ᠤᠢ᠍ᠢᠷ᠎ᠠ᠎ᠶ᠋ᠢᠨ ᠡᠳᠦᠷ᠂ ᠬᠦᠬᠡᠬᠤᠳᠠ᠎ᠶ᠋ᠢᠨ ᠦᠯᠢᠭᠡᠷ ᠤᠷᠠᠯᠢᠭ᠎ᠤᠨ ᠤᠷᠳᠤᠨ᠎ᠳᠤ ᠰᠡᠴᠡᠨᠪᠢᠯᠢᠭ᠎ᠤᠨ ᠲᠠᠭᠤᠤ ᠬᠦᠭ᠌ᠵᠢᠮ᠎ᠤᠨ ᠲᠤᠰᠭᠠᠢ ᠦᠳᠡᠱᠢᠯᠡᠭᠡ ᠨᠢᠵᠢᠬᠢᠷ ᠰᠠᠢᠬᠠᠨ ᠶᠠᠪᠤᠭ᠍ᠳᠠᠵᠤ᠂ ᠦᠵᠡᠭ᠌ᠴᠢ ᠤᠯᠠᠨ᠎ᠳᠠᠭᠠᠨ 《ᠦᠯᠡᠮᠵᠢ᠎ᠶ᠋ᠢᠨ ᠴᠢᠨᠠᠷ》᠂ 《ᠬᠠᠨ ᠠᠭᠤᠯᠠ᠎ᠶ᠋ᠢᠨ ᠴᠠᠰᠤ》᠂ 《ᠰᠡᠷᠢᠬᠦᠨ ᠰᠠᠢᠬᠠᠨ ᠬᠠᠩᠭᠠᠢ》᠂ 《ᠪᠤᠭ᠍ᠳᠠ ᠠᠭᠤᠯᠠ᠎ᠶ᠋ᠢᠨ ᠤᠷᠤᠢ》᠂ 《ᠴᠠᠭᠠᠨ ᠵᠡᠭᠡᠷ᠎ᠡ᠎ᠶ᠋ᠢᠨ ᠱᠢᠯᠢ》᠂ 《ᠭᠠᠩᠭᠠᠩ ᠬᠤᠯᠠ》 ᠵᠡᠷᠬᠡ ᠠᠶ᠎ᠠ ᠳᠠᠭᠤᠤ᠎ᠪᠠᠨ ᠡᠷᠬᠦᠨ ᠲᠡᠪᠱᠢᠬᠦᠯᠪᠠ᠃
ᠰᠡᠴᠡᠨᠪᠢᠯᠢᠭ ᠵᠡᠬᠦᠨ ᠦᠵᠦᠮᠦᠴᠢᠨ ᠬᠤᠱᠢᠭᠤᠨ᠎ᠤ ᠬᠦᠷᠢᠶᠡᠳᠦᠨᠠᠭᠤᠷ ᠰᠤᠮᠤ᠎ᠶ᠋ᠢᠨ ᠬᠠᠷᠭᠠᠨ᠎ᠠ᠎ᠳᠦ ᠭᠠᠴᠠᠭᠠᠨ᠎ᠳᠤ ᠨᠤᠳᠤᠭ᠎ᠲᠠᠢ᠂ ᠨᠠᠢ᠍ᠮᠠᠨ ᠨᠠᠰᠤᠳᠠᠢ᠎ᠳᠠᠭᠠᠨ ᠳᠠᠭᠤᠴᠢᠨ ᠤᠷᠠᠯᠢᠭ᠍ᠴᠢᠨ ᠪᠤᠯᠬᠤ ᠠᠯᠤᠰ᠎ᠤᠨ ᠪᠤᠳᠤᠩᠭᠤᠢ ᠬᠦᠰᠡᠯ ᠬᠦᠪᠦᠷᠡᠵᠦ᠍ ᠡᠬᠢᠯᠡᠭ᠌ᠰᠡᠨ᠎ᠢᠶᠠᠨ 1999 ᠤᠨ᠎ᠳᠤ ᠤᠤᠮᠧᠨ ᠡᠬᠡ ᠤᠯᠤᠰ᠎ᠲᠠᠭᠠᠨ ᠪᠤᠴᠠᠨ ᠢᠷᠡᠭ᠌ᠰᠡᠨ᠎ᠳᠤ ᠠᠷᠪᠠᠨ ᠲᠦᠷᠪᠡᠳᠡᠢ ᠰᠡᠴᠡᠨᠪᠢᠯᠢᠭ ᠲᠤᠮᠳᠠᠳᠦ ᠤᠯᠤᠰ᠎ᠤᠨ ᠪᠠᠭᠠᠴᠤᠳ᠎ᠤᠨ ᠤᠷᠠᠯᠢᠭ᠎ᠤᠨ ᠪᠦᠯᠬᠦᠮ᠎ᠤᠨ ᠴᠤᠷ᠎ᠤᠨ ᠭᠠᠭ᠍ᠴᠠ ᠤᠷᠲᠦ᠎ᠶ᠋ᠢᠨ ᠳᠠᠭᠤᠴᠢᠨᠤ ᠬᠤᠪᠢ᠎ᠪᠠᠷ ᠤᠤᠮᠧᠨ᠎ᠳᠤ ᠲᠤᠭᠤᠷᠢᠨ ᠲᠤᠭ᠍ᠯᠠᠵᠦ᠍᠂ ᠮᠦᠨ ᠲᠤᠰ ᠵᠢᠯ᠎ᠳᠡᠭᠡᠨ ᠦᠪᠦᠷ ᠮᠤᠩᠭᠤᠯ᠎ᠤᠨ ᠤᠷᠠᠯᠢᠭ᠎ᠤᠨ ᠳᠡᠭᠡᠳᠦ ᠰᠤᠷᠭᠠᠭᠤᠯᠢ᠎ᠳᠤ ᠳᠠᠭᠤᠯᠠᠭᠠᠴᠢ᠎ᠶ᠋ᠢᠨ ᠤᠷᠲᠦ᠎ᠶ᠋ᠢᠨ ᠳᠠᠭᠤᠨ᠎ᠤ ᠠᠩᠬᠢ᠎ᠳᠤ ᠱᠢᠯᠭᠠᠨ ᠤᠷᠤᠵᠦ᠍᠂ ᠤᠷᠲᠦ᠎ᠶ᠋ᠢᠨ ᠳᠠᠭᠤᠤ᠎ᠶ᠋ᠢᠨ ᠪᠠᠭ᠍ᠰᠢ ᠰᠤᠶᠤᠯ ᠫᠷᠦᠹᠧᠰᠰᠤᠷ᠎ᠲᠤ ᠱᠠᠪᠢᠯᠠᠭ᠍ᠰᠠᠨᠠᠴᠠ ᠤᠷᠠᠯᠢᠭ᠎ᠤᠨ ᠵᠠᠮ᠎ᠳᠤ ᠬᠦᠯ ᠳᠠᠯᠪᠢᠵᠠᠢ᠃
ᠤᠳᠤ ᠰᠡᠴᠡᠨᠪᠢᠯᠢᠭ ᠲᠤᠮᠳᠠᠳᠦ ᠤᠯᠤᠰ᠎ᠤᠨ ᠦᠪᠦᠷ ᠮᠤᠩᠭᠤᠯ᠎ᠤᠨ ᠤᠷᠲᠦ᠎ᠶ᠋ᠢᠨ ᠳᠠᠭᠤᠤ᠎ᠶ᠋ᠢᠨ ᠤᠷᠠᠯᠢᠭ ᠰᠤᠳᠤᠯᠤᠯ᠎ᠤᠨ ᠬᠡᠱᠢᠬᠦᠨ᠂ ᠦᠪᠦᠷ ᠮᠤᠩᠭᠤᠯ᠎ᠤᠨ ᠤᠷᠠᠯᠢᠭ ᠵᠦᠴᠦᠭᠡ᠎ᠶ᠋ᠢᠨ ᠬᠦᠷᠢᠶᠡᠯᠡᠩ᠎ᠤᠨ ᠭᠤᠴᠤᠯᠠᠯ ᠳᠠᠭᠤᠴᠢᠨ᠂ ᠦᠵᠦᠮᠦᠴᠢᠨ ᠤᠷᠲᠦ᠎ᠶ᠋ᠢᠨ ᠳᠠᠭᠤᠤ᠎ᠶ᠋ᠢᠨ ᠨᠡᠢᠬᠡᠮᠯᠢᠭ᠎ᠤᠨ ᠬᠡᠱᠢᠬᠦᠨ᠂ 《ᠠᠶᠠᠯᠭᠤ》 ᠬᠠᠮᠳᠤᠯᠢᠭ᠎ᠤᠨ ᠭᠤᠤᠯ ᠳᠠᠭᠤᠴᠢᠨ᠎ᠢᠶᠠᠷ ᠠᠵᠢᠯᠯᠠᠵᠤ ᠪᠠᠢᠨ᠎ᠠ᠃