣᠢᠷ᠎ᠠ᠎ᠶ᠋ᠢᠨ ᠵᠢᠯ᠎ᠠᠴᠠ ᠨᠠᠭᠠᠰᠢ᠂ ᠮᠠᠨ᠎ᠤ ᠣᠷᠣᠨ ᠬᠤᠪᠢᠰᠭᠠᠯᠲᠦ ᠭᠤᠣᠯ ᠰᠡᠲᠦᠪ ᠪᠦᠬᠦᠢ ᠣᠳᠭ᠎ᠠ ᠣᠷᠠᠯᠢᠬ᠎ᠤᠨ ᠰᠣᠲᠣᠨ ᠪᠦᠲᠦᠭᠡᠯ᠎ᠢ ᠵᠣᠬᠢᠶᠠᠨ ᠪᠦᠲᠦᠭᠡᠬᠦ᠌᠎ᠪᠠᠷ ᠲᠠᠮᠵᠢᠭᠤᠯᠣᠨ᠂ ᠬᠤᠪᠢᠰᠭᠠᠯ᠎ᠤᠨ ᠦᠯᠢᠭᠡᠷ᠎ᠢ ᠦᠷᠭᠡᠨ᠎ᠢᠶᠠᠷ ᠣᠯᠠᠮᠵᠢᠯᠠᠪᠠ᠃ ᠪᠦᠵᠢᠭ᠌᠎ᠲᠦ ᠵᠦᠴᠦᠭᠡ 《ᠮᠣᠷᠢᠲᠣ ᠵᠦᠴᠦᠭᠡ》 ᠲᠠᠭᠤᠯᠠᠯᠲᠣ ᠵᠦᠴᠦᠭᠡ 《ᠵᠠᠩᠭᠠᠷ》 ᠶᠠᠷᠢᠶᠠᠲᠣ ᠵᠦᠴᠦᠭᠡ 《ᠪᠣᠯᠤ᠎ᠤᠨ ᠬᠡᠷᠬᠢᠨ ᠬᠠᠲᠠᠭᠠᠬ᠍ᠲᠠᠬ᠍ᠰᠠᠨ ᠪᠣᠢ》 ᠰᠣᠩᠭᠤᠲᠠᠬ ᠪᠦᠲᠦᠭᠡᠯ᠎ᠢ ᠲᠠᠬᠢᠨ ᠨᠠᠢᠷᠠᠭᠤᠯᠣᠬ᠍ᠰᠠᠨ ᠪᠦᠵᠢᠭ᠌᠎ᠲᠦ ᠵᠦᠴᠦᠭᠡ 《ᠲᠠᠯ᠎ᠠ ᠨᠣᠲᠤᠬ᠎ᠤᠨ ᠪᠢᠴᠢᠬᠠᠨ ᠪᠠᠭᠠᠲᠣᠷ ᠡᠭᠡᠴᠢ ᠦᠬᠢᠨ ᠲᠡᠬᠦᠦ ᠬᠤᠶᠠᠭᠤᠯᠠ》᠂ ᠢᠵᠠᠭᠤᠷ ᠲᠠᠭᠤᠣ ᠬᠦᠭ᠌ᠵᠢᠮ 《ᠮᠠᠯᠴᠢᠨ ᠲᠦᠮᠡᠨ ᠡᠪ ᠬᠠᠮᠲᠣ ᠨᠠᠮ᠎ᠢᠶᠠᠨ ᠮᠠᠬ᠍ᠲᠠᠨ ᠲᠠᠭᠤᠯᠠᠨ᠎ᠠ》᠂ ᠵᠢᠵᠢᠭ ᠦᠯᠢᠭᠡᠷ 《ᠲᠠᠯ᠎ᠠ᠎ᠶ᠋ᠢᠨ ᠬᠦᠦ》 ᠵᠡᠷᠭᠡ 7 ᠪᠦᠲᠦᠭᠡᠯ᠎ᠨᠢ ᠰᠣᠶᠣᠯ ᠵᠢᠭᠤᠯᠴᠢᠯᠠᠯ᠎ᠤᠨ ᠶᠠᠮᠣᠨ᠎ᠤ 《ᠵᠠᠭᠤᠨ ᠵᠢᠯ᠎ᠤᠨ ᠵᠠᠭᠤᠨ ᠪᠦᠲᠦᠭᠡᠯ》 ᠤᠨ ᠱᠢᠯᠢᠲᠡᠭ ᠪᠦᠲᠦᠭᠡᠯ᠎ᠳᠤ ᠰᠣᠩᠭᠤᠬ᠍ᠲᠠᠬ᠍ᠰᠠᠨ ᠪᠠᠢᠨ᠎ᠠ᠃
ᠪᠦᠵᠢᠭ᠌᠎ᠲᠦ ᠵᠦᠴᠦᠭᠡ 《ᠮᠣᠷᠢᠲᠣ ᠴᠡᠷᠢᠭ》᠂ ᠱᠢᠮᠹᠣᠨᠢ ᠬᠦᠭ᠌ᠵᠢᠮ 《ᠲᠤᠬ》᠂ ᠲᠠᠭᠤᠣ ᠬᠦᠭ᠌ᠵᠢᠮ᠎ᠲᠦ ᠵᠦᠴᠦᠭᠡ 《ᠬᠦᠲᠡᠭᠡ ᠲᠠᠯ᠎ᠠ᠎ᠳᠤ ᠮᠦᠩᠬᠡ᠎ᠶ᠋ᠢᠨ ᠨᠠᠷᠠᠨ ᠰᠠᠴᠤᠷᠠᠨ ᠮᠠᠨᠲᠣᠯᠠ》 ᠵᠡᠷᠭᠡ 3 ᠪᠦᠲᠦᠭᠡᠯ᠎ᠨᠢ ᠲᠦᠪ᠎ᠤᠨ ᠣᠬᠠᠭᠤᠯᠬᠤ ᠬᠡᠯᠲᠡᠰ᠂ ᠰᠣᠶᠣᠯ ᠵᠢᠭᠤᠯᠴᠢᠯᠠᠯ᠎ᠤᠨ ᠶᠠᠮᠣᠨ ᠪᠣᠯᠣᠨ ᠲᠣᠮᠲᠠᠲᠣ ᠣᠯᠣᠰ᠎ᠤᠨ ᠣᠳᠭ᠎ᠠ ᠣᠷᠠᠯᠢᠬ᠎ᠤᠨ᠎ᠬᠢᠨ᠎ᠤ ᠬᠤᠯᠪᠣᠭ᠎ᠠ᠎ᠶ᠋ᠢᠨ ᠨᠠᠮ ᠪᠠᠢᠭᠤᠯᠣᠬ᠍ᠲᠠᠬ᠍ᠰᠠᠨ 100 ᠵᠢᠯ᠎ᠤᠨ ᠣᠢ᠎ᠶ᠋ᠢᠨ ᠱᠢᠯᠢᠲᠡᠭ ᠦᠵᠡᠬᠦᠯᠭᠡ᠎ᠶ᠋ᠢᠨ ᠪᠦᠲᠦᠭᠡᠯ᠎ᠳᠤ ᠰᠣᠩᠭᠤᠬ᠍ᠲᠠᠪᠠ᠃ ᠪᠦᠵᠢᠭ᠌᠎ᠲᠦ ᠵᠦᠴᠦᠭᠡ 《ᠮᠣᠷᠢᠲᠣ ᠴᠡᠷᠢᠭ》 ᠢ ᠪᠡᠭᠡᠵᠢᠩ᠂ ᠱᠠᠩᠬᠠᠢ᠂ ᠬᠦᠬᠡᠬᠤᠲᠠ᠎ᠳᠤ ᠨᠡᠢᠲᠡ 13 ᠲᠠᠯᠠᠪᠠᠢ ᠲᠣᠬ᠍ᠯᠠᠵᠦ᠍᠂ 《ᠲᠠᠯ᠎ᠠ ᠨᠣᠲᠤᠬ᠎ᠤᠨ ᠪᠢᠴᠢᠬᠠᠨ ᠪᠠᠭᠠᠲᠣᠷ ᠡᠭᠡᠴᠢ ᠦᠬᠢᠨ ᠲᠡᠬᠦᠦ ᠬᠤᠶᠠᠭᠤᠯᠠ》 ᠶ᠋ᠢ ᠬᠦᠬᠡᠬᠤᠲᠠ᠂ ᠪᠣᠭᠤᠲᠣ᠂ ᠣᠷᠲᠣᠰ ᠵᠡᠷᠭᠡ ᠭᠠᠵᠠᠷ᠎ᠲᠤ 10 ᠲᠠᠯᠠᠪᠠᠢ ᠲᠣᠬ᠍ᠯᠠᠵᠦ᠍᠂ 《ᠨᠠᠮ᠎ᠤᠨ ᠲᠤᠬ ᠦᠨᠳᠦᠷ᠎ᠲᠤ ᠨᠠᠮᠢᠷᠠᠨ᠎ᠠ》 — ᠪᠦᠬᠦ᠌ ᠣᠷᠣᠨ᠎ᠤ ᠣᠯᠠᠭᠠᠨᠮᠦᠴᠢᠷ᠎ᠤᠨ ᠦᠨᠳᠦᠰᠦᠨ ᠱᠠᠲᠣᠨ᠎ᠳᠤ ᠦᠢᠯᠡᠴᠢᠯᠡᠬᠦ᠌ ᠠᠵᠢᠯᠯᠠᠭ᠎ᠠ᠎ᠨᠢ ᠨᠡᠢᠲᠡ 1200 ᠭᠠᠷᠣᠢ ᠲᠠᠯᠠᠪᠠᠢ ᠲᠣᠬ᠍ᠯᠠᠯᠲᠠ ᠭᠠᠷᠭᠠᠪᠠ᠃
ᠬᠤᠪᠢᠰᠭᠠᠯ᠎ᠤᠨ ᠦᠯᠢᠭᠡᠷ᠎ᠢ ᠣᠬᠠᠭᠤᠯᠣᠨ ᠲᠠᠢᠯᠪᠣᠷᠢᠯᠠᠬᠤ ᠴᠢᠲᠠᠪᠣᠷᠢᠲᠠᠨ᠎ᠤ ᠡᠩᠨᠡᠭᠡ᠎ᠶ᠋ᠢᠨ ᠪᠠᠢᠭᠤᠯᠣᠯᠲᠠ ᠪᠣᠯ ᠬᠤᠪᠢᠰᠭᠠᠯ᠎ᠤᠨ ᠦᠯᠢᠭᠡᠷ᠎ᠢ ᠰᠠᠢᠲᠣᠷ ᠶᠠᠷᠢᠬᠤ᠎ᠶ᠋ᠢᠨ ᠵᠦᠭᠡᠯᠡᠨ ᠪᠣᠲᠠᠲᠣ ᠬᠦᠴᠦᠨ ᠪᠣᠯᠣᠨ᠎ᠠ᠃ ᠬᠤᠪᠢᠰᠭᠠᠯᠲᠣ ᠵᠢᠭᠤᠯᠴᠢᠯᠠᠯ᠎ᠤᠨ ᠬᠠᠮᠢᠶᠠᠷᠣᠯᠲᠠ᠎ᠶ᠋ᠢᠨ ᠠᠵᠢᠯᠲᠠᠨ᠂ ᠵᠠᠮᠴᠢ ᠪᠣᠯᠣᠨ ᠲᠠᠢᠯᠪᠣᠷᠢᠯᠠᠯᠲᠠᠶ᠋ᠢᠨ ᠲᠣᠬᠠᠢᠯᠠᠬ᠍ᠰᠠᠨ ᠠᠵᠢᠯ᠎ᠤᠨ ᠶᠣᠰᠣ ᠰᠣᠷᠲᠠᠬᠤᠨᠤ ᠬᠦᠮᠦᠵᠢᠯ ᠪᠣᠯᠣᠨ ᠲᠣᠬᠠᠢᠯᠠᠬ᠍ᠰᠠᠨ ᠠᠵᠢᠯ᠎ᠤᠨ ᠮᠡᠷᠭᠡᠵᠢᠯ ᠪᠣᠯᠪᠠᠰᠣᠷᠠᠯ᠎ᠢ ᠴᠢᠩᠭᠠᠳᠭᠠᠬᠤ᠎ᠶ᠋ᠢᠨ ᠲᠦᠯᠦᠭᠡ᠂ ᠬᠤᠪᠢᠰᠭᠠᠯᠲᠣ ᠵᠢᠭᠤᠯᠴᠢᠯᠠᠯ᠎ᠤᠨ ᠦᠢᠯᠡᠴᠢᠯᠡᠭᠡ᠎ᠶ᠋ᠢᠨ ᠲᠣᠰᠭᠠᠢᠵᠢᠯ᠂ ᠲᠦᠷᠢᠮᠵᠢᠯ᠎ᠤᠨ ᠬᠦᠭ᠌ᠵᠢᠯᠲᠡ᠎ᠶ᠋ᠢ ᠠᠬᠢᠭᠤᠯᠪᠠ᠃ ᠦᠪᠦᠷ ᠮᠣᠩᠭᠤᠯ᠎ᠤᠨ ᠰᠣᠶᠣᠯ ᠵᠢᠭᠤᠯᠴᠢᠯᠠᠯ᠎ᠤᠨ ᠲᠢᠩᠬᠢᠮ᠎ᠤᠨ ᠣᠯᠠᠨ ᠨᠡᠢᠲᠡ᠎ᠶ᠋ᠢᠨ ᠦᠢᠯᠡᠴᠢᠯᠡᠭᠡᠨ᠎ᠤ ᠭᠠᠵᠠᠷ᠎ᠤᠨ ᠲᠠᠷᠤᠭ᠎ᠠ ᠪᠠᠢ ᠵᠢᠶᠦ᠋ᠨ ᠮᠢᠩ ᠲᠠᠨᠢᠯᠴᠠᠭᠤᠯᠬᠤ᠎ᠳᠠᠭᠠᠨ᠂ ᠡᠨᠡ ᠵᠢᠯ ᠪᠠᠰᠠ ᠪᠦᠬᠦ᠌ ᠣᠷᠣᠨ᠎ᠤ ᠬᠤᠪᠢᠰᠭᠠᠯ᠎ᠤᠨ ᠦᠯᠢᠭᠡᠷ᠎ᠤᠨ ᠲᠠᠢᠯᠪᠣᠷᠢᠯᠠᠬ᠍ᠴᠢᠶ᠋ᠢᠨ ᠣᠷᠣᠯᠲᠣᠭᠠᠨᠢ ᠡᠷᠬᠢᠯᠡᠵᠦ᠍᠂ ᠣᠯᠣᠰ ᠲᠦᠷᠦ᠍ ᠬᠢᠷᠢ ᠲᠡᠩᠴᠡᠭ᠌ᠰᠡᠨ᠂ ᠲᠣᠬᠠᠢᠯᠠᠬ᠍ᠰᠠᠨ ᠠᠵᠢᠯ᠎ᠳᠠᠭᠠᠨ ᠴᠠᠭᠠᠷᠠᠬ᠍ᠰᠠᠨ ᠬᠤᠪᠢᠰᠭᠠᠯᠲᠣ ᠵᠢᠭᠤᠯᠴᠢᠯᠠᠯ᠎ᠤᠨ ᠴᠢᠲᠠᠪᠣᠷᠢᠲᠠᠨ᠎ᠤ ᠡᠩᠨᠡᠭᠡ᠎ᠶ᠋ᠢ ᠴᠢᠷᠮᠠᠢᠨ ᠪᠠᠢᠭᠤᠯᠵᠦ᠍᠂ ᠵᠢᠭᠤᠯᠴᠢᠳ᠎ᠲᠤ ᠱᠢᠯᠢᠲᠡᠭ ᠦᠢᠯᠡᠴᠢᠯᠡᠭᠡ ᠬᠠᠩᠭᠠᠬᠤ ᠪᠣᠯᠣᠨ᠎ᠠ᠃
(ᠭᠡᠷᠡᠯ ᠵᠢᠷᠤᠬ᠎ᠢ ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠶᠣᠯ ᠵᠢᠭᠤᠯᠴᠢᠯᠠᠯ᠎ᠤᠨ ᠲᠢᠩᠬᠢᠮ ᠬᠠᠩᠭᠠᠪᠠ)