ᠬᠢᠳᠠᠨ ᠦᠰᠦᠭ᠌ᠳᠦ ᠭᠠᠤᠯᠢᠨ ᠲᠤᠯᠢ᠄ ᠴᠢ ᠬᠡᠨ᠎ᠢ ᠲᠤᠯᠢᠳᠠᠵᠦ᠍ ᠪᠠᠢᠭ᠍ᠰᠠᠨ ᠪᠤᠢ
2021-07-23 16:21:20
ᠵᠣᠬᠢᠶᠠᠭ᠍ᠴᠢ᠄
ᠶᠤᠸᠠᠨ ᠱᠢᠦ ᠴᠢᠨ
ᠣᠩᠱᠢᠭ᠍ᠰᠠᠨ ᠣᠳᠠᠭ᠎ᠠ᠄
★★★☆☆

ᠥᠪᠥᠷ ᠮᠣᠩᠭᠤᠯ᠎ᠤᠨ ᠮᠦᠽᠧᠶ᠎ᠶ᠋ᠢᠨ ᠯᠢᠶᠣᠤ ᠤᠯᠤᠰ᠎ᠤᠨ ᠬᠢᠳᠠᠨ᠎ᠤ ᠦᠵᠡᠭᠦᠯᠭᠡ᠎ᠶ᠋ᠢᠨ ᠲᠢᠩᠬᠢᠮ᠎ᠳᠤ ᠬᠢᠳᠠᠨ ᠦᠰᠦᠭ᠌ᠳᠦ ᠭᠠᠤᠯᠢᠨ ᠲᠣᠯᠢ ᠬᠤᠷᠭᠤᠨ᠎ᠳᠤ ᠡᠯᠭᠦᠭ᠌ᠳᠡᠵᠤ᠂ ᠮᠢᠩᠭᠠᠨ ᠤᠨ᠎ᠢ ᠲᠤᠭᠤᠯᠤᠭ᠍ᠰᠠᠨ ᠴᠤ᠌ ᠮᠥᠨ ᠯᠡ ᠬᠡᠷᠡᠯᠳᠦᠭ᠌ᠰᠡᠭᠡᠷ᠂ ᠡᠨᠡ ᠲᠤᠯᠢᠨ᠎ᠳᠤ ᠬᠡᠨ ᠵᠢᠰᠦ᠎ᠪᠠᠨ ᠲᠤᠯᠢᠳᠠᠵᠤ ᠪᠠᠢᠭ᠍ᠰᠠᠨ ᠪᠤᠯ? ᠭᠡᠵᠤ ᠦᠵᠡᠭ᠌ᠰᠡᠨ ᠪᠤᠯᠭᠠᠨ᠎ᠢ ᠡᠷᠭᠡ ᠦᠭᠡᠢ ᠭᠠᠢᠬᠠᠱᠢᠷᠠᠭᠤᠯᠤᠮᠠᠷ᠃ 

ᠭᠠᠤᠯᠢᠨ ᠲᠤᠯᠢ ᠪᠤᠯ ᠮᠠᠨ᠎ᠤ ᠤᠯᠤᠰ᠎ᠤᠨ ᠡᠷᠲᠡᠨ᠎ᠤ ᠦᠶ᠎ᠡ᠎ᠶ᠋ᠢᠨ ᠡᠳᠦᠷ ᠲᠤᠳᠦᠮ᠎ᠤᠨ ᠬᠡᠷᠡᠭ᠌ᠰᠡᠯ ᠪᠤᠯᠤᠨ᠎ᠠ᠂ ᠬᠡᠬᠦ᠌᠎ᠳᠡᠭᠡᠨ ᠲᠡᠷᠡ᠎ᠨᠢ ᠵᠦᠪᠭᠡᠨ ᠵᠢᠰᠦ ᠲᠤᠯᠢᠳᠠᠬᠤ ᠯᠠ ᠦᠢᠯᠡᠳᠦᠯ᠎ᠲᠠᠢ ᠪᠢᠰᠢ᠃ ᠲᠤᠨᠤᠷᠠᠭ᠍ᠰᠠᠨ ᠲᠣᠭᠤᠰᠣ᠎ᠶ᠋ᠢ ᠨᠡᠪᠲᠡᠯᠦᠨ᠂ ᠲᠤᠯᠢᠨ ᠲᠡᠭᠡᠷ᠎ᠡ ᠲᠤᠰᠭᠤ ᠭᠡᠷᠡᠯ᠎ᠤᠨ ᠤᠢ᠍ᠢᠯᠳᠠ᠎ᠠᠴᠠ ᠪᠢᠳᠡ ᠡᠭᠡᠭᠡ ᠯᠡ ᠬᠦᠮᠦᠨ ᠲᠦᠷᠦᠯᠭᠢᠳᠡᠨ᠎ᠤ ᠤᠷᠤᠬ᠍ᠰᠢᠯᠠᠨ ᠲᠠᠪᠱᠢᠭ᠍ᠰᠠᠨ ᠲᠡᠦᠭᠡ᠎ᠶ᠋ᠢᠨ ᠭᠦᠴᠦᠳᠦ ᠤᠷᠤᠰᠭᠠᠯ᠎ᠢ ᠤᠯᠵᠤ ᠬᠠᠷᠠᠬᠤ ᠱᠢᠭ᠍᠃

4051014_lity_1626853083711_m.jpg

                          ᠵᠢᠷᠤᠭ᠄ ᠺᠦᠡᠭ ᠴᠢᠶᠦ᠋ᠨ

ᠬᠢᠳᠠᠨ ᠦᠰᠦᠭ᠌ᠳᠦ ᠭᠠᠤᠯᠢᠨ ᠲᠣᠯᠢ ᠨᠠᠷᠢᠯᠢᠭ ᠬᠢᠴᠡᠳᠡᠢ᠂ ᠬᠡᠯᠪᠡᠷᠢ ᠳᠦᠷᠰᠦ᠎ᠨᠢ ᠭᠤᠶᠣ᠂ ᠵᠢᠷᠤᠭ ᠬᠡ᠎ᠨᠢ ᠭᠤᠢᠳᠠ᠂ ᠪᠢᠴᠢᠭᠡᠰᠦ᠎ᠨᠢ ᠲᠣᠳᠣ ᠪᠠᠢᠳᠠᠭ᠎ᠢᠶᠠᠷ᠎ᠢᠶᠠᠨ ᠮᠠᠨ᠎ᠤ ᠤᠯᠤᠰ᠎ᠤᠨ ᠡᠷᠲᠡᠨ᠎ᠤ ᠭᠠᠤᠯᠢᠨ ᠤᠷᠠᠯᠢᠭ᠎ᠤᠨ ᠰᠣᠶᠣᠯ᠎ᠤᠨ ᠥᠪ᠎ᠲᠠᠬᠢ ᠦᠨᠡᠲᠦ ᠡᠷᠳᠡᠨᠢ ᠪᠤᠯᠤᠨ᠎ᠠ᠃

ᠶᠡᠭᠡ ᠲᠠᠷᠬᠠᠨ᠎ᠤ ᠤᠨᠴᠡ ᠤᠷᠠᠯᠠᠯ ᠢᠷᠦᠭᠡᠯ ᠵᠦᠡᠭ᠌ᠨᠡᠯ᠎ᠤᠨ ᠪᠡᠯᠭᠡᠳᠡᠯ

《ᠥᠪᠥᠷ ᠮᠣᠩᠭᠤᠯ᠎ᠤᠨ ᠬᠠᠷᠠᠴᠢᠨ ᠬᠤᠱᠢᠭᠤᠨ᠎ᠠᠴᠠ ᠣᠯᠳᠠᠭ᠍ᠰᠠᠨ ᠬᠢᠳᠠᠨ᠎ᠤ ᠪᠠᠭ᠎ᠠ ᠦᠰᠦᠭ᠌ᠲᠦ ᠭᠠᠤᠯᠢᠨ ᠲᠣᠯᠢ᠎ᠶ᠋ᠢᠨ ᠲᠠᠢᠯᠪᠤᠷᠢ》 ᠎ᠳᠤ ᠲᠡᠮᠳᠡᠭ᠌ᠯᠡᠭ᠌ᠰᠡᠨ᠎ᠢᠶᠠᠷ᠄ 《1973 ᠣᠨ᠎ᠤ ᠬᠠᠪᠤᠷ᠂ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠵᠣᠣ ᠤᠳᠠ ᠠᠢᠮᠠᠭ᠎ᠤᠨ ᠬᠠᠷᠠᠴᠢᠨ ᠬᠤᠱᠢᠭᠤᠨ᠎ᠤ ᠶᠦᠩ ᠹᠧᠩ ᠨᠢᠭᠡᠳᠦᠯ᠎ᠤᠨ ᠳ᠋ᠠᠩ ᠫᠦ᠋ ᠳ᠋ᠢ ᠪᠠᠷᠢᠭᠠᠳᠠ᠎ᠶ᠋ᠢᠨ ᠭᠡᠱᠢᠭᠦᠳ ᠪᠠᠷᠢᠭᠠᠳᠠ᠎ᠠᠴᠠ᠎ᠪᠠᠨ ᠨᠠᠢ᠍ᠮᠠᠯᠵᠢᠨ ᠭᠠᠤᠯᠢᠨ ᠲᠣᠯᠢ᠎ᠶ᠋ᠢ ᠢᠯᠡᠷᠡᠭᠦᠯᠵᠡᠢ᠃ ᠨᠠᠷᠢᠨ ᠰᠤᠳᠤᠯᠬᠤ᠎ᠪᠠᠷ ᠳᠠᠮᠵᠢᠨ᠂ ᠲᠤᠰ ᠲᠤᠯᠢ ᠪᠤᠯ ᠬᠢᠳᠠᠨ ᠦᠰᠦᠭ᠌ᠳᠦ ᠬᠤᠪᠣᠷ ᠨᠠᠨᠳᠢᠨ ᠲᠡᠦᠬᠡ᠎ᠶ᠋ᠢᠨ ᠳᠤᠷᠠᠰᠭᠠᠯᠲᠤ  ᠵᠦᠢᠯ ᠪᠣᠯᠬᠤ᠎ᠶ᠋ᠢ ᠮᠡᠳᠡᠵᠡᠢ》᠃

ᠡᠨᠡ ᠬᠦ᠌ ᠬᠤᠪᠣᠷ ᠨᠠᠨᠳᠢᠨ ᠲᠡᠦᠬᠡ᠎ᠶ᠋ᠢᠨ ᠳᠤᠷᠠᠰᠭᠠᠯᠲᠤ ᠵᠦᠢᠯ ᠪᠣᠯ ᠬᠢᠳᠠᠨ ᠦᠰᠦᠭ᠌ᠳᠦ ᠭᠠᠤᠯᠢᠨ ᠲᠤᠯᠢ ᠪᠣᠯᠤᠨ᠎ᠠ᠃ ᠲᠤᠰ ᠭᠠᠤᠯᠢᠨ ᠲᠤᠯᠢ ᠲᠡᠭ᠌ᠰᠢ ᠨᠠᠢ᠍ᠮᠠᠯᠵᠢᠨ ᠭᠡᠯᠪᠡᠷᠢ᠎ᠲᠠᠢ᠂ ᠲᠠᠯ᠎ᠠ᠎ᠶ᠋ᠢᠨ ᠤᠷᠳᠦ᠎ᠨᠢ 5.6 ᠰᠠᠨᠲ᠋ᠢᠮᠧᠲᠷ᠂ ᠬᠠᠮᠤᠭ ᠶᠡᠭᠡ ᠳ᠋ᠢᠶᠠᠮᠧᠲᠷ᠎ᠨᠢ 14.6 ᠰᠠᠨᠲ᠋ᠢᠮᠧᠲᠷ᠃ ᠨᠠᠢ᠍ᠮᠠᠯᠵᠢᠨ ᠬᠡᠯᠪᠡᠷᠢ ᠪᠣᠯ ᠯᠢᠶᠣᠤ ᠤᠯᠤᠰ᠎ᠤᠨ ᠦᠶ᠎ᠡ᠎ᠶ᠋ᠢᠨ ᠭᠠᠤᠯᠢᠨ ᠲᠣᠯᠢ᠎ᠳᠤ ᠬᠠᠮᠤᠭ ᠦᠷᠭᠦᠯᠵᠢ ᠬᠠᠷᠠᠭ᠍ᠳᠠᠳᠠᠭ ᠬᠡᠯᠪᠡᠷᠢ᠎ᠶ᠋ᠢᠨ ᠨᠢᠭᠡ ᠪᠤᠯᠤᠨ᠎ᠠ᠂ ᠨᠠᠢ᠍ᠮᠠᠯᠵᠢᠨ ᠲᠣᠯᠢ᠎ᠨᠢ ᠲᠡᠩᠴᠡᠭᠦᠦ ᠲᠠᠯᠠᠲᠤ ᠨᠠᠢ᠍ᠮᠠᠨ ᠥᠨᠴᠥᠭ᠎ᠲᠠᠢ ᠪᠠᠢᠵᠤ᠂ ᠨᠠᠢ᠍ᠮᠠᠨ ᠥᠨᠴᠥᠭ᠎ᠨᠢ ᠪᠦᠷ ᠨᠡᠯᠢᠶᠡᠳ ᠪᠥᠭᠡᠷᠡᠩᠬᠡᠶ ᠶᠤᠮ᠃ ᠨᠠᠢᠮᠠᠯᠵᠢᠨ ᠲᠤᠯᠢ ᠲᠡᠩ ᠤᠯᠤᠰ᠎ᠤᠨ ᠦᠶ᠎ᠡ᠎ᠳᠤ ᠨᠢᠭᠡᠨᠲᠡ ᠪᠤᠢ ᠪᠤᠯᠵᠦ᠍᠂ ᠯᠢᠶᠣᠤ ᠤᠯᠤᠰ᠎ᠤᠨ ᠭᠠᠤᠯᠢᠨ ᠲᠤᠯᠢ᠎ᠶ᠋ᠢ ᠲᠡᠭᠦᠨ᠎ᠤ ᠳᠠᠭᠤᠷᠢᠶᠠᠮᠠᠯ ᠭᠡᠵᠦ᠍ ᠬᠡᠯᠡᠭ᠌ᠰᠡᠨ ᠴᠤ᠌ ᠪᠣᠯᠤᠨ᠎ᠠ᠃

ᠬᠢᠳᠠᠨ ᠦᠰᠦᠭ᠌ᠳᠦ ᠭᠠᠤᠯᠢᠨ ᠲᠣᠯᠢ᠎ᠶ᠋ᠢᠨ ᠠᠷᠤ ᠲᠠᠯ᠎ᠠ᠎ᠨᠢ ᠭᠤᠣᠯ᠎ᠳᠠᠭᠠᠨ ᠲᠣᠪᠴᠢ᠎ᠲᠠᠢ᠂ ᠲᠤᠪᠴᠢ᠎ᠨᠢ ᠤᠭᠤᠰᠤᠷ᠎ᠲᠠᠢ᠃ ᠲᠣᠯᠢ᠎ᠶ᠋ᠢᠨ ᠠᠷᠤ ᠲᠠᠯ᠎ᠠ᠎ᠨᠢ ᠬᠤᠣᠰ ᠱᠤᠭᠤᠮᠲᠤ ᠲᠡᠭ᠌ᠰᠢ ᠳᠥᠷᠪᠡᠯᠵᠢᠨ᠎ᠢᠶᠠᠷ ᠳᠣᠲᠣᠷ ᠭᠠᠳᠠᠷ ᠬᠤᠶᠠᠷ ᠬᠡᠰᠡᠭ ᠬᠤᠪᠢᠶᠠᠭ᠍ᠳᠠᠵᠤ᠂ ᠭᠠᠳᠠᠷ ᠬᠡᠰᠡᠭ᠎ᠨᠢ ᠳᠥᠷᠪᠡᠨ ᠱᠠᠲᠤᠯᠵᠢᠨ ᠬᠡᠯᠪᠡᠷᠢᠲᠡᠶ᠂ ᠳᠣᠲᠣᠷ ᠬᠡᠰᠡᠭ᠎ᠲᠤᠨᠢ ᠳᠥᠷᠪᠡᠨ ᠪᠠᠭ᠎ᠠ ᠬᠢᠳᠠᠨ ᠦᠰᠦᠭ᠎ᠲᠠᠢ ᠪᠠᠢᠵᠤ᠂ 《ᠤᠷᠲᠤ ᠨᠠᠰᠤᠯᠠᠵᠤ ᠤᠳᠠᠭᠠᠨ ᠵᠢᠷᠭᠠᠬᠤ》 ᠭᠡᠰᠡᠨ ᠤᠳᠭ᠎ᠠ᠎ᠲᠠᠢ᠃ ᠲᠤᠯᠢᠨ᠎ᠤ ᠴᠢᠨᠠᠷ ᠰᠠᠢᠨ᠂ ᠵᠢᠷᠤᠭᠠᠰᠤ ᠵᠢᠭ᠌ᠳᠡ ᠪᠠᠢᠵᠤ᠂ ᠬᠢᠳᠠᠨ ᠦᠨᠳᠦᠰᠦᠲᠡᠨ᠎ᠤ ᠱᠢᠨ᠎ᠡ ᠰᠡᠪᠡᠭᠦᠨ ᠰᠡᠳᠭᠢᠮᠵᠢ ᠪᠠ ᠬᠡᠲᠦᠢᠳᠦᠭ᠌ᠰᠡᠨ ᠤᠷ᠎ᠠ ᠮᠡᠷᠭᠡᠱᠢᠯ᠎ᠢ ᠢᠯᠡᠷᠡᠭᠦᠯᠪᠡ᠃ 《ᠡᠨᠡ ᠬᠦ᠌ ᠬᠢᠳᠠᠨ᠎ᠤ ᠪᠠᠭ᠎ᠠ ᠦᠰᠦᠭ᠎ᠨᠢ ᠳᠤᠮᠳᠠᠳᠤ ᠣᠷᠣᠨ᠎ᠠᠴᠠ ᠢᠷᠡᠭ᠌ᠰᠡᠨ ᠢᠷᠦᠭᠡᠯ ᠵᠥᠩᠨᠡᠯ᠎ᠤᠨ ᠦᠭᠡ ᠪᠠᠢᠵᠤ᠂ ᠬᠢᠳᠠᠨ ᠬᠥᠮᠦᠨ᠎ᠤ ᠢᠷᠡᠭᠡᠳᠦᠢ᠎ᠶ᠋ᠢᠨ ᠲᠤᠬᠠᠢ ᠰᠠᠢᠨ ᠰᠠᠢᠬᠠᠨ ᠬᠦᠰᠡᠯ ᠡᠷᠡᠮᠡᠯᠵᠡᠯ᠎ᠢ ᠬᠠᠷᠠᠭᠤᠯᠵᠤ᠂ ᠲᠤᠯᠢ᠎ᠶ᠋ᠢᠨ ᠡᠵᠡᠨ᠎ᠨᠢ ᠤᠷᠳᠤ ᠨᠠᠰᠤᠯᠠᠵᠤ ᠤᠳᠠᠭᠠᠨ ᠵᠢᠷᠭᠠᠬᠤ᠎ᠶ᠋ᠢ ᠢᠷᠦᠭᠡᠨ ᠵᠦᠡᠭ᠌ᠨᠡᠭ᠌ᠰᠡᠨ ᠪᠠᠢᠨ᠎ᠠ》 ᠭᠡᠵᠦ᠍ ᠥᠪᠥᠷ ᠮᠣᠩᠭᠤᠯ᠎ᠤᠨ ᠮᠦᠽᠧᠶ᠎ᠶ᠋ᠢᠨ ᠬᠦᠷᠢᠶᠡᠯᠡᠩ᠎ᠤᠨ ᠯᠢᠶᠣᠤ ᠤᠯᠤᠰ᠎ᠤᠨ ᠬᠢᠳᠠᠨ᠎ᠤ ᠦᠵᠡᠭᠦᠯᠭᠡ᠎ᠶ᠋ᠢᠨ ᠲᠢᠩᠬᠢᠮ᠎ᠤᠨ ᠦᠵᠡᠬᠦᠯᠭᠡ ᠤᠬᠠᠭᠠᠯᠠᠬ᠍ᠴᠢ ᠵᠧᠩ ᠴᠧᠩ ᠶᠠᠨ ᠰᠤᠷᠪᠤᠯᠵᠢᠯᠠᠭ᠍ᠴᠢ᠎ᠳᠤ ᠶᠠᠷᠢᠨ᠎ᠠ᠃ 

ᠤᠷᠠᠨ ᠨᠠᠷᠢᠯᠢᠭ ᠦᠰᠦᠭ ᠪᠢᠴᠢᠭ ᠦᠨᠳᠦᠰᠦᠳᠡᠨ᠎ᠤ ᠰᠣᠶᠣᠯ᠎ᠤᠨ ᠠᠭᠤᠰᠤᠯᠴᠠᠯ

ᠰᠦᠩ ᠯᠢᠶᠣᠤ ᠠᠯᠳᠠᠨ ᠤᠯᠤᠰ᠎ᠤᠨ ᠦᠶ᠎ᠡ ᠪᠣᠯ ᠳᠤᠮᠳᠠᠳᠤ᠎ᠶ᠋ᠢᠨ ᠦᠨᠳᠦᠰᠦᠲᠡᠨ᠎ᠤ ᠶᠡᠭᠡ ᠠᠭᠤᠰᠤᠯᠴᠠᠯ᠎ᠤᠨ ᠴᠢᠬᠤᠯᠠ ᠲᠡᠦᠬᠡᠨ ᠴᠠᠭ ᠦᠶ᠎ᠡ ᠪᠠᠢᠵᠤ᠂ ᠦᠨᠳᠦᠰᠦᠲᠡᠨ᠎ᠨᠦᠭᠦᠳ᠎ᠤᠨ ᠬᠠᠷᠢᠯᠴᠠᠭ᠎ᠠ ᠶᠠᠪᠤᠯᠴᠠᠭ᠎ᠠ ᠣᠯᠠᠱᠢᠷᠠᠵᠤ᠂ ᠳᠤᠮᠳᠠᠳᠤ ᠣᠷᠣᠨ᠎ᠤ ᠰᠣᠶᠣᠯ ᠴᠥᠭᠡᠨ ᠲᠣᠭᠠᠲᠤ ᠦᠨᠳᠦᠰᠦᠲᠡᠨ᠎ᠤ ᠰᠣᠶᠣᠯ᠎ᠤᠨ ᠨᠥᠯᠥᠭᠡ᠎ᠶ᠋ᠢ ᠬᠦᠷᠲᠡᠭ᠌ᠰᠡᠨ᠎ᠢᠶᠠᠷ ᠪᠠᠷᠠᠬᠤ ᠦᠭᠡᠢ᠂ ᠴᠥᠭᠡᠨ ᠲᠣᠭᠠᠲᠤ ᠦᠨᠳᠦᠰᠦᠲᠡᠨ᠎ᠤ ᠰᠣᠶᠣᠯ ᠴᠤ᠌ ᠳᠤᠮᠳᠠᠳᠤ ᠣᠷᠣᠨ᠎ᠤ ᠰᠣᠶᠣᠯ᠎ᠤᠨ ᠭᠦᠨ ᠵᠤᠵᠠᠭᠠᠨ ᠥᠩᠭᠡ ᠪᠤᠳᠤᠭ᠎ᠲᠠᠢ ᠪᠣᠯᠤᠭ᠍ᠰᠠᠨ ᠪᠠᠢᠨ᠎ᠠ᠃

ᠬᠢᠳᠠᠨ ᠦᠨᠳᠦᠰᠦᠲᠡᠨ ᠬᠢᠲᠠᠳ ᠦᠨᠳᠦᠰᠦᠲᠡᠨ᠎ᠢᠶᠠᠷ ᠭᠤᠣᠯ ᠴᠣᠭ᠍ᠴᠠ ᠪᠣᠯᠭᠠᠭ᠍ᠰᠠᠨ ᠳᠤᠮᠳᠠᠳᠤ ᠣᠷᠣᠨ᠎ᠤ ᠲᠡᠷᠢᠭᠦᠨ᠎ᠤ ᠰᠣᠶᠣᠯ᠎ᠲᠠᠢ ᠥᠷᠭᠡᠨ᠎ᠢᠶᠠᠷ ᠬᠠᠷᠢᠯᠴᠠᠵᠤ ᠱᠢᠩᠭᠡᠭᠡᠨ ᠠᠪᠤᠭ᠍ᠰᠠᠨ ᠪᠠᠢᠨ᠎ᠠ᠂ ᠢᠯᠠᠩᠭᠤᠶ᠎ᠠ ᠴᠠᠨᠶᠤᠸᠠᠨ᠎ᠤ ᠬᠤᠯᠪᠣᠭ᠎ᠠ ᠪᠠᠢᠭᠤᠯᠤᠭ᠍ᠳᠠᠭ᠍ᠰᠠᠨ᠎ᠤ ᠳᠠᠷᠠᠭ᠎ᠠ᠂ ᠯᠢᠶᠣᠤ ᠰᠦᠩ ᠤᠯᠤᠰ ᠵᠠᠭᠤᠨ ᠵᠢᠯ ᠳᠠᠢᠨ ᠪᠠᠢᠯᠳᠤᠭᠠᠨ ᠦᠭᠡᠢ ᠨᠠᠢᠷᠠᠮᠳᠠᠵᠦ᠍᠂ ᠬᠢᠳᠠᠨ ᠦᠨᠳᠦᠰᠦᠲᠡᠨ ᠪᠣᠯᠤᠨ ᠳᠤᠮᠳᠠᠳᠤ ᠣᠷᠣᠨ᠎ᠤ ᠬᠢᠲᠠᠳ ᠦᠨᠳᠦᠰᠦᠲᠡᠨ᠎ᠤ ᠶᠠᠪᠤᠯᠴᠠᠭ᠎ᠠ ᠤᠯᠠᠮ ᠣᠯᠠᠱᠢᠷᠠᠵᠤ᠂ ᠬᠦᠭ᠌ᠵᠢᠯᠳᠡ᠎ᠶ᠋ᠢᠨ ᠤᠷᠭᠢᠯ᠎ᠤᠨ ᠴᠠᠭ ᠦᠶ᠎ᠡ᠎ᠳᠤ ᠬᠦᠷᠦᠭ᠌ᠰᠡᠨ ᠪᠠᠢᠨ᠎ᠠ᠃

ᠬᠢᠳᠠᠨ ᠦᠰᠦᠭ᠌ᠳᠦ ᠭᠠᠤᠯᠢᠨ ᠲᠣᠯᠢ ᠪᠣᠯ ᠣᠯᠠᠨ ᠡᠱᠢᠲᠦ ᠰᠣᠶᠣᠯ᠎ᠤᠨ ᠠᠭᠤᠰᠤᠯᠴᠠᠯ᠎ᠤᠨ ᠴᠢᠬᠤᠯᠠ ᠭᠡᠷᠡᠴᠢ ᠮᠥᠨ᠃ 《ᠬᠢᠳᠠᠨ᠎ᠤ ᠨᠡᠢᠭᠡᠮ᠎ᠤᠨ ᠰᠣᠶᠣᠯ᠎ᠤᠨ ᠠᠭᠤᠰᠤᠯᠴᠠᠯ ᠨᠢᠭᠡᠨᠲᠡ ᠡᠯ᠎ᠡ ᠥᠨᠴᠥᠭ ᠪᠤᠯᠤᠩ᠎ᠳᠤ ᠨᠡᠪᠴᠢᠵᠤ᠂ ᠬᠤᠢᠯᠭ᠎ᠠ᠎ᠶ᠋ᠢᠨ ᠡᠳ᠋᠎ᠤᠨ ᠳᠣᠲᠣᠷ᠎ᠠ ᠴᠤ᠌ ᠢᠯᠡᠷᠡᠵᠦ᠍ ᠪᠠᠢᠨ᠎ᠠ》᠂ 《ᠡᠭᠦᠨ᠎ᠠᠴᠠ ᠭᠠᠳᠠᠨ᠎ᠠ᠂ ᠬᠢᠳᠠᠨ ᠦᠰᠦᠭ᠌ᠳᠦ ᠭᠠᠤᠯᠢᠨ ᠲᠤᠯᠢ ᠳᠡᠭᠡᠷ᠎ᠡ ᠴᠢᠳᠭᠤᠨ ᠰᠡᠢᠯᠦᠭ᠌ᠰᠡᠨ ᠬᠢᠳᠠᠨ᠎ᠤ ᠪᠠᠭ᠎ᠠ ᠦᠰᠦᠭ᠎ᠢ ᠵᠣᠬᠢᠶᠠᠬᠤ᠎ᠳᠠᠭᠠᠨ ᠬᠢᠲᠠᠳ ᠦᠰᠦᠭ᠎ᠢᠶᠠᠷ ᠯᠠᠪᠯᠠᠯᠲᠠ ᠪᠣᠯᠭᠠᠵᠠᠢ》 ᠭᠡᠵᠤ ᠵᠧᠩ ᠴᠧᠩ ᠶᠠᠨ ᠲᠠᠨᠢᠯᠴᠠᠭᠤᠯᠤᠨ᠎ᠠ᠃

ᠶᠢᠷᠲᠢᠨᠴᠦ᠎ᠠᠴᠠ ᠥᠨᠢᠳᠡ ᠠᠩᠭᠢᠵᠢᠷᠠᠯ᠎ᠠ ᠴᠤ᠌ ᠭᠡᠰᠡᠨ ᠬᠢᠳᠠᠨ ᠬᠥᠮᠦᠨ ᠪᠠᠰᠠ ᠳᠤᠮᠳᠠᠳᠤ ᠣᠷᠣᠨ᠎ᠤ ᠬᠦᠮᠦᠰ᠎ᠤᠨ ᠡᠪᠦᠭᠡ ᠳᠡᠭᠡᠳᠦᠰ᠎ᠲᠠᠢ ᠠᠳᠠᠯᠢ ᠭᠠᠤᠯᠢᠨ ᠲᠤᠯᠢ᠎ᠶ᠋ᠢ ᠭᠠᠵᠠᠷ ᠳᠣᠣᠷ᠎ᠠ ᠠᠪᠴᠤ᠌ ᠣᠷᠣᠭᠠᠳ᠂ ᠮᠠᠭᠤ ᠢᠷᠸ᠎ᠠ᠎ᠶ᠋ᠢ ᠠᠷᠢᠯᠭᠠᠨ᠂ ᠠᠳᠠ ᠴᠢᠳᠬᠦᠷ᠎ᠢ ᠦᠯᠳᠡᠵᠤ᠂ ᠠᠷᠢᠭᠤᠨ ᠴᠡᠪᠡᠷ ᠠᠮᠤᠷ ᠠᠮᠤᠭᠤᠯᠠᠩ ᠥᠭᠡᠷ᠎ᠡ ᠨᠢᠭᠡᠨ ᠶᠢᠷᠲᠢᠨᠴᠦ᠎ᠶ᠋ᠢ ᠡᠭᠦᠳᠦᠨ ᠪᠠᠢᠭᠤᠯᠬᠤ᠎ᠶ᠋ᠢ ᠬᠦᠰᠡᠮᠵᠢᠯᠡᠵᠡᠢ᠃

ᠯᠢᠶᠣᠤ ᠤᠯᠤᠰ᠎ᠤᠨ ᠦᠶ᠎ᠡ᠎ᠶ᠋ᠢᠨ ᠬᠢᠳᠠᠨ ᠦᠨᠳᠦᠰᠦᠲᠡᠨ ᠤᠤᠯ᠎ᠳᠠᠭᠠᠨ ᠦᠰᠦᠭ ᠪᠢᠴᠢᠭ ᠦᠭᠡᠶ ᠪᠠᠢᠪᠠ᠂ ᠲᠡᠦᠬᠡᠨ ᠮᠠᠲ᠋ᠧᠷᠢᠶᠠᠯ᠎ᠢ ᠦᠨᠳᠦᠰᠦᠯᠡᠪᠡᠯ᠂ ᠯᠢᠶᠣᠤ ᠤᠯᠤᠰ᠎ᠤᠨ ᠲᠠᠢᠽᠦ᠍ ᠶᠧᠯᠢᠤᠢ ᠠᠪᠤᠤᠵᠢ ᠬᠢᠳᠠᠨ ᠤᠯᠤᠰ᠎ᠢ ᠪᠠᠢᠭᠤᠯᠤᠭ᠍ᠰᠠᠨ᠎ᠤ ᠳᠠᠷᠠᠭ᠎ᠠ ᠤᠯᠤᠰ ᠲᠥᠷᠥ᠍᠂ ᠠᠵᠤ ᠠᠬᠤᠶ᠂ ᠴᠡᠷᠢᠭ᠎ᠤᠨ ᠶᠠᠪᠤᠳᠠᠯ᠂ ᠰᠣᠶᠣᠯ ᠪᠠ ᠦᠨᠳᠦᠰᠦᠲᠡᠨ᠎ᠤ ᠬᠠᠢᠷ᠎ᠠ ᠰᠡᠳᠭᠢᠯᠭᠡ ᠵᠡᠷᠭᠡ ᠲᠠᠯ᠎ᠠ᠎ᠶ᠋ᠢᠨ ᠬᠡᠷᠡᠭ᠌ᠴᠡᠭᠡ᠎ᠠᠴᠠ ᠪᠣᠯᠵᠤ᠂ ᠬᠢᠳᠠᠨ᠎ᠤ ᠶᠡᠭᠡ ᠦᠰᠦᠭ ᠪᠠ ᠪᠠᠭ᠎ᠠ ᠦᠰᠦᠭ ᠭᠡᠬᠦ᠌ ᠬᠤᠶᠠᠷ ᠵᠦᠢᠯ᠎ᠤᠨ ᠦᠰᠦᠭ ᠪᠢᠴᠢᠭ᠎ᠢ ᠤᠷᠢᠳ ᠬᠤᠵᠢᠳ ᠵᠤᠬᠢᠶᠠᠭ᠍ᠰᠠᠨ ᠪᠠᠢᠨ᠎ᠠ᠃ ᠬᠢᠳᠠᠨ᠎ᠤ ᠶᠡᠭᠡ ᠦᠰᠦᠭ ᠪᠠ ᠪᠠᠭ᠎ᠠ ᠦᠰᠦᠭ᠎ᠨᠢ ᠦᠰᠦᠭ᠎ᠤᠨ ᠶᠡᠭᠡ ᠪᠠᠭ᠎ᠠ᠎ᠠᠴᠠ ᠪᠣᠯᠤᠭ᠍ᠰᠠᠨ ᠪᠢᠰᠢ᠂ ᠬᠠᠷᠢᠨ ᠵᠣᠬᠢᠶᠠᠭ᠍ᠰᠠᠨ ᠴᠠᠭ᠎ᠤᠨ ᠤᠷᠢᠳ ᠬᠤᠵᠢᠳ᠎ᠠᠴᠠ ᠪᠣᠯᠤᠭ᠍ᠰᠠᠨ ᠶᠤᠮ᠂ ᠪᠠᠰᠠ ᠪᠤᠰᠤᠳ ᠭᠠᠯᠢᠭ᠎ᠤᠨ ᠴᠢᠩᠭ᠎ᠠ ᠰᠤᠯᠠ ᠵᠡᠷᠭᠡ ᠮᠥᠨ ᠴᠢᠨᠠᠷ᠎ᠤᠨ ᠢᠯᠭᠠᠭ᠎ᠠ ᠪᠠᠢᠨ᠎ᠠ᠃ ᠬᠢᠳᠠᠨ ᠶᠡᠭᠡ ᠦᠰᠦᠭ ᠯᠢᠶᠣᠤ ᠲᠠᠢᠽᠦ᠍ ᠬᠠᠭᠠᠨ᠎ᠤ ᠱᠧᠨ ᠼᠧ᠎ᠶ᠋ᠢᠨ ᠲᠠᠪᠤᠳᠤᠭᠠᠷ ᠤᠨ᠎ᠠᠴᠠ ᠡᠬᠢᠯᠡᠨ ᠵᠣᠬᠢᠶᠠᠭ᠍ᠳᠠᠵᠠᠶ᠂ ᠲᠤᠬᠠᠢᠯᠠᠪᠠᠯ 920 ᠣᠨ᠎ᠤ ᠴᠠᠭᠠᠨ ᠰᠠᠷ᠎ᠠ᠎ᠶ᠋ᠢᠨ ᠱᠢᠨ᠎ᠡ᠎ᠶ᠋ᠢᠨ ᠬᠤᠶᠠᠷ᠎ᠠᠴᠠ ᠡᠭᠢᠯᠡᠨ ᠲᠤᠰ ᠵᠢᠯ᠎ᠤᠨ ᠶᠢᠰᠦᠨ ᠰᠠᠷ᠎ᠠ᠎ᠶ᠋ᠢᠨ ᠠᠷᠪᠠᠨ ᠲᠦᠷᠪᠡᠨ᠎ᠳᠤ ᠵᠤᠭᠢᠶᠠᠵᠤ ᠲᠠᠭᠤᠰᠤᠭᠠᠳ᠂ ᠪᠤᠳᠤᠷᠤᠤᠯ ᠪᠢᠴᠢᠭ ᠪᠠᠭᠤᠯᠭᠠᠨ ᠬᠡᠷᠡᠭ᠌ᠵᠢᠭᠦᠯᠵᠡᠢ᠃ 

ᠮᠢᠩᠭᠠᠨ ᠤᠨ᠎ᠤ ᠲᠣᠯᠢᠨ ᠲᠡᠤᠭᠡ ᠮᠠᠨᠳᠤᠯ ᠪᠠᠭᠤᠷᠠᠯ᠎ᠤᠨ ᠶᠡᠭᠡ ᠰᠣᠯᠢᠭ᠍ᠳᠠᠯ

ᠬᠢᠳᠠᠨ ᠦᠰᠦᠭ᠌ᠳᠦ ᠭᠠᠤᠯᠢᠨ ᠲᠤᠯᠢ᠎ᠶ᠋ᠢᠨ ᠦᠵᠡᠭᠦᠯᠭᠡ᠎ᠶ᠋ᠢᠨ ᠬᠤᠷᠭᠤᠨ ᠡᠮᠦᠨ᠎ᠡ ᠵᠣᠭ᠍ᠰᠣᠭᠠᠳ ᠲᠡᠦᠬᠡ᠎ᠶ᠋ᠢ ᠡᠷᠭᠢᠴᠡᠭᠦᠯᠬᠦᠶ᠎ᠡ᠂ ᠪᠢᠳᠡ ᠭᠠᠤᠯᠢᠨ ᠲᠤᠯᠢᠨ᠎ᠠᠴᠠ ᠳᠤᠮᠳᠠᠳᠤ᠎ᠶ᠋ᠢᠨ ᠪᠣᠯᠪᠠᠰᠤᠨ᠎ᠤ ᠤᠯᠠ ᠮᠥᠷ᠎ᠢ ᠣᠯᠵᠤ ᠬᠠᠷᠠᠬᠤ ᠮᠡᠲᠦ᠍᠃

ᠬᠠᠨ ᠤᠯᠤᠰ᠎ᠤᠨ ᠦᠶ᠎ᠡ ᠪᠣᠯ ᠭᠠᠤᠯᠢᠨ ᠲᠣᠯᠢ᠎ᠶ᠋ᠢᠨ ᠬᠥᠭ᠌ᠵᠢᠯᠲᠡ᠎ᠶ᠋ᠢᠨ ᠣᠷᠭᠢᠯ ᠦᠶ᠎ᠡ ᠪᠠᠢᠵᠤ᠂ ᠬᠢᠲᠠᠳ ᠲᠣᠯᠢ᠎ᠶ᠋ᠢᠨ ᠣᠯᠠᠩᠬᠢ᠎ᠶ᠋ᠢ᠎ᠨᠢ ᠨᠠᠷᠢᠯᠢᠭ ᠦᠢᠯᠡᠳᠴᠦ᠍᠂ ᠰᠤᠪᠤᠳ ᠡᠷᠳᠡᠨᠢ ᠱᠢᠭᠢᠳᠭᠡᠳᠡᠭ ᠪᠥᠭᠡᠳ ᠣᠯᠠᠩᠬᠢ᠎ᠨᠢ ᠥᠪᠡᠷ᠎ᠢ᠎ᠪᠠᠨ ᠰᠡᠷᠡᠮᠵᠢᠯᠡᠭᠦᠯᠵᠦ᠍ ᠵᠣᠷᠢᠭ᠍ᠵᠢᠭᠤᠯᠬᠤ ᠪᠢᠴᠢᠭᠡᠰᠦ᠎ᠲᠠᠢ ᠪᠠᠢᠳᠠᠭ᠃ ᠭᠠᠵᠠᠷ ᠲᠤᠤᠷ᠎ᠠ ᠬᠡᠳᠦᠨ ᠮᠢᠩᠭᠠᠨ ᠵᠢᠯ ᠪᠤᠯᠠᠭ᠍ᠳᠠᠭ᠍ᠰᠠᠨ ᠬᠢᠲᠠᠳ ᠲᠣᠯᠢ᠎ᠶ᠋ᠢ ᠥᠨᠥᠳᠦᠷ ᠬᠡᠷᠡᠭ᠌ᠯᠡᠬᠦ᠌᠎ᠳᠤ ᠮᠥᠨ ᠠᠰᠠᠭᠤᠳᠠᠯ ᠦᠭᠡᠢ᠃ ᠲᠣᠯᠢᠨ ᠳᠡᠭᠡᠷᠡᠬᠢ ᠬᠡ ᠤᠭᠠᠯᠵᠠ ᠭᠤᠶᠣᠮᠰᠤᠭ ᠰᠠᠢᠬᠠᠨ᠂ ᠵᠢᠭ᠌ᠳᠡ ᠴᠡᠪᠡᠷ᠂ ᠪᠢᠴᠢᠭᠡᠰᠦ ᠵᠢᠷᠤᠭ ᠲᠣᠳᠣᠷᠬᠠᠢ ᠪᠠᠢᠳᠠᠭ᠃

ᠲᠠᠩ ᠤᠯᠤᠰ᠎ᠤᠨ ᠦᠶ᠎ᠡ ᠪᠣᠯᠬᠤ᠎ᠳᠤ ᠭᠡᠷᠡᠯ ᠨᠡᠪᠲᠡᠷᠡᠬᠦ᠌ ᠲᠤᠯᠢ᠎ᠲᠠᠢ ᠪᠣᠯᠵᠤ᠂ ᠳᠤᠯᠢᠨ᠎ᠤ ᠠᠷᠤ ᠲᠠᠯ᠎ᠠ᠎ᠶ᠋ᠢᠨ ᠦᠰᠦᠭ ᠪᠢᠴᠢᠭ᠎ᠨᠢ ᠨᠠᠷᠠ᠎ᠶ᠋ᠢ ᠤᠭ᠍ᠲᠤᠨ ᠲᠣᠳᠣ ᠬᠠᠷᠠᠭ᠍ᠳᠠᠬᠤ ᠪᠣᠯᠵᠠᠶ᠃ ᠳᠠᠩ ᠤᠯᠤᠰ᠎ᠤᠨ ᠬᠥᠮᠦᠨ᠎ᠤ ᠡᠯᠪᠡᠭ ᠲᠠᠯᠪᠢᠭᠤᠨ ᠲᠦᠷᠢ᠎ᠨᠢ ᠭᠠᠤᠯᠢᠨ ᠲᠣᠯᠢᠨ᠎ᠳᠤ ᠠᠳᠠᠯᠢ ᠪᠤᠰᠤ ᠠᠭᠤᠯᠤᠭ᠍ᠳᠠᠬᠤᠨ᠎ᠢ ᠣᠯᠭᠤᠵᠠᠶ᠃ 《ᠭᠠᠤᠯᠢ᠎ᠪᠠᠷ ᠲᠤᠯᠢ ᠪᠣᠯᠭᠠᠪᠠᠰᠤ ᠲᠡᠪᠡᠯ ᠮᠠᠯᠠᠭᠠᠢ᠎ᠪᠠᠨ ᠲᠡᠭ᠌ᠰᠢᠯᠡᠵᠦ᠍ ᠪᠣᠯᠤᠮᠤᠢ; ᠡᠷᠲᠡᠨ᠎ᠤ᠎ᠬᠢ᠎ᠪᠠᠷ ᠲᠣᠯᠢ ᠪᠣᠯᠭᠠᠪᠠᠯ᠂ ᠬᠥᠭ᠌ᠵᠢᠯᠲᠡ ᠪᠠᠭᠤᠷᠠᠯ᠎ᠢ ᠤᠬᠠᠵᠤ ᠪᠤᠯᠤᠮᠤᠢ; ᠬᠦᠮᠦᠨ᠎ᠢᠶᠠᠷ ᠲᠤᠯᠢ ᠪᠤᠯᠭᠠᠪᠠᠰᠤ᠂ ᠤᠯᠵᠤ ᠠᠯᠳᠠᠬᠤ᠎ᠶ᠋ᠢ ᠮᠡᠳᠡᠷᠡᠵᠤ ᠪᠤᠯᠤᠮᠤᠢ》 ᠭᠡᠰᠡᠨ ᠲᠠᠩ ᠲᠠᠢᠽᠦᠩ ᠯᠢ ᠱ᠌ᠢ ᠮᠢᠨ ᠪᠤᠯᠤᠨ ᠰᠠᠢᠳ ᠸᠧᠢ ᠵᠧᠩ᠎ᠯᠦᠭᠡ᠎ᠶ᠋ᠢᠨ 《ᠲᠤᠯᠢᠨ᠎ᠤ ᠲᠤᠬᠠᠢ ᠠᠯᠳᠠᠷᠳᠤ ᠪᠠᠳᠠᠭ》 ᠎ᠨᠢ ᠮᠢᠩᠭᠠᠨ ᠦᠶ᠎ᠡ᠎ᠳᠤ ᠠᠯᠳᠠᠷᠱᠢᠭ᠍ᠰᠠᠨ ᠰᠤᠩᠭᠤᠳᠠᠭ ᠦᠭᠡ ᠪᠤᠯᠤᠭ᠍ᠰᠠᠨ ᠠᠵᠢ᠃

ᠦᠨᠦᠳᠦᠷ᠂ ᠪᠢᠳᠡ ᠦᠪᠦᠷ ᠮᠤᠩᠭᠤᠯ᠎ᠤᠨ ᠮᠦᠽᠸᠢ᠎ᠶ᠋ᠢᠨ ᠬᠦᠷᠢᠶᠡᠯᠡᠩ᠎ᠳᠤ ᠰᠤᠨᠢᠷᠬᠠᠭ᠍ᠰᠠᠨ ᠭᠢᠳᠡᠨ᠎ᠤ ᠭᠠᠤᠯᠢᠨ ᠲᠤᠯᠢ ᠪᠤᠯ ᠦᠦᠭᠡ ᠲᠡᠦᠭᠡ᠎ᠠᠴᠠ ᠮᠠᠨ᠎ᠳᠤ ᠦᠯᠡᠳᠡᠭᠡᠭ᠌ᠰᠡᠨ ᠬᠡᠷᠡᠴᠢ ᠮᠦᠨ᠃ ᠲᠡᠦᠭᠡ᠎ᠶ᠋ᠢᠨ ᠲᠤᠷᠠᠰᠭᠠᠯᠳᠤ ᠵᠦᠢᠯᠡᠰ᠎ᠠᠴᠠ ᠪᠢᠳᠡ ᠲᠠᠰᠤᠷᠠᠯᠳᠠ ᠦᠭᠡᠢ ᠲᠡᠦᠭᠡ᠎ᠶ᠋ᠢᠨ ᠦᠨᠳᠦᠰᠦ ᠰᠤᠷᠪᠤᠯᠵᠢ᠎ᠶ᠋ᠢ ᠬᠠᠢᠵᠤ᠂ ᠰᠤᠶᠤᠯ᠎ᠤᠨ ᠢᠳᠡᠭᠡᠯ᠎ᠢᠶᠠᠨ ᠴᠤᠭ᠍ᠴᠠᠯᠠᠵᠤ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号