ᠨᠠᠮ᠎ᠤᠨ ᠬᠠᠢᠷ᠎ᠠ ᠤᠯᠭᠤᠶᠠ ᠎ᠶ᠋ᠢ ᠢᠪᠡᠭᠡᠨ᠎ᠡ
2021-07-01 08:30:37
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

4026289_alm_1624710536778_m.jpg


6 ᠳ᠋ᠤᠭᠠᠷ ᠰᠠᠷ᠎ᠠ᠎ᠶ᠋ᠢᠨ 16 ᠎ᠤ ᠡᠳᠦᠷ᠂ ᠥᠪᠥᠷ ᠮᠣᠩᠭᠤᠯ᠎ᠤᠨ ᠡᠳᠦᠷ᠎ᠤᠨ ᠰᠣᠨᠢᠨ᠎ᠤ ᠬᠤᠷᠢᠶ᠎ᠠ᠎ᠶ᠋ᠢᠨ ᠨᠠᠮ ᠪᠠᠢᠭᠤᠯᠤᠭ᠍ᠳᠠᠭ᠍ᠰᠠᠨ 100 ᠵᠢᠯ᠎ᠤᠨ ᠣᠶ᠎ᠶ᠋ᠢ ᠪᠡᠯᠭᠡᠯᠡᠬᠦ᠌ 《〈ᠡᠭᠦᠷᠢᠳᠡ ᠨᠠᠮ᠎ᠢᠶᠠᠨ ᠳᠠᠭᠠᠨ᠎ᠠ〉 ᠡᠭᠦᠯᠡᠨ ᠬᠦᠯᠦᠭ · ᠵᠠᠭᠤᠨ ᠰᠤᠷᠪᠤᠯᠵᠢᠯᠠᠭ᠍ᠴᠢ᠎ᠶ᠋ᠢᠨ ᠲᠦᠮᠡᠨ ᠭᠠᠵᠠᠷ᠎ᠤᠨ ᠠᠶᠠᠯᠠᠯ》 ᠎ᠤᠨ ᠲᠣᠮᠣ ᠬᠡᠯᠪᠡᠷᠢ᠎ᠶ᠋ᠢᠨ ᠳᠠᠮᠵᠢᠭᠤᠯᠭ᠎ᠠ᠎ᠶ᠋ᠢᠨ ᠠᠵᠢᠯᠯᠠᠭ᠎ᠠ᠎ᠶ᠋ᠢᠨ ᠵᠡᠭᠦᠨ ᠵᠠᠮ᠎ᠤᠨ ᠰᠤᠷᠪᠤᠯᠵᠢᠯᠠᠬᠤ ᠳᠤᠭᠤᠢᠯᠠᠩ ᠣᠯᠭᠤᠶᠠ᠎ᠶ᠋ᠢᠨ ᠠᠩᠴᠢᠨ ᠠᠢᠮᠠᠭ᠎ᠲᠤ ᠬᠦᠷᠴᠦ᠍᠂ ᠲᠡᠳᠡᠨ᠎ᠤ ᠵᠠᠭᠤᠨ ᠵᠢᠯ᠎ᠤᠨ ᠲᠤᠷᠱᠢᠬᠢ ᠬᠤᠪᠢᠷᠠᠯᠲᠠ ᠬᠦᠭ᠌ᠵᠢᠯᠳᠡ᠎ᠶ᠋ᠢ ᠰᠤᠷᠪᠤᠯᠵᠢᠯᠠᠯ᠎ᠠ᠃

《ᠣᠯᠭᠤᠶᠠ》 ᠭᠡᠳᠡᠭ ᠪᠣᠯ ᠡᠸᠡᠩᠬᠢ ᠬᠡᠯᠡᠨ᠎ᠤ 《ᠤᠯᠢᠶᠠᠰᠤᠨ ᠣᠶ ᠢᠭ᠍ᠴᠤ ᠰᠠᠬᠤᠯᠢᠭ ᠭᠠᠵᠠᠷ》 ᠭᠡᠰᠡᠨ ᠤᠳᠭ᠎ᠠ᠎ᠲᠠᠢ ᠦᠭᠡ ᠪᠣᠯᠤᠨ᠎ᠠ᠂ ᠠᠳᠡ ᠡᠸᠡᠩᠬᠢ᠂ ᠬᠢᠲᠠᠳ᠂ ᠣᠷᠴᠣᠨ᠂ ᠳᠠᠭᠤᠷ᠂ ᠣᠷᠣᠰ᠂ ᠮᠣᠩᠭᠤᠯ᠂ ᠮᠠᠨᠵᠤ᠂ ᠬᠤᠲᠣᠩ᠂ ᠲᠦᠵᠢᠶᠠ ᠵᠡᠷᠭᠡ 9 ᠦᠨᠳᠦᠰᠦᠲᠡᠨ ᠠᠵᠤ ᠲᠦᠷᠦᠵᠦ᠍᠂ ᠨᠡᠢᠳᠡ 1446 ᠬᠦᠮᠦᠨ ᠠᠮᠠ᠎ᠲᠠᠢ᠃ ᠤᠯᠭᠤᠶᠠ ᠱᠢᠶᠠᠩ᠎ᠳᠤ ᠰᠠᠭᠤᠭ᠎ᠠ ᠴᠠᠳᠠᠨ ᠡᠸᠡᠩᠬᠢᠴᠤᠳ ᠪᠣᠯ ᠮᠠᠨ᠎ᠤ ᠤᠯᠤᠰ᠎ᠤᠨ ᠡᠸᠡᠩᠬᠢ ᠦᠨᠳᠦᠰᠦᠲᠡᠨ᠎ᠤ ᠨᠢᠭᠡ ᠠᠢᠮᠠᠭ ᠪᠣᠯᠤᠨ᠎ᠠ᠃

ᠴᠢᠯᠥᠭᠡᠯᠡᠭ᠌ᠳᠡᠬᠦ᠌᠎ᠠᠴᠠ ᠡᠮᠦᠨ᠎ᠡ᠂ ᠴᠠᠳᠠᠨ ᠡᠸᠡᠩᠬᠢᠴᠤᠳ ᠪᠠᠯᠠᠷ ᠣᠶ᠎ᠳᠤ ᠤᠯᠠᠮᠵᠢᠯᠠᠯᠲᠤ ᠠᠩ ᠠᠩᠨᠠᠯ ᠬᠢᠵᠦ᠍᠂ ᠠᠵᠤ ᠠᠮᠢᠳᠤᠷᠠᠯ᠎ᠨᠢ ᠲᠦᠢᠯ᠎ᠤᠨ ᠪᠡᠷᠭᠡ ᠬᠠᠲᠠᠭᠤᠵᠢᠯᠲᠠᠶ ᠪᠠᠢᠪᠠ᠃ ᠴᠢᠯᠥᠭᠡᠯᠡᠭ᠌ᠳᠡᠭ᠌ᠰᠡᠨ᠎ᠤ ᠡᠬᠢᠨ᠎ᠤ ᠦᠶ᠎ᠡ᠎ᠶ᠋ᠢᠨ ᠪᠦᠷᠢᠳᠭᠡᠯ᠎ᠢ ᠦᠨᠳᠦᠰᠦᠯᠡᠪᠡᠯ᠂ ᠲᠤᠬᠠᠢ᠎ᠶ᠋ᠢᠨ ᠦᠶ᠎ᠡ᠎ᠳᠤ ᠡᠸᠡᠩᠬᠢ ᠠᠢᠮᠠᠭ᠎ᠲᠤ 136 ᠬᠥᠮᠦᠨ ᠯᠡ ᠦᠯᠡᠳᠡᠵᠡᠢ᠃

ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ᠎ᠤ ᠳᠠᠷᠠᠭ᠎ᠠ᠂ ᠴᠠᠳᠠᠨ ᠡᠸᠡᠩᠬᠢᠴᠤᠳ ᠢᠳᠡᠭ ᠢᠳᠡᠭ᠎ᠢᠶᠠᠷ ᠦᠨᠳᠦᠰᠦᠲᠡᠨ᠎ᠤ ᠶᠡᠭᠡ ᠬᠡᠷ ᠪᠦᠯᠢ᠎ᠳᠤ ᠠᠭᠤᠰᠤᠯᠴᠠᠨ ᠣᠷᠣᠪᠠ᠃ 《ᠬᠡᠷᠪᠡ ᠬᠥᠮᠦᠨ ᠳᠤᠮᠳᠠᠴᠢ ᠲᠦᠪᠱᠢᠨ᠎ᠢᠶᠠᠷ ᠦᠵᠡᠪᠡᠯ᠂ 70 ᠭᠠᠷᠤᠶ ᠵᠢᠯ᠎ᠤᠨ ᠲᠤᠷᠰᠢ ᠮᠠᠨ᠎ᠤ ᠴᠠᠳᠠᠨ ᠡᠸᠡᠩᠬᠢᠴᠤᠳ ᠪᠤᠯ ᠤᠯᠤᠰ᠎ᠤᠨ ᠳᠣᠲᠣᠭᠠᠳᠤ᠎ᠶ᠋ᠢᠨ ᠬᠥᠮᠦᠨ᠎ᠤ ᠲᠤᠭ᠎ᠠ᠎ᠪᠠᠷ ᠬᠠᠮᠤᠭ᠎ᠤᠨ ᠴᠥᠭᠡᠨ ᠴᠤ᠌ ᠬᠦᠷᠳᠡᠭ᠌ᠰᠡᠨ ᠠᠱᠢᠭ᠎ᠢᠶᠠᠷ ᠬᠠᠮᠤᠭ᠎ᠤᠨ ᠤᠯᠠᠨ ᠬᠠᠮᠲᠤ ᠨᠡᠢᠳᠡ ᠪᠣᠯᠤᠨ᠎ᠠ》 ᠭᠡᠵᠦ᠍ ᠭᠡᠭᠡᠨ ᠭᠤᠤᠯ ᠬᠤᠲᠠ᠎ᠶ᠋ᠢᠨ ᠣᠯᠭᠤᠶᠠ ᠡᠸᠡᠩᠬᠢ ᠦᠨᠳᠦᠰᠦᠲᠡᠨ᠎ᠤ ᠱᠢᠶᠠᠩ᠎ᠤᠨ ᠤᠬᠠᠭᠤᠯᠬᠤ ᠭᠡᠱᠢᠭᠦᠨ᠂ ᠡᠸᠡᠩᠭᠢ ᠬᠡᠤᠬᠡᠨ ᠡᠦ ᠳ᠋ᠠᠨ ᠬᠡᠯᠡᠨ᠎ᠡ᠃ ᠲᠡᠭᠦᠨ᠎ᠤ ᠬᠡᠯᠡᠬᠦ᠌᠎ᠪᠠᠷ ᠣᠳᠣᠬᠠᠨ᠎ᠳᠤ ᠡᠸᠡᠩᠬᠢ ᠠᠩᠴᠢᠨ 200 ᠭᠠᠷᠤᠢ ᠬᠥᠮᠦᠨ᠂ ᠴᠠ ᠪᠤᠭᠤ ᠮᠢᠩᠭ᠎ᠠ ᠭᠠᠷᠤᠢ ᠲᠤᠯᠤᠭᠠᠢ ᠪᠠᠢᠨ᠎ᠠ᠃

ᠤᠯᠤᠰ ᠪᠠᠢᠭᠤᠯᠤᠭ᠍ᠳᠠᠭ᠍ᠰᠠᠨ᠎ᠠᠴᠠ ᠣᠳᠣ ᠪᠣᠯᠲᠠᠯ᠎ᠠ᠂ ᠰᠠᠭᠤᠷᠢᠱᠢᠭᠤᠯᠬᠤ᠎ᠨᠢ ᠵᠠᠰᠠᠭ᠎ᠤᠨ ᠣᠷᠳᠣᠨ᠎ᠠᠴᠠ ᠴᠠᠳᠠᠨ ᠡᠸᠡᠩᠬᠢᠴᠤᠳ᠎ᠢ ᠬᠥᠲᠥᠯᠥᠨ ᠵᠢᠯᠣᠭᠤᠳᠴᠤ᠌ ᠣᠳᠣ ᠦᠶ᠎ᠡ᠎ᠶ᠋ᠢᠨ ᠨᠡᠢᠭᠡᠮ᠎ᠳᠤ ᠠᠭᠤᠰᠤᠯᠴᠠᠭᠤᠯᠬᠤ ᠠᠷᠭ᠎ᠠ ᠵᠠᠮ ᠪᠤᠯᠤᠬ᠍ᠰᠠᠭᠠᠷ ᠢᠷᠡᠪᠡ᠃ ᠲᠡᠳᠡ ᠤᠷᠢᠳ ᠬᠤᠵᠢᠳ ᠴᠢ ᠴᠢᠶᠠᠨ᠂ ᠣᠯᠭᠤᠶᠠ᠂ ᠭᠡᠭᠡᠨ ᠭᠤᠤᠯ ᠵᠡᠷᠭᠡ ᠭᠤᠷᠪᠠᠨ ᠰᠠᠭᠤᠷᠢᠱᠢᠯ ᠴᠡᠭ ᠪᠠᠢᠭᠤᠯᠵᠤ᠂ ᠴᠠ ᠪᠤᠭᠤ᠎ᠶ᠋ᠢᠨ ᠰᠦᠷᠦᠭ ᠴᠦ᠍ ᠦᠰᠴᠦ᠍ ᠦᠷᠡᠵᠢᠭᠡᠳ ᠬᠡᠳᠦᠨᠲᠡ ᠮᠢᠩᠭ᠎ᠠ᠎ᠶ᠋ᠢ ᠳᠠᠪᠠᠵᠠᠶ᠃ ᠠᠮᠢ ᠠᠬᠤᠢ᠎ᠶ᠋ᠢᠨ ᠨᠡᠭᠦᠳᠡᠯ ᠠᠷᠠᠳ᠎ᠢ ᠨᠡᠭᠦᠯᠭᠡᠭ᠌ᠰᠡᠨ᠎ᠤ ᠳᠠᠷᠠᠭ᠎ᠠ᠂ ᠭᠡᠭᠡᠨ ᠭᠤᠣᠯ ᠬᠤᠲᠠ᠎ᠶ᠋ᠢᠨ᠎ᠬᠢᠨ ᠣᠯᠭᠤᠶᠠ᠎ᠶ᠋ᠢᠨ ᠵᠢᠭᠤᠯᠴᠢᠯᠠᠯ᠎ᠤᠨ ᠨᠡᠷᠡᠲᠦ ᠲᠡᠮᠳᠡᠭ᠎ᠢ ᠶᠡᠬᠡᠪᠡᠷ ᠨᠡᠭᠡᠭᠡᠨ ᠬᠥᠭ᠌ᠵᠢᠭᠦᠯᠦᠭ᠌ᠰᠡᠨ ᠪᠦᠭᠡᠳ ᠪᠠᠰᠠ ᠤᠢ᠍ᠢᠰᠤ᠂ ᠠᠷᠠᠰᠤ ᠱᠢᠷᠢ᠎ᠪᠠᠷ ᠲᠦᠭᠦᠬᠡᠶ ᠮᠠᠲ᠋ᠧᠷᠢᠶᠠᠯ ᠪᠣᠯᠭᠠᠨ᠂ ᠦᠪᠡᠷᠮᠢᠴᠡ ᠣᠨᠴᠠᠯᠢᠭ᠍ᠳᠤ ᠭᠠᠷ ᠤᠷᠠᠯᠠᠯ᠎ᠤᠨ ᠪᠦᠲᠦᠭᠡᠭ᠌ᠳᠡᠬᠦᠨ᠎ᠢ ᠡᠭᠦᠳᠦᠨ ᠪᠦᠲᠦᠭᠡᠪᠡ᠃

ᠣᠯᠭᠤᠶᠠ ᠪᠤᠯ ᠳᠤᠮᠳᠠᠳᠤ ᠤᠯᠤᠰ᠎ᠤᠨ ᠳᠡᠯᠡᠬᠡᠶ ᠳ᠋ᠠᠬᠢᠨ᠎ᠯᠤᠭ᠎ᠠ ᠬᠠᠷᠢᠯᠴᠠᠬᠤ ᠨᠢᠭᠡᠨ ᠨᠡᠷ᠎ᠡ᠎ᠶ᠋ᠢᠨ ᠬᠠᠭᠤᠳᠠᠰᠤ ᠪᠢᠯᠡ᠃ 2008 ᠣᠨ᠎ᠤ 6 ᠰᠠᠷ᠎ᠠ᠎ᠳᠤ᠂ ᠣᠯᠭᠤᠶᠠ᠎ᠶ᠋ᠢᠨ ᠡᠸᠡᠩᠬᠢ ᠦᠨᠳᠦᠰᠦᠲᠡᠨ᠎ᠤ 5 ᠠᠩᠴᠢᠨ ᠠᠢᠮᠠᠭ ᠣᠯᠠᠨ ᠤᠯᠤᠰ᠎ᠤᠨ ᠴᠠ ᠪᠤᠭᠤ ᠲᠡᠵᠢᠭᠡᠨ ᠦᠷᠡᠵᠢᠭᠦᠯᠦᠭ᠌ᠴᠢᠳ᠎ᠤᠨ ᠨᠡᠢᠭᠡᠮᠯᠢᠭ᠎ᠲᠤ ᠣᠷᠣᠪᠠ; 2013 ᠣᠨ᠎ᠤ 7 ᠰᠠᠷ᠎ᠠ᠎ᠳᠤ᠂ ᠤᠯᠭᠤᠶᠠ ᠱᠢᠶᠠᠩ ᠲᠠᠪᠤᠳᠤᠭᠠᠷ ᠬᠤᠭᠤᠴᠠᠭᠠᠨ᠎ᠤ ᠳᠡᠯᠡᠬᠡᠢ᠎ᠶ᠋ᠢᠨ ᠴᠠ ᠪᠤᠭᠤ ᠲᠡᠵᠢᠭᠡᠨ ᠦᠷᠡᠵᠢᠭᠦᠯᠦᠭ᠌ᠴᠢᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠢ ᠡᠷᠬᠢᠯᠡᠨ ᠬᠤᠷᠠᠯᠳᠤᠭᠤᠯᠬᠤ᠎ᠳᠤ᠂ ᠰᠸᠧᠳᠧᠨ᠂ ᠹᠢᠨᠯᠠᠨᠳ᠋᠂ ᠨᠣᠷᠸᠠᠢ ᠵᠡᠷᠭᠡ 9 ᠤᠯᠤᠰ᠎ᠤᠨ 200 ᠭᠠᠷᠤᠢ ᠲᠥᠯᠥᠭᠡᠯᠡᠭ᠌ᠴᠢ ᠬᠤᠷᠠᠯ᠎ᠳᠤ ᠢᠷᠡᠵᠦ᠍ ᠣᠷᠣᠯᠴᠠᠭ᠍ᠰᠠᠨ ᠶᠤᠮ᠃


 

《〈ᠡᠭᠦᠷᠢᠳᠡ ᠨᠠᠮ᠎ᠢᠶᠠᠨ ᠳᠠᠭᠠᠨ᠎ᠠ〉 ᠡᠭᠦᠯᠡᠨ ᠬᠦᠯᠦᠭ · ᠵᠠᠭᠤᠨ ᠰᠤᠷᠪᠤᠯᠵᠢᠯᠠᠭ᠍ᠴᠢ᠎ᠶ᠋ᠢᠨ ᠲᠦᠮᠡᠨ ᠭᠠᠵᠠᠷ᠎ᠤᠨ ᠠᠶᠠᠯᠠᠯ》 ᠎ᠤᠨ ᠲᠣᠮᠣ ᠬᠡᠯᠪᠡᠷᠢ᠎ᠶ᠋ᠢᠨ ᠳᠠᠮᠵᠢᠭᠤᠯᠭ᠎ᠠ᠎ᠶ᠋ᠢᠨ ᠠᠵᠢᠯᠯᠠᠭ᠎ᠠ

ᠥᠪᠥᠷ ᠮᠤᠩᠭᠤᠯ᠎ᠤᠨ ᠡᠳᠤᠷ᠎ᠤᠨ ᠰᠤᠨᠢᠨ᠎ᠤ ᠬᠤᠷᠢᠶ᠎ᠠ

ᠠᠢᠮᠠᠬ ᠬᠤᠳᠠ᠎ᠶ᠋ᠢᠨ ᠡᠳᠦᠷ᠎ᠤᠨ ᠰᠤᠨᠢᠨ᠎ᠤ ᠬᠤᠷᠢᠶ᠎ᠠ

ᠦᠪᠦᠷ ᠮᠣᠩᠭᠤᠯ ᠎ᠤᠨ ᠬᠤᠱᠢᠭᠤ ᠱᠢᠶᠠᠨ ᠲᠤᠭᠤᠷᠢᠬ ᠎ᠤᠨ ᠬᠠᠮ ᠵᠠᠭᠤᠴᠢᠯᠠᠭᠤᠷ᠎ᠤᠨ ᠲᠥᠪ

  ᠥᠪᠥᠷ ᠮᠣᠩᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ᠎ᠶ᠋ᠢᠨ ᠬᠠᠮ ᠵᠠᠭᠤᠴᠢᠯᠠᠭᠤᠷ᠎ᠤᠨ ᠰᠤᠷᠪᠤᠯᠵᠢᠯᠠᠭ᠍ᠴᠢ ᠼᠠᠢ ᠳ᠋ᠦᠩ ᠮᠧᠶ ᠯᠢ ᠢᠦᠢ ᠵᠦᠸᠧ ᠸᠠᠩ ᠭᠤᠸᠠᠨ ᠵᠢᠩ ᠪᠦᠦ ᠰᠠᠷᠠᠭᠤᠯ᠎ᠶ᠋ᠢᠨ ᠴᠢᠤᠸᠠᠨ ᠴᠤᠪᠤᠭᠤ ᠯᠢ ᠱᠢᠨ ᠵᠢᠶᠦ᠋ᠨ ᠬᠤᠷᠴᠠ ᠭᠤᠤ ᠮᠢᠨ ᠨᠠ ᠭᠦᠸᠧ ᠬᠤᠩ ᠱᠧᠨ

ᠭᠡᠭᠡᠨ ᠭᠤᠤᠯ ᠬᠤᠲᠠ᠎ᠶ᠋ᠢᠨ ᠬᠠᠮ ᠵᠠᠭᠤᠴᠢᠯᠠᠭᠤᠷ᠎ᠤᠨ ᠲᠥᠪ᠎ᠤᠨ ᠰᠤᠷᠪᠤᠯᠵᠢᠯᠠᠭ᠍ᠴᠢ ᠸᠠᠩ ᠬᠠᠢ ᠲᠤᠤ

ᠠᠷᠤᠨ ᠬᠤᠱᠢᠭᠤ᠎ᠶ᠋ᠢᠨ ᠬᠠᠮ ᠵᠠᠭᠤᠴᠢᠯᠠᠭᠤᠷ᠎ᠤᠨ ᠲᠦᠪ᠎ᠤᠨ ᠰᠤᠷᠪᠤᠯᠵᠢᠯᠠᠭ᠍ᠴᠢ ᠸᠧᠨ ᠮᠢᠩ ᠵᠤᠤ ᠵᠢᠩ ᠵᠢᠩ ᠯᠢ ᠭᠠᠩ

ᠲᠦᠩᠯᠢᠶᠤᠤ᠎ᠶ᠋ᠢᠨ ᠡᠳᠦᠷ᠎ᠤᠨ ᠰᠤᠨᠢᠨ᠎ᠤ ᠰᠤᠷᠪᠤᠯᠵᠢᠯᠠᠬ᠍ᠴᠢ ᠵᠠᠩ ᠴᠢ ᠸᠠᠩ ᠯᠢ ᠫᠢᠩ ᠺᠠᠩ ᠭᠦᠢ ᠵᠢᠶᠦ᠋ᠨ ᠴᠢᠮᠡᠭᠡᠯᠡᠭ᠌ᠴᠢ ᠲᠠᠨ ᠶᠠᠨ ᠯᠢ

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号