ᠦᠪᠦᠷ ᠮᠤᠩᠭᠤᠯ᠎ᠤᠨ ᠤᠢ ᠱᠢᠭᠤᠢ᠎ᠶ᠋ᠢᠨ ᠭᠠᠯ ᠰᠡᠷᠭᠡᠢᠯᠡᠵᠦ᠍ ᠭᠠᠯ ᠤᠨᠲᠠᠷᠠᠭᠠᠬᠤ ᠶᠡᠷᠦᠩᠬᠡᠢ ᠠᠩᠬᠢ ᠶᠡᠷᠦᠩᠬᠡᠢ ᠱᠦᠵᠢ ᠰᠢ᠎ᠶ᠋ᠢᠨ ᠫᠢᠩ᠎ᠤᠨ 《7 · 1》 ᠎ᠤ ᠴᠢᠬᠤᠯᠠ ᠶᠠᠷᠢᠶᠠᠨ᠎ᠤ ᠵᠤᠷᠢᠭ ᠰᠠᠨᠠᠭ᠎ᠠ᠎ᠶ᠋ᠢ ᠰᠤᠷᠤᠯᠴᠠᠨ ᠲᠤᠭᠤᠱᠢᠯᠠᠭᠤᠯᠵᠦ᠍ ᠪᠤᠢ
2021-07-23 10:14:28
ᠵᠣᠬᠢᠶᠠᠭ᠍ᠴᠢ᠄
​ ᠰᠠᠴᠤᠷᠠᠯ
ᠣᠩᠱᠢᠭ᠍ᠰᠠᠨ ᠣᠳᠠᠭ᠎ᠠ᠄
★★★☆☆

ᠤᠢ᠍ᠢᠷ᠎ᠠ᠎ᠳᠤ᠂ ᠦᠪᠡᠷᠲᠡᠭᠡᠨ ᠵᠠᠰᠠᠬᠤ ᠤᠷᠤᠨ᠎ᠤ ᠤᠢ ᠱᠢᠭᠤᠢ᠎ᠶ᠋ᠢᠨ ᠭᠠᠯ ᠰᠡᠷᠬᠡᠢᠯᠡᠵᠦ᠍ ᠭᠠᠯ ᠤᠨᠲᠠᠷᠠᠭᠠᠬᠤ ᠶᠡᠷᠦᠩᠬᠡᠢ ᠠᠩᠬᠢ᠎ᠶ᠋ᠢᠨ ᠨᠠᠮ᠎ᠤᠨ ᠬᠤᠷᠢᠶ᠎ᠠ ᠰᠤᠷᠤᠯᠴᠠᠯᠭ᠎ᠠ᠎ᠶ᠋ᠢᠨ ᠱᠢᠨ᠎ᠡ ᠬᠡᠯᠪᠡᠷᠢ᠎ᠶ᠋ᠢ ᠡᠬᠦᠳᠴᠦ᠍᠂ 《ᠤᠯᠤᠯᠲᠠ ᠲᠦᠷᠦᠭ᠌ᠳᠡᠯ᠎ᠢᠶᠠᠨ ᠬᠤᠪᠢᠶᠠᠯᠴᠠᠬᠤ + ᠤᠬᠠᠭᠤᠯᠤᠨ ᠲᠠᠢᠯᠪᠤᠷᠢᠯᠠᠬᠤ》 ᠵᠠᠬ᠍ᠪᠤᠷ᠎ᠢ ᠬᠡᠷᠡᠭ᠌ᠯᠡᠨ ᠶᠡᠷᠦᠩᠬᠡᠢ ᠱᠦᠵᠢ ᠰᠢ᠎ᠶ᠋ᠢᠨ ᠫᠢᠩ᠎ᠤᠨ 《7 · 1》 ᠎ᠤ ᠴᠢᠬᠤᠯᠠ ᠶᠠᠷᠢᠶᠠᠨ᠎ᠤ ᠵᠤᠷᠢᠭ ᠰᠠᠨᠠᠭ᠎ᠠ᠎ᠶ᠋ᠢ ᠦᠷᠬᠦᠯᠵᠢᠯᠡᠨ ᠰᠤᠷᠤᠯᠴᠠᠨ ᠲᠤᠭᠤᠱᠢᠯᠠᠭᠤᠯᠪᠠ᠃

ᠰᠤᠷᠤᠯᠴᠠᠯᠭ᠎ᠠ᠎ᠶ᠋ᠢᠨ ᠬᠤᠷᠠᠯ ᠳᠡᠭᠡᠷ᠎ᠡ᠂ ᠶᠡᠭᠡ ᠬᠢᠩᠭᠠᠨ ᠳᠠᠪᠠᠭ᠎ᠠ᠎ᠶ᠋ᠢᠨ ᠰᠠᠯᠪᠤᠷᠢ ᠠᠩᠬᠢ᠎ᠶ᠋ᠢᠨ ᠴᠢ ᠴᠢᠶᠠᠨ ᠳᠤᠮᠲᠠ ᠠᠩᠬᠢ᠎ᠶ᠋ᠢᠨ ᠵᠢᠭᠠᠨ ᠵᠢᠯᠤᠭᠤᠳᠤᠬ᠍ᠴᠢ ᠸᠠᠩ ᠳ᠋ᠧ ᠫᠧᠩ ᠨᠦᠬᠦᠷ᠎ᠠᠴᠠ ᠳᠤᠮᠳᠠᠳᠤ ᠤᠯᠤᠰ᠎ᠤᠨ ᠡᠪ ᠬᠠᠮᠳᠤ ᠨᠠᠮ ᠪᠠᠢᠭᠤᠯᠤᠬ᠍ᠳᠠᠬ᠍ᠰᠠᠨ 100 ᠵᠢᠯ᠎ᠤᠨ ᠤᠢ᠎ᠶ᠋ᠢ ᠪᠡᠯᠭᠡᠯᠡᠬᠦ᠌ ᠱᠢᠷᠢᠰ ᠠᠵᠢᠯᠯᠠᠭ᠎ᠠ᠎ᠳᠤ ᠤᠷᠤᠯᠴᠠᠬ᠍ᠰᠠᠨ ᠦᠩᠭᠡᠷᠡᠯᠲᠡ ᠵᠢᠴᠢ ᠲᠤᠬᠠᠢ᠎ᠶ᠋ᠢᠨ ᠲᠠᠯᠠᠪᠤᠷ᠎ᠲᠤ ᠶᠡᠷᠦᠩᠬᠡᠢ ᠱᠦᠵᠢ ᠰᠢ᠎ᠶ᠋ᠢᠨ ᠫᠢᠩ᠎ᠤᠨ ᠴᠢᠬᠤᠯᠠ ᠶᠠᠷᠢᠶ᠎ᠠ᠎ᠶ᠋ᠢ ᠰᠤᠨᠤᠰᠤᠬ᠍ᠰᠠᠨ ᠲᠦᠷᠦᠭ᠌ᠳᠡᠯ᠎ᠲᠠᠢ᠎ᠪᠠᠨ ᠤᠶᠠᠯᠳᠤᠭᠤᠯᠵᠦ᠍᠂ ᠪᠦᠬᠦ᠌ ᠵᠢᠯᠤᠭᠤᠳᠤᠬ᠍ᠴᠢ ᠪᠠᠢᠯᠳᠤᠬ᠍ᠴᠢᠳ᠎ᠲᠠᠢ ᠰᠤᠷᠤᠯᠴᠠᠬ᠍ᠰᠠᠨ ᠤᠯᠤᠯᠲᠠ ᠲᠦᠷᠦᠭ᠌ᠳᠡᠯ᠎ᠢᠶᠠᠨ ᠬᠤᠪᠢᠶᠠᠯᠴᠠᠬ᠍ᠰᠠᠨ᠎ᠠᠴᠠ ᠶᠠᠷᠢᠬ᠍ᠰᠠᠨ ᠠᠭᠤᠯᠭ᠎ᠠ᠎ᠨᠢ ᠪᠦᠷᠢᠨ ᠳᠡᠬᠦᠯᠳᠡᠷ᠂ ᠦᠬᠡ ᠬᠡᠯᠡᠯᠬᠡ᠎ᠨᠢ ᠪᠤᠷᠤᠬ᠍ᠵᠢᠭᠤᠨ᠂ ᠬᠠᠢᠷ᠎ᠠ ᠰᠡᠳᠭᠢᠯᠭᠡ᠎ᠨᠢ ᠦᠨᠡᠨ ᠪᠤᠳᠠᠲᠠᠢ ᠪᠤᠯᠵᠦ᠍᠂ ᠲᠦᠢᠯ᠎ᠤᠨ ᠶᠡᠭᠡ ᠨᠦᠯᠦᠭᠡᠯᠡᠬᠦ᠌ ᠬᠦᠴᠦᠨ᠎ᠲᠠᠢ ᠪᠤᠯᠵᠦ᠍ ᠴᠢᠳᠠᠵᠠᠢ; ᠲᠤᠰᠭᠠᠢ ᠰᠡᠳᠦᠪᠲᠦ ᠲᠠᠢᠯᠤᠮᠵᠢ ᠲᠤᠬᠢᠷᠠᠭᠤᠯᠵᠦ᠍᠂ ᠲᠠᠢᠯᠤᠮᠵᠢ᠎ᠳᠤ ᠶᠡᠷᠦᠩᠬᠡᠢ ᠱᠦᠵᠢ ᠰᠢ᠎ᠶ᠋ᠢᠨ ᠫᠢᠩ᠎ᠤᠨ 《7 · 1》 ᠎ᠤ ᠴᠢᠬᠤᠯᠠ ᠶᠠᠷᠢᠶᠠᠨ᠎ᠤ ᠴᠢᠬᠤᠯᠠ ᠶᠡᠭᠡ ᠠᠴᠢ ᠬᠤᠯᠪᠤᠬ᠍ᠳᠠᠯ᠂ ᠭᠤᠤᠯ ᠠᠭᠤᠯᠭ᠎ᠠ ᠪᠤᠯᠤᠨ ᠪᠠᠶᠠᠯᠢᠭ ᠠᠭᠤᠯᠤᠬ᠍ᠳᠠᠬᠤᠨ᠎ᠢ ᠬᠦᠨᠵᠡᠬᠡᠢ ᠲᠤᠳᠤᠷᠬᠠᠢᠯᠠᠨ ᠦᠬᠦᠯᠡᠵᠦ᠍᠂ ᠳᠤᠮᠳᠠᠳᠦ ᠤᠯᠤᠰ᠎ᠤᠨ ᠡᠪ ᠬᠠᠮᠳᠦ ᠨᠠᠮ᠎ᠤᠨ ᠵᠠᠭᠤᠨ ᠵᠢᠯ᠎ᠤᠨ ᠲᠡᠮᠡᠴᠡᠯ᠎ᠤᠨ ᠲᠡᠥᠭᠡᠨ ᠶᠠᠪᠤᠴᠠ᠂ ᠠᠭᠤᠤ ᠶᠡᠭᠡ ᠠᠮᠵᠢᠯᠲᠠ ᠪᠦᠲᠦᠮᠵᠢ᠂ ᠡᠷᠬᠢᠮ ᠨᠠᠨᠳᠢᠨ ᠲᠤᠷᠱᠢᠯᠭ᠎ᠠ ᠪᠤᠯᠤᠨ ᠦᠢᠯᠡᠳᠦᠯᠭᠡ᠎ᠶ᠋ᠢᠨ ᠰᠡᠩᠭᠡᠷᠡᠬᠦᠯᠦᠯ᠎ᠢ ᠱᠢᠰᠲ᠋ᠧᠮ᠎ᠲᠠᠢ ᠡᠷᠬᠢᠴᠡᠬᠦᠯᠵᠠᠢ᠃ ᠲᠤᠰ ᠤᠳᠠᠭᠠᠨ᠎ᠤ ᠰᠤᠷᠤᠯᠴᠠᠯᠭ᠎ᠠ᠎ᠨᠢ ᠮᠠᠨ᠎ᠤ ᠤᠷᠤᠨ᠎ᠤ ᠤᠢ ᠱᠢᠭᠤᠢ᠎ᠶ᠋ᠢᠨ ᠭᠠᠯ ᠰᠡᠷᠭᠡᠢᠯᠡᠵᠦ᠍ ᠭᠠᠯ ᠤᠨᠲᠠᠷᠠᠭᠠᠬᠤ ᠶᠡᠷᠦᠩᠬᠡᠢ ᠠᠩᠬᠢ᠎ᠶ᠋ᠢᠨ ᠰᠤᠷᠤᠯᠴᠠᠯᠭ᠎ᠠ᠎ᠶ᠋ᠢᠨ ᠦᠷ᠎ᠡ ᠪᠦᠲᠦᠮᠵᠢ᠎ᠶ᠋ᠢ ᠨᠡᠮᠡᠭ᠌ᠳᠡᠬᠦᠯᠬᠦ᠌ ᠪᠦᠲᠦᠮᠵᠢᠲᠡᠢ ᠰᠦᠪᠡᠭ᠌ᠴᠢᠯᠡᠯᠲᠡ ᠪᠠᠢᠵᠦ᠍᠂ ᠳᠡᠳᠡᠨᠡᠷ᠎ᠤᠨ ᠬᠤᠢᠱᠢᠲᠠ᠎ᠶ᠋ᠢᠨ ᠪᠤᠳᠠᠳᠦ ᠦᠢᠯᠡᠳᠦᠯᠬᠡ᠎ᠳᠤ ᠬᠠᠪᠰᠤᠷᠤᠨ ᠵᠢᠯᠤᠭᠤᠳᠤᠯᠭ᠎ᠠ ᠬᠠᠩᠭᠠᠵᠠᠢ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号