7 ᠰᠠᠷ᠎ᠠ᠎ᠶ᠋ᠢᠨ 12 ᠤᠨ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶᠠᠨ᠎ᠤ ᠤᠬᠠᠭᠤᠯᠬᠤ ᠬᠡᠯᠲᠡᠰ᠂ ᠥᠪᠡᠷᠲᠡᠭᠡᠨ ᠵᠠᠰᠠᠬᠤ ᠣᠷᠣᠨ᠎ᠤ ᠤᠳᠭ᠎ᠠ ᠤᠷᠠᠯᠢᠭ᠎ᠤᠨ᠎ᠬᠢᠨ᠎ᠤ ᠬᠤᠯᠪᠤᠭ᠎ᠠ᠎ᠠᠴᠠ ᠭᠤᠤᠯᠯᠠᠨ ᠡᠷᠭᠢᠯᠡᠵᠦ᠍᠂ ᠥᠪᠥᠷ ᠮᠣᠩᠭᠤᠯ᠎ᠤᠨ ᠤᠷᠠᠨ ᠵᠢᠷᠤᠭ᠍ᠴᠢᠳ᠎ᠤᠨ ᠨᠡᠢᠭᠡᠮᠯᠢᠭ᠂ ᠥᠪᠥᠷ ᠮᠣᠩᠭᠤᠯ᠎ᠤᠨ ᠭᠡᠷᠡᠯ ᠵᠢᠷᠤᠭ᠍ᠴᠢᠳ᠎ᠤᠨ ᠨᠡᠢᠭᠡᠮᠯᠢᠭ᠂ ᠥᠪᠥᠷ ᠮᠣᠩᠭᠤᠯ᠎ᠤᠨ ᠤᠷᠠᠨ ᠵᠢᠷᠤᠭ᠎ᠤᠨ ᠣᠷᠳᠣᠨ᠎ᠠᠴᠠ ᠳᠠᠭᠠᠭᠠᠴᠢᠯᠠᠨ ᠡᠷᠭᠢᠯᠡᠭ᠌ᠰᠡᠨ 《ᠡᠬᠦᠷᠢᠳᠡ ᠨᠠᠮ᠎ᠢᠶᠠᠨ ᠳᠠᠭᠠᠨ᠎ᠠ — ᠬᠤᠪᠢᠰᠭᠠᠯᠳᠦ ᠵᠠᠭᠤᠨ ᠵᠢᠯ᠎ᠤᠨ ᠦᠪᠦᠷ ᠮᠤᠩᠭᠤᠯ》 ᠲᠤᠰ᠎ᠤᠨ ᠪᠤᠳᠤᠭ᠎ᠤᠨ ᠵᠢᠷᠤᠭ ᠱᠤᠭᠤᠮᠠᠯ᠎ᠤᠨ ᠪᠦᠳᠦᠭᠡᠯ᠎ᠤᠨ ᠦᠵᠡᠬᠦᠯᠭᠡ ᠵᠢᠴᠢ 《ᠤᠯᠠᠯᠵᠠᠭ᠍ᠰᠠᠨ ᠵᠠᠭᠤᠨ ᠵᠢᠯ ᠬᠡᠷᠡᠯ ᠵᠢᠷᠤᠭᠲᠤ ᠲᠤᠳᠤᠷᠠᠬᠤᠢ ᠦᠪᠦᠷ ᠮᠤᠩᠭᠤᠯ》 ᠲᠣᠮᠣ ᠬᠡᠯᠪᠡᠷᠢ᠎ᠶ᠋ᠢᠨ ᠭᠤᠤᠯ ᠰᠡᠳᠦᠪᠲᠦ ᠬᠡᠷᠡᠯ ᠵᠢᠷᠤᠭ᠎ᠤᠨ ᠦᠵᠡᠬᠦᠯᠭᠡ ᠥᠪᠥᠷ ᠮᠣᠩᠭᠤᠯ᠎ᠤᠨ ᠤᠷᠠᠨ ᠵᠢᠷᠤᠭ᠎ᠤᠨ ᠣᠷᠳᠣᠨ᠎ᠳᠤ ᠡᠬᠢᠯᠡᠪᠡ᠃
ᠦᠵᠡᠬᠦᠯᠭᠡ᠎ᠳᠤ 《ᠤᠴᠢ》᠂ 《ᠤᠯᠤᠰ᠎ᠤᠨ ᠬᠡᠥᠬᠡᠳ》᠂ 《ᠲᠤᠮᠳᠠᠳᠦ᠎ᠶ᠋ᠢᠨ ᠦᠨᠳᠦᠰᠦᠳᠡᠨ ᠨᠢᠭᠡ ᠭᠡᠷ ᠪᠦᠯᠢ ᠮᠡᠳᠦ ᠲᠤᠳᠤᠨᠤ》᠂ 《ᠠᠷᠠᠳ ᠲᠦᠮᠡᠨ᠎ᠤ ᠲᠤᠮᠳᠠ ᠤᠴᠢᠨ᠎ᠠ》᠂ 《ᠳᠠᠯ᠎ᠠ ᠨᠤᠳᠤᠭ᠎ᠤᠨ ᠰᠤᠳᠤᠨ ᠴᠢᠳᠠᠪᠤᠷᠢᠳᠠᠨ》᠂ 《ᠰᠡᠭᠡᠭᠡᠷᠡᠯᠳᠡ》 ᠁ ᠵᠡᠷᠭᠡ ᠤᠯᠠᠨ ᠠᠷᠪᠢᠨ ᠰᠤᠳᠤᠨ ᠪᠦᠳᠦᠭᠡᠯ᠎ᠢ ᠲᠡᠯᠭᠡᠨ ᠦᠵᠡᠬᠦᠯᠦᠭ᠌ᠰᠡᠨ ᠪᠠ ᠦᠪᠦᠷ ᠮᠤᠩᠭᠤᠯ᠎ᠤᠨ ᠲᠡᠥᠬᠡ᠎ᠲᠠᠢ ᠬᠤᠯᠪᠤᠭ᠍ᠳᠠᠬᠤ ᠬᠠᠭᠤᠴᠢᠨ ᠭᠡᠷᠡᠯ ᠵᠢᠷᠤᠭ᠎ᠤᠳ᠎ᠢ ᠲᠡᠯᠭᠡᠨ ᠦᠵᠡᠬᠦᠯᠵᠠᠢ᠃ ᠳᠤᠮᠳᠠᠳᠤ ᠤᠯᠤᠰ᠎ᠤᠨ ᠡᠪ ᠬᠠᠮᠳᠤ ᠨᠠᠮ ᠪᠠᠢᠭᠤᠯᠤᠭ᠍ᠳᠠᠭ᠍ᠰᠠᠨ 100 ᠵᠢᠯ᠎ᠤᠨ ᠤᠢ᠎ᠶ᠋ᠢ ᠪᠡᠯᠭᠡᠯᠡᠵᠦ᠍᠂ ᠨᠠᠮ᠎ᠤᠨ ᠤᠳᠤᠷᠢᠳᠤᠯᠭ᠎ᠠ ᠳᠣᠣᠷ᠎ᠠ ᠥᠪᠥᠷ ᠮᠣᠩᠭᠤᠯ᠎ᠤᠨ ᠶᠠᠪᠤᠵᠤ ᠥᠩᠭᠡᠷᠡᠬᠦᠯᠦᠭ᠌ᠰᠡᠨ ᠭᠡᠷᠡᠯ ᠰᠠᠴᠤᠷᠠᠩᠭᠤᠢ ᠲᠡᠦᠬᠡᠨ ᠶᠠᠪᠤᠴᠠ᠎ᠶ᠋ᠢ ᠳᠡᠯᠭᠡᠨ ᠦᠵᠡᠭᠦᠯᠬᠦ᠌᠎ᠪᠠᠷ 《ᠡᠬᠦᠷᠢᠳᠡ ᠨᠠᠮ᠎ᠢᠶᠠᠨ ᠳᠠᠭᠠᠨ᠎ᠠ — ᠬᠤᠪᠢᠰᠭᠠᠯᠳᠦ ᠵᠠᠭᠤᠨ ᠵᠢᠯ᠎ᠤᠨ ᠦᠪᠦᠷ ᠮᠤᠩᠭᠤᠯ》 ᠲᠤᠰ᠎ᠤᠨ ᠪᠤᠳᠤᠭ᠎ᠤᠨ ᠵᠢᠷᠤᠭ ᠱᠤᠭᠤᠮᠠᠯ᠎ᠤᠨ ᠪᠦᠳᠦᠭᠡᠯᠤᠳᠢ ᠵᠣᠬᠢᠶᠠᠨ ᠪᠦᠲᠦᠭᠡᠬᠦ᠌᠎ᠪᠠᠷ ᠲᠤᠭ᠍ᠳᠠᠵᠤ᠂ 2019 ᠣᠨ᠎ᠤ 12 ᠰᠠᠷ᠎ᠠ᠎ᠳᠤ ᠲᠤᠰ ᠢᠨᠵᠧᠨᠧᠷᠢᠩ᠎ᠢ ᠡᠬᠢᠯᠡᠬᠦᠯᠵᠦ᠍᠂ ᠪᠦᠬᠦ᠌ ᠤᠯᠤᠰ᠎ᠤᠨ ᠡᠯ᠎ᠡ ᠭᠠᠵᠠᠷ᠎ᠤᠨ ᠤᠷᠠᠨ ᠵᠢᠷᠤᠭ᠍ᠴᠢᠳ ᠪᠤᠯᠤᠨ ᠱᠤᠭᠤᠮᠠᠯᠴᠢᠳ᠎ᠤᠨ ᠥᠷᠭᠡᠨ ᠳᠡᠯᠭᠡᠷ ᠠᠩᠬᠠᠷᠤᠯ ᠪᠠ ᠢᠳᠡᠪᠬᠢᠲᠡᠢ ᠤᠷᠤᠯᠴᠠᠯᠭ᠎ᠠ᠎ᠶ᠋ᠢ ᠣᠯᠤᠭ᠍ᠰᠠᠨ ᠪᠠᠢᠨ᠎ᠠ᠃ ᠪᠦᠳᠦᠭᠦᠪᠴᠢ ᠨᠤᠤᠷᠠᠭ ᠭᠠᠷᠭᠠᠬᠤ᠂ ᠴᠤᠭ᠍ᠯᠠᠭᠤᠯᠬᠤ᠂ ᠠᠩᠬ᠎ᠠ ᠦᠨᠡᠯᠡᠬᠦ᠌ ᠪᠠ ᠵᠢᠩᠬᠢᠨᠢ ᠨᠤᠤᠷᠠᠭ ᠭᠠᠷᠭᠠᠬᠤ᠂ ᠵᠠᠰᠠᠬᠤ᠂ ᠱᠢᠭ᠌ᠰᠢᠨ ᠰᠣᠩᠭᠤᠵᠤ ᠭᠠᠷᠭᠠᠭ᠍ᠰᠠᠨ᠎ᠤ ᠲᠠᠷᠠᠭ᠎ᠠ᠂ ᠳᠤᠮᠳᠠᠳᠤ ᠤᠯᠤᠰ᠎ᠤᠨ ᠤᠷᠠᠨ ᠵᠢᠷᠤᠭ᠍ᠴᠢᠳ᠎ᠤᠨ ᠨᠡᠢᠭᠡᠮᠯᠢᠭ᠎ᠤᠨ ᠱᠢᠯᠭᠠᠷᠠᠭᠤᠯᠤᠯᠳᠠ ᠪᠤᠯᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶᠠᠨ᠎ᠤ ᠤᠬᠠᠭᠤᠯᠬᠤ ᠬᠡᠯᠲᠡᠰ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠲᠡᠦᠬᠡ ᠰᠤᠳᠤᠯᠬᠤ ᠲᠠᠰᠤᠭ᠎ᠤᠨ ᠬᠢᠨᠠᠨ ᠬᠠᠷᠭᠤᠭᠤᠯᠤᠯᠳᠠ᠎ᠪᠠᠷ ᠳᠠᠮᠵᠢᠨ ᠬᠠᠮᠤᠭ᠎ᠤᠨ ᠡᠴᠤᠰ᠎ᠲᠤ 125 ᠬᠤᠪᠢ ᠪᠦᠲᠦᠭᠡᠯ ᠦᠵᠡᠬᠦᠯᠬᠡ᠎ᠳᠤ ᠰᠣᠩᠭᠤᠭ᠍ᠳᠠᠵᠠᠢ᠂ ᠡᠭᠦᠨ᠎ᠳᠤ 87 ᠬᠤᠪᠢ ᠳᠤᠰᠤᠨ ᠪᠤᠳᠤᠭ᠎ᠤᠨ ᠵᠢᠷᠤᠭ᠂ 38 ᠬᠤᠪᠢ ᠱᠤᠭᠤᠮᠠᠯ ᠪᠤᠢ᠃ ᠲᠤᠰ ᠦᠵᠡᠬᠦᠯᠬᠡ 9 ᠰᠠᠷ᠎ᠠ᠎ᠶ᠋ᠢᠨ ᠰᠡᠬᠦᠯᠴᠢ ᠪᠤᠯᠳᠠᠯ᠎ᠠ ᠦᠷᠬᠦᠯᠵᠢᠯᠡᠬᠦ᠌ ᠪᠤᠯᠤᠨ᠎ᠠ᠃
2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄tn@mgyxw.net 蒙ICP备10000005号