ᠼᠦᠢ ᠢᠤᠢ ᠶᠠᠩ ᠠᠵᠢᠯ ᠮᠡᠷᠭᠡᠵᠢᠯ᠎ᠤᠨ ᠬᠦᠯ ᠪᠦᠮᠪᠦᠭᠡ᠎ᠶ᠋ᠢᠨ ᠵᠠᠭᠤᠨ ᠲᠠᠯᠠᠪᠤᠷ ᠤᠷᠤᠯᠳᠤᠭᠠᠨ᠎ᠤ ᠲᠡᠮᠳᠡᠭ᠌ᠯᠡᠯ᠎ᠢ ᠡᠬᠦᠳᠦᠭ᠌ᠰᠡᠨ ᠲᠠᠮᠢᠷᠴᠢᠨ ᠪᠤᠯᠪᠠ
2021-07-12 09:39:55
ᠵᠣᠬᠢᠶᠠᠭ᠍ᠴᠢ᠄
ᠸ᠊ · ᠭᠡᠷᠡᠯᠳᠤ
ᠣᠩᠱᠢᠭ᠍ᠰᠠᠨ ᠣᠳᠠᠭ᠎ᠠ᠄
★★★☆☆

ᠲᠦᠷᠦᠬᠦᠬᠡᠨ ᠬᠦᠢᠵᠧᠦ᠎ᠳᠤ ᠶᠠᠪᠤᠬ᠍ᠳᠠᠬ᠍ᠰᠠᠨ 2021 ᠤᠨ᠎ᠤ ᠲᠤᠮᠳᠠᠳᠤ ᠤᠯᠤᠰ᠎ᠤᠨ ᠬᠦᠬᠡᠭ᠌ᠴᠢᠨ ᠲᠡᠰ᠎ᠤᠨ ᠬᠠᠮᠳᠤᠷᠠᠬ᠍ᠰᠠᠨ ᠤᠷᠤᠯᠳᠤᠭᠠᠨ᠎ᠤ ᠵᠢᠷᠭᠤᠳᠤᠭᠠᠷ ᠡᠭᠡᠯᠵᠢ᠎ᠶ᠋ᠢᠨ ᠦᠪᠦᠷ ᠮᠤᠩᠭᠤᠯ᠎ᠤᠨ ᠼᠤᠤ ᠱᠠᠩ ᠹᠧᠢ ᠪᠤᠯᠤᠨ ᠳ᠋ᠠᠠᠳᠦ᠋ᠩ᠎ᠤᠨ ᠲᠧᠩ ᠶᠤᠸᠠᠢ᠎ᠶ᠋ᠢᠨ ᠤᠷᠤᠯᠳᠤᠭᠠᠨ᠎ᠨᠢ ᠦᠪᠦᠷ ᠮᠤᠩᠭᠤᠯ᠎ᠤᠨ ᠼᠤᠤ ᠱᠠᠩ ᠹᠧᠢ ᠬᠦᠯ ᠪᠦᠮᠪᠦᠭᠡ᠎ᠶ᠋ᠢᠨ ᠠᠩᠬᠢ᠎ᠶ᠋ᠢᠨ ᠲᠠᠷᠤᠭ᠎ᠠ ᠼᠦᠢ ᠢᠤᠢ ᠶᠠᠩ᠎ᠳᠤ ᠠᠪᠴᠦ᠍ ᠬᠡᠯᠡᠪᠡᠯ ᠮᠠᠰᠢ ᠤᠳᠭ᠎ᠠ ᠠᠭᠤᠯᠭ᠎ᠠ᠎ᠲᠠᠢ ᠨᠢᠬᠡ ᠤᠳᠠᠭ᠎ᠠ᠎ᠶ᠋ᠢᠨ ᠤᠷᠤᠯᠳᠤᠭᠠᠨ ᠪᠤᠯᠤᠨ᠎ᠠ᠃ ᠤᠴᠢᠷ᠎ᠨᠢ ᠲᠤᠰ ᠤᠷᠤᠯᠳᠤᠭᠠᠨ ᠲᠡᠬᠦᠨ᠎ᠤ ᠠᠵᠢᠯ ᠮᠡᠷᠭᠡᠵᠢᠯ᠎ᠤᠨ ᠬᠦᠯ ᠪᠦᠮᠪᠦᠬᠡᠴᠢᠨ᠎ᠤ ᠵᠠᠭᠤ ᠳ᠋ᠤᠭᠠᠷ ᠲᠠᠯᠠᠪᠤᠷ ᠤᠷᠤᠯᠳᠤᠭᠠᠨ ᠪᠠᠢᠵᠦ᠍᠂ ᠼᠦᠢ ᠢᠤᠢ ᠶᠠᠩ ᠠᠵᠢᠯ ᠮᠡᠷᠭᠡᠵᠢᠯ᠎ᠤᠨ ᠬᠦᠯ ᠪᠦᠮᠪᠦᠭᠡ᠎ᠶ᠋ᠢᠨ ᠤᠷᠤᠯᠳᠤᠭᠠᠨ᠎ᠤ ᠵᠠᠭᠤᠨ ᠲᠠᠯᠠᠪᠤᠷ᠎ᠤᠨ ᠲᠡᠮᠳᠡᠭ᠌ᠯᠡᠯ᠎ᠲᠠᠢ ᠦᠪᠦᠷ ᠮᠤᠩᠭᠤᠯ᠎ᠤᠨ ᠬᠦᠯ ᠪᠦᠮᠪᠦᠬᠡᠴᠢᠨ ᠪᠤᠯᠤᠬ᠍ᠰᠠᠨ ᠪᠠᠢᠨ᠎ᠠ᠃

ᠲᠤᠮᠳᠠᠳᠤ ᠤᠯᠤᠰ᠎ᠤᠨ ᠬᠦᠯ ᠪᠦᠮᠪᠦᠭᠡ᠎ᠶ᠋ᠢᠨ ᠨᠡᠢᠭᠡᠮᠯᠢᠭ᠎ᠤᠨ ᠬᠡᠷᠡᠭ᠌ᠵᠢᠬᠦᠯᠬᠦ᠌ ᠬᠡᠱᠢᠭᠦᠨ᠂ ᠦᠪᠦᠷ ᠮᠤᠩᠭᠤᠯ᠎ᠤᠨ ᠬᠦᠯ ᠪᠦᠮᠪᠦᠭᠡ᠎ᠶ᠋ᠢᠨ ᠨᠡᠢᠭᠡᠮᠯᠢᠭ᠎ᠤᠨ ᠲᠡᠳ᠋ ᠲᠡᠷᠢᠭᠦᠯᠡᠭ᠌ᠴᠢ ᠡᠦ ᠭᠠᠩ ᠪᠤᠭᠤᠲᠤ᠎ᠶ᠋ᠢᠨ ᠬᠤᠪᠤᠷ ᠱᠢᠷᠤᠢ᠎ᠶ᠋ᠢᠨ ᠲᠡᠭᠡᠳᠦ ᠱᠢᠨ᠎ᠠ ᠮᠡᠷᠭᠡᠵᠢᠯ᠎ᠤᠨ ᠬᠦᠯ ᠪᠦᠮᠪᠦᠭᠡ᠎ᠶ᠋ᠢᠨ ᠰᠠᠭᠤᠷᠢᠨ᠎ᠳᠤ ᠢᠷᠡᠵᠦ᠍᠂ ᠤᠷᠤᠯᠳᠤᠭᠠᠨ᠎ᠠᠴᠠ ᠪᠤᠴᠠᠵᠦ᠍ ᠢᠷᠡᠭ᠌ᠰᠡᠨ ᠦᠪᠦᠷ ᠮᠤᠩᠭᠤᠯ᠎ᠤᠨ ᠼᠤᠤ ᠱᠠᠩ ᠹᠧᠢ ᠬᠦᠯ ᠪᠦᠮᠪᠦᠭᠡ᠎ᠶ᠋ᠢᠨ ᠠᠩᠬᠢ᠎ᠶ᠋ᠢᠨ᠎ᠬᠢᠨ᠎ᠢ ᠡᠷᠬᠢᠨ ᠦᠵᠡᠵᠦ᠍᠂ ᠵᠠᠭᠤᠨ ᠲᠠᠯᠠᠪᠤᠷ ᠤᠷᠤᠯᠳᠤᠭᠠᠠ᠎ᠤ ᠪᠤᠭᠤᠮᠳᠠ᠎ᠶ᠋ᠢ ᠲᠤᠭᠤᠯᠤᠬ᠍ᠰᠠᠨ ᠼᠦᠢ ᠢᠤᠢ ᠶᠠᠩ᠎ᠳᠤ ᠪᠠᠶᠠᠷ ᠬᠦᠷᠬᠡᠵᠦ᠍᠂ ᠲᠡᠭᠦᠨ᠎ᠳᠤ ᠲᠤᠷᠠᠰᠭᠠᠯ᠎ᠤᠨ ᠪᠦᠮᠪᠦᠬᠡᠨ ᠬᠤᠪᠴᠠᠰᠤ ᠤᠯᠭᠤᠪᠠ᠃

ᠼᠦᠢ ᠢᠤᠢ ᠶᠠᠩ ᠪᠤᠯ ᠪᠤᠭᠤᠳᠤ᠎ᠳᠤ ᠦᠰᠴᠦ᠍ ᠲᠦᠷᠦᠭ᠌ᠰᠡᠨ ᠬᠦᠯ ᠪᠦᠮᠪᠦᠬᠡᠴᠢᠨ᠃ ᠲᠡᠷᠡ ᠪᠠᠭ᠎ᠠ ᠰᠤᠷᠭᠠᠭᠤᠯᠢ᠎ᠠᠴᠠ ᠶᠡᠭᠡ ᠰᠤᠷᠭᠠᠭᠤᠯᠢ᠎ᠶ᠋ᠢᠨ ᠤᠶᠤᠳᠠᠨ ᠪᠤᠯᠳᠠᠯ᠎ᠠ᠎ᠪᠠᠨ ᠰᠤᠷᠭᠠᠭᠤᠯᠢ᠎ᠶ᠋ᠢᠨ ᠬᠦᠷᠢᠶᠡᠨ᠎ᠤ ᠬᠦ᠍ᠯ ᠪᠦᠮᠪᠦᠭᠡ᠎ᠶ᠋ᠢᠨ ᠤᠷᠤᠯᠳᠤᠭᠠᠨ᠎ᠤ ᠮᠠᠩᠯᠠᠢ᠎ᠶ᠋ᠢᠨ ᠮᠧᠳᠡᠯ᠎ᠢᠶᠠᠷ ᠤᠯᠠᠨ ᠤᠳᠠᠭ᠎ᠠ ᠡᠩᠬᠡᠷ᠎ᠢᠶᠠᠨ ᠮᠢᠯᠢᠶᠠᠯᠭᠠᠵᠠᠢ᠃ 2011 ᠤᠨ᠎ᠳᠤ ᠲᠤᠬᠠᠢ᠎ᠶ᠋ᠢᠨ ᠦᠶ᠎ᠠ᠎ᠶ᠋ᠢᠨ ᠠᠵᠢᠯ᠎ᠤᠨ ᠴᠢᠯᠦᠭᠡᠨ᠎ᠤ ᠬᠦᠯ ᠪᠦᠮᠪᠦᠭᠡ᠎ᠶ᠋ᠢᠨ ᠠᠩᠬᠢ ᠪᠤᠯᠬᠤ ᠪᠤᠭᠤᠲᠤ᠎ᠶ᠋ᠢᠨ ᠡᠮᠦᠨ᠎ᠠ ᠲᠡᠭᠦᠷᠭᠡ᠎ᠶ᠋ᠢᠨ ᠬᠦᠳᠡᠭᠡ ᠲᠤᠰᠭᠤᠨ᠎ᠤ ᠢᠳᠡᠭᠡᠮᠵᠢᠳᠤ ᠵᠢᠭᠡᠯᠡᠯᠭᠡ᠎ᠶ᠋ᠢᠨ ᠬᠤᠷᠱᠢᠶ᠎ᠠ᠎ᠶ᠋ᠢᠨ ᠬᠦᠯ ᠪᠦᠮᠪᠦᠭᠡ᠎ᠶ᠋ᠢᠨ ᠠᠩᠬᠢ᠎ᠳᠤ ᠤᠷᠤᠵᠦ᠍᠂ 2014 ᠤᠨ᠎ᠳᠤ ᠭᠤᠤᠯ ᠪᠦᠮᠪᠦᠬᠡᠴᠢᠨ᠎ᠤ ᠬᠤᠪᠢ᠎ᠪᠠᠷ ᠪᠦᠬᠦ᠌ ᠤᠯᠤᠰ᠎ᠤᠨ ᠠᠵᠢᠯ ᠮᠡᠷᠭᠡᠵᠢᠯ᠎ᠤᠨ ᠪᠤᠰᠤ ᠬᠠᠮᠳᠤᠷᠠᠬ᠍ᠰᠠᠨ ᠤᠷᠤᠯᠳᠤᠭᠠᠨ᠎ᠤ ᠶᠡᠷᠦᠩᠬᠡᠢ ᠱᠢᠢᠳᠪᠦᠷᠢᠳᠤ ᠤᠷᠤᠯᠳᠤᠭᠠᠨ᠎ᠳᠤ ᠤᠷᠤᠯᠴᠠᠵᠦ᠍᠂ ᠬᠦᠯ ᠪᠦᠮᠪᠦᠭᠡ᠎ᠶ᠋ᠢᠨ ᠠᠩᠬᠢ᠎ᠪᠠᠨ ᠬᠠᠪᠰᠤᠷᠤᠨ ᠲᠤᠮᠳᠠᠳᠤ ᠤᠯᠤᠰ᠎ᠤᠨ ᠬᠦᠭᠡᠭ᠌ᠴᠢᠨ ᠲᠡᠰ᠎ᠤᠨ ᠬᠠᠮᠳᠤᠷᠠᠬ᠍ᠰᠠᠨ ᠤᠷᠤᠯᠳᠤᠭᠠᠨ᠎ᠳᠤ ᠲᠡᠰ ᠲᠡᠪᠱᠢᠬᠦ᠌ ᠬᠢᠷᠢ ᠬᠡᠮ᠎ᠢ ᠤᠯᠪᠠ᠃ 2016 ᠤᠨ᠎ᠳᠤ ᠲᠡᠷᠡ ᠦᠪᠦᠷ ᠮᠤᠩᠭᠤᠯ᠎ᠤᠨ ᠼᠤᠤ ᠱᠠᠩ ᠹᠧᠢ ᠬᠦᠯ ᠪᠦᠮᠪᠦᠭᠡ᠎ᠶ᠋ᠢᠨ ᠺᠯᠦ᠋ᠪ᠎ᠲᠠᠢ ᠭᠡᠷ᠎ᠠ ᠲᠤᠬ᠍ᠳᠠᠨ ᠨᠢᠭᠡᠨ ᠠᠵᠢᠯ ᠮᠡᠷᠭᠡᠵᠢᠯ᠎ᠤᠨ ᠬᠦᠯ ᠪᠦᠮᠪᠦᠬᠡᠴᠢᠨ ᠪᠤᠯᠵᠡᠢ᠃ 2 ᠵᠢᠯ᠎ᠤᠨ ᠱᠢᠷᠭᠠᠭᠤ ᠪᠤᠯᠪᠠᠰᠤᠷᠠᠯ᠎ᠢᠶᠠᠷ᠂ 2018 ᠤᠨ᠎ᠳᠤ ᠼᠦᠢ ᠢᠤᠢ ᠶᠠᠩ ᠠᠩᠬᠢ᠎ᠶ᠋ᠢᠨ ᠲᠠᠷᠤᠭ᠎ᠠ᠎ᠶ᠋ᠢᠨ ᠬᠤᠪᠢ᠎ᠪᠠᠷ ᠪᠦᠮᠪᠦᠭᠡᠨ ᠠᠩᠬᠢ᠎ᠪᠠᠨ ᠲᠠᠭᠠᠭᠤᠯᠤᠨ ᠠᠵᠢᠯ ᠮᠡᠷᠭᠡᠵᠢᠯ᠎ᠤᠨ ᠬᠠᠮᠳᠤᠷᠠᠬ᠍ᠰᠠᠨ ᠤᠷᠤᠯᠳᠤᠭᠠᠨ᠎ᠳᠤ ᠤᠷᠤᠯᠴᠠᠵᠦ᠍᠂ ᠲᠠᠯᠠᠪᠤᠷ ᠪᠦᠷᠢ᠎ᠶ᠋ᠢᠨ ᠤᠷᠤᠯᠳᠤᠭᠠᠠ᠎ᠳᠤ ᠤᠷᠤᠯᠴᠠᠵᠥ᠍ ᠱᠢᠯᠢᠳᠡᠭ ᠬᠢᠷᠢ ᠪᠦᠳᠦᠮᠵᠢ ᠡᠭᠦᠳᠪᠠ᠃ ᠲᠡᠷᠡ ᠦᠪᠦᠷ ᠮᠤᠩᠭᠤᠯ᠎ᠤᠨ ᠠᠩᠬᠢ᠎ᠳᠤ ᠰᠤᠩᠭᠤᠬ᠍ᠳᠠᠨ ᠤᠷᠤᠵᠦ᠍᠂ 2018 ᠤᠨ᠎ᠤ ᠪᠦᠬᠦ᠌ ᠤᠯᠤᠰ᠎ᠤᠨ ᠡᠯᠡᠰᠤᠨ ᠲᠠᠩ᠎ᠤᠨ ᠬᠦᠯ ᠪᠦᠮᠪᠦᠭᠡ᠎ᠶ᠋ᠢᠨ ᠤᠷᠤᠯᠳᠤᠭᠠᠨ᠂ 2019 ᠤᠨ᠎ᠤ ᠤᠯᠠᠨ ᠤᠯᠤᠰ᠎ᠤᠨ ᠴᠠᠰᠤᠨ ᠲᠠᠯᠠᠪᠠᠢ᠎ᠶ᠋ᠢᠨ ᠬᠦᠯ ᠪᠦᠮᠪᠦᠭᠡ᠎ᠶ᠋ᠢᠨ ᠤᠷᠤᠯᠳᠤᠭᠠᠨ᠎ᠳᠤ ᠤᠷᠤᠯᠴᠠᠵᠦ᠍᠂ ᠠᠩᠬᠢ᠎ᠶ᠋ᠢᠨ ᠲᠠᠷᠤᠭ᠎ᠠ᠎ᠶ᠋ᠢᠨ ᠲᠤᠱᠢᠶᠠᠯ᠎ᠢ ᠡᠭᠦᠷᠭᠡᠯᠡᠠ᠂ ᠲᠠᠯ᠎ᠠ ᠨᠤᠳᠤᠭ᠎ᠤᠨ ᠬᠦᠯ ᠪᠦᠮᠪᠦᠭᠡ᠎ᠶ᠋ᠢᠨ ᠢᠷᠠᠭᠤ ᠠᠯᠳᠠᠷ᠎ᠤᠨ ᠲᠦᠯᠦᠭᠡ ᠲᠡᠮᠡᠴᠡᠵᠦ᠍ ᠶᠠᠪᠤᠵᠠᠢ᠃ 2019 ᠤᠨ᠎ᠤ ᠲᠤᠮᠳᠠᠳᠤ ᠤᠯᠤᠰ᠎ᠤᠨ ᠬᠦᠭᠡᠭ᠌ᠴᠢᠨ ᠲᠡᠰ᠎ᠤᠨ ᠬᠠᠮᠳᠤᠷᠠᠬ᠍ᠰᠠᠨ ᠤᠷᠤᠯᠳᠤᠭᠠᠨ᠎ᠳᠤ᠂ ᠼᠦᠢ ᠢᠤᠢ ᠶᠠᠩ 31 ᠲᠠᠯᠠᠪᠤᠷ ᠤᠷᠤᠯᠳᠤᠵᠦ᠍᠂ ᠲᠠᠯᠠᠪᠤᠷ ᠪᠤᠯᠭᠠᠨ᠎ᠳᠤ ᠲᠡᠯᠠᠪᠠᠢ᠎ᠠᠴᠠ ᠪᠠᠭᠤᠬ᠍ᠰᠠᠨ ᠦᠭᠡᠢ᠂ ᠲᠠᠯᠠᠪᠤᠷ᠎ᠲᠤ ᠭᠠᠷᠤᠬ᠍ᠰᠠᠨ ᠴᠠᠭ 2968 ᠮᠢᠨᠦ᠋ᠲ ᠬᠦᠷᠴᠦ᠍᠂ ᠲᠤᠰ ᠵᠢᠯ 7 ᠪᠦᠮᠪᠦᠭᠡ ᠢᠰᠭᠦᠯᠦᠨ ᠤᠷᠤᠭᠤᠯᠵᠦ᠍᠂ ᠤᠨᠴᠠᠭᠠᠢᠯᠠᠨ ᠵᠢᠷᠭᠤᠭ᠎ᠠ ᠤᠳᠠᠭᠠᠨ᠎ᠤ ᠲᠤᠷᠭᠠᠭᠤᠯᠢ᠎ᠶ᠋ᠢᠨ ᠪᠦᠮᠪᠦᠭᠡ ᠢᠰᠭᠦᠯᠦᠬᠡᠳ ᠪᠦᠬᠦᠨ᠎ᠢ ᠤᠷᠤᠭᠤᠯᠵᠦ᠍ ᠨᠡᠷᠡᠳᠤ ᠪᠦᠮᠪᠦᠭᠡ ᠤᠷᠤᠭᠤᠯᠤᠬ᠍ᠴᠢ ᠪᠤᠯᠤᠬ᠍ᠰᠠᠨ ᠪᠠᠢᠨ᠎ᠠ᠃ ᠨᠢᠳᠤᠨᠤᠠ ᠲᠤᠮᠳᠠᠳᠤ ᠤᠯᠤᠰ᠎ᠤᠨ ᠬᠦᠭᠡᠭ᠌ᠴᠢᠨ ᠲᠡᠰ᠎ᠤᠨ ᠬᠠᠮᠳᠤᠷᠠᠬ᠍ᠰᠠᠨ ᠤᠷᠤᠯᠳᠤᠭᠠᠨ᠎ᠳᠤ᠂ ᠲᠡᠷᠡ ᠲᠡᠯᠠᠪᠤᠷ ᠪᠦᠬᠦᠠ᠎ᠳᠤ ᠤᠷᠤᠯᠴᠠᠭ᠍ᠰᠠᠠ ᠮᠦᠷᠳᠡᠭᠡᠨ 1 ᠪᠦᠮᠪᠦᠭᠡ ᠢᠰᠭᠦᠯᠦᠨ ᠤᠷᠤᠭᠤᠯᠪᠠ᠃ 2019 ᠤᠨ ᠪᠤᠯᠤᠨ 2020 ᠤᠨ᠎ᠳᠤ᠂ ᠼᠦᠢ ᠢᠤᠢ ᠶᠠᠩ ᠬᠤᠶᠠᠷ ᠬᠤᠭᠤᠴᠠᠭ᠎ᠠ ᠲᠠᠷᠠᠭᠠᠯᠠᠨ ᠦᠪᠦᠷ ᠮᠤᠩᠭᠤᠯ᠎ᠤᠨ ᠬᠦᠯ ᠪᠦᠮᠪᠦᠭᠡ᠎ᠶ᠋ᠢᠨ ᠠᠪᠤᠭᠠᠢ᠎ᠪᠠᠷ ᠰᠤᠩᠭᠤᠬ᠍ᠳᠠᠵᠠᠢ᠃

2016 ᠤᠨ᠎ᠠᠴᠠ 2021 ᠤᠨ ᠪᠤᠯᠳᠠᠯ᠎ᠠ᠂ ᠼᠦᠢ ᠢᠤᠢ ᠶᠠᠩ 6 ᠵᠢᠯ᠎ᠤᠨ ᠴᠢᠷᠮᠠᠢᠯᠭ᠎ᠠ᠎ᠪᠠᠷ ᠠᠵᠢᠯ ᠮᠡᠷᠭᠡᠵᠢᠯ᠎ᠤᠨ ᠬᠦᠯ ᠪᠦᠮᠪᠦᠭᠡ᠎ᠶ᠋ᠢᠨ ᠤᠷᠤᠯᠳᠤᠭᠠᠨ᠎ᠤ ᠵᠠᠭᠤᠨ ᠲᠠᠯᠠᠪᠤᠷ ᠤᠷᠤᠯᠳᠤᠭᠠᠨ᠎ᠳᠤ ᠤᠷᠤᠯᠴᠠᠵᠦ᠍᠂ ᠮᠠᠠ᠎ᠤ ᠤᠷᠤᠠ᠎ᠤ ᠬᠦᠯ ᠪᠦᠮᠪᠦᠭᠡ᠎ᠶ᠋ᠢᠨ ᠤᠳᠤᠨ ᠪᠤᠯᠵᠥ᠍ ᠬᠢᠯᠠᠯᠵᠠᠬ᠍ᠰᠠᠨ ᠪᠠᠢᠨ᠎ᠠ᠃ ᠪᠦᠮᠪᠦᠬᠡᠴᠢᠨ ᠪᠤᠯᠬᠤ ᠬᠦᠰᠡᠯ᠎ᠲᠠᠢ ᠪᠢᠴᠢᠬᠠᠨ ᠪᠠᠭ᠍ᠠᠳᠠᠨ ᠪᠠᠢᠬ᠍ᠰᠠᠨ᠎ᠠᠴᠠ ᠵᠠᠭᠤᠨ ᠲᠠᠯᠠᠪᠤᠷ ᠠᠵᠢᠯ ᠮᠡᠷᠭᠡᠵᠢᠯ᠎ᠤᠨ ᠤᠷᠤᠯᠳᠤᠭᠠᠨ᠎ᠳᠤ ᠤᠷᠤᠯᠴᠠᠬ᠍ᠰᠠᠠ ᠪᠦᠮᠪᠦᠬᠡᠴᠢᠨ ᠪᠤᠯᠵᠦ᠍ ᠬᠦᠮᠦᠵᠢᠬᠦ᠌᠎ᠳᠡᠭᠡᠨ ᠼᠦᠢ ᠢᠤᠢ ᠶᠠᠩ ᠠᠯᠠᠭ ᠡᠷᠢᠶᠡᠨ ᠬᠦᠯ ᠪᠦᠮᠪᠦᠭᠡ᠎ᠲᠠᠢ ᠠᠮᠢ ᠵᠠᠶᠠᠭ᠎ᠠ᠎ᠪᠠᠨ ᠬᠤᠯᠪᠤᠵᠦ᠍ ᠶᠠᠪᠤᠵᠡᠢ᠃ ᠮᠦᠨ ᠬᠦᠯ ᠪᠦᠮᠪᠦᠭᠡ᠎ᠶ᠋ᠢᠨ ᠲᠦᠯᠦᠬᠡ ᠲᠡᠷᠡ ᠬᠠᠯᠠᠭᠤᠨ᠎ᠳᠤ ᠬᠠᠯᠠᠵᠦ᠍ ᠬᠦᠢᠳᠡᠨ᠎ᠳᠤ ᠲᠡᠭᠠᠷᠠᠵᠥ᠍᠂ ᠪᠤᠯᠪᠠᠰᠤᠷᠠᠯ ᠲᠠᠰᠭᠠᠯᠵᠢᠭᠤᠯᠤᠯ᠎ᠤᠨ ᠬᠠᠳᠠᠭᠤ ᠰᠤᠷᠢᠭ᠎ᠠ᠎ᠶ᠋ᠢ ᠲᠠᠭᠠᠭᠠᠴᠠ᠎ᠲᠠᠢ ᠲᠡᠰᠪᠦᠷᠢᠳᠠᠢ ᠲᠤᠭᠤᠯᠵᠦ᠍ ᠶᠠᠪᠤᠬ᠍ᠰᠠᠨ᠎ᠢᠶᠠᠷ ᠦᠨᠤᠳᠤᠷ ᠵᠠᠭᠤᠨ ᠲᠠᠯᠠᠪᠤᠷ ᠠᠵᠢᠯ ᠮᠡᠷᠭᠡᠵᠢᠯ᠎ᠤᠨ ᠤᠷᠤᠯᠳᠤᠭᠠᠨ᠎ᠲᠠᠢ ᠵᠤᠤᠵᠠᠢ ᠬᠤᠯᠪᠤᠵᠦ᠍᠂ ᠵᠤᠷᠢᠭ ᠬᠦᠰᠡᠯ᠎ᠢᠶᠠᠨ ᠨᠤᠭᠤᠭᠠᠨ ᠵᠦᠯᠭᠡᠨ ᠪᠦᠮᠪᠦᠬᠡᠨ ᠲᠠᠯᠠᠪᠤᠷ᠎ᠲᠤ ᠤᠶᠠᠩᠭᠠᠱᠢᠭᠤᠯᠵᠦ᠍ ᠶᠠᠪᠤᠨ᠎ᠠ᠃ ᠠᠵᠢᠯ ᠮᠡᠷᠭᠡᠵᠢᠯ᠎ᠤᠨ ᠤᠷᠤᠯᠳᠤᠭᠠᠨ᠎ᠤ ᠵᠠᠭᠤᠨ ᠲᠠᠯᠠᠪᠤᠷ᠎ᠤᠨ ᠲᠡᠮᠳᠡᠭ᠌ᠯᠡᠯ᠎ᠲᠠᠢ ᠪᠦᠮᠪᠦᠬᠡᠴᠢᠨ ᠮᠠᠨᠢ᠂ ᠵᠤᠷᠢᠭ ᠵᠤᠯᠪᠤᠭ᠎ᠠ᠎ᠲᠠᠢ᠎ᠪᠠᠷ ᠮᠠᠷᠭᠠᠰᠢ᠎ᠶ᠋ᠢᠨ ᠬᠦᠯ ᠪᠦᠮᠪᠦᠭᠡ᠎ᠶ᠋ᠢᠨ ᠬᠡᠢᠮᠦᠷᠢ᠎ᠪᠠᠨ ᠦᠷᠬᠦᠯᠵᠢᠯᠡᠨ ᠮᠠᠨᠳᠤᠭᠤᠯᠬᠤ ᠪᠤᠯᠳᠤᠭᠠᠢ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号