《ᠵᠢᠵᠢᠭ᠌ᠬᠡᠨ ᠠᠮᠲᠠᠲᠤ ᠬᠡᠮᠬᠡ》 ᠎ᠠᠴᠠ 《ᠵᠢᠷᠭᠠᠯᠲᠤ ᠠᠮᠢᠳᠤᠷᠠᠯ》 ᠠᠮᠳᠠᠯᠠᠭ᠍ᠳᠠᠨ᠎ᠠ
2021-07-01 08:30:45
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

4026280_alm_1624710462039_m.jpg


6 ᠳ᠋ᠤᠭᠠᠷ ᠰᠠᠷ᠎ᠠ᠎ᠶ᠋ᠢᠨ 23 ᠎ᠤ ᠡᠳᠦᠷ᠂ ᠥᠪᠥᠷ ᠮᠣᠩᠭᠤᠯ᠎ᠤᠨ ᠡᠳᠦᠷ᠎ᠤᠨ ᠰᠣᠨᠢᠨ᠎ᠤ ᠬᠤᠷᠢᠶ᠎ᠠ᠎ᠶ᠋ᠢᠨ ᠨᠠᠮ ᠪᠠᠢᠭᠤᠯᠤᠭ᠍ᠳᠠᠭ᠍ᠰᠠᠨ 100 ᠵᠢᠯ᠎ᠤᠨ ᠣᠶ᠎ᠶ᠋ᠢ ᠪᠡᠯᠭᠡᠯᠡᠬᠦ᠌ 《〈ᠡᠭᠦᠷᠢᠳᠡ ᠨᠠᠮ᠎ᠢᠶᠠᠨ ᠳᠠᠭᠠᠨ᠎ᠠ〉 ᠡᠭᠦᠯᠡᠨ ᠬᠦᠯᠦᠭ · ᠵᠠᠭᠤᠨ ᠰᠤᠷᠪᠤᠯᠵᠢᠯᠠᠭ᠍ᠴᠢ᠎ᠶ᠋ᠢᠨ ᠲᠦᠮᠡᠨ ᠭᠠᠵᠠᠷ᠎ᠤᠨ ᠠᠶᠠᠯᠠᠯ》 ᠎ᠤᠨ ᠲᠣᠮᠣ ᠬᠡᠯᠪᠡᠷᠢ᠎ᠶ᠋ᠢᠨ ᠳᠠᠮᠵᠢᠭᠤᠯᠭ᠎ᠠ᠎ᠶ᠋ᠢᠨ ᠠᠵᠢᠯᠯᠠᠭ᠎ᠠ᠎ᠶ᠋ᠢᠨ ᠵᠡᠭᠦᠨ ᠵᠠᠮ᠎ᠤᠨ ᠰᠤᠷᠪᠤᠯᠵᠢᠯᠠᠬᠤ ᠳᠤᠭᠤᠢᠯᠠᠩ ᠲᠦᠴᠢᠦᠸᠠᠨ ᠱᠢᠶᠠᠨ᠎ᠳᠤ ᠬᠦᠷᠴᠦ᠍᠂ ᠵᠡᠭᠦᠨ ᠳᠥᠷᠦᠯᠵᠢ ᠪᠠᠯᠭᠠᠰᠤᠨ᠎ᠤ ᠳ᠋ᠦᠩ ᠴᠢᠤᠸᠠᠨ ᠲᠣᠰᠭᠤᠨ᠎ᠤ ᠠᠮᠲᠠᠲᠤ ᠬᠡᠮᠬᠡ᠎ᠶ᠋ᠢᠨ ᠲᠠᠷᠢᠮᠠᠯ᠎ᠤᠨ ᠲᠣᠮᠣ ᠡᠷᠦᠬᠡ ᠪᠤᠯᠬᠤ ᠭᠤᠤ ᠯᠢᠶᠠᠩ ᠯᠢᠶᠠᠩ᠎ᠤᠨ᠎ᠬᠢᠨ᠎ᠳᠤ ᠬᠦᠷᠦᠯ᠎ᠡ᠃

《ᠡᠨᠡ ᠵᠢᠯ ᠪᠢ 6 ᠬᠦᠯᠡᠮᠵᠢ ᠠᠮᠲᠠᠲᠤ ᠬᠡᠮᠬᠡ ᠲᠠᠷᠢᠭ᠍ᠰᠠᠨ᠂ ᠬᠦᠯᠡᠮᠵᠢ ᠪᠦᠷᠢ᠎ᠠᠴᠠ 2000 ᠭᠠᠷᠤᠢ ᠵᠢᠩ ᠠᠮᠲᠠᠲᠤ ᠬᠡᠮᠬᠡ ᠲᠡᠭᠦᠳᠡᠭ᠂ ᠲᠡᠭᠡᠭᠦᠯᠡᠷ ᠴᠡᠪᠡᠷ ᠠᠱᠢᠭ ᠣᠯᠵᠠᠪᠤᠷᠢ 7 ᠲᠦᠮᠡ ᠭᠠᠷᠤᠢ ᠲᠥᠭᠦᠷᠢᠭ᠎ᠲᠤ ᠬᠦᠷᠴᠢᠭᠡᠨ᠎ᠡ》 ᠭᠡᠳ ᠪᠠᠶᠠᠷᠳᠠᠢᠬᠠᠨ᠃

ᠭᠤᠤ ᠯᠢᠶᠠᠩ ᠯᠢᠶᠠᠩ 2003 ᠣᠨ᠎ᠠᠴᠠ ᠡᠬᠢᠯᠡᠨ ᠠᠮᠲᠠᠲᠤ ᠬᠡᠮᠬᠡ ᠳᠠᠷᠢᠵᠤ᠂ ᠤᠳᠤ ᠨᠢᠭᠡᠨᠳᠡ ᠲᠤᠰᠭᠤᠨ᠎ᠤ᠎ᠪᠠᠨ ᠠᠮᠲᠠᠲᠤ ᠬᠡᠮᠬᠡ ᠳᠠᠷᠢᠬᠤ ᠦᠢᠯᠡᠰ᠎ᠤᠨ ᠪᠠᠶᠠᠵᠢᠯ᠎ᠤᠨ ᠳᠠᠭᠠᠭᠤᠯᠤᠭ᠍ᠴᠢ ᠪᠣᠯᠤᠭ᠍ᠰᠠᠨ ᠶᠤᠮ᠃ ᠲᠣᠰᠭᠤᠨ᠎ᠤ ᠣᠯᠠᠨ᠎ᠤ ᠠᠮᠳᠠᠳᠤ ᠬᠡᠮᠬᠡ ᠲᠠᠷᠢᠬᠤ ᠢᠳᠡᠪᠬᠢᠵᠢᠯ᠎ᠢ ᠲᠠᠢᠴᠢᠯᠠᠬᠤ᠎ᠶ᠋ᠢᠨ ᠲᠦᠯᠦᠭᠡ᠂ 2018 ᠣᠨ᠎ᠳᠤ ᠵᠡᠭᠦᠨ ᠳᠥᠷᠦᠯᠵᠢ ᠪᠠᠯᠭᠠᠰᠤᠨ᠎ᠠᠴᠠ ᠠᠮᠲᠠᠲᠤ ᠬᠡᠮᠬᠡ ᠳᠠᠷᠢᠬᠤ ᠡᠷᠦᠬᠡ᠎ᠳᠤ ᠲᠡᠭ᠌ᠰᠢ ᠳᠥᠷᠪᠡᠯᠵᠢᠨ ᠮᠧᠲᠷ ᠪᠦᠷᠢ᠎ᠳᠤ 30 ᠲᠥᠭᠦᠷᠢᠭ᠎ᠤᠨ ᠨᠥᠬᠦᠪᠥᠷᠢ ᠥᠭ᠌ᠴᠦ ᠣᠯᠠᠨ᠎ᠢ ᠲᠠᠢᠴᠢᠯᠠᠪᠠ᠃ ᠭᠤᠤ ᠯᠢᠶᠠᠩ ᠯᠢᠶᠠᠩ ᠨᠠᠮ᠎ᠤᠨ ᠭᠡᠱᠢᠭᠦᠨ᠎ᠤ ᠳᠠᠭᠠᠭᠤᠯᠬᠤ ᠦᠢᠯᠡᠳᠦᠯ᠎ᠢᠶᠠᠨ ᠢᠳᠡᠪᠬᠢᠲᠡᠢ ᠪᠠᠳᠠᠷᠠᠭᠤᠯᠵᠤ᠂ ᠨᠤᠲᠤᠭ᠎ᠤᠨ ᠤᠯᠠᠨ᠎ᠳᠤ᠎ᠪᠠᠨ ᠠᠮᠳᠠᠳᠤ ᠬᠡᠮᠬᠡ ᠲᠠᠷᠢᠬᠤ ᠲᠤᠷᠱᠢᠯᠭ᠎ᠠ᠂ ᠮᠡᠳᠡᠯᠭᠡ ᠮᠡᠷᠭᠡᠵᠢᠯ᠎ᠢᠶᠠᠨ ᠦᠨ᠎ᠡ ᠲᠥᠯᠥᠪᠦᠷᠢ ᠦᠭᠡᠢ᠎ᠪᠠᠷ ᠵᠢᠭᠠᠨ ᠦᠭ᠌ᠪᠡ᠃

ᠵᠧᠩ ᠢᠦᠶ ᠹᠦ᠋ ᠪᠣᠯ ᠳᠠᠷᠤᠶ ᠦᠶ ᠣᠯᠠᠨ ᠠᠱᠢᠭ ᠬᠦᠷᠲᠡᠭ᠌ᠴᠢ᠎ᠶ᠋ᠢᠨ ᠨᠢᠭᠡ ᠮᠦᠨ᠃ ᠲᠡᠷᠡ 《ᠭᠤᠤ ᠯᠢᠶᠠᠩ ᠯᠢᠶᠠᠩ ᠪᠣᠯ ᠮᠠᠨ᠎ᠤ ᠲᠤᠰᠭᠠᠶ ᠮᠡᠷᠭᠡᠵᠢᠯᠲᠡᠨ ᠱᠢᠦ᠃ ᠪᠢᠳᠡ ᠪᠦᠷ ᠲᠡᠭᠦᠨ᠎ᠢ ᠳᠠᠭᠠᠵᠤ ᠠᠮᠲᠠᠲᠤ ᠬᠡᠮᠬᠡ ᠲᠠᠷᠢᠭᠠᠳ ᠤᠷᠤᠯᠭ᠎ᠠ᠎ᠪᠠᠨ ᠨᠡᠮᠡᠭ᠌ᠳᠡᠭᠦᠯᠦᠭ᠌ᠰᠡᠨ》 ᠭᠡᠵᠦ᠍ ᠪᠠᠢᠯ᠎ᠠ᠃

ᠭᠤᠤ ᠯᠢᠶᠠᠩ ᠯᠢᠶᠠᠩ᠎ᠤᠨ ᠳᠠᠭᠠᠭᠤᠯᠭ᠎ᠠ᠎ᠪᠠᠷ ᠡᠨᠡ ᠵᠢᠯ ᠪᠦᠬᠦ᠌ ᠲᠣᠰᠭᠤᠨ᠎ᠢᠶᠠᠷ᠎ᠢᠶᠠᠨ 100 ᠭᠠᠷᠤᠢ ᠮᠦ᠍ ᠠᠮᠲᠠᠲᠤ ᠬᠡᠮᠬᠡ ᠲᠠᠷᠢᠵᠤ᠂ ᠵᠢᠱ᠌ᠢᠯᠳᠡ᠎ᠪᠠᠷ 80 ᠭᠠᠷᠤᠢ ᠲᠦᠮᠡᠨ ᠲᠥᠭᠦᠷᠢᠭ᠎ᠤᠨ ᠣᠷᠣᠯᠭ᠎ᠠ ᠤᠯᠬᠤ ᠪᠣᠯᠤᠨ᠎ᠠ᠃


 

《〈ᠡᠭᠦᠷᠢᠳᠡ ᠨᠠᠮ᠎ᠢᠶᠠᠨ ᠳᠠᠭᠠᠨ᠎ᠠ〉 ᠡᠭᠦᠯᠡᠨ ᠬᠦᠯᠦᠭ · ᠵᠠᠭᠤᠨ ᠰᠤᠷᠪᠤᠯᠵᠢᠯᠠᠭ᠍ᠴᠢ᠎ᠶ᠋ᠢᠨ ᠲᠦᠮᠡᠨ ᠭᠠᠵᠠᠷ᠎ᠤᠨ ᠠᠶᠠᠯᠠᠯ》 ᠎ᠤᠨ ᠲᠣᠮᠣ ᠬᠡᠯᠪᠡᠷᠢ᠎ᠶ᠋ᠢᠨ ᠳᠠᠮᠵᠢᠭᠤᠯᠭ᠎ᠠ᠎ᠶ᠋ᠢᠨ ᠠᠵᠢᠯᠯᠠᠭ᠎ᠠ

ᠥᠪᠥᠷ ᠮᠤᠩᠭᠤᠯ᠎ᠤᠨ ᠡᠳᠤᠷ᠎ᠤᠨ ᠰᠤᠨᠢᠨ᠎ᠤ ᠬᠤᠷᠢᠶ᠎ᠠ

ᠠᠢᠮᠠᠬ ᠬᠤᠳᠠ᠎ᠶ᠋ᠢᠨ ᠡᠳᠦᠷ᠎ᠤᠨ ᠰᠤᠨᠢᠨ᠎ᠤ ᠬᠤᠷᠢᠶ᠎ᠠ

ᠦᠪᠦᠷ ᠮᠣᠩᠭᠤᠯ ᠎ᠤᠨ ᠬᠤᠱᠢᠭᠤ ᠱᠢᠶᠠᠨ ᠲᠤᠭᠤᠷᠢᠬ ᠎ᠤᠨ ᠬᠠᠮ ᠵᠠᠭᠤᠴᠢᠯᠠᠭᠤᠷ᠎ᠤᠨ ᠲᠥᠪ

 ᠥᠪᠥᠷ ᠮᠣᠩᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ᠎ᠶ᠋ᠢᠨ ᠬᠠᠮ ᠵᠠᠭᠤᠴᠢᠯᠠᠭᠤᠷ᠎ᠤᠨ ᠰᠤᠷᠪᠤᠯᠵᠢᠯᠠᠭ᠍ᠴᠢ ᠼᠠᠢ ᠳ᠋ᠦᠩ ᠮᠧᠶ ᠯᠢ ᠢᠦᠢ ᠵᠦᠸᠧ ᠸᠠᠩ ᠭᠤᠸᠠᠨ ᠵᠢᠩ ᠪᠦᠦ ᠰᠠᠷᠠᠭᠤᠯ᠎ᠶ᠋ᠢᠨ ᠴᠢᠤᠸᠠᠨ ᠴᠤᠪᠤᠭᠤ ᠯᠢ ᠱᠢᠨ ᠵᠢᠶᠦ᠋ᠨ ᠬᠤᠷᠴᠠ ᠭᠤᠤ ᠮᠢᠨ ᠨᠠ ᠭᠦᠸᠧ ᠬᠤᠩ ᠱᠧᠨ

ᠭᠡᠭᠡᠨ ᠭᠤᠤᠯ ᠬᠤᠲᠠ᠎ᠶ᠋ᠢᠨ ᠬᠠᠮ ᠵᠠᠭᠤᠴᠢᠯᠠᠭᠤᠷ᠎ᠤᠨ ᠲᠥᠪ᠎ᠤᠨ ᠰᠤᠷᠪᠤᠯᠵᠢᠯᠠᠭ᠍ᠴᠢ ᠸᠠᠩ ᠬᠠᠢ ᠲᠤᠤ

ᠠᠷᠤᠨ ᠬᠤᠱᠢᠭᠤ᠎ᠶ᠋ᠢᠨ ᠬᠠᠮ ᠵᠠᠭᠤᠴᠢᠯᠠᠭᠤᠷ᠎ᠤᠨ ᠲᠦᠪ᠎ᠤᠨ ᠰᠤᠷᠪᠤᠯᠵᠢᠯᠠᠭ᠍ᠴᠢ ᠸᠧᠨ ᠮᠢᠩ ᠵᠤᠤ ᠵᠢᠩ ᠵᠢᠩ ᠯᠢ ᠭᠠᠩ

ᠲᠦᠩᠯᠢᠶᠤᠤ᠎ᠶ᠋ᠢᠨ ᠡᠳᠦᠷ᠎ᠤᠨ ᠰᠤᠨᠢᠨ᠎ᠤ ᠰᠤᠷᠪᠤᠯᠵᠢᠯᠠᠬ᠍ᠴᠢ ᠵᠠᠩ ᠴᠢ ᠸᠠᠩ ᠯᠢ ᠫᠢᠩ ᠺᠠᠩ ᠭᠦᠢ ᠵᠢᠶᠦ᠋ᠨ ᠴᠢᠮᠡᠭᠡᠯᠡᠭ᠌ᠴᠢ ᠲᠠᠨ ᠶᠠᠨ ᠯᠢ

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号