ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠠᠭᠤᠤ ᠶᠡᠭᠡ ᠠᠮᠵᠢᠯᠲᠠ
2021-07-16 10:41:54
ᠵᠣᠬᠢᠶᠠᠭ᠍ᠴᠢ᠄
ᠸᠧᠶ ᠸᠧᠨ ᠹᠠᠩ
ᠣᠩᠱᠢᠭ᠍ᠰᠠᠨ ᠣᠳᠠᠭ᠎ᠠ᠄
★★★☆☆

ᠳᠤᠮᠳᠠᠳᠤ᠎ᠶ᠋ᠢᠨ ᠦᠨᠳᠦᠰᠦᠲᠡᠨ᠎ᠤ ᠠᠭᠤᠤ ᠶᠡᠭᠡ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌᠎ᠶ᠋ᠢᠨ ᠲᠥᠯᠥᠭᠡ᠂ ᠳᠤᠮᠳᠠᠳᠤ ᠤᠯᠤᠰ᠎ᠤᠨ ᠡᠪ ᠬᠠᠮᠲᠤ ᠨᠠᠮ ᠳᠤᠮᠳᠠᠳᠤ ᠤᠯᠤᠰ᠎ᠤᠨ ᠠᠷᠠᠳ ᠲᠦᠮᠡᠨ᠎ᠢ ᠪᠦᠯᠬᠦᠮᠳᠡᠭᠦᠯᠦᠨ ᠳᠠᠭᠠᠭᠤᠯᠵᠤ᠂ ᠴᠢᠰᠤ ᠤᠷᠤᠰᠭᠠᠨ ᠪᠠᠢᠯᠳᠤᠵᠤ᠂ ᠨᠤᠭᠤᠷᠠᠰᠢ ᠦᠭᠡᠢ ᠲᠡᠮᠡᠴᠡᠵᠦ᠍᠂ ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠠᠭᠤᠤ ᠶᠡᠭᠡ ᠠᠮᠵᠢᠯᠲᠠ᠎ᠶ᠋ᠢ ᠡᠭᠦᠳᠦᠭ᠌ᠰᠡᠨ ᠶᠤᠮ᠃ ᠪᠢᠳᠡ ᠤᠮᠠᠷᠠᠰᠢ ᠳᠠᠢᠯᠠᠬᠤ ᠲᠠᠢᠨ᠂ ᠭᠠᠵᠠᠷ ᠲᠠᠷᠢᠶᠠᠨ᠎ᠤ ᠬᠤᠪᠢᠰᠭᠠᠯᠲᠤ ᠲᠠᠢᠨ᠂ ᠶᠠᠫᠣᠨ᠎ᠢ ᠡᠰᠡᠷᠭᠦᠴᠡᠬᠦ᠌ ᠲᠠᠢᠨ᠂ ᠴᠢᠯᠥᠭᠡᠯᠡᠬᠦ᠌ ᠲᠠᠢᠨ᠎ᠢ ᠥᠩᠭᠡᠷᠡᠭᠡᠵᠦ᠍᠂ ᠵᠡᠪᠰᠡᠭ᠌ᠲᠦ ᠬᠤᠪᠢᠰᠭᠠᠯ᠎ᠢᠶᠠᠷ ᠵᠡᠪᠰᠡᠭ᠌ᠲᠦ ᠬᠤᠪᠢᠰᠭᠠᠯ᠎ᠤᠨ ᠡᠰᠡᠷᠭᠦᠴᠦᠳ᠎ᠢ ᠡᠰᠡᠷᠭᠦᠴᠡᠵᠦ᠍᠂ ᠡᠵᠡᠷᠬᠡᠭ ᠲᠦᠷᠢᠮᠡᠬᠡᠢ ᠶᠣᠰᠣ᠂ ᠹᠸᠤᠳᠠᠯ ᠶᠣᠰᠣ᠂ ᠨᠣᠶᠠᠨᠴᠢ ᠬᠥᠷᠥᠩᠭᠡᠲᠦ ᠶᠣᠰᠣ ᠵᠡᠷᠭᠡ ᠭᠤᠷᠪᠠᠨ ᠶᠡᠭᠡ ᠠᠭᠤᠯᠠ᠎ᠶ᠋ᠢ ᠲᠦᠯᠬᠢᠨ ᠤᠨᠠᠭᠠᠵᠤ᠂ ᠠᠷᠠᠳ ᠲᠦᠮᠡᠨ ᠡᠵᠡᠨ ᠰᠠᠭᠤᠵᠤ ᠡᠷᠬᠡ ᠮᠡᠳᠡᠭ᠌ᠰᠡᠨ ᠪᠦᠬᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠢ ᠪᠠᠢᠭᠤᠯᠵᠤ᠂ ᠦᠨᠳᠦᠰᠦᠲᠡᠨ᠎ᠤ ᠲᠤᠰᠠᠭᠠᠷ ᠲᠣᠭ᠍ᠲᠠᠨᠢᠯ᠂ ᠠᠷᠠᠳ ᠲᠦᠮᠡᠨ᠎ᠤ ᠴᠢᠯᠥᠭᠡᠯᠡᠯᠲᠡ᠎ᠶ᠋ᠢ ᠪᠡᠶᠡᠯᠡᠭᠦᠯᠪᠡ᠃ ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠢᠯᠠᠯᠲᠠ᠎ᠨᠢ ᠬᠠᠭᠤᠴᠢᠨ ᠳᠤᠮᠳᠠᠳᠤ ᠤᠯᠤᠰ᠎ᠤᠨ ᠬᠠᠭᠠᠰ ᠺᠣᠯᠣᠨᠢ ᠬᠠᠭᠠᠰ ᠹᠸᠤᠳᠠᠯ᠎ᠤᠨ ᠨᠡᠢᠭᠡᠮ᠎ᠤᠨ ᠲᠡᠦᠬᠡ᠎ᠶ᠋ᠢ ᠲᠦᠢᠯᠪᠤᠷᠢᠲᠠᠶ ᠡᠴᠦᠰᠯᠡᠭᠦᠯᠵᠦ᠍᠂ ᠬᠠᠭᠤᠴᠢᠨ ᠳᠤᠮᠳᠠᠳᠤ ᠤᠯᠤᠰ᠎ᠤᠨ ᠲᠠᠷᠠᠬᠠᠶ ᠪᠤᠲᠠᠷᠬᠠᠶ ᠪᠠᠢᠳᠠᠯ᠎ᠢ ᠲᠦᠢᠯᠪᠤᠷᠢᠲᠠᠶ ᠡᠴᠦᠰᠯᠡᠭᠦᠯᠵᠦ᠍᠂ ᠬᠦᠴᠦᠷᠬᠡᠭ ᠤᠯᠤᠰ᠎ᠤᠳ᠎ᠤᠨ ᠳᠤᠮᠳᠠᠳᠤ ᠤᠯᠤᠰ᠎ᠲᠤ ᠠᠯᠪᠠ᠎ᠪᠠᠷ ᠲᠤᠯᠭᠠᠭ᠍ᠰᠠᠨ ᠲᠡᠭ᠌ᠰᠢ ᠪᠤᠰᠤ ᠭᠡᠷ᠎ᠡ ᠪᠣᠯᠤᠨ ᠡᠵᠡᠷᠬᠡᠭ ᠲᠦᠷᠢᠮᠡᠬᠡᠶ ᠶᠣᠰᠣᠨ᠎ᠤ ᠳᠤᠮᠳᠠᠳᠤ ᠤᠯᠤᠰ᠎ᠲᠠᠬᠢ ᠠᠯᠢᠪᠠ ᠣᠨᠴᠠ ᠡᠷᠬᠡ᠎ᠶ᠋ᠢ ᠲᠦᠢᠯᠪᠤᠷᠢᠲᠠᠶ ᠤᠰᠠᠳᠭᠠᠵᠤ᠂ ᠳᠤᠮᠳᠠᠳᠤ᠎ᠶ᠋ᠢᠨ ᠦᠨᠳᠦᠰᠦᠲᠡᠨ᠎ᠤ ᠠᠭᠤᠤ ᠶᠡᠭᠡ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌᠎ᠳᠤ ᠦᠨᠳᠦᠰᠦᠨ ᠨᠡᠢᠭᠡᠮ᠎ᠤᠨ ᠨᠥᠬᠦᠴᠡᠯ᠎ᠢ ᠪᠦᠷᠢᠯᠳᠦᠭᠦᠯᠵᠦ᠍ ᠥᠭ᠌ᠴᠡᠶ᠃ ᠳᠤᠮᠳᠠᠳᠤ ᠤᠯᠤᠰ᠎ᠤᠨ ᠡᠪ ᠬᠠᠮᠲᠤ ᠨᠠᠮ ᠪᠣᠯᠤᠨ ᠳᠤᠮᠳᠠᠳᠤ ᠤᠯᠤᠰ᠎ᠤᠨ ᠠᠷᠠᠳ ᠲᠦᠮᠡᠨ ᠡᠷᠡᠯᠬᠡᠭ ᠪᠠᠭᠠᠲᠤᠷᠯᠢᠭ ᠨᠤᠭᠤᠷᠠᠰᠢ ᠦᠭᠡᠢ ᠲᠡᠮᠡᠴᠡᠯ᠎ᠢᠶᠠᠷ᠂ ᠳᠤᠮᠳᠠᠳᠤ ᠤᠯᠤᠰ᠎ᠤᠨ ᠠᠷᠠᠳ ᠲᠦᠮᠡᠨ ᠪᠣᠰᠴᠤ᠌ ᠵᠣᠭ᠍ᠰᠣᠯ᠎ᠠ᠂ ᠳᠤᠮᠳᠠᠳᠤ᠎ᠶ᠋ᠢᠨ ᠦᠨᠳᠦᠰᠦᠲᠡᠨ ᠬᠥᠮᠦᠨ ᠪᠦᠬᠦᠨ᠎ᠳᠤ ᠳᠠᠷᠤᠯᠠᠭ᠍ᠳᠠᠵᠤ᠂ ᠳᠠᠷᠤᠯᠠᠯ ᠲᠤᠷᠤᠮᠵᠢᠯᠠᠯ᠎ᠢ ᠬᠠᠱᠢᠷᠠᠲᠠᠯ᠎ᠠ ᠠᠮᠰᠠᠭ᠍ᠰᠠᠨ ᠴᠠᠭ ᠦᠶ᠎ᠡ ᠪᠤᠴᠠᠯᠲᠠ ᠦᠭᠡᠢ ᠡᠴᠦᠰᠯᠡᠵᠡᠢ ᠭᠡᠵᠤ ᠳᠡᠯᠡᠬᠡᠢ ᠳ᠋ᠠᠬᠢᠨ᠎ᠳᠤ ᠲᠥᠪ ᠴᠢᠩᠭ᠎ᠠ᠎ᠪᠠᠷ ᠲᠤᠩᠬᠠᠭ᠍ᠯᠠᠶ᠎ᠠ! 

— ᠰᠢ᠎ᠶ᠋ᠢᠨ ᠫᠢᠡᠭ᠎ᠤᠨ ᠲᠤᠮᠳᠠᠳᠤ ᠤᠯᠤᠰ᠎ᠤᠨ ᠡᠪ ᠬᠠᠮᠳᠤ ᠨᠠᠮ ᠪᠠᠢᠭᠤᠯᠤᠭ᠍ᠳᠠᠭ᠍ᠰᠠᠨ 100 ᠵᠢᠯ᠎ᠤᠨ ᠤᠢ᠎ᠶ᠋ᠢ ᠪᠡᠯᠬᠡᠯᠡᠬᠦ᠌ ᠶᠡᠭᠡ ᠬᠤᠷᠠᠯ ᠲᠡᠬᠡᠷᠡᠬᠢ ᠶᠠᠷᠢᠶ᠎ᠠ᠎ᠠᠴᠠ 

 

ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠦᠶ᠎ᠡ᠎ᠳᠤ᠂ ᠮᠠᠷᠺᠰ ᠯᠧᠨᠢᠨ᠎ᠤ ᠦᠵᠡᠯ᠎ᠢ ᠳᠤᠮᠳᠠᠳᠤ ᠤᠯᠤᠰ᠎ᠤᠨ ᠠᠵᠢᠯᠴᠢᠨ᠎ᠤ ᠬᠥᠳᠡᠯᠭᠡᠭᠡᠨ᠎ᠲᠠᠢ ᠤᠶᠠᠯᠳᠤᠭᠤᠯᠬᠤ᠎ᠶ᠋ᠢ ᠰᠦᠪᠡᠭ᠌ᠴᠢᠯᠡᠬᠦ᠌ ᠶᠠᠪᠤᠴᠠ᠎ᠳᠤ᠂ ᠬᠤᠪᠢᠰᠭᠠᠯ᠎ᠤᠨ ᠤᠷᠢᠲᠥᠰ ᠴᠠᠭ᠎ᠤᠨ ᠪᠠᠢᠳᠠᠯ᠎ᠳᠤ ᠵᠤᠬᠢᠴᠠᠵᠤ ᠳᠤᠮᠳᠠᠳᠤ ᠤᠯᠤᠰ᠎ᠤᠨ ᠡᠪ ᠬᠠᠮᠲᠤ ᠨᠠᠮ᠎ᠢ ᠪᠠᠢᠭᠤᠯᠪᠠ᠃ ᠳᠤᠮᠳᠠᠳᠤ ᠤᠯᠤᠰ᠎ᠤᠨ ᠡᠪ ᠬᠠᠮᠲᠤ ᠨᠠᠮ ᠮᠡᠨᠳᠦᠯᠡᠮᠡᠭ᠌ᠴᠡ ᠳᠤᠮᠳᠠᠳᠤ᠎ᠶ᠋ᠢᠨ ᠦᠨᠳᠦᠰᠦᠲᠡᠨ᠎ᠤ ᠬᠤᠪᠢ ᠵᠠᠶᠠᠭ᠎ᠠ᠎ᠶ᠋ᠢ ᠬᠤᠪᠢᠷᠠᠭᠤᠯᠵᠤ᠂ ᠰᠡᠷᠭᠦᠨ ᠮᠠᠨᠳᠤᠯᠲᠠ ᠲᠠᠢᠰᠢ ᠤᠷᠤᠭ᠍ᠰᠢᠯᠠᠬᠤ᠎ᠶ᠋ᠢ ᠬᠦᠳᠦᠯᠦᠨ ᠲᠠᠭᠠᠭᠤᠯᠬᠤ᠎ᠶ᠋ᠢᠨ ᠲᠥᠯᠥᠭᠡ ᠬᠠᠲᠠᠭᠤᠵᠢᠯᠲᠠᠶ ᠲᠡᠮᠡᠴᠡᠯ ᠬᠢᠵᠤ᠂ ᠡᠷᠡᠯᠬᠡᠭ ᠪᠠᠭᠠᠲᠤᠷᠯᠢᠭ᠎ᠢᠶᠠᠷ ᠪᠠᠢᠯᠳᠤᠵᠤ᠂ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠢ ᠪᠦᠯᠬᠦᠮᠳᠡᠭᠦᠯᠦᠨ ᠳᠠᠭᠠᠭᠤᠯᠵᠤ ᠭᠡᠷᠡᠯ ᠰᠠᠴᠤᠷᠠᠩᠭᠤᠶ ᠲᠡᠦᠬᠡᠨ ᠶᠠᠪᠤᠴᠠ᠎ᠶ᠋ᠢ ᠥᠩᠭᠡᠷᠡᠭᠦᠯᠵᠦ᠍᠂ ᠳᠡᠯᠡᠬᠡᠶ ᠳ᠋ᠠᠬᠢᠨ᠎ᠤ ᠠᠩᠬᠠᠷᠤᠯ᠎ᠢ ᠲᠠᠲᠠᠭ᠍ᠰᠠᠨ ᠠᠭᠤᠤ ᠶᠡᠭᠡ ᠠᠮᠵᠢᠯᠲᠠ ᠪᠦᠲᠦᠮᠵᠢ᠎ᠶ᠋ᠢ ᠡᠭᠦᠳᠴᠤ᠌᠂ ᠳᠤᠮᠳᠠᠳᠤ ᠤᠯᠤᠰ᠎ᠤᠨ ᠬᠤᠪᠢᠰᠭᠠᠯ᠎ᠤᠨ ᠳᠦᠷᠢ ᠲᠦᠷᠬᠦ᠂ ᠤᠢ᠍ᠢᠷ᠎ᠠ ᠦᠶ᠎ᠡ᠎ᠠᠴᠠ ᠬᠤᠢᠱᠢᠬᠢ ᠳᠤᠮᠳᠠᠳᠤ᠎ᠶ᠋ᠢᠨ ᠦᠨᠳᠦᠰᠦᠲᠡᠨ᠎ᠤ ᠬᠥᠭ᠌ᠵᠢᠯᠲᠡ᠎ᠶ᠋ᠢᠨ ᠴᠢᠭ᠌ᠯᠡᠯ ᠪᠠ ᠠᠬᠢᠴᠠ᠂ ᠳᠤᠮᠳᠠᠳᠤ ᠤᠯᠤᠰ᠎ᠤᠨ ᠠᠷᠠᠳ ᠲᠦᠮᠡᠨ᠂ ᠳᠤᠮᠳᠠᠳᠤ᠎ᠶ᠋ᠢᠨ ᠦᠨᠳᠦᠰᠦᠲᠡᠨ᠎ᠤ ᠢᠷᠡᠭᠡᠳᠦᠶ ᠪᠤᠯᠤᠨ ᠬᠤᠪᠢ ᠵᠠᠶᠠᠭ᠎ᠠ ᠵᠢᠴᠢ ᠳᠡᠯᠡᠬᠡᠶ᠎ᠶ᠋ᠢᠨ ᠬᠥᠭ᠌ᠵᠢᠯᠲᠡ᠎ᠶ᠋ᠢᠨ ᠬᠠᠨᠳᠤᠰᠢ ᠪᠠ ᠪᠠᠢᠷᠢᠱᠢᠯ᠎ᠢ ᠭᠦᠨᠵᠡᠭᠡᠶ ᠬᠤᠪᠢᠷᠠᠭᠤᠯᠵᠠᠶ᠃ ᠡᠭᠦᠨ᠎ᠠᠴᠠ ᠠᠪᠤᠭᠠᠳ ᠬᠡᠳᠦᠨ ᠮᠢᠩᠭᠠᠨ ᠵᠢᠯ᠎ᠤᠨ ᠲᠤᠷᠰᠢ ᠳᠠᠷᠤᠯᠠᠭ᠍ᠳᠠᠨ ᠪᠣᠭᠤᠯᠴᠢᠯᠠᠭ᠍ᠳᠠᠵᠤ ᠪᠠᠢᠭ᠍ᠰᠠᠨ ᠳᠤᠮᠳᠠᠳᠤ ᠤᠯᠤᠰ᠎ᠤᠨ ᠠᠷᠠᠳ ᠲᠦᠮᠡᠨ ᠱᠢᠨ᠎ᠡ ᠤᠯᠤᠰ᠂ ᠱᠢᠨ᠎ᠡ ᠨᠡᠢᠭᠡᠮ᠎ᠤᠨ ᠡᠵᠡᠨ ᠪᠤᠯᠵᠤ᠂ ᠳᠤᠮᠳᠠᠳᠤ᠎ᠶ᠋ᠢᠨ ᠦᠨᠳᠦᠰᠦᠲᠡᠨ ᠠᠭᠤᠤ ᠶᠡᠭᠡ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌ ᠰᠦᠷ ᠳᠠᠯᠠᠢᠴᠠᠲᠠᠶ ᠵᠠᠮ᠎ᠢᠶᠠᠷ ᠵᠠᠮᠨᠠᠭ᠍ᠰᠠᠨ ᠪᠠᠢᠨ᠎ᠠ᠃

ᠳᠤᠮᠳᠠᠳᠤ ᠤᠯᠤᠰ᠎ᠤᠨ ᠬᠤᠪᠢᠰᠭᠠᠯ᠎ᠤᠨ ᠡᠭᠦᠰᠦᠭ᠌ᠰᠡᠨ ᠪᠠ ᠢᠯᠠᠯᠲᠠ ᠤᠯᠤᠬ᠍ᠰᠠᠨ᠎ᠨᠢ ᠭᠦᠨ ᠭᠦᠨᠵᠡᠭᠡᠶ ᠨᠡᠢᠭᠡᠮ᠎ᠤᠨ ᠦᠨᠳᠦᠰᠦ ᠰᠤᠷᠪᠤᠯᠵᠢ ᠪᠠ ᠭᠦᠨ ᠵᠤᠵᠠᠭᠠᠨ ᠤᠯᠠᠨ ᠲᠦᠮᠡᠨᠴᠢ ᠰᠠᠭᠤᠷᠢ᠎ᠲᠠᠢ

ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠦᠶ᠎ᠡ᠎ᠳᠤ᠂ ᠮᠠᠤ ᠽᠧ ᠳ᠋ᠦᠩ ᠨᠥᠬᠦᠷ᠎ᠢᠶᠠᠷ ᠭᠤᠣᠯ ᠲᠥᠯᠥᠭᠡᠯᠡᠭ᠌ᠴᠢ ᠪᠣᠯᠭᠠᠭ᠍ᠰᠠᠨ ᠳᠤᠮᠳᠠᠳᠤ ᠤᠯᠤᠰ᠎ᠤᠨ ᠡᠪ ᠬᠠᠮᠲᠤᠴᠤᠳ ᠮᠠᠷᠺᠰ᠎ᠤᠨ ᠦᠵᠡᠯ᠎ᠤᠨ ᠲᠦᠭᠡᠮᠡᠯ ᠦᠨᠡᠨ ᠶᠣᠰᠣ᠎ᠶ᠋ᠢ ᠳᠤᠮᠳᠠᠳᠤ ᠤᠯᠤᠰ᠎ᠤᠨ ᠪᠣᠳᠠᠲᠤ ᠦᠢᠯᠡᠳᠦᠯᠭᠡ᠎ᠯᠦᠭᠡ ᠤᠶᠠᠯᠳᠤᠭᠤᠯᠬᠤ᠎ᠶ᠋ᠢ ᠪᠠᠷᠢᠮᠲᠠᠯᠠᠵᠤ᠂ ᠨᠡᠢᠭᠡᠮ ᠵᠢᠷᠤᠮ ᠪᠠ ᠡᠪ ᠬᠠᠮᠲᠤ ᠶᠣᠰᠣᠨ᠎ᠤ ᠬᠦᠰᠡᠯᠡᠩ᠎ᠢ ᠪᠡᠶᠡᠯᠡᠭᠦᠯᠬᠦ᠌᠎ᠶ᠋ᠢ ᠪᠠᠲᠤ ᠰᠠᠬᠢᠵᠤ᠂ ᠦᠨᠳᠦᠰᠦᠲᠡᠨ᠎ᠤ ᠲᠤᠰᠠᠭᠠᠷ ᠲᠣᠭ᠍ᠲᠠᠨᠢᠯ᠂ ᠠᠷᠠᠳ ᠲᠦᠮᠡᠨ᠎ᠤ ᠴᠢᠯᠥᠭᠡᠯᠡᠯᠲᠡ᠂ ᠤᠯᠤᠰ ᠣᠷᠣᠨ᠎ᠤ ᠪᠠᠶᠠᠵᠢᠯ ᠬᠦᠴᠦᠷᠬᠡᠭ᠌ᠵᠢᠯ᠂ ᠠᠷᠠᠳ ᠲᠦᠮᠡᠨ᠎ᠤ ᠵᠣᠯ ᠵᠢᠷᠭᠠᠯ᠎ᠢ ᠡᠷᠢᠯᠬᠢᠯᠡᠬᠦ᠌᠎ᠪᠠᠷ ᠡᠭᠦᠷᠭᠡ᠎ᠪᠠᠨ ᠪᠣᠯᠭᠠᠵᠤ᠂ ᠵᠡᠪᠰᠡᠭ᠌ᠲᠦ ᠬᠦᠴᠦᠨ᠎ᠢᠶᠠᠷ ᠵᠠᠰᠠᠭ᠎ᠤᠨ ᠡᠷᠬᠡ᠎ᠶ᠋ᠢ ᠪᠤᠯᠢᠶᠠᠨ ᠠᠪᠬᠤ ᠬᠤᠪᠢᠰᠭᠠᠯᠲᠤ ᠲᠡᠮᠡᠴᠡᠯ᠎ᠢ ᠡᠷᠡᠰ ᠥᠷᠨᠢᠭᠦᠯᠵᠦ᠍᠂ ᠯᠤᠲᠤ ᠶᠡᠭᠡ ᠦᠷᠡᠭ᠌ᠳᠡᠯ ᠭᠠᠷᠭᠠᠪᠠ᠃ ᠤᠮᠠᠷᠠᠰᠢ ᠳᠠᠢᠯᠠᠬᠤ ᠲᠡᠢᠠ᠂ ᠭᠠᠵᠠᠷ ᠲᠠᠷᠢᠶᠠᠨ᠎ᠤ ᠬᠤᠪᠢᠰᠭᠠᠯᠲᠤ ᠲᠡᠢᠠ᠂ ᠶᠠᠫᠣᠨ᠎ᠢ ᠡᠰᠡᠷᠭᠦᠴᠡᠬᠦ᠌ ᠲᠡᠢᠠ᠂ ᠴᠢᠯᠥᠭᠡᠯᠡᠬᠦ᠌ ᠲᠡᠢᠠ᠎ᠢ ᠥᠩᠭᠡᠷᠡᠭᠡᠭᠡᠳ᠂ ᠬᠠᠭᠤᠴᠢᠨ ᠳᠤᠮᠳᠠᠳᠤ ᠤᠯᠤᠰ᠎ᠤᠨ ᠬᠠᠭᠠᠰ ᠺᠣᠯᠣᠨᠢ ᠬᠠᠭᠠᠰ ᠹᠸᠤᠳᠠᠯ᠎ᠤᠨ ᠨᠡᠢᠭᠡᠮ᠎ᠤᠨ ᠲᠡᠦᠬᠡ᠎ᠶ᠋ᠢ ᠲᠦᠢᠯᠪᠤᠷᠢᠲᠠᠶ ᠡᠴᠦᠰᠯᠡᠭᠦᠯᠵᠦ᠍᠂ ᠳᠤᠮᠳᠠᠳᠤ᠎ᠶ᠋ᠢᠨ ᠦᠨᠳᠦᠰᠦᠲᠡᠨ᠎ᠤ ᠠᠭᠤᠤ ᠶᠡᠭᠡ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌᠎ᠳᠤ ᠨᠡᠢᠭᠡᠮ᠎ᠤᠨ ᠦᠨᠳᠦᠰᠦᠨ ᠨᠥᠬᠦᠴᠡᠯ᠎ᠢ ᠪᠦᠷᠢᠯᠳᠦᠭᠦᠯᠵᠦ᠍ ᠥᠭ᠌ᠴᠡᠶ᠃ ᠳᠤᠮᠳᠠᠳᠤ ᠤᠯᠤᠰ᠎ᠤᠨ ᠬᠤᠪᠢᠰᠭᠠᠯ᠎ᠤᠨ ᠡᠬᠦᠰᠦᠭ᠌ᠰᠡᠨ ᠪᠠ ᠢᠯᠠᠯᠲᠠ ᠣᠯᠤᠭ᠍ᠰᠠᠨ᠎ᠨᠢ ᠭᠡᠨᠡᠳᠲᠡ᠎ᠶ᠋ᠢᠨ ᠪᠢᠰᠢ᠂ ᠬᠠᠷᠢᠨ ᠭᠦᠨ ᠭᠦᠨᠵᠡᠭᠡᠶ ᠨᠡᠢᠭᠡᠮ᠎ᠤᠨ ᠦᠨᠳᠦᠰᠦ ᠰᠤᠷᠪᠤᠯᠵᠢ᠎ᠲᠠᠢ ᠪᠥᠭᠡᠳ ᠭᠦᠨ ᠵᠤᠵᠠᠭᠠᠨ ᠤᠯᠠᠨ ᠲᠦᠮᠡᠨᠴᠢ ᠰᠠᠭᠤᠷᠢ᠎ᠲᠠᠢ ᠶᠤᠮ᠃ ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠲᠡᠦᠬᠡ᠎ᠨᠢ ᠳᠤᠮᠳᠠᠳᠤ ᠤᠯᠤᠰ ᠨᠡᠢᠭᠡᠮ ᠵᠢᠷᠤᠮ᠎ᠤᠨ ᠵᠠᠮ᠎ᠢᠶᠠᠷ ᠵᠠᠮᠨᠠᠭ᠍ᠰᠠᠨ ᠶᠠᠪᠤᠳᠠᠯ ᠪᠣᠯ ᠤᠷᠲᠤ ᠬᠤᠭᠤᠴᠠᠭᠠᠨ᠎ᠤ ᠨᠡᠢᠭᠡᠮ᠎ᠤᠨ ᠲᠡᠦᠬᠡᠨ ᠬᠥᠭ᠌ᠵᠢᠯᠲᠡ ᠪᠠ ᠠᠷᠠᠳ ᠲᠦᠮᠡᠨ᠎ᠤ ᠦᠢᠯᠡᠳᠦᠯᠭᠡ᠎ᠶ᠋ᠢᠨ ᠡᠴᠦᠰ᠎ᠤᠨ ᠦᠷ᠎ᠡ ᠳ᠋ᠦᠩ ᠮᠥᠨ ᠭᠡᠳᠡᠭ᠎ᠢ ᠭᠦᠢᠴᠡᠳ ᠭᠡᠷᠡᠴᠢᠯᠡᠭ᠌ᠰᠡᠨ ᠪᠠᠢᠨ᠎ᠠ᠃

ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠢᠯᠠᠯᠲᠠ ᠪᠣᠯ ᠮᠠᠷᠺᠰ᠎ᠤᠨ ᠦᠵᠡᠯ᠎ᠤᠨ ᠦᠨᠳᠦᠰᠦᠨ ᠶᠤᠰᠤ᠎ᠶ᠋ᠢ ᠳᠤᠮᠳᠠᠳᠤ ᠤᠯᠤᠰ᠎ᠤᠨ ᠪᠣᠳᠠᠲᠤ ᠪᠠᠢᠳᠠᠯ᠎ᠲᠠᠢ ᠤᠶᠠᠯᠳᠤᠭᠤᠯᠤᠭ᠍ᠰᠠᠨ᠎ᠤ ᠦᠷ᠎ᠡ ᠳ᠋ᠦᠩ ᠮᠥᠨ

ᠶᠡᠷᠦᠩᠬᠡᠶ ᠱᠦᠵᠢ ᠰᠢ᠎ᠶ᠋ᠢᠨ ᠫᠢᠩ 《ᠲᠤᠯᠤᠭᠠᠨ ᠰᠠᠷ᠎ᠠ᠎ᠶ᠋ᠢᠨ ᠨᠢᠭᠡᠨ》 ᠎ᠤ ᠴᠢᠬᠤᠯᠠ ᠶᠠᠷᠢᠶᠠᠨ᠎ᠳᠠᠭᠠᠨ᠄ 《ᠳᠤᠮᠳᠠᠳᠤ ᠤᠯᠤᠰ᠎ᠤᠨ ᠡᠪ ᠬᠠᠮᠲᠤ ᠨᠠᠮ ᠶᠠᠭᠠᠬᠢᠭᠠᠳ ᠴᠢᠳᠠᠬᠤ ᠪᠤᠢ᠂ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢᠭᠡᠮ ᠵᠢᠷᠤᠮ ᠶᠠᠭᠠᠬᠢᠭᠠᠳ ᠰᠠᠢᠨ ᠪᠠᠢᠬᠤ ᠪᠤᠢ ᠬᠡᠪᠡᠯ ᠡᠴᠦᠰ᠎ᠤᠨ ᠡᠴᠦᠰ᠎ᠲᠡᠭᠡᠨ ᠮᠠᠷᠺᠰ᠎ᠤᠨ ᠦᠵᠡᠯ ᠰᠠᠢᠨ ᠪᠠᠢᠬ᠍ᠰᠠᠨ᠎ᠠᠴᠠ ᠪᠣᠯᠤᠭ᠍ᠰᠠᠨ ᠶᠤᠮ!》 ᠭᠡᠵᠦ᠍ ᠴᠢᠬᠤᠯᠠᠴᠢᠯᠠᠪᠠ᠃ ᠣᠷᠴᠢᠨ ᠦᠶ᠎ᠡ᠎ᠶ᠋ᠢᠨ ᠳᠤᠮᠳᠠᠳᠤ ᠤᠯᠤᠰ᠎ᠤᠨ ᠬᠠᠮᠤᠭ᠎ᠤᠨ ᠠᠶᠤᠯ ᠲᠦᠭ᠌ᠰᠢᠭᠦᠷᠢᠲᠡᠶ ᠦᠶ᠎ᠡ᠎ᠳᠤ᠂ ᠵᠠᠷᠢᠮ ᠰᠡᠬᠡᠭᠡᠲᠡᠳ ᠮᠠᠷᠺᠰ᠎ᠤᠨ ᠦᠵᠡᠯ᠎ᠤᠨ ᠤᠬᠢᠶᠠᠯ᠎ᠢ ᠭᠥᠷᠳᠡᠭ᠌ᠰᠡᠨ᠎ᠤ ᠳᠠᠷᠠᠭ᠎ᠠ᠂ ᠮᠠᠷᠺᠰ ᠯᠧᠨᠢᠨ᠎ᠤ ᠦᠵᠡᠯ᠎ᠢ ᠱᠢᠰᠲ᠋ᠧᠮ᠎ᠲᠠᠢ ᠤᠬᠠᠭᠤᠯᠵᠤ᠂ ᠮᠠᠷᠺᠰ ᠯᠧᠨᠢᠨ᠎ᠤ ᠦᠵᠡᠯ᠎ᠤᠨ ᠰᠣᠩᠭᠤᠳᠠᠭ ᠵᠣᠬᠢᠶᠠᠯ᠎ᠢ ᠣᠷᠴᠢᠭᠤᠯᠤᠨ ᠬᠡᠪᠯᠡᠭᠦᠯᠵᠦ᠍᠂ ᠮᠠᠷᠺᠰ᠎ᠤᠨ ᠦᠵᠡᠯ᠎ᠢ ᠰᠤᠷᠤᠯᠴᠠᠨ ᠰᠤᠳᠤᠯᠬᠤ ᠡᠯ᠎ᠡ ᠵᠦᠢᠯ᠎ᠤᠨ ᠪᠦᠯᠬᠦᠮ᠎ᠤᠳ᠎ᠢ ᠢᠳᠡᠪᠬᠢᠲᠡᠶ᠎ᠪᠠᠷ ᠵᠣᠬᠢᠶᠠᠨ ᠪᠠᠢᠭᠤᠯᠤᠬ᠍ᠰᠠᠠ᠎ᠢᠶᠠᠷ ᠮᠠᠷᠺᠰ ᠯᠧᠨᠢᠨ᠎ᠤ ᠦᠵᠡᠯ ᠳᠤᠮᠳᠠᠳᠤ ᠤᠯᠤᠰ᠎ᠲᠤ ᠥᠷᠭᠡᠨ᠎ᠢᠶᠠᠷ ᠤᠯᠠᠮᠵᠢᠯᠠᠭ᠍ᠳᠠᠪᠠ᠃ ᠮᠠᠷᠺᠰ᠎ᠤᠨ ᠦᠵᠡᠯ᠎ᠤᠨ ᠦᠵᠡᠯ ᠰᠠᠨᠠᠭᠠᠨ᠎ᠤ ᠵᠢᠯᠤᠭᠤᠳᠤᠯᠭ᠎ᠠ ᠳᠣᠣᠷ᠎ᠠ᠂ ᠳᠤᠮᠳᠠᠳᠤ ᠤᠯᠤᠰ᠎ᠤᠨ ᠠᠷᠠᠳ ᠲᠦᠮᠡᠨ ᠪᠣᠯᠤᠨ ᠳᠤᠮᠳᠠᠳᠤ᠎ᠶ᠋ᠢᠨ ᠦᠨᠳᠦᠰᠦᠲᠡᠨ᠎ᠤ ᠠᠭᠤᠤ ᠶᠡᠭᠡ ᠰᠡᠬᠡᠭᠡᠷᠡᠯᠲᠡ᠎ᠶ᠋ᠢᠨ ᠳᠤᠮᠳᠠ᠂ ᠮᠠᠷᠺᠰ ᠯᠧᠨᠢᠨ᠎ᠤ ᠦᠵᠡᠯ ᠪᠣᠯᠤᠨ ᠳᠤᠮᠳᠠᠳᠤ ᠤᠯᠤᠰ᠎ᠤᠨ ᠠᠵᠢᠯᠴᠢᠨ᠎ᠤ ᠬᠥᠳᠡᠯᠭᠡᠭᠡᠨ᠎ᠤ ᠨᠢᠭ᠍ᠲᠠ ᠤᠶᠠᠯᠳᠤᠯ ᠳᠤᠮᠳᠠ᠂ ᠳᠤᠮᠳᠠᠳᠤ ᠤᠯᠤᠰ᠎ᠤᠨ ᠡᠪ ᠬᠠᠮᠲᠤ ᠨᠠᠮ ᠮᠡᠨᠳᠦᠯᠡᠵᠡᠢ᠃ ᠳᠤᠮᠳᠠᠳᠤ ᠤᠯᠤᠰ᠎ᠤᠨ ᠡᠪ ᠬᠠᠮᠲᠤ ᠨᠠᠮ ᠮᠡᠨᠳᠦᠯᠡᠭ᠌ᠰᠡᠨ ᠡᠳᠦᠷ᠎ᠠᠴᠠ᠎ᠪᠠᠨ ᠡᠬᠢᠯᠡᠨ ᠮᠠᠷᠺᠰ᠎ᠤᠨ ᠦᠵᠡᠯ᠎ᠢᠶᠠᠷ ᠦᠨᠳᠦᠰᠦᠨ ᠵᠢᠯᠣᠭᠤᠳᠭᠤ ᠦᠵᠡᠯ ᠰᠠᠨᠠᠭ᠎ᠠ᠎ᠪᠠᠨ ᠪᠣᠯᠭᠠᠭ᠍ᠰᠠᠨ ᠪᠥᠭᠡᠳ ᠮᠠᠷᠺᠰ᠎ᠤᠨ ᠦᠵᠡᠯ᠎ᠤᠨ ᠦᠨᠳᠦᠰᠤᠨ ᠶᠤᠰᠤ᠎ᠶ᠋ᠢ ᠳᠤᠮᠳᠠᠳᠤ ᠤᠯᠤᠰ᠎ᠤᠨ ᠪᠣᠳᠠᠲᠤ ᠪᠠᠢᠳᠠᠯ᠎ᠲᠠᠢ ᠤᠶᠠᠯᠳᠤᠭᠤᠯᠬᠤ᠎ᠶ᠋ᠢ ᠪᠠᠷᠢᠮᠲᠠᠯᠠᠵᠤ᠂ ᠠᠯᠬᠤᠮ ᠠᠯᠬᠤᠮ᠎ᠢᠶᠠᠷ ᠠᠭᠤᠤ ᠶᠡᠭᠡ ᠠᠮᠵᠢᠯᠲᠠ ᠪᠦᠲᠦᠮᠵᠢ᠎ᠶ᠋ᠢ ᠣᠯᠤᠭ᠍ᠰᠠᠨ ᠶᠤᠮ᠃

ᠳᠤᠮᠳᠠᠳᠤ ᠤᠯᠤᠰ᠎ᠤᠨ ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠢᠯᠠᠯᠲᠠ ᠪᠣᠯ ᠮᠠᠷᠺᠰ᠎ᠤᠨ ᠦᠵᠡᠯ᠎ᠤᠨ ᠦᠨᠳᠦᠰᠦᠨ ᠶᠤᠰᠤ᠎ᠶ᠋ᠢ ᠳᠤᠮᠳᠠᠳᠤ ᠤᠯᠤᠰ᠎ᠤᠨ ᠪᠣᠳᠠᠲᠤ ᠪᠠᠢᠳᠠᠯ᠎ᠲᠠᠢ ᠤᠶᠠᠯᠳᠤᠭᠤᠯᠤᠭ᠍ᠰᠠᠨ᠎ᠤ ᠦᠷ᠎ᠡ ᠳ᠋ᠦᠩ ᠮᠥᠨ᠃ ᠳᠤᠮᠳᠠᠳᠤ ᠤᠯᠤᠰ᠎ᠤᠨ ᠡᠪ ᠬᠠᠮᠲᠤ ᠨᠠᠮ ᠬᠤᠪᠢᠰᠭᠠᠯ᠎ᠢ ᠢᠯᠠᠯᠲᠠ ᠵᠦᠭ ᠬᠥᠲᠥᠯᠵᠦ᠍ ᠴᠢᠳᠠᠭ᠍ᠰᠠᠨ᠎ᠤ ᠨᠢᠭᠡᠨ ᠦᠨᠳᠦᠰᠦᠨ ᠴᠢᠨᠠᠷᠲᠠᠶ ᠲᠤᠷᠱᠢᠯᠭ᠎ᠠ ᠭᠡᠪᠡᠯ᠂ ᠡᠷᠬᠡᠪᠰᠢ ᠳᠤᠮᠳᠠᠳᠤ ᠤᠯᠤᠰ᠎ᠤᠨ ᠬᠤᠪᠢᠰᠭᠠᠯ᠎ᠤᠨ ᠪᠣᠳᠠᠲᠤ ᠪᠠᠢᠳᠠᠯ᠎ᠳᠤ ᠰᠠᠭᠤᠷᠢᠯᠠᠵᠤ᠂ ᠮᠠᠷᠺᠰ᠎ᠤᠨ ᠦᠵᠡᠯ᠎ᠢ ᠳᠤᠮᠳᠠᠳᠤ ᠤᠯᠤᠰᠴᠢᠯᠠᠬᠤ᠎ᠶ᠋ᠢ ᠲᠠᠰᠤᠷᠠᠯᠳᠠ ᠦᠭᠡᠢ ᠲᠦᠯᠬᠢᠨ ᠠᠬᠢᠭᠤᠯᠬᠤ ᠬᠡᠷᠡᠭ᠌ᠲᠡᠶ᠃ ᠮᠠᠤ ᠽᠧ ᠳ᠋ᠦᠩ᠎ᠤᠨ ᠦᠵᠡᠯ ᠰᠠᠨᠠᠭᠠᠨ᠎ᠤ ᠪᠦᠷᠢᠯᠳᠦᠨ ᠬᠥᠭ᠌ᠵᠢᠭ᠌ᠰᠡᠨ ᠶᠠᠪᠤᠳᠠᠯ᠎ᠨᠢ ᠮᠠᠷᠺᠰ᠎ᠤᠨ ᠦᠵᠡᠯ᠎ᠢ ᠳᠤᠮᠳᠠᠳᠤ ᠤᠯᠤᠰ᠎ᠤᠨ ᠡᠭᠡ ᠭᠠᠵᠠᠷ ᠳᠡᠭᠡᠷ᠎ᠡ ᠭᠦᠨ ᠦᠨᠳᠦᠰᠦᠯᠡᠭᠦᠯᠦᠭ᠌ᠰᠡᠨ ᠪᠠᠢᠨ᠎ᠠ᠃ ᠲᠡᠦᠬᠡ ᠪᠠ ᠠᠷᠠᠳ ᠲᠦᠮᠡᠨ ᠮᠠᠷᠺᠰ᠎ᠤᠨ ᠦᠵᠡᠯ᠎ᠢ ᠰᠣᠩᠭᠤᠭ᠍ᠰᠠᠨ᠎ᠨᠢ ᠪᠦᠷᠢᠮᠦᠰᠦᠨ ᠵᠥᠪ ᠶᠤᠮ᠂ ᠳᠤᠮᠳᠠᠳᠤ ᠤᠯᠤᠰ᠎ᠤᠨ ᠡᠪ ᠬᠠᠮᠲᠤ ᠨᠠᠮ ᠮᠠᠷᠺᠰ᠎ᠤᠨ ᠦᠵᠡᠯ᠎ᠤᠨ ᠦᠨᠳᠦᠰᠦᠨ ᠶᠤᠰᠤ᠎ᠶ᠋ᠢ ᠳᠤᠮᠳᠠᠳᠤ ᠤᠯᠤᠰ᠎ᠤᠨ ᠪᠣᠳᠠᠲᠤ ᠪᠠᠢᠳᠠᠯ᠎ᠲᠠᠢ ᠤᠶᠠᠯᠳᠤᠭᠤᠯᠬᠤ᠎ᠶ᠋ᠢ ᠪᠠᠷᠢᠮᠲᠠᠯᠠᠵᠤ᠂ ᠮᠠᠷᠺᠰ᠎ᠤᠨ ᠦᠵᠡᠯ᠎ᠢ ᠳᠤᠮᠳᠠᠳᠤ ᠤᠯᠤᠰᠴᠢᠯᠠᠬᠤ ᠴᠠᠭ ᠦᠶᠡᠴᠢᠯᠡᠬᠦ᠌᠎ᠶ᠋ᠢ ᠲᠠᠰᠤᠷᠠᠯᠲᠠ ᠦᠭᠡᠢ ᠠᠬᠢᠭᠤᠯᠤᠭ᠍ᠰᠠᠨ᠎ᠨᠢ ᠪᠦᠷᠢᠮᠦᠰᠦᠨ ᠵᠥᠪ ᠭᠡᠳᠡᠭ᠎ᠢ ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠲᠡᠦᠬᠡ ᠭᠦᠢᠴᠡᠳ ᠭᠡᠷᠡᠴᠢᠯᠡᠪᠡ᠃

ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠠᠭᠤᠤ ᠶᠡᠭᠡ ᠠᠮᠵᠢᠯᠲᠠ ᠪᠦᠲᠦᠮᠵᠢ ᠪᠣᠯ ᠲᠤᠭ᠎ᠠ ᠲᠣᠮᠰᠢ ᠦᠭᠡᠢ ᠳᠤᠮᠳᠠᠳᠤ ᠤᠯᠤᠰ᠎ᠤᠨ ᠡᠪ ᠬᠠᠮᠲᠤᠴᠤᠳ᠎ᠤᠨ ᠤᠭ ᠰᠠᠨᠠᠭ᠎ᠠ᠎ᠪᠠᠨ ᠦᠢᠯᠡᠳᠦᠯᠭᠡᠵᠢᠭᠦᠯᠵᠦ᠍᠂ ᠡᠭᠦᠷᠭᠡ ᠬᠠᠷᠢᠭᠤᠴᠠᠯᠭ᠎ᠠ᠎ᠪᠠᠨ ᠡᠭᠦᠷᠭᠡᠯᠡᠭ᠌ᠰᠡᠨ᠎ᠤ ᠦᠷ᠎ᠡ ᠳ᠋ᠦᠩ ᠮᠥᠨ᠃ ᠳᠤᠮᠳᠠᠳᠤ ᠤᠯᠤᠰ᠎ᠤᠨ ᠠᠷᠠᠳ ᠲᠦᠮᠡᠨ᠎ᠳᠤ ᠵᠣᠯ ᠵᠢᠷᠭᠠᠯ ᠣᠯᠭᠤᠬᠤ᠂ ᠳᠤᠮᠳᠠᠳᠤ᠎ᠶ᠋ᠢᠨ ᠦᠨᠳᠦᠰᠦᠲᠡᠨ᠎ᠤ ᠰᠡᠷᠭᠦᠨ ᠮᠠᠨᠳᠤᠯᠲᠠ᠎ᠶ᠋ᠢᠨ ᠲᠥᠯᠥᠭᠡ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠬ᠍ᠰᠠᠨ ᠴᠠᠭ᠎ᠠᠴᠠ᠎ᠪᠠᠨ ᠠᠪᠤᠭᠠᠳ ᠲᠠᠷᠤᠢ ᠡᠨᠡ ᠬᠦ᠌ ᠤᠭ ᠰᠠᠨᠠᠭ᠎ᠠ᠎ᠶ᠋ᠢ ᠪᠤᠢ ᠪᠤᠯᠭᠠᠵᠤ᠂ ᠡᠨᠡ ᠬᠦ᠌ ᠡᠭᠦᠷᠭᠡ᠎ᠶ᠋ᠢ ᠡᠭᠦᠷᠭᠡᠯᠡᠭ᠌ᠰᠡᠨ ᠶᠤᠮ᠃ ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠦᠶ᠎ᠡ᠎ᠳᠤ᠂ ᠢᠯᠠᠩᠭᠤᠶ᠎ᠠ ᠶᠡᠭᠡ ᠬᠤᠪᠢᠰᠭᠠᠯ ᠢᠯᠠᠭ᠍ᠳᠠᠭ᠍ᠰᠠᠨ᠎ᠤ ᠲᠠᠷᠠᠭ᠎ᠠ᠂ ᠮᠠᠨ᠎ᠤ ᠨᠠᠮ᠎ᠤᠨ ᠠᠬᠤᠶ ᠪᠠᠢᠳᠠᠯ ᠲᠦᠢᠯ᠎ᠤᠨ ᠬᠦᠴᠢᠷᠳᠡᠯ᠎ᠲᠠᠢ ᠪᠠᠢᠵᠤ᠂ ᠣᠷᠣᠱᠢᠨ ᠲᠣᠭ᠍ᠲᠠᠨᠢᠬᠤ ᠪᠠ ᠬᠥᠭ᠌ᠵᠢᠬᠦ᠌ ᠳᠠᠷᠤᠯᠲᠠ ᠯᠤᠲᠤ ᠶᠡᠭᠡ ᠪᠠᠢᠪᠠ᠃ ᠪᠦᠷᠢᠨ ᠪᠤᠰᠤ ᠪᠦᠷᠢᠳᠭᠡᠯ᠎ᠢ ᠦᠨᠳᠦᠰᠦᠯᠡᠪᠡᠯ᠂ 1927 ᠣᠨ᠎ᠤ 3 ᠰᠠᠷ᠎ᠠ᠎ᠠᠴᠠ 1928 ᠣᠨ᠎ᠤ ᠳᠡᠭᠡᠷ᠎ᠡ ᠬᠠᠭᠠᠰ ᠵᠢᠯ ᠪᠣᠯᠲᠠᠯ᠎ᠠ᠂ ᠬᠤᠣᠷᠯᠠᠭ᠍ᠳᠠᠭ᠍ᠰᠠᠨ ᠡᠪ ᠬᠠᠮᠲᠤ ᠨᠠᠮ᠎ᠤᠨ ᠭᠡᠱᠢᠭᠦᠨ ᠪᠠ ᠬᠤᠪᠢᠰᠭᠠᠯᠲᠤ ᠤᠯᠠᠨ ᠲᠦᠮᠡᠨ 31 ᠲᠦᠮᠡ ᠭᠠᠷᠤᠶ ᠪᠤᠯᠵᠠᠢ; ᠤᠷᠳᠤ ᠵᠠᠮ᠎ᠤᠨ ᠠᠶᠠᠨ ᠲᠠᠢᠨ᠎ᠳᠤ ᠮᠣᠷᠳᠠᠬᠤ ᠦᠶ᠎ᠡ᠎ᠶ᠋ᠢᠨ ᠪᠦᠬᠦ᠌ ᠬᠥᠮᠦᠨ᠎ᠤ ᠲᠤᠭ᠎ᠠ 20.6 ᠲᠦᠮᠡ ᠪᠠᠢᠬ᠍ᠰᠠᠠ᠎ᠠᠴᠠ᠎ᠪᠠᠨ ᠤᠷᠳᠤ ᠵᠠᠮ᠎ᠤᠨ ᠠᠶᠠᠨ ᠲᠠᠢᠨ ᠲᠠᠭᠤᠰᠭᠤ ᠦᠶ᠎ᠠ᠎ᠳᠤ 5.7 ᠲᠦᠮᠡᠨ ᠬᠥᠮᠦᠨ ᠯᠡ ᠦᠯᠡᠳᠡᠪᠡ᠃ ᠱᠢᠷᠭᠠᠭᠤ ᠬᠠᠲᠠᠭᠤᠵᠢᠯᠲᠠᠢ ᠠᠭᠤᠤ ᠶᠡᠭᠡ ᠲᠡᠮᠡᠴᠡᠯ᠎ᠤᠨ ᠳᠤᠮᠳᠠ᠂ ᠳᠤᠮᠳᠠᠳᠤ ᠤᠯᠤᠰ᠎ᠤᠨ ᠡᠪ ᠬᠠᠮᠲᠤ ᠨᠠᠮ ᠡᠭᠦᠷᠭᠡ ᠬᠠᠷᠢᠭᠤᠴᠠᠯᠭ᠎ᠠ᠎ᠪᠠᠨ ᠡᠭᠦᠷᠭᠡᠯᠡᠵᠦ᠍᠂ ᠤᠭ ᠰᠠᠨᠠᠭ᠎ᠠ᠎ᠪᠠᠨ ᠦᠢᠯᠡᠳᠦᠯᠭᠡᠵᠢᠭᠦᠯᠵᠦ᠍᠂ ᠲᠤᠭ᠎ᠠ ᠲᠣᠮᠰᠢ ᠦᠭᠡᠢ ᠡᠪ ᠬᠠᠮᠲᠤᠴᠤᠳ ᠦᠷᠡᠭ᠌ᠳᠡᠯ ᠰᠦᠢᠳᠦᠯ᠎ᠠᠴᠠ ᠠᠶᠤᠬᠤ ᠦᠭᠡᠢ᠂ ᠡᠷᠡᠯᠬᠡᠭ ᠪᠠᠭᠠᠲᠤᠷᠯᠢᠭ᠎ᠢᠶᠠᠷ ᠲᠡᠮᠡᠴᠡᠵᠦ᠍᠂ ᠠᠷᠢᠭᠤᠨ ᠴᠢᠰᠤ ᠪᠠ ᠠᠮᠢ ᠨᠠᠰᠤ᠎ᠪᠠᠷ᠎ᠢᠶᠠᠨ ᠠᠷᠠᠳ ᠲᠦᠮᠡᠨ ᠡᠷᠬᠡ ᠮᠡᠳᠡᠵᠦ᠍ ᠡᠵᠡᠨ ᠰᠠᠭᠤᠭ᠍ᠰᠠᠨ ᠱᠢᠨ᠎ᠡ ᠳᠤᠮᠳᠠᠳᠤ ᠤᠯᠤᠰ᠎ᠢ ᠪᠠᠢᠭᠤᠯᠵᠤ᠂ ᠳᠤᠮᠳᠠᠳᠤ᠎ᠶ᠋ᠢᠨ ᠦᠨᠳᠦᠰᠦᠲᠡᠨ᠎ᠤ ᠶᠠᠳᠠᠭᠤ ᠪᠠᠭᠤᠷᠠᠢ ᠪᠠᠢᠭ᠍ᠰᠠᠨ᠎ᠠᠴᠠ᠎ᠪᠠᠨ ᠪᠣᠰᠴᠤ᠌ ᠵᠣᠭ᠍ᠰᠣᠭ᠍ᠰᠠᠨ ᠠᠭᠤᠤ ᠶᠡᠭᠡ ᠦᠰᠦᠷᠦᠯᠲᠡ᠎ᠶ᠋ᠢ ᠪᠡᠶᠡᠯᠡᠭᠦᠯᠵᠡᠢ᠃

ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠠᠭᠤᠤ ᠶᠡᠭᠡ ᠠᠮᠵᠢᠯᠲᠠ ᠪᠦᠲᠦᠮᠵᠢ ᠪᠣᠯ ᠲᠤᠭ᠎ᠠ ᠲᠣᠮᠰᠢ ᠦᠭᠡᠢ ᠳᠤᠮᠳᠠᠳᠤ ᠤᠯᠤᠰ᠎ᠤᠨ ᠡᠪ ᠬᠠᠮᠲᠤᠴᠤᠳ᠎ᠤᠨ ᠨᠠᠮ᠎ᠳᠠᠭᠠᠨ ᠦᠨᠡᠨᠴᠢ ᠱᠢᠳᠤᠷᠭᠤ ᠪᠠᠢᠵᠤ᠂ ᠠᠷᠠᠳ ᠲᠦᠮᠡᠨ᠎ᠢ ᠬᠥᠰᠡᠷᠳᠡᠭᠦᠯᠦᠭ᠌ᠰᠡᠨ ᠦᠭᠡᠢ᠎ᠶ᠋ᠢᠨ ᠦᠷ᠎ᠡ ᠳ᠋ᠦᠩ ᠮᠥᠨ᠃ ᠮᠠᠷᠺᠰ᠎ᠤᠨ ᠦᠵᠡᠯ᠎ᠤᠨ ᠲᠦᠷᠦ᠍ ᠪᠠᠷᠢᠭ᠍ᠴᠢ ᠨᠠᠮ ᠪᠣᠯᠤᠭ᠍ᠰᠠᠨ᠎ᠤ ᠬᠤᠪᠢ᠎ᠳᠤ᠂ ᠳᠤᠮᠳᠠᠳᠤ ᠤᠯᠤᠰ᠎ᠤᠨ ᠡᠪ ᠬᠠᠮᠲᠤ ᠨᠠᠮ ᠪᠣᠯ ᠦᠭᠡᠢᠭᠦᠦ ᠠᠩᠬᠢ᠎ᠶ᠋ᠢᠨ ᠠᠱᠢᠭ ᠲᠤᠰᠠ᠎ᠶ᠋ᠢᠨ ᠲᠥᠯᠥᠭᠡ ᠲᠡᠮᠡᠴᠡᠳᠡᠭ ᠲᠦᠷᠦ᠎ᠶ᠋ᠢᠨ ᠨᠠᠮ ᠮᠥᠨ᠃ ᠮᠠᠨ᠎ᠤ ᠨᠠᠮ ᠪᠠᠭ᠎ᠠ ᠪᠠᠢᠭ᠍ᠰᠠᠨ᠎ᠠᠴᠠ᠎ᠪᠠᠨ ᠶᠡᠭᠡ ᠪᠤᠯᠵᠤ᠂ ᠪᠠᠭᠤᠷᠠᠢ᠎ᠠᠴᠠ᠎ᠪᠠᠨ ᠬᠦᠴᠦᠷᠬᠡᠭ ᠪᠤᠯᠵᠤ᠂ ᠨᠠᠮ ᠪᠠᠢᠭᠤᠯᠤᠭ᠍ᠳᠠᠭ᠍ᠰᠠᠨ ᠡᠬᠢᠨ᠎ᠤ ᠦᠶ᠎ᠡ᠎ᠶ᠋ᠢᠨ 50 ᠭᠠᠷᠤᠢ ᠨᠠᠮ᠎ᠤᠨ ᠭᠡᠱᠢᠭᠦᠨ᠎ᠲᠠᠢ ᠪᠠᠢᠭ᠍ᠰᠠᠨ᠎ᠠᠴᠠ᠎ᠪᠠᠨ ᠤᠳᠤ᠎ᠶ᠋ᠢᠨ 9500 ᠭᠠᠷᠤᠢ ᠲᠦᠮᠡᠨ ᠨᠠᠮ᠎ᠤᠨ ᠭᠡᠱᠢᠭᠦᠨ᠎ᠲᠠᠢ ᠪᠤᠯᠵᠤ ᠬᠥᠭ᠌ᠵᠢᠵᠦ᠍ ᠴᠢᠳᠠᠭ᠍ᠰᠠᠨ᠎ᠤ ᠦᠨᠳᠦᠰᠦᠨ ᠱᠢᠯᠲᠠᠭᠠᠨ᠎ᠨᠢ ᠳᠤᠮᠳᠠᠳᠤ ᠤᠯᠤᠰ᠎ᠤᠨ ᠠᠷᠠᠳ ᠲᠦᠮᠡᠨ᠎ᠳᠤ ᠵᠣᠯ ᠵᠢᠷᠭᠠᠯ ᠣᠯᠭᠤᠬᠤ᠂ ᠳᠤᠮᠳᠠᠳᠤ᠎ᠶ᠋ᠢᠨ ᠦᠨᠳᠦᠰᠦᠲᠡᠨ᠎ᠤ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌ ᠤᠭ ᠰᠠᠨᠠᠭ᠎ᠠ ᠪᠣᠯᠤᠨ ᠡᠭᠦᠷᠭᠡ ᠬᠠᠷᠢᠭᠤᠴᠠᠯᠭ᠎ᠠ᠎ᠶ᠋ᠢ ᠢᠮᠠᠭ᠍ᠲᠠ ᠪᠠᠷᠢᠮᠲᠠᠯᠠᠨ ᠦᠢᠯᠡᠳᠦᠯᠭᠡᠵᠢᠭᠦᠯᠵᠦ᠍ ᠂ ᠠᠷᠠᠳ ᠲᠦᠮᠡᠨ᠎ᠯᠦᠭᠡ᠎ᠶ᠋ᠢᠨ ᠴᠢᠰᠤ ᠮᠢᠬᠠᠨ᠎ᠤ ᠬᠠᠷᠢᠴᠠᠭ᠎ᠠ᠎ᠶ᠋ᠢ ᠢᠮᠠᠭ᠍ᠲᠠ ᠪᠠᠲᠤᠯᠠᠭ᠍ᠰᠠᠨ᠎ᠳᠤ ᠪᠤᠢ᠃ ᠱᠢᠨ᠎ᠠ ᠠᠶᠠᠨ᠎ᠳᠤ᠂ ᠪᠢᠳᠠ ᠡᠷᠬᠡᠪᠰᠢ ᠠᠷᠠᠳ ᠲᠦᠮᠡᠨ᠎ᠤ ᠵᠤᠬ᠍ᠰᠤᠯᠳᠠ᠎ᠶ᠋ᠢ ᠢᠮᠬᠠᠳᠠ ᠪᠠᠷᠢᠮᠳᠠᠯᠠᠵᠤ᠂ ᠠᠷᠠᠳ ᠲᠦᠮᠡᠨ᠎ᠳᠤ ᠵᠤᠯ ᠵᠢᠷᠭᠠᠯ ᠤᠯᠭᠤᠬᠤ᠎ᠶ᠋ᠢᠨ ᠲᠦᠯᠦᠬᠡ ᠴᠦᠬᠦᠷᠠᠰᠢ ᠦᠬᠡᠢ ᠲᠡᠮᠡᠴᠡᠬᠦ᠌ ᠬᠡᠷᠡᠭ᠌ᠳᠡᠢ᠃

ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠢᠯᠠᠯᠲᠠ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠥᠪ ᠤᠳᠤᠷᠢᠳᠤᠭ᠍ᠰᠠᠨ᠎ᠤ ᠦᠷ᠎ᠡ ᠳ᠋ᠦᠩ ᠮᠥᠨ

ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠲᠡᠦᠬᠡᠨ ᠶᠠᠪᠤᠴᠠ᠎ᠳᠤ᠂ ᠳᠤᠮᠳᠠᠳᠤ ᠤᠯᠤᠰ᠎ᠤᠨ ᠠᠷᠠᠳ ᠲᠦᠮᠡᠨ᠎ᠤ ᠡᠰᠡᠷᠭᠦᠴᠡᠯ ᠲᠡᠮᠡᠴᠡᠯ ᠪᠣᠯ ᠲᠦᠢᠯ᠎ᠤᠨ ᠡᠷᠡᠯᠬᠡᠭ ᠪᠠᠭᠠᠲᠤᠷᠯᠢᠭ ᠶᠤᠮ ᠂ ᠭᠡᠪᠡᠴᠦ᠍ ᠭᠠᠭ᠍ᠴᠠ ᠬᠦ᠌ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ ᠳᠣᠣᠷ᠎ᠠ ᠰᠠᠶᠢ ᠢᠯᠠᠭ᠍ᠳᠠᠯ᠎ᠠᠴᠠ ᠲᠦᠢᠯᠪᠤᠷᠢᠲᠠᠶ ᠠᠩᠭᠢᠵᠢᠷᠠᠵᠤ᠂ ᠢᠯᠠᠯᠲᠠ᠎ᠠᠴᠠ ᠱᠢᠨ᠎ᠡ ᠢᠯᠠᠯᠲᠠ ᠵᠦᠭ ᠤᠷᠤᠭ᠍ᠰᠢᠯᠠᠭ᠍ᠰᠠᠨ ᠶᠤᠮ᠃ ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠢᠯᠠᠯᠲᠠ᠎ᠶ᠋ᠢ ᠤᠯᠬᠤ᠎ᠶ᠋ᠢᠨ ᠲᠥᠯᠥᠭᠡ᠂ ᠳᠤᠮᠳᠠᠳᠤ ᠤᠯᠤᠰ᠎ᠤᠨ ᠡᠪ ᠬᠠᠮᠲᠤ ᠨᠠᠮ ᠪᠦᠯᠬᠦᠮᠳᠡᠵᠦ᠍ ᠪᠣᠯᠬᠤ ᠬᠦᠴᠦᠨ ᠪᠦᠬᠦᠨ᠎ᠲᠠᠢ ᠪᠦᠯᠬᠦᠮᠳᠡᠵᠦ᠍᠂ ᠲᠠᠢᠴᠢᠯᠠᠵᠤ ᠪᠣᠯᠬᠤ ᠢᠳᠡᠪᠬᠢ ᠬᠦᠴᠦᠨ ᠵᠦᠢᠯ ᠪᠦᠬᠦᠨ᠎ᠢ ᠲᠠᠢᠴᠢᠯᠠᠵᠤ᠂ ᠡᠵᠡᠷᠬᠡᠭ ᠲᠦᠷᠢᠮᠡᠬᠡᠶ ᠶᠣᠰᠣ᠂ ᠹᠸᠤᠳᠠᠯ ᠶᠣᠰᠣ᠂ ᠨᠣᠶᠠᠨᠴᠢ ᠬᠥᠷᠥᠩᠭᠡᠲᠦ ᠶᠣᠰᠣᠨ᠎ᠤ ᠭᠤᠷᠪᠠᠨ ᠶᠡᠭᠡ ᠠᠭᠤᠯᠠ᠎ᠶ᠋ᠢ ᠲᠦᠯᠬᠢᠨ ᠤᠨᠠᠭᠠᠬᠤ ᠢᠯᠠᠭ᠍ᠳᠠᠰᠢ ᠦᠭᠡᠢ ᠬᠤᠪᠢᠰᠭᠠᠯ᠎ᠤᠨ ᠬᠦᠴᠦᠲᠦ ᠤᠷᠤᠰᠭᠠᠯ᠎ᠢ ᠪᠦᠷᠢᠯᠳᠦᠭᠦᠯᠪᠡ᠃ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠬᠤ ᠦᠭᠡᠢ ᠪᠣᠯ ᠱᠢᠨ᠎ᠡ ᠳᠤᠮᠳᠠᠳᠤ ᠤᠯᠤᠰ ᠪᠠᠢᠵᠤ ᠴᠢᠳᠠᠬᠤ ᠦᠭᠡᠢ᠂ ᠳᠤᠮᠳᠠᠳᠤ᠎ᠶ᠋ᠢᠨ ᠦᠨᠳᠦᠰᠦᠲᠡᠨ᠎ᠤ ᠠᠭᠤᠤ ᠶᠡᠭᠡ ᠰᠡᠷᠭᠦᠨ ᠮᠠᠨᠳᠤᠯᠲᠠ ᠪᠠᠢᠵᠤ ᠴᠢᠳᠠᠬᠤ ᠦᠭᠡᠢ ᠭᠡᠳᠡᠭ᠎ᠢ ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠢᠯᠠᠯᠲᠠ ᠭᠦᠢᠴᠡᠳ ᠭᠡᠷᠡᠴᠢᠯᠡᠵᠡᠶ᠃ ᠭᠠᠭ᠍ᠴᠠ ᠬᠦ᠌ ᠳᠤᠮᠳᠠᠳᠤ ᠤᠯᠤᠰ᠎ᠤᠨ ᠡᠪ ᠬᠠᠮᠲᠤ ᠨᠠᠮ ᠰᠠᠶᠢ ᠳᠤᠮᠳᠠᠳᠤ ᠤᠯᠤᠰ᠎ᠢ ᠳᠠᠭᠠᠭᠤᠯᠤᠨ ᠦᠨᠳᠦᠰᠦᠲᠡᠨ᠎ᠤ ᠲᠤᠰᠠᠭᠠᠷ ᠲᠣᠭ᠍ᠲᠠᠨᠢᠯ᠂ ᠠᠷᠠᠳ ᠲᠦᠮᠡᠨ᠎ᠤ ᠴᠢᠯᠥᠭᠡᠯᠡᠯᠲᠡ ᠪᠠ ᠠᠭᠤᠤ ᠶᠡᠭᠡ ᠰᠡᠷᠭᠦᠨ ᠮᠠᠨᠳᠤᠯᠲᠠ ᠲᠡᠢᠰᠢ ᠤᠷᠤᠭ᠍ᠰᠢᠯᠠᠵᠤ ᠴᠢᠳᠠᠨ᠎ᠠ᠃

ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠠᠭᠤᠤ ᠶᠡᠭᠡ ᠲᠡᠦᠬᠡᠨ ᠶᠠᠪᠤᠴᠠ᠎ᠳᠤ᠂ ᠠᠬᠠᠮᠠᠳ ᠨᠢᠬᠡ ᠦᠶ᠎ᠠ᠎ᠶ᠋ᠢᠨ ᠳᠤᠮᠳᠠᠳᠤ ᠤᠯᠤᠰ᠎ᠤᠨ ᠡᠪ ᠬᠠᠮᠲᠤᠴᠤᠳ ᠵᠣᠷᠢᠭ᠍ᠲᠠᠶ᠎ᠪᠠᠷ ᠲᠡᠮᠡᠴᠡᠵᠦ᠍᠂ ᠵᠣᠷᠢᠭ᠍ᠲᠠᠶ᠎ᠪᠠᠷ ᠰᠦᠪᠡᠭ᠌ᠴᠢᠯᠡᠵᠦ᠍ ᠂ ᠵᠣᠷᠢᠭ᠍ᠲᠠᠶ᠎ᠪᠠᠷ ᠦᠷᠡᠭ᠌ᠳᠡᠯ ᠭᠠᠷᠭᠠᠵᠤ᠂ ᠠᠷᠠᠳ ᠲᠦᠮᠡᠨ᠎ᠳᠡᠭᠡᠨ ᠦᠨᠡᠨᠴᠢ ᠱᠢᠳᠤᠷᠭᠤ ᠪᠠᠢᠵᠤ᠂ ᠱᠢᠨ᠎ᠡ ᠠᠷᠠᠳᠴᠢᠯᠠᠭ᠍ᠰᠠᠨ ᠬᠤᠪᠢᠰᠭᠠᠯ᠎ᠤᠨ ᠠᠭᠤᠤ ᠶᠡᠭᠡ ᠠᠮᠵᠢᠯᠲᠠ᠎ᠶ᠋ᠢ ᠣᠯᠵᠠᠢ᠂ ᠡᠭᠦᠨ᠎ᠤ ᠬᠠᠮᠲᠤ ᠤᠯᠠᠭᠠᠨ ᠣᠩᠭᠤᠴᠠᠨ᠎ᠤ ᠵᠣᠷᠢᠭ ᠰᠠᠨᠠᠭ᠎ᠠ᠂ ᠵᠢᠩᠭᠠᠩᠱᠠᠨ᠎ᠤ ᠵᠣᠷᠢᠭ ᠰᠠᠨᠠᠭ᠎ᠠ᠂ ᠤᠷᠳᠤ ᠵᠠᠮ᠎ᠤᠨ ᠠᠶᠠᠨ ᠲᠠᠢᠨ᠎ᠤ ᠵᠣᠷᠢᠭ ᠰᠠᠨᠠᠭ᠎ᠠ᠂ ᠽᠦᠨ ᠢ᠎ᠶ᠋ᠢᠨ ᠬᠤᠷᠠᠯ᠎ᠤᠨ ᠵᠤᠷᠢᠭ ᠰᠠᠨᠠᠭ᠎ᠠ᠂ ᠶᠠᠨ ᠠᠨ᠎ᠤ ᠵᠤᠷᠢᠭ ᠰᠠᠨᠠᠭ᠎ᠠ᠂ ᠰᠢ ᠪᠠᠢ ᠫᠦᠸᠧ᠎ᠶ᠋ᠢᠨ ᠵᠤᠷᠢᠭ ᠰᠠᠨᠠᠭ᠎ᠠ᠂ ᠤᠯᠠᠭᠠᠨ ᠬᠠᠳᠠ᠎ᠶ᠋ᠢᠨ ᠵᠣᠷᠢᠭ ᠰᠠᠨᠠᠭ᠎ᠠ ᠵᠡᠷᠭᠡ ᠠᠭᠤᠤ ᠶᠡᠭᠡ ᠵᠣᠷᠢᠭ ᠰᠠᠨᠠᠭ᠎ᠠ᠎ᠶ᠋ᠢ ᠪᠦᠷᠢᠯᠳᠦᠭᠦᠯᠵᠤ᠂ ᠮᠠᠨ᠎ᠤ ᠨᠠᠮ᠎ᠤᠨ ᠦᠨᠳᠦᠰᠦᠲᠡᠨ᠎ᠤ ᠲᠤᠰᠠᠭᠠᠷ ᠲᠣᠭ᠍ᠲᠠᠨᠢᠯ᠂ ᠠᠷᠠᠳ ᠲᠦᠮᠡᠨ᠎ᠤ ᠴᠢᠯᠥᠭᠡᠯᠡᠯᠲᠡ᠂ ᠤᠯᠤᠰ ᠣᠷᠣᠨ᠎ᠤ ᠪᠠᠶᠠᠵᠢᠯ ᠬᠦᠴᠦᠷᠬᠡᠭ᠌ᠵᠢᠯ᠂ ᠠᠷᠠᠳ ᠲᠦᠮᠡᠨ᠎ᠤ ᠵᠣᠯ ᠵᠢᠷᠭᠠᠯ᠎ᠢ ᠪᠡᠶᠡᠯᠡᠭᠦᠯᠬᠦ᠌᠎ᠶ᠋ᠢᠨ ᠲᠥᠯᠥᠭᠡ ᠡᠷᠡᠯᠬᠡᠭ ᠪᠠᠭᠠᠲᠤᠷᠯᠢᠭ᠎ᠢᠶᠠᠷ ᠲᠡᠮᠡᠴᠡᠭ᠌ᠰᠡᠨ ᠲᠡᠦᠬᠡ᠎ᠶ᠋ᠢ ᠲᠤᠰᠭᠠᠭ᠍ᠰᠠᠨ ᠶᠤᠮ᠃

ᠲᠡᠦᠬᠡ᠎ᠶ᠋ᠢᠨ ᠤᠷᠤᠰᠭᠠᠯ ᠲᠠᠰᠤᠷᠠᠰᠢ ᠦᠭᠡᠢ᠂ ᠵᠣᠷᠢᠭ ᠰᠠᠨᠠᠭ᠎ᠠ ᠦᠶ᠎ᠡ᠎ᠶ᠋ᠢᠨ ᠦᠶ᠎ᠡ᠎ᠳᠤ ᠤᠯᠠᠮᠵᠢᠯᠠᠭ᠍ᠳᠠᠨ᠎ᠠ᠃ ᠳᠤᠮᠳᠠᠳᠤ ᠤᠯᠤᠰ᠎ᠤᠨ ᠡᠪ ᠬᠠᠮᠲᠤ ᠨᠠᠮ ᠠᠷᠠᠳ ᠲᠦᠮᠡᠨ᠎ᠢ ᠪᠦᠯᠬᠦᠮᠳᠡᠭᠦᠯᠦᠨ ᠳᠠᠭᠠᠭᠤᠯᠵᠤ ᠴᠢᠰᠤ ᠤᠷᠤᠰᠭᠠᠨ ᠡᠷᠡᠯᠬᠡᠭ᠌ᠯᠡᠨ ᠪᠠᠢᠯᠳᠤᠭ᠍ᠰᠠᠨ᠂ ᠨᠤᠭᠤᠷᠠᠰᠢ ᠦᠭᠡᠶ ᠲᠡᠮᠡᠴᠡᠭ᠌ᠰᠡᠨ ᠬᠤᠪᠢᠰᠭᠠᠯ᠎ᠤᠨ ᠥᠩᠭᠡᠷᠡᠯᠲᠡ᠎ᠶ᠋ᠢ ᠪᠠᠲᠤ ᠴᠡᠭᠡᠵᠢᠯᠡᠵᠦ᠍᠂ ᠠᠷᠠᠳ ᠤᠯᠠᠨ᠎ᠯᠤᠭ᠎ᠠ᠎ᠶ᠋ᠢᠨ ᠴᠢᠰᠤ ᠮᠢᠬᠠᠨ᠎ᠤ ᠬᠠᠷᠢᠴᠠᠭ᠎ᠠ᠎ᠶ᠋ᠢ ᠢᠮᠠᠭ᠍ᠲᠠ ᠪᠠᠷᠢᠮᠲᠠᠯᠠᠵᠤ᠂ ᠠᠷᠠᠳ ᠲᠦᠮᠡᠨ᠎ᠲᠠᠢ ᠰᠡᠳᠭᠢᠯ ᠵᠢᠷᠦᠬᠡ᠎ᠪᠠᠨ ᠬᠤᠯᠪᠣᠵᠤ᠂ ᠰᠡᠳᠭᠢᠯ ᠨᠢᠬᠡᠳᠦᠨ ᠬᠦᠴᠦ᠎ᠪᠠᠨ ᠬᠠᠮᠳᠤᠳᠭᠠᠬᠤ ᠪᠣᠯ ᠳᠤᠮᠳᠠᠳᠤ ᠤᠯᠤᠰ᠎ᠤᠨ ᠡᠪ ᠬᠠᠮᠲᠤᠴᠤᠳ ᠨᠢᠭᠡᠪᠦᠷᠢ᠎ᠶ᠋ᠢᠨ ᠡᠷᠬᠡᠪᠰᠢ ᠪᠠᠲᠤ ᠰᠠᠬᠢᠬᠤ᠂ ᠦᠢᠯᠡᠳᠦᠯᠭᠡᠵᠢᠭᠦᠯᠬᠦ᠌ ᠪᠠ ᠤᠯᠠᠮᠵᠢᠯᠠᠨ ᠵᠠᠯᠭᠠᠮᠵᠢᠯᠠᠬᠤ ᠵᠣᠷᠢᠭ ᠰᠠᠨᠠᠭᠠᠨ᠎ᠤ ᠰᠦᠭ ᠰᠦᠨᠡᠰᠦ ᠮᠥᠨ᠃ ᠱᠢᠨ᠎ᠡ ᠠᠶᠠᠨ᠎ᠳᠤ᠂ ᠪᠢᠳᠡ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠵᠦ᠍᠂ ᠨᠠᠮ᠎ᠤᠨ ᠤᠳᠤᠷᠢᠳᠤᠯᠭ᠎ᠠ᠎ᠶ᠋ᠢ ᠪᠠᠷᠢᠮᠲᠠᠯᠠᠵᠤ᠂ ᠠᠷᠠᠳ ᠲᠦᠮᠡᠨ᠎ᠢ ᠳᠡᠭᠡᠳᠦᠯᠡᠬᠦ᠌᠎ᠶ᠋ᠢ ᠪᠠᠷᠢᠮᠲᠠᠯᠠᠵᠤ᠂ ᠳᠤᠮᠳᠠᠳᠤ᠎ᠶ᠋ᠢᠨ ᠬᠥᠪᠡᠭᠦᠳ ᠥᠬᠢᠳ᠎ᠤᠨ ᠶᠡᠭᠡ ᠪᠦᠯᠬᠦᠮᠳᠡᠯ ᠶᠡᠭᠡ ᠬᠤᠯᠪᠣᠭᠠᠯᠠᠯ᠎ᠢ ᠪᠠᠷᠢᠮᠲᠠᠯᠠᠵᠤ᠂ ᠳᠤᠮᠳᠠᠳᠤ᠎ᠶ᠋ᠢᠨ ᠦᠨᠳᠦᠰᠦᠲᠡᠨ᠎ᠤ ᠠᠭᠤᠤ ᠶᠡᠭᠡ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌᠎ᠳᠤ ᠨᠡᠩ ᠶᠡᠭᠡ ᠬᠤᠪᠢ ᠨᠡᠮᠡᠷᠢ ᠦᠵᠡᠭᠦᠯᠵᠦ᠍᠂ ᠨᠠᠮ ᠪᠣᠯᠤᠨ ᠠᠷᠠᠳ ᠲᠦᠮᠡᠨ᠎ᠳᠤ ᠨᠡᠩ ᠶᠡᠭᠡ ᠢᠷᠠᠭᠤ ᠠᠯᠳᠠᠷ᠎ᠢ ᠲᠡᠮᠡᠴᠡᠨ ᠤᠯᠬᠤ᠎ᠪᠠᠷ ᠴᠢᠷᠮᠠᠢᠬᠤ ᠬᠡᠷᠡᠭ᠌ᠲᠡᠢ᠃

(ᠵᠣᠬᠢᠶᠠᠭ᠍ᠴᠢ᠄ ᠥᠪᠥᠷ ᠮᠣᠩᠭᠤᠯ᠎ᠤᠨ ᠨᠡᠢᠭᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠮᠠᠷᠺᠰ᠎ᠤᠨ ᠦᠵᠡᠯ᠎ᠤᠨ ᠰᠤᠳᠤᠯᠭᠠᠨ᠎ᠤ ᠬᠦᠷᠢᠶᠠᠯᠠᠩ)

1.png

2.png

3.png

4.png

 

ᠬᠤᠯᠪᠤᠭᠠᠰᠣ

ᠳᠤᠮᠤ ᠬᠡᠷᠡᠭ ᠶᠠᠪᠤᠳᠠᠯ

● 1921 ᠣᠨ᠎ᠤ 7 ᠰᠠᠷ᠎ᠠ᠎ᠶ᠋ᠢᠨ 23 ᠎ᠤ ᠡᠳᠦᠷ᠂ ᠳᠤᠮᠳᠠᠳᠤ ᠤᠯᠣᠰ᠎ᠤᠨ ᠡᠪ ᠬᠠᠮᠳᠤ ᠨᠠᠮ᠎ᠤᠨ ᠠᠩᠬᠠᠳᠤᠭᠠᠷ ᠤᠳᠠᠭᠠᠨ᠎ᠤ ᠪᠦᠬᠦ᠌ ᠤᠯᠤᠰ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ ᠱᠠᠩᠬᠠᠶ᠎ᠶ᠋ᠢᠨ ᠹᠷᠠᠨᠼᠢ᠎ᠶ᠋ᠢᠨ ᠲᠦᠷᠢᠶᠡᠰᠦᠨ ᠭᠠᠵᠠᠷ᠎ᠤᠨ ᠸᠠᠩ ᡁᠢ ᠵᠠᠮ᠎ᠤᠨ 106 ᠳ᠋ᠤᠭᠠᠷ ᠨᠣᠮᠧᠷᠳᠤ (ᠣᠳᠣ᠎ᠶ᠋ᠢᠨ ᠱᠢᠩ ᠶᠧ ᠵᠠᠮ᠎ᠤᠨ 76 ᠳ᠋ᠤᠭᠠᠷ ᠨᠣᠮᠧᠷᠳᠤ) ᠎ᠳᠤ ᠡᠬᠢᠯᠡᠪᠠ᠃ ᠬᠠᠮᠤᠭ ᠰᠡᠭᠦᠯᠴᠢ᠎ᠶ᠋ᠢᠨ ᠨᠢᠭᠡ ᠡᠳᠦᠷ᠎ᠤᠨ ᠬᠤᠷᠠᠯ᠎ᠢ ᠵᠧᠵᠢᠶᠠᠩ᠎ᠤᠨ ᠵᠢᠶᠠ ᠱᠢᠩ᠎ᠤᠨ ᠨᠠᠨ ᠬᠤ᠌ ᠨᠠᠭᠤᠷ᠎ᠤᠨ ᠵᠢᠭᠤᠯᠴᠢᠯᠠᠯ᠎ᠤᠨ ᠣᠩᠭᠤᠴᠠᠨ ᠳᠡᠭᠡᠷ᠎ᠡ ᠬᠤᠷᠠᠯᠳᠤᠭᠤᠯᠵᠠᠢ᠃ ᠶᠡᠭᠡ ᠬᠤᠷᠠᠯ᠎ᠠᠴᠠ ᠨᠠᠮ᠎ᠤᠨ ᠨᠡᠷ᠎ᠡ᠎ᠶ᠋ᠢ 《ᠳᠤᠮᠳᠠᠳᠤ ᠤᠯᠤᠰ᠎ᠤᠨ ᠡᠪ ᠬᠠᠮᠲᠤ ᠨᠠᠮ》 ᠭᠡᠵᠦ᠍ ᠲᠣᠭ᠍ᠲᠠᠭᠠᠭᠠᠳ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠠᠩᠬᠠᠳᠠᠭ᠍ᠴᠢ ᠬᠥᠲᠥᠯᠪᠦᠷᠢ ᠪᠠ ᠱᠢᠢᠳᠪᠤᠷᠢ᠎ᠶ᠋ᠢ ᠪᠠᠲᠤᠯᠠᠪᠠ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠪᠠᠢᠭᠤᠯᠤᠭ᠍ᠳᠠᠭ᠍ᠰᠠᠨ ᠶᠠᠪᠤᠳᠠᠯ ᠪᠣᠯ ᠳᠤᠮᠳᠠᠳᠤ᠎ᠶ᠋ᠢᠨ ᠦᠨᠳᠦᠰᠦᠲᠡᠨ᠎ᠤ ᠬᠥᠭ᠌ᠵᠢᠯᠲᠡ᠎ᠶ᠋ᠢᠨ ᠲᠡᠦᠬᠡᠨ᠎ᠳᠠᠬᠢ ᠲᠤᠮᠤ ᠬᠡᠷᠡᠭ ᠶᠠᠪᠤᠳᠠᠯ ᠪᠠᠢᠵᠤ ᠠᠭᠤᠤ ᠶᠡᠭᠡ ᠪᠥᠭᠡᠳ ᠠᠯᠤᠰ ᠬᠡᠳᠤ᠎ᠶ᠋ᠢᠨ ᠠᠴᠢ ᠬᠤᠯᠪᠣᠭ᠍ᠳᠠᠯ᠎ᠲᠠᠢ ᠶᠤᠮ᠃

●1927 ᠣᠨ᠎ᠤ 8 ᠰᠠᠷ᠎ᠠ᠎ᠶ᠋ᠢᠨ 1 ᠎ᠤ ᠡᠳᠦᠷ᠂ ᠵᠧᠦ ᠡᠸᠨ ᠯᠠᠶ᠎ᠪᠠᠷ ᠱᠦᠵᠢ ᠪᠣᠯᠭᠠᠭ᠍ᠰᠠᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶᠠᠨ᠎ᠤ ᠡᠮᠦᠨ᠎ᠡ ᠹᠷᠣᠨᠲ᠎ᠤᠨ ᠨᠠᠮ᠎ᠤᠨ ᠬᠤᠷᠢᠶᠠᠨ᠎ᠤ ᠤᠳᠤᠷᠢᠳᠤᠯᠭ᠎ᠠ ᠳᠣᠣᠷ᠎ᠠ᠂ ᠾᠧ ᠯᠦᠩ᠂ ᠶᠧ ᠲᠢᠩ᠂ ᠵᠦ᠍ ᠳ᠋ᠧ᠂ ᠯᠢᠦ ᠪᠦᠸᠧ ᠴᠧᠩ ᠨᠡᠷ ᠬᠤᠶᠠᠷ ᠲᠦᠮᠡ ᠭᠠᠷᠤᠶ ᠴᠡᠷᠢᠭ᠎ᠢ ᠳᠠᠭᠠᠭᠤᠯᠤᠨ᠂ ᠵᠢᠶᠠᠩᠰᠢ᠎ᠶ᠋ᠢᠨ ᠨᠠᠨᠴᠠᠩ᠎ᠳᠤ ᠭᠤᠮᠢᠨᠳᠠᠩ᠎ᠤᠨ ᠲᠡᠷᠰᠯᠡᠭᠦᠴᠦᠳ᠎ᠢ ᠵᠡᠪᠰᠡᠭ᠌ᠲᠦ ᠬᠦᠴᠦᠨ᠎ᠢᠶᠠᠷ ᠡᠰᠡᠷᠭᠦᠴᠡᠬᠦ᠌ ᠠᠩᠬᠠᠨ᠎ᠤ ᠫᠤᠤ᠎ᠶ᠋ᠢ ᠲᠠᠯᠪᠢᠪᠠ᠃ ᠨᠠᠨᠴᠠᠩ᠎ᠤᠨ ᠪᠣᠰᠣᠯᠭ᠎ᠠ᠎ᠨᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠪᠡᠶ᠎ᠡ᠎ᠪᠠᠨ ᠳᠠᠭᠠᠭᠠᠵᠤ ᠬᠤᠪᠢᠰᠭᠠᠯᠲᠤ ᠳᠠᠢᠨ᠎ᠢ ᠤᠳᠤᠷᠢᠳᠭᠤ᠂ ᠠᠷᠠᠳ᠎ᠤᠨ ᠴᠡᠷᠢᠭ ᠠᠩᠭᠢ᠎ᠶ᠋ᠢ ᠪᠠᠢᠭᠤᠯᠬᠤ ᠪᠠ ᠵᠡᠪᠰᠡᠭ᠌ᠲᠦ ᠬᠦᠴᠦᠨ᠎ᠢᠶᠠᠷ ᠵᠠᠰᠠᠭ᠎ᠤᠨ ᠡᠷᠬᠡ᠎ᠶ᠋ᠢ ᠪᠤᠯᠢᠶᠠᠨ ᠠᠪᠬᠤ ᠡᠬᠢᠯᠡᠯᠲᠡ᠎ᠶ᠋ᠢᠨ ᠪᠡᠯᠭᠡ ᠲᠡᠮᠳᠡᠭ ᠪᠣᠯᠵᠠᠢ᠃

● 1929 ᠣᠨ᠎ᠤ 12 ᠰᠠᠷ᠎ᠠ᠎ᠶ᠋ᠢᠨ 28 — 29 ᠎ᠤ ᠡᠳᠦᠷ ᠪᠣᠯᠲᠠᠯ᠎ᠠ᠂ ᠤᠯᠠᠭᠠᠨ ᠳᠥᠷᠪᠡᠳᠦᠭᠡᠷ ᠠᠷᠮᠢ᠎ᠶ᠋ᠢᠨ ᠨᠠᠮ᠎ᠤᠨ ᠶᠢᠰᠦᠳᠦᠭᠡᠷ ᠤᠳᠠᠭᠠᠨ᠎ᠤ ᠲᠥᠯᠥᠭᠡᠯᠡᠭ᠌ᠴᠢᠳ᠎ᠤᠨ ᠶᠡᠭᠡ ᠬᠤᠷᠠᠯ (ᠭᠦ᠋ ᠲᠢᠶᠠᠨ᠎ᠤ ᠬᠤᠷᠠᠯ) ᠹᠦᠵᠢᠶᠠᠨ᠎ᠤ ᠱᠠᠩᠬᠠᠩ᠎ᠤᠨ ᠭᠦ᠋ ᠲᠢᠶᠠᠨ᠎ᠳᠤ ᠬᠤᠷᠠᠯᠳᠤᠪᠠ᠃ ᠬᠤᠷᠠᠯ᠎ᠠᠴᠠ ᠦᠵᠡᠯ ᠰᠠᠨᠠᠭ᠎ᠠ᠎ᠪᠠᠷ ᠨᠠᠮ᠎ᠤᠨ ᠪᠠᠢᠭᠤᠯᠤᠯᠲᠠ ᠬᠢᠬᠦ᠂ ᠤᠯᠤᠰ ᠲᠦᠷᠦ᠎ᠪᠠᠷ ᠴᠡᠷᠢᠭ᠎ᠢ ᠪᠠᠢᠭᠤᠯᠬᠤ ᠵᠠᠷᠴᠢᠮ᠎ᠢ ᠲᠣᠭ᠍ᠲᠠᠭᠠᠵᠠᠶ᠃ ᠭᠦ᠋ ᠲᠢᠶᠠᠨ᠎ᠤ ᠬᠤᠷᠠᠯ᠎ᠤᠨ ᠱᠢᠶᠳᠪᠦᠷᠢ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ ᠪᠣᠯᠤᠨ ᠤᠯᠠᠭᠠᠨ ᠴᠡᠷᠢᠭ᠎ᠤᠨ ᠪᠠᠢᠭᠤᠯᠤᠯᠲᠠ᠎ᠶ᠋ᠢᠨ ᠬᠥᠲᠥᠯᠪᠦᠷᠢ᠎ᠶ᠋ᠢᠨ ᠴᠢᠨᠠᠷᠲᠠᠶ ᠲᠤᠯᠭᠤᠷ ᠪᠢᠴᠢᠭ ᠮᠥᠨ᠂ ᠨᠠᠮ ᠪᠣᠯᠤᠨ ᠠᠷᠠᠳ᠎ᠤᠨ ᠴᠡᠷᠢᠭ ᠠᠩᠭᠢ᠎ᠶ᠋ᠢᠨ ᠪᠠᠢᠭᠤᠯᠤᠯᠲᠠ᠎ᠶ᠋ᠢᠨ ᠲᠡᠦᠬᠡᠨ ᠳᠡᠭᠡᠷᠡᠬᠢ ᠴᠢᠬᠤᠯᠠ ᠬᠥᠱᠢᠶ᠎ᠡ ᠲᠡᠮᠳᠡᠭ ᠮᠥᠨ᠃

● 1935 ᠣᠨ᠎ᠤ 1 ᠰᠠᠷ᠎ᠠ᠎ᠶ᠋ᠢᠨ 15 — 17 ᠎ᠤ ᠡᠳᠦᠷ ᠪᠣᠯᠲᠠᠯ᠎ᠠ᠂ ᠲᠥᠪ ᠬᠤᠷᠢᠶᠠᠨ᠎ᠤ ᠤᠯᠤᠰ ᠳᠦᠷᠦ᠎ᠶ᠋ᠢᠨ ᠲᠣᠪᠴᠢᠶ᠎ᠠ ᠭᠦᠢᠵᠧᠦ᠎ᠶ᠋ᠢᠨ ᠽᠦᠨ ᠢ᠎ᠳᠤ ᠥᠷᠭᠡᠳᠭᠡᠭ᠌ᠰᠡᠨ ᠬᠤᠷᠠᠯ ᠬᠤᠷᠠᠯᠳᠤᠭᠤᠯᠪᠠ᠃ ᠽᠦᠨ ᠢ᠎ᠶ᠋ᠢᠨ ᠬᠤᠷᠠᠯ ᠪᠣᠯ ᠨᠠᠮ᠎ᠤᠨ ᠲᠡᠦᠬᠡᠨ᠎ᠳᠠᠬᠢ ᠦᠬᠦᠵᠦ᠍ ᠰᠡᠭᠡᠬᠦ᠌᠎ᠳᠤ ᠬᠤᠯᠪᠣᠭ᠍ᠳᠠᠬ᠍ᠰᠠᠨ ᠡᠷᠭᠢᠯᠲᠡ᠎ᠶ᠋ᠢᠨ ᠴᠡᠭ ᠮᠥᠨ᠃ ᠡᠨᠡ ᠤᠳᠠᠭᠠᠨ᠎ᠤ ᠬᠤᠷᠠᠯ᠎ᠨᠢ ᠤᠯᠠᠭᠠᠨ ᠴᠡᠷᠢᠭ᠎ᠤᠨ ᠲᠠᠪᠤᠳᠤᠭᠠᠷ ᠤᠳᠠᠭᠠᠨ᠎ᠤ 《ᠪᠦᠰᠡᠯᠡᠨ ᠤᠰᠠᠳᠭᠠᠯᠲᠠ》 ᠎ᠶ᠋ᠢ ᠡᠰᠡᠷᠭᠦᠴᠡᠭᠡᠳ ᠢᠯᠠᠭ᠍ᠳᠠᠭ᠍ᠰᠠᠨ ᠪᠠ ᠤᠷᠳᠤ ᠵᠠᠮ᠎ᠤᠨ ᠠᠶᠠᠨ ᠲᠠᠢᠨ᠎ᠤ ᠡᠬᠢᠨ᠎ᠤ ᠦᠶ᠎ᠡ᠎ᠳᠤ ᠬᠦᠨᠳᠦ ᠨᠣᠴᠢᠲᠠᠶ ᠨᠤᠭᠤᠷᠠᠯ᠎ᠳᠤ ᠤᠴᠠᠷᠠᠭ᠍ᠰᠠᠨ ᠲᠡᠦᠬᠡ᠎ᠶ᠋ᠢᠨ ᠵᠠᠩᠭᠢᠯᠠᠭ᠎ᠠ᠎ᠶ᠋ᠢᠨ ᠦᠶ᠎ᠡ᠎ᠳᠤ ᠬᠤᠷᠠᠯᠳᠤᠵᠠᠶ᠃ ᠮᠠᠤ ᠽᠧ ᠳ᠋ᠦᠩ᠎ᠢᠶᠠᠷ ᠭᠤᠣᠯ ᠲᠥᠯᠥᠭᠡᠯᠡᠭ᠌ᠴᠢ ᠪᠣᠯᠭᠠᠭ᠍ᠰᠠᠨ ᠮᠠᠷᠺᠰ᠎ᠤᠨ ᠦᠵᠡᠯ᠎ᠤᠨ ᠵᠥᠪ ᠱᠤᠭᠤᠮ᠎ᠤᠨ ᠨᠠᠮ᠎ᠤᠨ ᠲᠥᠪ ᠬᠤᠷᠢᠶ᠎ᠠ᠎ᠳᠠᠬᠢ ᠤᠳᠤᠷᠢᠳᠭᠤ ᠪᠠᠢᠷᠢ ᠰᠠᠭᠤᠷᠢ᠎ᠶ᠋ᠢ ᠲᠣᠭ᠍ᠲᠠᠭᠠᠵᠤ᠂ ᠨᠠᠮ᠎ᠤᠨ ᠪᠡᠶ᠎ᠡ᠎ᠪᠠᠨ ᠳᠠᠭᠠᠭᠠᠵᠤ ᠡᠵᠡᠨ ᠮᠡᠳᠡᠨ ᠳᠤᠮᠳᠠᠳᠤ ᠤᠯᠤᠰ᠎ᠤᠨ ᠬᠤᠪᠢᠰᠭᠠᠯ᠎ᠤᠨ ᠪᠣᠳᠠᠲᠠᠶ ᠠᠰᠠᠭᠤᠳᠠᠯ᠎ᠢ ᠱᠢᠶᠳᠪᠦᠷᠢᠯᠡᠬᠦ᠌ ᠱᠢᠨ᠎ᠡ ᠱᠠᠳᠤ ᠦᠶ᠎ᠡ᠎ᠶ᠋ᠢ ᠡᠬᠢᠯᠡᠭᠦᠯᠵᠦ᠍᠂ ᠬᠠᠮᠤᠭ᠎ᠤᠨ ᠠᠶᠤᠯ ᠲᠦᠭ᠌ᠰᠢᠭᠦᠷᠢᠲᠡᠶ ᠵᠠᠩᠭᠢᠯᠠᠭ᠎ᠠ᠎ᠶ᠋ᠢᠨ ᠦᠶ᠎ᠡ᠎ᠳᠤ ᠨᠠᠮ᠎ᠢ ᠠᠪᠤᠷᠠᠵᠤ᠂ ᠤᠯᠠᠭᠠᠨ ᠴᠡᠷᠢᠭ᠎ᠢ ᠠᠪᠤᠷᠠᠵᠤ᠂ ᠳᠤᠮᠳᠠᠳᠤ ᠤᠯᠤᠰ᠎ᠤᠨ ᠬᠤᠪᠢᠰᠭᠠᠯ᠎ᠢ ᠠᠪᠤᠷᠠᠪᠠ᠃

● 1936 ᠣᠨ᠎ᠤ 10 ᠰᠠᠷ᠎ᠠ᠎ᠶ᠋ᠢᠨ 9 ᠎ᠤ ᠡᠳᠦᠷ᠂ ᠤᠯᠠᠭᠠᠨ ᠴᠡᠷᠢᠭ᠎ᠤᠨ ᠨᠢᠭᠡᠳᠦᠭᠡᠷ᠂ ᠳᠥᠷᠪᠡᠳᠦᠭᠡᠷ ᠹᠷᠣᠨᠲ᠎ᠤᠨ ᠴᠡᠷᠢᠭ ᠭᠠᠨᠰᠦ᠎ᠶ᠋ᠢᠨ ᠬᠤᠢᠨᠢᠩ᠎ᠳᠤ ᠴᠡᠷᠢᠭ ᠨᠡᠢᠯᠡᠪᠡ᠃ 22 ᠎ᠤᠨ ᠡᠳᠦᠷ᠂ ᠤᠯᠠᠭᠠᠨ ᠴᠡᠷᠢᠭ᠎ᠤᠨ ᠨᠢᠭᠡᠳᠦᠭᠡᠷ᠂ ᠬᠤᠶᠠᠳᠤᠭᠠᠷ ᠹᠷᠣᠨᠲ᠎ᠤᠨ ᠴᠡᠷᠢᠭ ᠭᠠᠨᠰᠦ᠎ᠶ᠋ᠢᠨ ᠯᠦᠩᠳᠧ᠎ᠶ᠋ᠢᠨ ᠵᠢᠶᠠᠩ᠎ᠲᠠᠢ ᠪᠦᠦ (ᠤᠳᠤ ᠨᠢᠩᠱᠢᠶᠠ᠎ᠶ᠋ᠢᠨ ᠬᠦᠶᠤᠸᠠᠨ ᠬᠤᠳᠠ᠎ᠶ᠋ᠢᠨ ᠱᠢᠵᠢ ᠱᠢᠶᠠᠨ᠎ᠳᠤ ᠬᠠᠷᠢᠶᠠᠯᠠᠭ᠍ᠳᠠᠨ᠎ᠠ) ᠎ᠳᠤ ᠴᠡᠷᠢᠭ ᠨᠡᠢᠯᠡᠪᠡ᠃ ᠢᠩᠭᠢᠭᠡᠳ ᠭᠤᠷᠪᠠᠨ ᠶᠡᠭᠡ ᠭᠤᠣᠯ ᠬᠦᠴᠦᠨ᠎ᠤ ᠤᠯᠠᠭᠠᠨ ᠴᠡᠷᠢᠭ ᠢᠯᠠᠯᠲᠠ᠎ᠲᠠᠢ᠎ᠪᠠᠷ ᠠᠭᠤᠯᠵᠠᠪᠠ᠃ ᠤᠷᠳᠤ ᠵᠠᠮ᠎ᠤᠨ ᠠᠶᠠᠨ ᠲᠠᠢᠨ ᠪᠣᠯ ᠬᠥᠮᠦᠨ ᠲᠥᠷᠥᠯᠬᠢᠲᠡᠨ᠎ᠤ ᠲᠡᠦᠬᠡᠨ᠎ᠳᠠᠬᠢ ᠠᠤᠭ᠎ᠠ ᠠᠵᠢᠯᠯᠠᠭ᠎ᠠ ᠮᠥᠨ᠂ ᠨᠢᠭᠡ ᠤᠳᠠᠭ᠎ᠠ᠎ᠶ᠋ᠢᠨ ᠬᠦᠰᠡᠯ ᠢᠲᠡᠭᠡᠯ᠂ ᠦᠨᠡᠨ ᠶᠣᠰᠣ᠎ᠶ᠋ᠢ ᠱᠢᠯᠭᠠᠬᠤ᠂ ᠠᠷᠠᠳ ᠤᠯᠠᠨ᠎ᠢ ᠲᠠᠭᠤᠳᠠᠨ ᠰᠡᠷᠢᠭᠡᠵᠤ᠂ ᠱᠢᠨ᠎ᠠ ᠪᠠᠢᠳᠠᠯ᠎ᠢ ᠡᠬᠦᠳᠦᠭ᠌ᠰᠡᠨ ᠠᠭᠤᠤ ᠶᠡᠭᠡ ᠠᠶᠠᠨ ᠲᠠᠢᠨ ᠮᠥᠨ᠃

●1945 ᠣᠨ᠎ᠤ 4 ᠰᠠᠷ᠎ᠠ᠎ᠶ᠋ᠢᠨ 23 — 6 ᠰᠠᠷ᠎ᠠ᠎ᠶ᠋ᠢᠨ 11 ᠎ᠤ ᠡᠳᠦᠷ ᠪᠣᠯᠲᠠᠯ᠎ᠠ᠂ ᠨᠠᠮ᠎ᠤᠨ ᠳᠣᠯᠣᠳᠤᠭᠠᠷ ᠶᠡᠭᠡ ᠬᠤᠷᠠᠯ ᠶᠠᠨ ᠠᠨ᠎ᠳᠤ ᠬᠤᠷᠠᠯᠳᠤᠪᠠ᠃ ᠶᠡᠭᠡ ᠬᠤᠷᠠᠯ᠎ᠠᠴᠠ ᠨᠠᠮ᠎ᠤᠨ ᠤᠯᠤᠰ ᠲᠦᠷᠦ᠎ᠶ᠋ᠢᠨ ᠱᠤᠭᠤᠮ᠎ᠢ ᠳᠤᠷᠠᠳᠤᠨ ᠭᠠᠷᠭᠠᠵᠤ᠂ ᠨᠠᠮ᠎ᠤᠨ ᠤᠷᠳᠤ ᠬᠤᠭᠤᠴᠠᠭᠠᠨ᠎ᠤ ᠲᠡᠮᠡᠴᠡᠯ᠎ᠤᠨ ᠳᠤᠮᠳᠠ ᠪᠦᠷᠢᠯᠳᠦᠬᠦᠯᠦᠭ᠌ᠰᠡᠨ ᠱᠢᠯᠢᠳᠡᠭ ᠰᠤᠷᠲᠠᠯ᠎ᠢ ᠭᠤᠷᠪᠠᠨ ᠶᠡᠭᠡ ᠰᠤᠷᠳᠠᠯ ᠪᠤᠯᠭᠠᠨ ᠬᠤᠷᠢᠶᠠᠩᠭᠤᠢᠯᠠᠪᠠ᠃ ᠶᠡᠭᠡ ᠬᠤᠷᠠᠯ᠎ᠠᠴᠠ ᠮᠠᠤ ᠽᠧ ᠳ᠋ᠦᠩ᠎ᠤᠨ ᠦᠵᠡᠯ ᠰᠠᠨᠠᠭ᠎ᠠ᠎ᠶ᠋ᠢ ᠪᠦᠬᠦ᠌ ᠨᠠᠮ᠎ᠤᠨ ᠵᠢᠯᠣᠭᠤᠳᠭᠤ ᠦᠵᠡᠯ ᠰᠠᠨᠠᠭ᠎ᠠ ᠪᠣᠯᠭᠠᠬᠤ᠎ᠪᠠᠷ ᠲᠣᠭ᠍ᠲᠠᠭ᠍ᠰᠠᠨ ᠪᠥᠭᠡᠳ ᠨᠠᠮ᠎ᠤᠨ ᠲᠦᠷᠢᠮ᠎ᠳᠤ ᠪᠢᠴᠢᠵᠦ᠍ ᠣᠷᠣᠭᠤᠯᠵᠠᠶ᠃

● 1945 ᠣᠨ᠎ᠤ 9 ᠰᠠᠷ᠎ᠠ᠎ᠶ᠋ᠢᠨ 2 ᠎ᠤᠨ ᠡᠳᠦᠷ᠂ ᠶᠠᠫᠣᠨ᠎ᠤ ᠲᠥᠯᠥᠭᠡᠯᠡᠭ᠌ᠴᠢ ᠪᠠᠭᠤᠵᠤ ᠥᠭ᠌ᠬᠦ ᠪᠢᠴᠢᠭ ᠳᠡᠭᠡᠷ᠎ᠡ ᠭᠠᠷ᠎ᠤᠨ ᠦᠰᠦᠭ ᠵᠢᠷᠤᠪᠠ᠃ ᠳᠤᠮᠳᠠᠳᠤ ᠤᠯᠤᠰ᠎ᠢ ᠲᠦᠷᠢᠮᠡᠬᠡᠢᠯᠡᠭ᠌ᠰᠡᠨ 128 ᠲᠦᠮᠡᠨ ᠶᠠᠫᠣᠨ ᠴᠡᠷᠢᠭ ᠳᠤᠮᠳᠠᠳᠤ ᠤᠯᠤᠰ᠎ᠲᠤ ᠪᠠᠭᠤᠵᠤ ᠥᠭ᠌ᠬᠦᠭ᠌ᠰᠡᠡ ᠪᠠᠢᠨ᠎ᠠ᠃ ᠢᠩᠭᠢᠭᠡᠳ ᠳᠤᠮᠳᠠᠳᠤ ᠤᠯᠤᠰ᠎ᠤᠨ ᠶᠠᠫᠣᠨ᠎ᠢ ᠡᠰᠡᠷᠭᠦᠴᠡᠬᠦ᠌ ᠳᠠᠢᠨ ᠢᠯᠠᠯᠲᠠ᠎ᠲᠠᠢ᠎ᠪᠠᠷ ᠳᠠᠭᠤᠰᠴᠤ᠌᠂ ᠳᠡᠯᠡᠬᠡᠶ᠎ᠶ᠋ᠢᠨ ᠹᠠᠱ᠌ᠢᠰ᠎ᠢ ᠡᠰᠡᠷᠭᠦᠴᠡᠬᠦ᠌ ᠳᠠᠢᠨ ᠴᠦ᠍ ᠢᠯᠠᠯᠲᠠ᠎ᠲᠠᠢ᠎ᠪᠠᠷ ᠳᠠᠭᠤᠰᠪᠠ᠃ ᠳᠤᠮᠳᠠᠳᠤ ᠤᠯᠤᠰ᠎ᠤᠨ ᠠᠷᠠᠳ ᠲᠦᠮᠡᠨ᠎ᠤ ᠶᠠᠫᠣᠨ᠎ᠢ ᠡᠰᠡᠷᠭᠦᠴᠡᠬᠦ᠌ ᠳᠠᠢᠨ᠎ᠤ ᠢᠯᠠᠯᠲᠠ᠎ᠨᠢ ᠳᠤᠮᠳᠠᠳᠤ᠎ᠶ᠋ᠢᠨ ᠦᠨᠳᠦᠰᠦᠲᠡᠨ᠎ᠤ ᠰᠡᠷᠭᠦᠨ ᠮᠠᠨᠳᠤᠯᠲᠠ᠎ᠶ᠋ᠢᠨ ᠲᠡᠦᠬᠡ᠎ᠶ᠋ᠢᠨ ᠡᠷᠭᠢᠯᠲᠡ᠎ᠶ᠋ᠢᠨ ᠴᠡᠭ ᠪᠣᠯᠤᠭ᠍ᠰᠠᠨ ᠪᠥᠭᠡᠳ ᠳᠡᠯᠡᠬᠡᠶ᠎ᠶ᠋ᠢᠨ ᠪᠣᠯᠪᠠᠰᠤᠨ᠎ᠤ ᠳᠠᠪᠱᠢᠯᠲᠠ᠎ᠳᠤ ᠴᠢᠬᠤᠯᠠ ᠶᠡᠭᠡ ᠪᠥᠭᠡᠳ ᠠᠯᠤᠰ ᠬᠡᠳᠦ᠎ᠶ᠋ᠢᠨ ᠠᠴᠢ ᠬᠤᠯᠪᠣᠭ᠍ᠳᠠᠯ᠎ᠲᠠᠢ ᠶᠤᠮ᠃

● 1949 ᠣᠨ᠎ᠤ 4 ᠰᠠᠷ᠎ᠠ᠎ᠶ᠋ᠢᠨ 20 ᠎ᠤ ᠰᠥᠨᠢ᠎ᠠᠴᠠ 21 ᠎ᠤ ᠡᠳᠦᠷ ᠪᠣᠯᠲᠠᠯ᠎ᠠ᠂ ᠵᠠᠭᠤᠨ ᠲᠦᠮᠡᠨ ᠪᠠᠭᠠᠲᠤᠷ ᠴᠡᠷᠢᠭ ᠬᠥᠬᠡᠮᠥ᠋ᠷᠡᠨ᠎ᠢ ᠭᠡᠲᠦᠯᠪᠡ᠃ 23 ᠎ᠤ ᠡᠳᠦᠷ ᠨᠠᠨᠵᠢᠩ᠎ᠢ ᠴᠢᠯᠥᠭᠡᠯᠡᠵᠦ᠍᠂ 22 ᠵᠢᠯ ᠦᠷᠭᠦᠯᠵᠢᠯᠡᠭ᠌ᠰᠡᠨ ᠭᠤᠮᠢᠨᠳᠠᠩ᠎ᠤᠨ ᠨᠣᠶᠠᠷᠬᠠᠯ ᠮᠥᠬᠦᠪᠡ᠃

● 1949 ᠣᠨ᠎ᠤ 10 ᠰᠠᠷ᠎ᠠ᠎ᠶ᠋ᠢᠨ 1 ᠎ᠤ ᠡᠳᠦᠷ᠂ ᠪᠥᠬᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠲᠥᠪ᠎ᠤᠨ ᠠᠷᠠᠳ᠎ᠤᠨ ᠵᠠᠰᠠᠭ᠎ᠤᠨ ᠣᠷᠳᠣᠨ ᠪᠠᠢᠭᠤᠯᠤᠭ᠍ᠳᠠᠪᠠ᠃ ᠦᠳᠡ᠎ᠶ᠋ᠢᠨ ᠬᠤᠢᠨᠠᠬᠢ 3 ᠴᠠᠭ᠎ᠲᠤ᠌᠂ ᠪᠥᠬᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠲᠥᠪ᠎ᠤᠨ ᠠᠷᠠᠳ᠎ᠤᠨ ᠵᠠᠰᠠᠭ᠎ᠤᠨ ᠣᠷᠳᠣᠨ ᠪᠠᠢᠭᠤᠯᠤᠭ᠍ᠳᠠᠭ᠍ᠰᠠᠨ᠎ᠢ ᠪᠡᠯᠭᠡᠯᠡᠬᠦ᠌ ᠶᠣᠰᠣᠯᠠᠯ ᠪᠡᠭᠡᠵᠢᠩ᠎ᠤᠨ ᠲᠢᠶᠠᠨ ᠠᠨ ᠮᠧᠨ ᠲᠠᠯᠠᠪᠠᠢ᠎ᠳᠤ ᠦᠪᠡᠳᠡᠭ᠌ᠰᠢ ᠶᠡᠭᠡ᠎ᠪᠠᠷ ᠶᠠᠪᠤᠭ᠍ᠳᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号