ᠥᠪᠡᠷᠲᠡᠭᠡᠨ ᠵᠠᠰᠠᠬᠤ ᠣᠷᠣᠨ᠎ᠤ ᠤᠰᠤᠨ ᠠᠱᠢᠭ᠍ᠯᠠᠯᠲᠠ᠎ᠶ᠋ᠢᠨ ᠲᠢᠩᠬᠢᠮ ᠨᠠᠮ᠎ᠤᠨ ᠤᠳᠤᠷᠢᠳᠭᠤ ᠳᠤᠭᠤᠢᠯᠠᠩ᠎ᠤᠨ ᠣᠨᠣᠯ ᠰᠤᠷᠤᠯᠴᠠᠬᠤ ᠬᠤᠷᠠᠯ ᠬᠤᠷᠠᠯᠳᠤᠭᠤᠯᠪᠠ
2021-07-15 09:46:53
ᠵᠣᠬᠢᠶᠠᠭ᠍ᠴᠢ᠄
ᠬᠠᠢᠷᠬᠠᠨ
ᠣᠩᠱᠢᠭ᠍ᠰᠠᠨ ᠣᠳᠠᠭ᠎ᠠ᠄
★★★☆☆

ᠤᠢ᠍ᠢᠷ᠎ᠡ᠎ᠶ᠋ᠢᠨ ᠡᠳᠦᠷ᠂ ᠥᠪᠡᠷᠲᠡᠭᠡᠨ ᠵᠠᠰᠠᠬᠤ ᠣᠷᠣᠨ᠎ᠤ ᠤᠰᠤᠨ ᠠᠱᠢᠭ᠍ᠯᠠᠯᠲᠠ᠎ᠶ᠋ᠢᠨ ᠲᠢᠩᠬᠢᠮ᠎ᠤᠨ ᠨᠠᠮ᠎ᠤᠨ ᠤᠳᠤᠷᠢᠳᠭᠤ ᠳᠤᠭᠤᠢᠯᠠᠩ᠎ᠤᠨ ᠣᠨᠣᠯ ᠰᠤᠷᠤᠯᠴᠠᠬᠤ ᠭᠤᠤᠯ ᠳᠤᠭᠤᠢᠯᠠᠩ ᠬᠠᠮᠲᠤ᠎ᠶ᠋ᠢᠨ ᠰᠤᠷᠤᠯᠴᠠᠯᠭ᠎ᠠ᠎ᠶ᠋ᠢᠨ (ᠥᠷᠭᠡᠳᠭᠡᠭ᠌ᠰᠡᠨ) ᠬᠤᠷᠠᠯ ᠬᠤᠷᠠᠯᠳᠤᠭᠤᠯᠵᠦ᠍᠂ ᠶᠡᠷᠦᠩᠬᠡᠶ ᠱᠦᠵᠢ ᠰᠢ᠎ᠶ᠋ᠢᠨ ᠫᠢᠩ᠎ᠤᠨ 《7 · 1》 ᠎ᠤ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠰᠤᠷᠤᠯᠴᠠᠨ ᠳᠤᠭᠤᠱᠢᠯᠠᠭᠤᠯᠪᠠ᠃

ᠬᠤᠷᠠᠯ᠎ᠠᠴᠠ 《〈ᠶᠡᠷᠦᠩᠬᠡᠶ ᠱᠦᠵᠢ ᠰᠢ᠎ᠶ᠋ᠢᠨ ᠫᠢᠩ᠎ᠤᠨ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠭ᠍ᠰᠠᠨ 100 ᠵᠢᠯ᠎ᠤᠨ ᠣᠶ᠎ᠶ᠋ᠢ ᠪᠡᠯᠭᠡᠯᠡᠬᠦ᠌ ᠶᠡᠭᠡ ᠬᠤᠷᠠᠯ ᠳᠡᠭᠡᠷᠡᠬᠢ ᠴᠢᠬᠤᠯᠡ ᠶᠠᠷᠢᠶ᠎ᠠ〉 ᠎ᠶ᠋ᠢ ᠨᠠᠷᠢᠨ ᠬᠢᠨᠠᠮᠠᠭᠠᠶ ᠰᠤᠷᠤᠯᠴᠠᠨ ᠲᠤᠭᠤᠱᠢᠯᠠᠭᠤᠯᠬᠤ ᠲᠤᠬᠠᠶ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶᠠᠨ᠎ᠤ ᠠᠯᠪᠠᠨ ᠲᠢᠩᠬᠢᠮ᠎ᠤᠨ ᠮᠡᠳᠡᠭ᠌ᠳᠡᠯ》᠂ 《〈ᠶᠡᠷᠦᠩᠬᠡᠶ ᠱᠦᠵᠢ ᠰᠢ᠎ᠶ᠋ᠢᠨ ᠫᠢᠩ᠎ᠤᠨ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠭ᠍ᠰᠠᠨ 100 ᠵᠢᠯ᠎ᠤᠨ ᠣᠶ᠎ᠶ᠋ᠢ ᠪᠡᠯᠭᠡᠯᠡᠬᠦ᠌ ᠶᠡᠭᠡ ᠬᠤᠷᠠᠯ ᠳᠡᠭᠡᠷᠡᠬᠢ ᠴᠢᠬᠤᠯᠠ ᠶᠠᠷᠢᠶ᠎ᠠ〉 ᠎ᠶ᠋ᠢ ᠨᠠᠷᠢᠨ ᠬᠢᠨᠠᠮᠠᠭᠠᠶ ᠰᠤᠷᠤᠯᠴᠠᠨ ᠲᠤᠭᠤᠱᠢᠯᠠᠭᠤᠯᠬᠤ ᠲᠤᠬᠠᠶ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶᠠᠨ᠎ᠤ ᠠᠯᠪᠠᠨ ᠲᠢᠩᠬᠢᠮ᠎ᠤᠨ ᠮᠡᠳᠡᠭ᠌ᠳᠡᠯ》 ᠎ᠢ ᠨᠠᠷᠢᠨ ᠬᠢᠨᠠᠮᠠᠭᠠᠶ ᠰᠤᠷᠤᠯᠴᠠᠨ ᠳᠤᠭᠤᠱᠢᠯᠠᠭᠤᠯᠵᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ᠎ᠶ᠋ᠢᠨ ᠬᠤᠯᠪᠣᠭ᠍ᠳᠠᠯ ᠪᠥᠬᠦᠶ ᠬᠤᠷᠠᠯ᠎ᠤᠨ ᠵᠣᠷᠢᠭ ᠰᠠᠨᠠᠭ᠎ᠠ᠎ᠶ᠋ᠢᠨ ᠱᠠᠭᠠᠷᠳᠠᠯᠭ᠎ᠠ ᠶᠣᠰᠣᠭᠠᠷ᠂ ᠤᠰᠤᠨ ᠠᠱᠢᠭ᠍ᠯᠠᠯᠲᠠ᠎ᠶ᠋ᠢᠨ ᠲᠢᠩᠬᠢᠮ᠎ᠤᠨ ᠱᠢᠰᠲ᠋ᠧᠮ᠎ᠤᠨ ᠰᠤᠷᠤᠯᠴᠠᠨ ᠳᠤᠭᠤᠱᠢᠯᠠᠭᠤᠯᠬᠤ ᠠᠵᠢᠯ᠎ᠢ ᠲᠣᠬᠢᠷᠠᠭᠤᠯᠤᠨ ᠪᠠᠢᠷᠢᠯᠠᠭᠤᠯᠵᠤ᠂ ᠶᠡᠷᠦᠩᠬᠡᠶ ᠱᠠᠭᠠᠷᠳᠠᠯᠭ᠎ᠠ᠂ ᠭᠤᠤᠯᠳᠠᠯᠭ᠎ᠠ᠎ᠲᠠᠢ ᠠᠭᠤᠯᠭ᠎ᠠ᠂ ᠭᠤᠤᠯ ᠡᠭᠦᠷᠭᠡ ᠵᠡᠷᠭᠡ᠎ᠪᠠᠨ ᠰᠤᠳᠤᠯᠤᠨ ᠶᠠᠷᠢᠯᠴᠠᠪᠠ᠃

ᠬᠤᠷᠠᠯ᠎ᠠᠴᠠ᠂ ᠤᠰᠤᠨ ᠠᠱᠢᠭ᠍ᠯᠠᠯᠲᠠ᠎ᠶ᠋ᠢᠨ ᠲᠢᠩᠬᠢᠮ᠎ᠤᠨ ᠱᠢᠰᠲ᠋ᠧᠮ᠎ᠤᠨ ᠨᠠᠮ᠎ᠤᠨ ᠭᠡᠱᠢᠭᠦᠨ᠂ ᠺᠠᠳ᠋ᠷ ᠠᠵᠢᠯᠳᠠᠨ 《7 · 1》 ᠎ᠤ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠰᠤᠷᠤᠯᠴᠠᠨ ᠳᠤᠭᠤᠱᠢᠯᠠᠭᠤᠯᠬᠤ᠎ᠶ᠋ᠢ ᠨᠠᠮ᠎ᠤᠨ ᠲᠡᠦᠬᠡ᠎ᠶ᠋ᠢᠨ ᠰᠤᠷᠤᠯᠴᠠᠯᠭ᠎ᠠ ᠬᠥᠮᠦᠵᠢᠯ᠎ᠤᠨ ᠭᠤᠣᠯ ᠠᠭᠤᠯᠭ᠎ᠠ ᠪᠣᠯᠭᠠᠵᠤ᠂ ᠦᠭᠡ ᠦᠰᠦᠭ ᠳᠠᠷᠠᠭᠠᠯᠠᠨ᠂ ᠲᠠᠬᠢᠨ ᠳᠠᠪᠲᠠᠨ ᠭᠦᠨᠵᠡᠭᠡᠢ ᠰᠤᠷᠤᠯᠴᠠᠬᠤ᠎ᠶ᠋ᠢ ᠪᠠᠷᠢᠮᠲᠠᠯᠠᠬᠤ ᠬᠡᠷᠡᠭ᠌ᠲᠡᠢ; ᠬᠡᠯᠪᠡᠷᠢᠴᠢ ᠦᠵᠡᠯ᠎ᠢ ᠴᠢᠩᠭ᠎ᠠ ᠴᠡᠭᠡᠷᠯᠡᠵᠦ᠍᠂ ᠰᠡᠳᠭᠢᠯ ᠵᠢᠷᠦᠬᠡᠨ᠎ᠳᠡᠭᠡᠨ ᠬᠠᠳᠠᠩᠱᠢᠭᠤᠯᠵᠦ᠍᠂ ᠨᠠᠮ᠎ᠤᠨ ᠲᠡᠦᠬᠡ᠎ᠶ᠋ᠢᠨ ᠰᠤᠷᠤᠯᠴᠠᠯᠭ᠎ᠠ ᠬᠥᠮᠦᠵᠢᠯ᠎ᠢ ᠭᠦᠨᠵᠡᠭᠡᠢᠷᠡᠭᠦᠯᠬᠦ᠂ ᠪᠣᠳᠠᠲᠠᠢᠵᠢᠭᠤᠯᠬᠤ᠎ᠶ᠋ᠢ ᠠᠬᠢᠭᠤᠯᠬᠤ ᠬᠡᠷᠡᠭ᠌ᠲᠡᠢ; ᠲᠤᠰ ᠪᠡᠶ᠎ᠡ᠎ᠶ᠋ᠢᠨ ᠦᠵᠡᠯ ᠰᠠᠨᠠᠭ᠎ᠠ ᠪᠣᠯᠤᠨ ᠠᠵᠢᠯ᠎ᠤᠨ ᠪᠣᠳᠠᠲᠤ ᠪᠠᠢᠳᠠᠯ᠎ᠲᠠᠢ᠎ᠪᠠᠨ ᠨᠢᠭ᠍ᠲᠠ ᠤᠶᠠᠯᠳᠤᠭᠤᠯᠵᠤ᠂ ᠣᠳᠣᠬᠠᠨ᠎ᠤ ᠪᠠᠢᠳᠠᠯ᠎ᠳᠠᠭᠠᠨ ᠰᠠᠭᠤᠷᠢᠯᠠᠨ᠂ ᠰᠤᠷᠤᠯᠴᠠᠯᠭ᠎ᠠ᠎ᠶ᠋ᠢᠨ ᠦᠷ᠎ᠡ ᠪᠦᠲᠦᠮᠵᠢ᠎ᠪᠠᠨ ᠠᠵᠢᠯ᠎ᠤᠨ ᠬᠥᠳᠡᠯᠭᠡᠬᠦ᠌ ᠬᠦᠴᠦᠨ ᠪᠣᠯᠭᠠᠨ ᠬᠤᠪᠢᠷᠠᠭᠤᠯᠵᠤ᠂ ᠱᠢᠨ᠎ᠡ ᠴᠠᠭ ᠦᠶ᠎ᠡ᠎ᠶ᠋ᠢᠨ ᠥᠪᠡᠷᠲᠡᠭᠡᠨ ᠵᠠᠰᠠᠬᠤ ᠣᠷᠣᠨ᠎ᠤ ᠤᠰᠤᠨ ᠠᠱᠢᠭ᠍ᠯᠠᠯᠲᠠ᠎ᠶ᠋ᠢᠨ ᠦᠢᠯᠡᠰ᠎ᠤᠨ ᠴᠢᠨᠠᠷ ᠰᠠᠢᠲᠠᠢ ᠬᠥᠭ᠌ᠵᠢᠯᠲᠡ᠎ᠶ᠋ᠢ ᠦᠨᠡᠨ ᠬᠦ᠌ ᠠᠬᠢᠭᠤᠯᠬᠤ ᠬᠡᠷᠡᠭ᠌ᠲᠡᠢ ᠭᠡᠵᠦ᠍ ᠴᠢᠬᠤᠯᠠᠴᠢᠯᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号