ᠡᠨᠡ ᠪᠣᠯ ᠤᠮᠠᠷᠠᠲᠤ ᠬᠢᠯᠢ᠎ᠶ᠋ᠢᠨ ᠡᠬᠡ ᠭᠠᠵᠠᠷ ᠳᠡᠭᠡᠷ᠎ᠡ ᠪᠢᠴᠢᠭ᠌ᠯᠡᠭ᠌ᠳᠡᠭ᠌ᠰᠡᠨ ᠠᠭᠤᠤ ᠶᠡᠭᠡ ᠱᠢᠯᠦᠭ ᠪᠤᠯᠤᠨ᠎ᠠ᠃
ᠡᠨᠡ ᠪᠣᠯ ᠪᠦᠬᠦ᠌ ᠣᠷᠣᠨ ᠳᠠᠶᠠᠭᠠᠷ᠎ᠢᠶᠠᠨ ᠶᠠᠳᠠᠭᠤ ᠬᠦᠴᠢᠷᠳᠡᠯ᠎ᠢ ᠬᠠᠮᠲᠤ᠎ᠪᠠᠷ ᠢᠯᠠᠨ ᠳᠠᠪᠠᠵᠤ ᠪᠣᠭᠤᠮᠲᠠ ᠱᠢᠪᠲᠤᠯᠤᠭ᠍ᠰᠠᠨ ᠳᠠᠢᠯᠠᠯᠳᠤᠭᠠᠨ ᠪᠣᠯᠤᠨ᠎ᠠ᠃
ᠡᠨᠡ ᠪᠣᠯ 《ᠲᠩᠷᠢ ᠭᠠᠵᠠᠷ᠎ᠢ ᠬᠤᠪᠢᠷᠠᠭᠤᠯᠤᠭ᠍ᠰᠠᠨ》 ᠲᠡᠦᠬᠡᠲᠦ ᠴᠢᠨᠠᠷᠲᠠᠢ ᠬᠤᠪᠢᠷᠠᠯᠲᠠ ᠪᠣᠯᠤᠨ᠎ᠠ᠃
ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ ᠳᠠᠢᠯᠠᠯᠳᠤᠭᠠᠨ᠎ᠤ ᠢᠯᠠᠯᠲᠠ᠎ᠶ᠋ᠢ ᠤᠯᠬᠤ᠎ᠳᠤ᠂ ᠥᠪᠥᠷ ᠮᠣᠩᠭᠤᠯ ᠴᠠᠭ ᠦᠶ᠎ᠡ᠎ᠶ᠋ᠢᠨ ᠡᠭᠦᠷᠭᠡ ᠬᠠᠷᠢᠭᠤᠴᠠᠯᠭ᠎ᠠ᠎ᠪᠠᠨ ᠦᠯᠦ᠍ ᠬᠥᠰᠡᠷᠳᠡᠭᠦᠯᠵᠦ᠍᠂ ᠨᠠᠮ ᠪᠣᠯᠤᠨ ᠠᠷᠠᠳ ᠲᠦᠮᠡᠨ᠎ᠳᠤ ᠭᠢᠯᠠᠯᠵᠠᠭ᠍ᠰᠠᠨ ᠬᠠᠷᠢᠭᠤᠯᠲᠠ᠎ᠶ᠋ᠢᠨ ᠬᠠᠭᠤᠳᠠᠰᠤ ᠲᠤᠱᠢᠶᠠᠪᠠ —
ᠪᠥᠬᠦ᠌ ᠣᠷᠣᠨ᠎ᠤ ᠨᠡᠢᠲᠡ 58 ᠲᠦᠮᠡᠨ ᠡᠷᠦᠬᠡ᠂ 157 ᠲᠦᠮᠡᠨ ᠬᠥᠮᠦᠨ᠂ 3681 ᠶᠠᠳᠠᠭᠤ ᠬᠦᠴᠢᠷᠳᠡᠯᠲᠡᠶ ᠭᠠᠴᠠᠭ᠎ᠠ ᠲᠣᠰᠭᠤᠨ᠎ᠢ ᠶᠠᠳᠠᠭᠤ᠎ᠠᠴᠠ ᠠᠩᠭᠢᠵᠢᠷᠠᠭᠤᠯᠵᠤ᠂ 31 ᠤᠯᠤᠰ᠎ᠤᠨ ᠲᠠᠰ᠎ᠤᠨ ᠶᠠᠳᠠᠭᠤ ᠬᠦᠴᠢᠷᠳᠡᠯᠲᠡᠶ ᠬᠤᠱᠢᠭᠤ ᠱᠢᠶᠠᠨ᠂ 26 ᠣᠷᠣᠨ᠎ᠤ ᠲᠠᠰ᠎ᠤᠨ ᠶᠠᠳᠠᠭᠤ ᠬᠦᠴᠢᠷᠳᠡᠯᠲᠡᠶ ᠬᠤᠱᠢᠭᠤ ᠱᠢᠶᠠᠨ᠎ᠢ ᠶᠠᠳᠠᠭᠤ᠎ᠠᠴᠠ ᠠᠩᠭᠢᠵᠢᠷᠠᠭᠤᠯᠪᠠ᠃ ᠬᠥᠮᠦᠨ ᠠᠷᠠᠳ ᠶᠠᠳᠠᠭᠤ᠎ᠠᠴᠠ᠎ᠪᠠᠨ ᠠᠩᠭᠢᠵᠢᠷᠠᠬᠤ᠂ ᠲᠣᠰᠭᠤᠨ ᠶᠠᠳᠠᠭᠤ ᠬᠦᠴᠢᠷᠳᠡᠯᠲᠡᠢ ᠡᠩᠨᠡᠭᠡ᠎ᠠᠴᠠ ᠭᠠᠷᠬᠤ᠂ ᠱᠢᠶᠠᠨ ᠶᠠᠳᠠᠭᠤ ᠬᠦᠴᠢᠷᠳᠡᠯᠲᠡᠢ ᠮᠠᠯᠠᠭᠠᠢ᠎ᠪᠠᠨ ᠲᠠᠶᠠᠭ᠍ᠳᠠᠬᠤ ᠬᠠᠷᠠᠯᠲᠠ ᠡᠭᠦᠷᠭᠡ᠎ᠶ᠋ᠢ ᠪᠦᠬᠦᠨ᠎ᠢ ᠪᠡᠶᠡᠯᠡᠭᠦᠯᠵᠦ᠍᠂ ᠣᠷᠣᠨ ᠪᠦᠰᠡ᠎ᠶ᠋ᠢᠨ ᠴᠢᠨᠠᠷᠲᠠᠢ ᠪᠦᠬᠦᠯᠢ ᠴᠣᠭ᠍ᠴᠠ᠎ᠶ᠋ᠢᠨ ᠶᠠᠳᠠᠭᠤ ᠬᠦᠴᠢᠷᠳᠡᠯ᠎ᠤᠨ ᠠᠰᠠᠭᠤᠳᠠᠯ᠎ᠢ ᠱᠢᠢᠳᠪᠦᠷᠢᠯᠡᠪᠡ᠃
ᠥᠨᠥᠳᠦᠷ᠂ ᠠᠷᠠᠳ ᠤᠯᠠᠨ᠎ᠤ ᠢᠨᠢᠶᠡᠮᠰᠦᠭ ᠴᠢᠷᠠᠢ᠎ᠶ᠋ᠢᠨ ᠵᠢᠷᠤᠭ ᠨᠢᠭᠡᠨᠲᠡ ᠬᠠᠮᠤᠭ᠎ᠤᠨ ᠰᠡᠳᠭᠢᠯ ᠬᠥᠳᠡᠯᠭᠡᠮ᠎ᠡ ᠵᠣᠯ ᠵᠢᠷᠭᠠᠯᠲᠤ ᠵᠢᠷᠤᠭ ᠪᠣᠯᠵᠠᠢ᠃
ᠥᠨᠥᠳᠦᠷ᠂ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ ᠳᠠᠢᠯᠠᠯᠳᠤᠭᠠᠨ᠎ᠤ ᠠᠭᠤᠤ ᠶᠡᠭᠡ ᠠᠮᠵᠢᠯᠲᠠ ᠪᠦᠲᠦᠮᠵᠢ᠎ᠨᠢ ᠨᠢᠭᠡᠨᠲᠡ ᠱᠢᠨ᠎ᠡ ᠴᠠᠭ ᠦᠶ᠎ᠡ᠎ᠶ᠋ᠢᠨ ᠪᠠᠢᠷᠢᠱᠢᠯ᠎ᠳᠤ ᠭᠦᠨ ᠬᠠᠳᠠᠩᠱᠢᠵᠠᠢ!
ᠤᠨᠤᠴᠠᠳᠠᠢ 《ᠳᠤᠰᠤᠯᠭᠠᠨ ᠤᠰᠤᠯᠠᠵᠤ》 ᠲᠦᠮᠡᠨ ᠪᠣᠳᠠᠰ ᠱᠢᠨᠡᠳᠪᠡ
ᠨᠠᠮ᠎ᠤᠨ ᠠᠷᠪᠠᠨ ᠨᠠᠢ᠍ᠮᠠᠳᠤᠭᠠᠷ ᠶᠡᠭᠡ ᠬᠤᠷᠠᠯ᠎ᠠᠴᠠ ᠨᠠᠭᠠᠰᠢ᠂ ᠶᠡᠷᠦᠩᠬᠡᠢ ᠱᠦᠵᠢ ᠰᠢ᠎ᠶ᠋ᠢᠨ ᠫᠢᠩ ᠴᠢᠨᠡᠭᠡᠯᠢᠭ ᠨᠡᠢᠭᠡᠮ᠎ᠢ ᠪᠦᠬᠦ᠌ ᠲᠠᠯ᠎ᠠ᠎ᠪᠠᠷ ᠪᠡᠶᠡᠯᠡᠭᠦᠯᠬᠦ᠂ ᠳᠤᠮᠳᠠᠳᠤ᠎ᠶ᠋ᠢᠨ ᠦᠨᠳᠦᠰᠦᠲᠡᠨ᠎ᠤ ᠠᠭᠤᠤ ᠶᠡᠭᠡ ᠰᠡᠷᠭᠦᠨ ᠮᠠᠨᠳᠤᠯᠲᠠ᠎ᠶ᠋ᠢᠨ ᠳᠤᠮᠳᠠᠳᠤ᠎ᠶ᠋ᠢᠨ ᠵᠡᠭᠦᠳᠦ᠎ᠶ᠋ᠢ ᠲᠡᠷᠭᠡᠯᠱᠢᠭᠦᠯᠬᠦ᠌ ᠪᠠᠢᠯᠳᠤᠬᠤ ᠪᠤᠳᠤᠯᠭ᠎ᠠ᠎ᠶ᠋ᠢᠨ ᠦᠨᠳᠦᠷᠴᠡ᠎ᠠᠴᠠ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ᠎ᠶ᠋ᠢ ᠲᠦᠷᠦ᠎ᠶ᠋ᠢ ᠵᠠᠰᠠᠵᠤ ᠵᠠᠰᠠᠭ᠎ᠢ ᠡᠷᠬᠢᠯᠡᠬᠦ᠌ ᠲᠤᠪᠤᠢᠮ᠎ᠠ ᠪᠠᠢᠷᠢᠨ᠎ᠳᠤ ᠲᠠᠯᠪᠢᠵᠤ᠂ ᠠᠯᠢ ᠤᠯᠠᠨ ᠱᠢᠨ᠎ᠡ ᠦᠵᠡᠯ ᠰᠠᠨᠠᠭ᠎ᠠ ᠱᠢᠨ᠎ᠡ ᠦᠵᠡᠯᠲᠡ᠎ᠶ᠋ᠢ ᠳᠤᠷᠠᠳᠴᠤ᠌᠂ ᠠᠯᠢ ᠤᠯᠠᠨ ᠱᠢᠨ᠎ᠡ ᠱᠢᠢᠳᠪᠦᠷᠢᠲᠦ ᠪᠤᠳᠤᠯᠭ᠎ᠠ ᠱᠢᠨ᠎ᠡ ᠪᠠᠢᠷᠢᠯᠠᠭᠤᠯᠤᠯᠲᠠ ᠬᠢᠵᠡᠢ᠃
ᠥᠪᠥᠷ ᠮᠣᠩᠭᠤᠯ ᠴᠢᠩ ᠰᠡᠳᠭᠢᠯ᠎ᠤᠨ ᠬᠦᠰᠡᠯ ᠨᠠᠢᠳᠠᠯᠭ᠎ᠠ᠎ᠶ᠋ᠢ ᠪᠠᠲᠤ ᠴᠡᠭᠡᠵᠢᠯᠡᠵᠦ᠍᠂ ᠬᠦᠴᠢᠷ ᠪᠡᠷᠬᠡᠱᠢᠶᠡᠯ ᠬᠠᠷᠰᠢ ᠰᠠᠭᠠᠳ᠎ᠢ ᠠᠷᠢᠯᠭᠠᠵᠤ᠂ ᠡᠯ᠎ᠡ ᠲᠠᠯ᠎ᠠ᠎ᠶ᠋ᠢᠨ ᠬᠠᠷᠢᠭᠤᠴᠠᠯᠭ᠎ᠠ᠎ᠶ᠋ᠢ ᠪᠣᠳᠠᠲᠠᠢᠵᠢᠭᠤᠯᠵᠤ᠂ ᠰᠦᠷ ᠳᠠᠯᠠᠢᠴᠠᠲᠠᠢ ᠬᠦᠴᠦᠨ ᠴᠢᠳᠠᠯ᠎ᠢ ᠨᠢᠭ᠍ᠲᠠᠷᠠᠭᠤᠯᠵᠤ᠂ ᠠᠷᠠᠳ᠎ᠤᠨ ᠠᠮᠢᠳᠤᠷᠠᠯ᠎ᠤᠨ ᠬᠦᠷᠢᠶᠡᠨ᠎ᠳᠤ ᠤᠨᠢᠨ ᠳᠡᠭᠡᠷ᠎ᠡ᠎ᠨᠢ ᠬᠦᠴᠦᠯᠡᠵᠦ᠍᠂ ᠥᠪᠥᠷ ᠮᠣᠩᠭᠤᠯ᠎ᠤᠨ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ ᠤᠷᠤᠭ᠍ᠰᠢᠯᠠᠯᠲᠠ᠎ᠶ᠋ᠢᠨ ᠠᠶᠠᠰ᠎ᠢ ᠴᠢᠪᠬᠠᠳᠠᠵᠤ᠂ ᠶᠠᠳᠠᠭᠤ ᠬᠦᠴᠢᠷᠳᠡᠯᠲᠡᠢ ᠭᠠᠵᠠᠷ ᠣᠷᠣᠨ᠎ᠤ ᠳᠦᠷᠰᠦ ᠪᠠᠢᠳᠠᠯ᠎ᠳᠤ ᠯᠤᠲᠤ ᠶᠡᠭᠡ ᠬᠤᠪᠢᠷᠠᠯᠲᠠ ᠭᠠᠷᠴᠤ᠌᠂ ᠠᠷᠠᠳ ᠤᠯᠠᠨ᠎ᠤ ᠬᠦᠷᠲᠡᠮᠵᠢ᠎ᠶ᠋ᠢᠨ ᠲᠦᠷᠦᠭ᠌ᠳᠡᠯ᠂ ᠵᠢᠷᠭᠠᠯᠲᠤ ᠲᠦᠷᠦᠭ᠌ᠳᠡᠯ᠂ ᠠᠮᠤᠷ ᠲᠦᠪᠱᠢᠨ᠎ᠤ ᠲᠦᠷᠦᠭ᠌ᠳᠡᠯ ᠦᠷᠭᠦᠯᠵᠢᠯᠡᠨ ᠳᠡᠭᠡᠭ᠌ᠰᠢᠯᠡᠪᠡ᠃
ᠬᠥᠯᠥᠨ ᠪᠤᠢᠷ ᠬᠤᠳᠠ᠎ᠶ᠋ᠢᠨ ᠵᠠᠯᠠᠨ ᠠᠢᠯ ᠬᠤᠳᠠ᠎ᠶ᠋ᠢᠨ ᠬᠤᠤ ᠷᠤᠤ ᠱᠠᠨ ᠪᠠᠯᠭᠠᠰᠤ᠎ᠶ᠋ᠢᠨ ᠵᠡᠭᠦᠨ ᠫᠢᠩ᠎ᠲᠠᠢ ᠲᠣᠰᠭᠤᠨ᠎ᠤ ᠴᠢᠨ ᠶᠦᠩ᠎ᠤᠨ ᠱᠢᠨ᠎ᠡ᠎ᠪᠠᠷ ᠪᠠᠢᠭᠤᠯᠤᠭ᠍ᠰᠠᠨ ᠲᠣᠭᠤᠰᠭᠠᠨ ᠪᠠᠢᠱᠢᠩ ᠵᠤᠨ᠎ᠤ ᠡᠬᠢᠨ᠎ᠤ ᠪᠣᠷᠣᠭᠠᠨ᠎ᠳᠤ ᠤᠬᠢᠶᠠᠬ᠍ᠳᠠᠨ ᠨᠡᠩ ᠭᠢᠯᠠᠯᠵᠠᠵᠤ ᠬᠠᠷᠠᠭ᠍ᠳᠠᠨ᠎ᠠ᠃
2019 ᠣᠨ᠎ᠠᠴᠠ ᠡᠮᠦᠨ᠎ᠡ᠂ ᠴᠢᠨ ᠶᠦᠩ ᠪᠦᠷᠬᠦᠭ ᠪᠣᠷᠣᠭᠠᠨ᠎ᠲᠠᠢ ᠠᠭᠤᠷ ᠠᠮᠢᠰᠭᠤᠯ᠎ᠠᠴᠠ ᠬᠠᠮᠤᠭ ᠠᠶᠤᠳᠠᠭ ᠪᠠᠢᠪᠠ᠃ ᠳᠡᠭᠡᠷ᠎ᠡ ᠵᠠᠭᠤᠨ᠎ᠤ ᠳᠠᠯᠠᠭᠠᠳ ᠣᠨ᠎ᠳᠤ ᠪᠠᠢᠭᠤᠯᠤᠭ᠍ᠰᠠᠨ ᠲᠡᠬᠦᠨ᠎ᠤ ᠱᠢᠪᠠᠷ ᠭᠡᠷ᠎ᠤᠨ ᠬᠡᠷᠡᠮ᠎ᠨᠢ ᠬᠡᠴᠡᠭᠦᠦ ᠡᠪᠳᠡᠷᠡᠵᠦ᠍ ᠬᠠᠭᠤᠴᠢᠷᠠᠵᠠᠢ᠃ ᠪᠣᠷᠣᠭᠠᠨ᠎ᠲᠠᠢ ᠡᠳᠦᠷ ᠪᠣᠯᠬᠤ ᠪᠦᠷᠢ ᠲᠡᠭᠦᠨ᠎ᠤ ᠭᠡᠷ᠎ᠨᠢ ᠭᠤᠭᠤᠵᠢᠳᠠᠭ᠃ 2019 ᠣᠨ᠎ᠳᠤ᠂ ᠴᠢᠨ ᠶᠦᠩ ᠤᠯᠤᠰ᠎ᠤᠨ ᠨᠤᠷᠠᠬᠤ ᠠᠶᠤᠯᠲᠠᠢ ᠭᠡᠷ ᠪᠠᠢᠱᠢᠩ᠎ᠢ ᠥᠭᠡᠷᠡᠴᠢᠯᠡᠨ ᠵᠠᠰᠠᠬᠤ ᠨᠥᠬᠦᠪᠥᠷᠢ ᠪᠡᠯᠡ ᠮᠥᠩᠭᠦ᠎ᠶ᠋ᠢ 25232 ᠲᠥᠭᠦᠷᠢᠭ ᠣᠯᠵᠤ᠂ 60 ᠭᠠᠷᠤᠢ ᠲᠡᠭ᠌ᠰᠢ ᠳᠥᠷᠪᠡᠯᠵᠢᠨ ᠮᠧᠳ᠋ᠷ᠎ᠤᠨ ᠲᠣᠭᠤᠰᠭᠠᠨ ᠭᠡᠷ ᠪᠠᠷᠢᠵᠠᠢ᠃ 《ᠪᠢ ᠪᠣᠯ ᠳᠡᠩᠰᠡᠯᠡᠵᠦ᠍ ᠺᠠᠷᠲᠯᠠᠭ᠍ᠰᠠᠨ ᠶᠠᠳᠠᠭᠤ ᠬᠦᠴᠢᠷᠳᠡᠯᠲᠡᠶ ᠡᠷᠦᠬᠡ ᠮᠥᠨ᠂ ᠱᠢᠨ᠎ᠡ ᠬᠡᠷ ᠪᠠᠷᠢᠬᠤ ᠵᠣᠭᠤᠰ ᠥᠬᠡᠶ᠃ ᠡᠨᠡ ᠨᠠᠰᠤᠨ᠎ᠳᠠᠭᠠᠨ ᠡᠢᠮᠦ᠍ ᠠᠭᠤᠵᠢᠮ ᠰᠠᠷᠠᠭᠤᠯ᠂ ᠳᠤᠯᠠᠭᠠᠬᠠᠨ ᠲᠣᠮᠣ ᠸᠠᠭᠠᠷ᠎ᠤᠨ ᠪᠠᠢᠱᠢᠩ᠎ᠳᠤ ᠰᠠᠭᠤᠨ᠎ᠠ ᠭᠡᠵᠦ᠍ ᠵᠡᠭᠦᠳᠤᠯᠡᠵᠤ ᠴᠤ᠌ ᠦᠡᠭ᠌ᠭᠡᠷᠡᠭ᠌ᠰᠡᠨ ᠦᠭᠡᠢ᠃ ᠨᠠᠮ᠎ᠤᠨ ᠰᠠᠢᠨ ᠲᠥᠷᠥ᠎ᠶ᠋ᠢᠨ ᠪᠣᠳᠣᠯᠭ᠎ᠠ᠎ᠳᠤ ᠪᠠᠶᠠᠷᠯᠠᠯ᠎ᠠ!》 ᠭᠡᠵᠦ᠍ ᠴᠢᠨ ᠶᠦᠩ ᠠᠭᠤᠯᠵᠠᠭ᠍ᠰᠠᠨ ᠪᠤᠯᠭᠠᠨ᠎ᠳᠤ ᠶᠠᠷᠢᠵᠤ ᠪᠠᠢᠯ᠎ᠠ᠃
ᠴᠢᠨᠡᠭᠡᠯᠢᠭ ᠪᠣᠯᠤᠭ᠍ᠰᠠᠨ ᠡᠰᠡᠬᠦ᠌᠎ᠶ᠋ᠢ ᠦᠵᠡᠭᠦ᠎ᠳᠤ ᠠᠷᠠᠳ᠎ᠤᠨ ᠠᠮᠢᠳᠤᠷᠠᠯ᠎ᠢ ᠦᠵᠡᠨ᠎ᠡ! ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ ᠳᠠᠢᠯᠠᠯᠳᠤᠭᠠᠨ᠎ᠤ ᠳᠤᠮᠳᠠ᠂ ᠥᠪᠥᠷ ᠮᠣᠩᠭᠤᠯ ᠶᠠᠳᠠᠭᠤ ᠬᠦᠴᠢᠷᠳᠡᠯᠲᠡᠶ ᠬᠥᠮᠦᠨ ᠠᠮᠠ᠎ᠶ᠋ᠢ ᠤᠨᠢᠯᠠᠵᠤ ᠣᠨᠢᠨ ᠳᠡᠭᠡᠷ᠎ᠡ᠎ᠨᠢ 《ᠳᠤᠰᠤᠯᠭᠠᠨ ᠤᠰᠤᠯᠠᠪᠠ》᠃ ᠨᠤᠷᠠᠬᠤ ᠠᠶᠤᠯᠲᠠᠶ ᠬᠡᠷ ᠪᠠᠢᠱᠢᠩ᠎ᠢ ᠥᠭᠡᠷᠡᠴᠢᠯᠡᠨ ᠱᠢᠨᠡᠳᠭᠡᠬᠦ᠌ ᠡᠨᠡ ᠬᠦ᠌ ᠠᠷᠠᠳ᠎ᠤᠨ ᠠᠮᠢᠳᠤᠷᠠᠯ᠎ᠤᠨ ᠢᠨᠵᠧᠨᠧᠷᠢᠩ᠎ᠢ ᠬᠡᠷᠡᠭ᠌ᠵᠢᠭᠦᠯᠬᠦ᠌ ᠳᠤᠮᠳᠠ᠂ ᠥᠪᠥᠷ ᠮᠣᠩᠭᠤᠯ ᠲᠠᠩᠰᠠᠯᠠᠵᠤ ᠺᠠᠷᠲᠯᠠᠭ᠍ᠰᠠᠨ ᠶᠠᠳᠠᠭᠤ ᠬᠦᠴᠢᠷᠳᠡᠯᠲᠡᠶ ᠡᠷᠦᠬᠡ᠎ᠶ᠋ᠢ ᠡᠩ ᠲᠡᠷᠢᠭᠦᠨ᠎ᠳᠤ ᠳᠡᠮᠵᠢᠵᠡᠢ᠃ ᠲᠤᠭ᠎ᠠ ᠪᠠᠷᠢᠮᠲᠠ 《ᠬᠤᠪᠢᠷᠠᠯᠲᠠ》 ᠶ᠋ᠢ ᠲᠠᠢᠯᠪᠤᠷᠢᠯᠠᠪᠠ᠄ 2009 ᠣᠨ᠎ᠳᠤ ᠥᠪᠥᠷ ᠮᠣᠩᠭᠤᠯ ᠮᠠᠯᠵᠢᠬᠤ ᠲᠠᠷᠢᠶᠠᠯᠠᠬᠤ ᠣᠷᠣᠨ᠎ᠤ ᠨᠤᠷᠠᠬᠤ ᠠᠶᠤᠯᠲᠠᠶ ᠬᠡᠷ ᠪᠠᠢᠱᠢᠩ᠎ᠢ ᠥᠭᠡᠷᠡᠴᠢᠯᠡᠨ ᠱᠢᠨᠡᠳᠭᠡᠬᠦ᠌ ᠢᠨᠵᠧᠨᠧᠷᠢᠩ᠎ᠢ ᠡᠬᠢᠯᠡᠭᠦᠯᠦᠭ᠌ᠰᠡᠨ᠎ᠠᠴᠠ ᠨᠠᠭᠠᠰᠢ᠂ ᠬᠥᠳᠡᠭᠡ ᠲᠣᠰᠭᠤᠨ᠎ᠤ 130.4 ᠲᠦᠮᠡᠨ ᠡᠷᠦᠬᠡ᠎ᠶ᠋ᠢᠨ ᠨᠤᠷᠠᠬᠤ ᠠᠶᠤᠯᠲᠠᠶ ᠬᠡᠷ ᠪᠠᠢᠱᠢᠩ᠎ᠢ ᠥᠭᠡᠷᠡᠴᠢᠯᠡᠨ ᠱᠢᠨᠡᠳᠭᠡᠬᠦ᠌ ᠡᠭᠦᠷᠭᠡ᠎ᠶ᠋ᠢ ᠪᠡᠶᠡᠯᠡᠭᠦᠯᠪᠡ᠂ ᠡᠭᠦᠨ᠎ᠳᠤ ᠲᠠᠩᠰᠠᠯᠠᠵᠤ ᠺᠠᠷᠲᠯᠠᠭ᠍ᠰᠠᠨ ᠶᠠᠳᠠᠭᠤ ᠬᠦᠴᠢᠷᠳᠡᠯᠲᠡᠶ 13.6 ᠲᠦᠮᠡᠨ ᠡᠷᠦᠬᠡ ᠪᠠᠢᠵᠤ᠂ ᠲᠥᠪ᠎ᠤᠨ ᠪᠠᠯᠠ ᠣᠷᠣᠭᠤᠯᠤᠯᠲᠠ᠎ᠶ᠋ᠢ 97.3 ᠳ᠋ᠦᠩᠱᠢᠭᠤᠷ ᠲᠥᠭᠦᠷᠢᠭ ᠪᠡᠶᠡᠯᠡᠭᠦᠯᠵᠦ᠍᠂ ᠥᠪᠡᠷᠲᠡᠭᠡᠨ ᠵᠠᠰᠠᠬᠤ ᠣᠷᠣᠨ᠎ᠤ ᠲᠣᠰ ᠱᠠᠲᠤᠨ᠎ᠤ ᠪᠠᠯᠠ ᠣᠷᠣᠭᠤᠯᠤᠯᠲᠠ 84.3 ᠳ᠋ᠦᠩᠱᠢᠭᠤᠷ ᠲᠥᠭᠦᠷᠢᠭ᠎ᠲᠤ ᠬᠥᠷᠪᠡ᠃
《ᠶᠠᠳᠠᠭᠤ ᠬᠦᠴᠢᠷᠳᠡᠯᠲᠡᠢ ᠭᠠᠵᠠᠷ᠎ᠠᠴᠠ ᠨᠡᠭᠦᠯᠭᠡᠬᠦ᠌》 《ᠶᠠᠳᠠᠭᠤ ᠬᠦᠴᠢᠷᠳᠡᠯᠲᠡᠢ ᠠᠵᠦ᠍ ᠦᠢᠯᠡᠰ᠎ᠢ ᠬᠤᠪᠢᠷᠠᠭᠤᠯᠬᠤ》 《ᠶᠠᠳᠠᠭᠤᠷᠠᠯ᠎ᠤᠨ ᠦᠨᠳᠦᠰᠦ᠎ᠶ᠋ᠢ ᠲᠠᠰᠤᠯᠬᠤ》᠂ ᠨᠠᠮ᠎ᠤᠨ ᠠᠷᠪᠠᠨ ᠨᠠᠢ᠍ᠮᠠᠳᠤᠭᠠᠷ ᠶᠡᠭᠡ ᠬᠤᠷᠠᠯ᠎ᠠᠴᠠ ᠨᠠᠭᠠᠰᠢ᠂ ᠤᠷᠢᠳ ᠡᠮᠦᠨ᠎ᠡ ᠪᠠᠢᠭ᠎ᠠ ᠦᠭᠡᠢ ᠣᠨᠳᠣᠣ ᠭᠠᠵᠠᠷ᠎ᠲᠤ ᠨᠡᠭᠦᠯᠭᠡᠨ ᠱᠢᠯᠵᠢᠬᠦᠯᠵᠦ᠍ ᠶᠠᠳᠠᠭᠤ᠎ᠶ᠋ᠢ ᠲᠡᠳᠬᠦᠬᠦ᠌ ᠠᠵᠢᠯᠯᠠᠭ᠎ᠠ ᠥᠷᠭᠡᠨ ᠠᠭᠤᠳᠠᠮ ᠲᠠᠯ᠎ᠠ ᠨᠤᠲᠤᠭ᠎ᠲᠤ ᠰᠦᠷ ᠳᠠᠯᠠᠢᠴᠠᠲᠠᠢ ᠥᠷᠨᠢᠪᠡ᠃
2019 ᠣᠨ᠎ᠤ ᠳᠤᠮᠳᠠᠳᠤ ᠤᠯᠤᠰ᠎ᠤᠨ ᠶᠠᠳᠠᠭᠤ᠎ᠶ᠋ᠢ ᠲᠡᠳᠬᠦᠬᠦ᠌ ᠣᠯᠠᠨ ᠤᠯᠤᠰ᠎ᠤᠨ ᠶᠠᠷᠢᠶᠠᠨ᠎ᠤ ᠲᠠᠪᠴᠠᠩ ᠳᠡᠭᠡᠷ᠎ᠡ᠂ ᠯᠢᠨᠰᠢ ᠱᠢᠶᠠᠨ᠎ᠤ 《ᠤᠨᠳᠤᠤ ᠭᠠᠵᠠᠷ᠎ᠲᠤ ᠨᠡᠭᠦᠯᠭᠡᠬᠦ᠌ + ᠶᠠᠳᠠᠭᠤ᠎ᠶ᠋ᠢ ᠲᠡᠳᠬᠦᠬᠦ᠌ ᠵᠠᠭ᠍ᠪᠤᠷ》 ᠨᠢ 《ᠪᠥᠬᠦ᠌ ᠪᠥᠮᠪᠥᠷᠴᠡᠭ᠎ᠤᠨ ᠶᠠᠳᠠᠭᠤ ᠬᠦᠴᠢᠷᠳᠡᠯᠲᠡᠶ ᠬᠥᠮᠦᠨ ᠠᠮᠠ᠎ᠶ᠋ᠢ ᠴᠥᠭᠡᠳᠭᠡᠭ᠌ᠰᠡᠨ ᠵᠢᠱ᠌ᠢᠶ᠎ᠡ᠎ᠶ᠋ᠢ ᠡᠯᠰᠡᠬᠦ᠌ ᠠᠵᠢᠯᠯᠠᠭ᠎ᠠ》 ᠶ᠋ᠢᠨ ᠱᠢᠯᠢᠳᠡᠭ ᠶᠠᠳᠠᠭᠤ ᠬᠦᠴᠢᠷᠳᠡᠯᠲᠡᠶ ᠬᠥᠮᠦᠨ ᠠᠮᠠ᠎ᠶ᠋ᠢ ᠴᠥᠭᠡᠳᠭᠡᠭ᠌ᠰᠡᠨ ᠱᠢᠯᠢᠳᠡᠭ ᠵᠢᠱ᠌ᠢᠶ᠎ᠡ ᠪᠤᠯᠪᠠ᠃
ᠯᠢᠨᠰᠢ ᠱᠢᠶᠠᠨ᠎ᠤ ᠲᠠᠩᠰᠠᠯᠠᠵᠥ᠍ ᠺᠠᠷᠲᠯᠠᠭ᠍ᠰᠠᠨ ᠶᠠᠳᠠᠭᠤ ᠬᠦᠴᠢᠷᠳᠡᠯᠲᠡᠢ ᠬᠥᠮᠦᠨ ᠠᠮᠠ 2 ᠲᠦᠮᠡ ᠱᠢᠬᠠᠮ ᠪᠠᠢᠵᠤ᠂ ᠲᠠᠪᠤᠨ᠎ᠤ ᠨᠢᠭᠡ ᠬᠤᠪᠢ᠎ᠨᠢ ᠪᠤᠢᠳᠠ ᠪᠥᠭ᠌ᠯᠡᠭᠦᠦ ᠠᠭᠤᠯᠠᠷᠬᠠᠭ ᠣᠷᠣᠨ᠎ᠳᠤ ᠰᠠᠭᠤᠷᠢᠱᠢᠵᠤ᠂ ᠨᠤᠲᠤᠭ ᠤᠰᠤ᠎ᠨᠢ ᠬᠦᠮᠦᠨ ᠠᠷᠠᠳ᠎ᠢᠶᠠᠨ ᠲᠡᠵᠢᠭᠡᠵᠦ᠍ ᠳᠡᠢᠯᠬᠦ᠌ ᠦᠬᠡᠢ ᠪᠠᠢᠪᠠ᠃ ᠨᠡᠭᠦᠯᠭᠡᠬᠦ᠌ ᠴᠢᠬᠤᠯᠠᠲᠠᠢ ᠡᠳᠡᠭᠡᠷ ᠶᠠᠳᠠᠭᠤ ᠬᠦᠴᠢᠷᠳᠡᠯᠲᠡᠢ ᠬᠥᠮᠦᠨ ᠠᠮᠠ᠎ᠶ᠋ᠢᠨ ᠳᠣᠲᠣᠷ᠎ᠠ 60 ᠨᠠᠰᠤᠨ᠎ᠠᠴᠠ ᠳᠡᠭᠡᠭ᠌ᠰᠢᠬᠢ ᠨᠠᠰᠤᠲᠠᠢᠴᠤᠳ ᠪᠠ ᠬᠥᠳᠡᠯᠮᠦᠷᠢᠯᠡᠬᠦ᠌ ᠴᠢᠳᠠᠪᠤᠷᠢ ᠦᠭᠡᠢ ᠬᠥᠮᠦᠰ 60% ᠠᠴᠠ ᠳᠡᠭᠡᠭ᠌ᠰᠢᠬᠢ᠎ᠶ᠋ᠢ ᠡᠵᠡᠯᠡᠪᠡ᠃ ᠬᠡᠷᠬᠢᠨ ᠡᠳᠡᠭᠡᠷ ᠶᠠᠳᠠᠭᠤ ᠬᠦᠴᠢᠷᠳᠡᠯᠲᠡᠶ ᠬᠥᠮᠦᠨ ᠠᠮᠠ᠎ᠶ᠋ᠢ ᠨᠡᠭᠦᠯᠭᠡᠵᠦ᠍᠂ ᠲᠣᠭ᠍ᠲᠠᠪᠤᠷᠢᠵᠢᠭᠤᠯᠵᠤ᠂ ᠠᠯᠬᠤᠮ ᠠᠯᠬᠤᠮ᠎ᠢᠶᠠᠷ ᠪᠠᠶᠠᠵᠢᠭᠤᠯᠬᠤ ᠪᠤᠢ? ᠱᠢᠶᠠᠨ᠎ᠤ᠎ᠬᠢᠨ ᠬᠥᠮᠦᠨ᠎ᠳᠤ᠎ᠨᠢ ᠲᠤᠬᠢᠷᠠᠭᠤᠯᠤᠨ ᠠᠷᠭ᠎ᠠ ᠪᠤᠳᠤᠯᠭ᠎ᠠ ᠬᠡᠷᠡᠭ᠌ᠵᠢᠭᠦᠯᠵᠦ᠍᠂ ᠬᠥᠳᠡᠯᠮᠦᠷᠢᠯᠡᠬᠦ᠌ ᠴᠢᠳᠠᠪᠤᠷᠢ᠎ᠲᠠᠢ ᠶᠠᠳᠠᠭᠤ ᠬᠦᠴᠢᠷᠳᠡᠯᠲᠡᠢ ᠡᠷᠦᠬᠡ᠎ᠳᠤ 《ᠣᠨᠳᠣᠣ ᠭᠠᠵᠠᠷ᠎ᠲᠤ ᠨᠡᠭᠦᠯᠭᠡᠵᠦ᠍ ᠶᠠᠳᠠᠭᠤ᠎ᠶ᠋ᠢ ᠲᠡᠳᠬᠦᠬᠦ᠌ + ᠠᠵᠤ ᠦᠢᠯᠡᠰ》 ᠤᠨ ᠠᠷᠭ᠎ᠠ ᠬᠡᠯᠪᠡᠷᠢ᠎ᠶ᠋ᠢ ᠬᠡᠷᠡᠭ᠌ᠵᠢᠭᠦᠯᠵᠦ᠍᠂ ᠤᠷᠢᠳ᠎ᠢᠶᠠᠷ ᠠᠵᠤ ᠦᠢᠯᠡᠰ᠎ᠢ ᠰᠦᠪᠡᠭ᠌ᠴᠢᠯᠡᠵᠦ᠍ ᠳᠠᠷᠠᠭ᠎ᠠ᠎ᠨᠢ ᠨᠡᠭᠦᠯᠭᠡᠵᠦ᠍᠂ ᠠᠵᠤ ᠦᠢᠯᠡᠰ᠎ᠢ ᠤᠷᠤᠨ ᠰᠠᠭᠤᠴᠠ᠎ᠶ᠋ᠢᠨ᠎ᠬᠢᠨ ᠳᠤᠭᠤᠷᠢᠨ᠎ᠳᠤ ᠳᠤᠬᠢᠷᠠᠭᠤᠯᠤᠬ᠍ᠰᠠᠨ ᠪᠠᠢᠨ᠎ᠠ᠃ ᠬᠥᠳᠡᠯᠮᠦᠷᠢᠯᠡᠬᠦ᠌ ᠴᠢᠳᠠᠪᠤᠷᠢ ᠥᠬᠡᠶ᠎ᠶ᠋ᠢ᠎ᠨᠢ᠂ 《ᠤᠨᠳᠤᠤ ᠭᠠᠵᠠᠷ᠎ᠲᠤ ᠨᠡᠭᠦᠯᠭᠡᠨ ᠶᠠᠳᠠᠭᠤ᠎ᠶ᠋ᠢ ᠲᠡᠳᠬᠦᠬᠦ᠌ + ᠬᠠᠷᠢᠯᠴᠠᠨ ᠬᠠᠪᠰᠤᠷᠤᠯᠴᠠᠬᠤ ᠵᠣᠯ ᠵᠢᠷᠭᠠᠯ᠎ᠤᠨ ᠬᠦᠷᠢᠶᠡᠯᠡᠩ + ᠬᠡᠷᠡᠯ ᠴᠡᠨᠡᠭ᠎ᠤᠨ ᠨᠠᠰᠤᠵᠢᠯ᠎ᠤᠨ ᠠᠰᠠᠷᠠᠮᠵᠢ》 ᠶ᠋ᠢᠨ ᠠᠷᠭ᠎ᠠ ᠬᠡᠯᠪᠡᠷᠢ᠎ᠶ᠋ᠢ ᠬᠡᠷᠡᠭ᠌ᠵᠢᠭᠦᠯᠵᠦ᠍᠂ ᠨᠡᠢᠭᠡᠮ᠎ᠤᠨ ᠪᠠᠲᠤᠯᠠᠭ᠎ᠠ᠎ᠪᠠᠷ ᠦᠨᠳᠦᠰᠦᠨ ᠵᠦᠶᠯ᠎ᠢ ᠪᠠᠲᠤᠯᠠᠭ᠍ᠰᠠᠨ ᠰᠠᠭᠤᠷᠢᠨ ᠳᠡᠭᠡᠷ᠎ᠡ ᠶᠠᠳᠠᠭᠤ ᠬᠦᠴᠢᠷᠳᠡᠯᠲᠡᠶ ᠨᠠᠰᠤᠲᠠᠢᠴᠤᠳ ᠨᠠᠮ᠎ᠤᠨ ᠬᠠᠢᠷ᠎ᠠ ᠬᠠᠯᠠᠮᠵᠢᠳᠤ ᠦᠲᠡᠯᠦᠭᠡ ᠨᠠᠰᠤ᠎ᠪᠠᠨ ᠦᠡᠭ᠌ᠭᠡᠷᠡᠭᠦᠯᠬᠦ᠌ ᠪᠤᠯᠪᠠ᠃
ᠱᠡᠭᠡᠷᠳᠦ ᠱᠢᠶᠠᠩ᠎ᠤᠨ ᠳ᠋ᠠ ᠺᠠᠩ ᠶᠠᠳᠠᠭᠤ᠎ᠶ᠋ᠢ ᠲᠡᠳᠬᠦᠬᠦ᠌ ᠠᠵᠤ ᠦᠢᠯᠡᠰ᠎ᠤᠨ ᠬᠦᠷᠢᠶᠡᠯᠡᠩ᠎ᠳᠤ᠂ 8000 ᠭᠠᠷᠤᠢ ᠮᠦ᠍᠎ᠶ᠋ᠢᠨ ᠨᠡᠷᠡᠨ᠎ᠤ ᠭᠡᠷᠡᠯ᠎ᠤᠨ ᠬᠦᠯᠡᠮᠵᠢ ᠰᠦᠷᠯᠢᠭ ᠰᠠᠢᠬᠠᠨ ᠬᠠᠷᠠᠭ᠍ᠳᠠᠨ᠎ᠠ᠃ 2017 ᠣᠨ᠎ᠳᠤ᠂ ᠶᠠᠳᠠᠭᠤ ᠬᠦᠴᠢᠷᠳᠡᠯᠲᠡᠢ ᠡᠷᠦᠬᠡ ᠯᠠᠨ ᠭᠦᠸᠧ ᠯᠢ᠎ᠶ᠋ᠢᠨ ᠨᠢᠭᠡ ᠭᠡᠷ᠎ᠤᠨ᠎ᠬᠢᠨ 10 ᠺᠢᠯᠤᠮᠧᠳ᠋ᠷ᠎ᠤᠨ ᠭᠠᠳᠠᠨᠠᠬᠢ ᠭᠦᠨ ᠠᠭᠤᠯᠠᠨ ᠭᠤᠤ᠎ᠠᠴᠠ ᠠᠳᠡ ᠨᠡᠭᠦᠨ ᠢᠷᠡᠵᠦ᠍᠂ ᠬᠦᠯᠡᠮᠵᠢ ᠪᠠ 48 ᠲᠡᠭ᠌ᠰᠢ ᠳᠥᠷᠪᠡᠯᠵᠢᠨ ᠮᠧᠳ᠋ᠷ᠎ᠤᠨ ᠲᠥᠪᠬᠢᠨᠡᠭᠦᠯᠬᠦ᠌ ᠭᠡᠷ ᠬᠤᠪᠢᠶᠠᠨ ᠣᠯᠵᠤ᠂ ᠤᠰᠤ ᠤᠤᠭᠤᠬᠤ᠎ᠳᠤ ᠬᠦᠴᠢᠷ᠂ ᠶᠠᠪᠤᠵᠤ ᠰᠠᠭᠤᠬᠤ᠎ᠳᠤ ᠬᠦᠴᠢᠷ ᠪᠠᠢᠭ᠍ᠰᠠᠨ ᠲᠡᠦᠬᠡ᠎ᠶ᠋ᠢ ᠡᠴᠦᠰᠯᠡᠭᠦᠯᠵᠡᠢ᠃ ᠯᠠᠨ ᠭᠦᠸᠧ ᠯᠢ᠎ᠶ᠋ᠢ ᠵᠣᠯ ᠵᠢᠷᠭᠠᠯ᠎ᠲᠠᠢ ᠰᠠᠨᠠᠭ᠍ᠳᠠᠭᠤᠯᠤᠭ᠍ᠰᠠᠨᠨᠢ ᠵᠥᠪᠬᠡᠨ ᠭᠡᠷ ᠳᠣᠲᠣᠷᠠᠬᠢ ᠠᠷᠢᠭᠤᠨ ᠴᠡᠪᠡᠷ ᠵᠣᠷᠯᠣᠩ᠂ ᠢᠵᠢ ᠪᠦᠷᠢᠳᠦᠭ᠌ᠰᠡᠨ ᠵᠤᠤᠬ᠎ᠠ ᠪᠠ ᠳᠤᠯᠠᠭᠠᠮᠵᠢ ᠲᠡᠳᠦᠶ ᠪᠢᠰᠢ᠂ ᠪᠠᠰᠠ ᠡᠨᠡ ᠬᠦ᠌ 《ᠠᠯᠲᠠ ᠮᠥᠩᠭᠦ᠌ ᠤᠷᠭᠤᠳᠠᠬ》 ᠲᠣᠮᠣ ᠫᠧᠩ ᠪᠣᠯᠤᠨ᠎ᠠ᠃
ᠲᠡᠷᠡ ᠨᠢᠭᠡ ᠳᠠᠩᠰᠠ ᠪᠣᠳᠣᠵᠠᠢ᠄ 1 ᠮᠦ᠍ ᠫᠧᠩ᠎ᠤᠨ ᠨᠢᠭᠡ ᠤᠯᠠᠷᠢᠯ᠎ᠳᠠᠬᠢ ᠭᠠᠷᠤᠯᠲᠠ᠎ᠨᠢ 1.5 ᠲᠦᠮᠡᠨ ᠵᠢᠩ ᠲᠥᠪᠡᠳ ᠬᠠᠰᠢ᠂ ᠬᠤᠶᠠᠷ ᠤᠯᠠᠷᠢᠯ᠎ᠳᠤ 3 ᠲᠦᠮᠡᠨ ᠵᠢᠩ᠎ᠳᠤ ᠬᠦᠷᠦᠨ᠎ᠡ᠂ ᠡᠨᠡ ᠬᠤᠶᠠᠷ ᠵᠢᠯ᠎ᠤᠨ ᠲᠥᠪᠡᠳ ᠬᠠᠰᠢ᠎ᠶ᠋ᠢᠨ ᠳᠤᠮᠳᠠᠴᠢ ᠦᠨᠡᠨ᠎ᠢ ᠵᠢᠩ ᠪᠦᠷᠢ᠎ᠳᠡᠭᠡᠨ 2.3 ᠲᠥᠭᠦᠷᠢᠭ᠎ᠢᠶᠠᠷ ᠪᠣᠳᠣᠪᠠᠯ ᠫᠧᠩ ᠪᠦᠷᠢ᠎ᠠᠴᠠ ᠪᠠᠷᠤᠭ 7 ᠲᠦᠮᠡᠨ ᠲᠥᠭᠦᠷᠢᠭ᠎ᠤᠨ ᠴᠡᠪᠡᠷ ᠤᠷᠤᠯᠭ᠎ᠠ ᠤᠯᠤᠨ᠎ᠠ᠃ ᠳᠠᠷᠠᠭ᠎ᠠ ᠵᠢᠯ᠂ ᠯᠠᠨ ᠭᠦᠸᠧ ᠯᠢ 10 ᠮᠦ᠍ ᠬᠦᠯᠡᠮᠵᠢ ᠲᠦᠷᠢᠶᠡᠰᠦᠯᠡᠵᠦ᠍᠂ ᠶᠡᠭᠡ ᠭᠡᠪᠴᠢᠶ᠎ᠡ᠎ᠪᠠᠷ ᠲᠠᠷᠢᠶ᠎ᠠ ᠲᠠᠷᠢᠬᠤ᠎ᠪᠠᠷ ᠲᠦᠯᠦᠪᠯᠡᠵᠦ᠍ ᠪᠤᠢ᠃
ᠥᠪᠡᠷᠲᠡᠭᠡᠨ ᠵᠠᠰᠠᠬᠤ ᠣᠷᠣᠨ᠎ᠤ ᠬᠥᠭ᠌ᠵᠢᠭᠦᠯᠦᠯᠲᠡ ᠪᠠ ᠥᠭᠡᠷᠡᠴᠢᠯᠡᠯᠲᠡ᠎ᠶ᠋ᠢᠨ ᠵᠥᠪᠯᠡᠯ᠎ᠤᠨ ᠪᠦᠷᠢᠳᠭᠡᠭ᠌ᠰᠡᠨ ᠲᠤᠭ᠎ᠠ ᠪᠠᠷᠢᠮᠲᠠ᠎ᠳᠤ ᠢᠯᠡᠷᠡᠭᠦᠯᠦᠭ᠌ᠰᠡᠨ᠎ᠢᠶᠠᠷ᠄ 《ᠠᠷᠪᠠᠠ ᠭᠤᠷᠪᠠᠲᠤᠭᠠᠷ ᠲᠠᠪᠤᠠ ᠵᠢᠯ》 ᠤᠨ ᠲᠥᠯᠥᠪᠵᠢᠭᠦᠯᠭᠡ᠎ᠠᠴᠠ ᠨᠠᠭᠠᠰᠢ᠂ ᠥᠪᠥᠷ ᠮᠣᠩᠭᠤᠯ᠎ᠤᠨ ᠡᠯ᠎ᠡ ᠭᠠᠵᠠᠷ᠂ ᠡᠯ᠎ᠡ ᠰᠠᠯᠠᠭ᠎ᠠ ᠮᠥᠴᠢᠷ ᠪᠤᠴᠠᠯᠲᠠ ᠦᠭᠡᠢ ᠤᠷᠤᠭ᠍ᠰᠢᠯᠠᠵᠦ᠍᠂ ᠬᠡᠵᠢᠶᠡᠳᠡ ᠦᠯᠦ᠍ ᠴᠦᠬᠦᠷᠡᠬᠦ᠌ ᠣᠶᠤᠨ ᠰᠠᠨᠠᠭᠠᠨ᠎ᠤ ᠲᠦᠷᠰᠦ ᠪᠠᠢᠳᠠᠯ᠎ᠢᠶᠠᠷ ᠴᠢᠭ᠌ᠯᠡᠯ᠎ᠢᠶᠠᠨ ᠤᠨᠤᠴᠠᠲᠠᠢ ᠤᠨᠢᠯᠠᠵᠦ᠍᠂ ᠡᠷᠡᠯᠬᠡᠭ᠎ᠢᠶᠠᠷ ᠤᠷᠤᠭ᠍ᠰᠢᠯᠠᠵᠦ᠍᠂ ᠪᠥᠬᠦ᠌ ᠣᠷᠣᠨ᠎ᠤ 12.47 ᠲᠦᠮᠡᠨ ᠲᠠᠩᠰᠠᠯᠠᠵᠤ ᠺᠠᠷᠳ᠋ᠯᠠᠭ᠍ᠰᠠᠠ ᠵᠠᠳᠠᠭᠤ ᠬᠦᠴᠢᠷᠳᠡᠯᠲᠡᠶ ᠣᠯᠠᠨ ᠲᠦᠮᠡᠨ᠎ᠢ ᠤᠨᠳᠤᠤ ᠭᠠᠵᠠᠷ ᠨᠡᠭᠦᠯᠭᠡᠨ ᠶᠠᠳᠠᠭᠤ᠎ᠶ᠋ᠢ ᠲᠡᠳᠬᠦᠬᠦ᠌ ᠪᠥᠲᠥᠭᠡᠨ ᠪᠠᠢᠭᠤᠯᠤᠯᠲᠠ᠎ᠶ᠋ᠢᠨ ᠡᠭᠦᠷᠭᠡ᠎ᠶ᠋ᠢ ᠪᠥᠬᠦ᠌ ᠲᠠᠯ᠎ᠠ᠎ᠪᠠᠷ ᠪᠡᠶᠡᠯᠡᠭᠦᠯᠪᠡ᠂ ᠤᠨᠳᠤᠤ ᠭᠠᠵᠠᠷ᠎ᠲᠤ ᠨᠡᠭᠦᠯᠭᠡᠨ ᠶᠠᠳᠠᠭᠤ᠎ᠶ᠋ᠢ ᠲᠡᠳᠬᠦᠵᠦ᠍ ᠲᠥᠪᠯᠡᠷᠡᠭᠦᠯᠦᠨ ᠲᠥᠪᠬᠢᠨᠡᠭᠦᠯᠬᠦ᠌ ᠲᠤᠭᠤᠷᠢᠭ᠎ᠢ ᠨᠡᠢᠲᠡ 1135 ᠪᠠᠢᠭᠤᠯᠵᠦ᠍᠂ 5.31 ᠲᠦᠮᠡᠨ ᠢᠵᠢ ᠲᠦᠪᠬᠢᠨᠡᠭᠦᠯᠬᠦ᠌ ᠣᠷᠣᠨ ᠰᠠᠭᠤᠴᠠ᠎ᠶ᠋ᠢ ᠲᠤᠬᠢᠷᠠᠭᠤᠯᠵᠦ᠍᠂ ᠬᠥᠳᠡᠭᠡ ᠲᠣᠰᠭᠤᠨ᠎ᠤ ᠵᠠᠰᠠᠮᠠᠯ ᠵᠠᠮ᠎ᠢ 1934 ᠺᠢᠯᠣᠮᠧᠲᠷ ᠢᠵᠢ ᠪᠦᠷᠢᠳᠦᠭᠦᠯᠦᠨ ᠪᠠᠢᠭᠤᠯᠵᠦ᠍᠂ ᠬᠤᠭᠤᠯᠠᠶ ᠲᠤᠤᠷ᠎ᠢ 1465 ᠺᠢᠯᠣᠮᠧᠳ᠋ᠷ ᠪᠠᠢᠭᠤᠯᠵᠦ᠍᠂ ᠪᠣᠬᠢᠷ ᠤᠰᠤ ᠵᠢᠴᠢ ᠬᠤᠭ ᠨᠣᠪᠰᠢ᠎ᠶ᠋ᠢ ᠱᠢᠶᠳᠪᠦᠷᠢᠯᠡᠬᠦ᠌ ᠲᠥᠬᠦᠭᠡᠷᠦᠮᠵᠢ 7557 ᠲᠤᠬᠢᠷᠠᠭᠤᠯᠵᠠᠢ᠂ ᠱᠢᠨ᠎ᠡ᠎ᠪᠠᠷ ᠪᠠᠢᠭᠤᠯᠤᠭ᠍ᠰᠠᠨ ᠰᠤᠷᠭᠠᠭᠤᠯᠢ᠂ ᠬᠡᠦᠬᠡᠳ᠎ᠤᠨ ᠴᠡᠴᠡᠷᠯᠢᠭ᠂ ᠲᠣᠰᠭᠤᠨ᠎ᠤ ᠡᠷᠡᠭᠦᠯ ᠬᠠᠮᠠᠭᠠᠯᠠᠯ᠎ᠤᠨ ᠲᠠᠰᠤᠭ᠂ ᠲᠣᠰᠭᠤᠨ᠎ᠤ ᠬᠥᠳᠡᠯᠭᠡᠭᠡᠨ᠎ᠤ ᠲᠠᠰᠤᠭ᠂ ᠠᠭᠤᠲᠠᠮ ᠲᠠᠯᠠᠪᠠᠢ ᠵᠡᠷᠭᠡ᠎ᠶ᠋ᠢ 1211 ᠪᠠᠢᠭᠤᠯᠵᠦ᠍᠂ ᠪᠦᠬᠦ᠌ ᠣᠷᠣᠨ᠎ᠤ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ᠎ᠳᠤ ᠪᠠᠲᠤ ᠰᠠᠭᠤᠷᠢ᠎ᠶ᠋ᠢ ᠲᠠᠯᠪᠢᠵᠤ ᠥᠭ᠌ᠴᠡᠢ᠃
ᠠᠵᠤ ᠦᠢᠯᠡᠰ᠎ᠢᠶᠠᠷ ᠶᠠᠳᠠᠭᠤ᠎ᠶ᠋ᠢ ᠲᠡᠳᠬᠦᠵᠦ᠍ ᠡᠷᠦᠬᠡ ᠪᠣᠯᠭᠠᠨ ᠣᠷᠣᠯᠭ᠎ᠠ᠎ᠪᠠᠨ ᠨᠡᠮᠡᠭ᠌ᠳᠡᠭᠦᠯᠪᠠ
ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ ᠶᠡᠭᠡ ᠱᠢᠯᠭᠠᠯᠲᠠ᠎ᠳᠤ᠂ ᠥᠪᠥᠷ ᠮᠣᠩᠭᠤᠯ ᠪᠠᠰᠠ ᠠᠵᠤ ᠦᠢᠯᠡᠰ᠎ᠢᠶᠠᠷ ᠶᠠᠳᠠᠭᠤ᠎ᠶ᠋ᠢ ᠲᠡᠳᠬᠦᠬᠦ᠌᠎ᠶ᠋ᠢ ᠬᠦᠴᠦᠯᠡᠨ ᠠᠬᠢᠭᠤᠯᠪᠠ᠂ ᠭᠠᠵᠠᠷ ᠣᠷᠣᠨ᠎ᠤ ᠪᠠᠢᠳᠠᠯ᠎ᠳᠤᠨᠢ ᠲᠣᠬᠢᠷᠠᠭᠤᠯᠬᠤ᠂ ᠲᠣᠰᠭᠤᠨ᠎ᠳᠤ ᠲᠤᠬᠢᠷᠠᠭᠤᠯᠤᠨ ᠠᠷᠭ᠎ᠠ ᠪᠣᠳᠣᠯᠭ᠎ᠠ ᠬᠡᠷᠡᠭ᠌ᠵᠢᠭᠦᠯᠬᠦ᠌᠎ᠶ᠋ᠢ ᠪᠠᠷᠢᠮᠲᠠᠯᠠᠵᠦ᠍᠂ ᠶᠠᠳᠠᠭᠤ ᠬᠦᠴᠢᠷᠳᠡᠯᠲᠡᠶ ᠭᠠᠵᠠᠷ ᠣᠷᠣᠨ᠎ᠤ ᠤᠤᠯ᠎ᠤᠨ ᠨᠥᠬᠦᠴᠡᠯ᠂ ᠡᠬᠢ ᠪᠠᠶᠠᠯᠢᠭ᠎ᠤᠨ ᠳᠠᠪᠠᠭᠤᠯᠢᠭ ᠪᠣᠯᠤᠨ ᠠᠵᠤ ᠦᠢᠯᠡᠰ᠎ᠤᠨ ᠰᠠᠭᠤᠷᠢ᠎ᠶ᠋ᠢᠨ ᠪᠠᠢᠳᠠᠯ᠎ᠢ ᠦᠨᠲᠦᠰᠦᠯᠡᠵᠦ᠍ ᠲᠤᠰ ᠲᠤᠰ᠎ᠤᠨ ᠣᠨᠴᠠᠯᠢᠭ ᠪᠦᠬᠦᠢ ᠠᠵᠤ ᠦᠢᠯᠡᠰ᠎ᠢ ᠬᠥᠭ᠌ᠵᠢᠭᠦᠯᠵᠦ᠍᠂ ᠠᠯᠠᠱᠢᠨ ᠬᠤᠨᠢ᠂ ᠠᠯᠠᠱᠢᠨ ᠦᠬᠡᠷ᠂ ᠡᠷᠳᠡᠨᠢ ᠱᠢᠰᠢ᠂ ᠲᠥᠮᠥᠰᠥ᠍ ᠵᠡᠷᠭᠡ ᠣᠨᠴᠠᠯᠢᠭ᠍ᠲᠤ ᠲᠠᠷᠢᠶᠠᠯᠠᠩ ᠮᠠᠯ ᠠᠵᠤ ᠠᠬᠤᠶ ᠪᠠ ᠵᠢᠭᠤᠯᠴᠢᠯᠠᠯ᠎ᠤᠨ ᠦᠢᠯᠡᠰ᠂ ᠦᠢᠯᠡᠴᠢᠯᠡᠭᠡᠨ᠎ᠤ ᠦᠢᠯᠡᠰ ᠵᠡᠷᠭᠡ ᠭᠤᠷᠪᠠᠳᠤᠭᠠᠷ ᠠᠵᠤ ᠦᠢᠯᠡᠰ᠎ᠢ ᠭᠤᠤᠯᠲᠠᠯᠭ᠎ᠠ᠎ᠲᠠᠢ ᠪᠦᠷᠢᠯᠲᠦᠭᠦᠯᠵᠦ᠍᠂ ᠲᠠᠷᠢᠬᠤ᠎ᠳᠤ ᠲᠣᠬᠢᠷᠠᠮᠵᠢᠲᠠᠶ ᠪᠣᠯ ᠲᠠᠷᠢᠵᠦ᠍᠂ ᠲᠡᠵᠢᠭᠡᠬᠦ᠌᠎ᠳᠤ ᠲᠣᠬᠢᠷᠠᠮᠵᠢᠲᠠᠶ ᠪᠣᠯ ᠲᠡᠵᠢᠭᠡᠵᠦ᠍᠂ ᠣᠢᠵᠢᠭᠤᠯᠬᠤ᠎ᠳᠤ ᠲᠣᠬᠢᠷᠠᠮᠵᠢᠲᠠᠶ ᠪᠣᠯ ᠣᠢᠵᠢᠭᠤᠯᠵᠦ᠍᠂ ᠨᠢᠭᠡ ᠪᠦᠯᠦᠭ ᠨᠥᠯᠥᠭᠡᠯᠡᠨ ᠳᠠᠢᠴᠢᠯᠠᠬᠤ ᠬᠦᠴᠦᠷᠬᠡᠭ ᠶᠡᠭᠡ ᠶᠠᠳᠠᠭᠤ᠎ᠶ᠋ᠢ ᠲᠡᠳᠬᠦᠬᠦ᠌ ᠠᠵᠤ ᠦᠢᠯᠡᠰ᠎ᠢ ᠪᠤᠢᠵᠢᠭᠤᠯᠵᠦ᠍᠂ 《ᠭᠠᠵᠠᠷ ᠪᠣᠯᠭᠠᠨ ᠠᠵᠤ ᠦᠢᠯᠡᠰ᠎ᠲᠠᠢ᠂ ᠡᠷᠦᠬᠡ ᠪᠦᠷᠢ ᠣᠷᠣᠯᠭ᠎ᠠ᠎ᠪᠠᠨ ᠨᠡᠮᠡᠭ᠌ᠲᠡᠭᠦᠯᠵᠦ᠍ ᠶᠠᠭᠠᠷᠠᠬᠤ》 ᠪᠤᠯᠵᠦ᠍᠂ ᠶᠠᠳᠠᠭᠤ ᠬᠦᠴᠢᠷᠳᠡᠯᠲᠡᠶ ᠬᠥᠮᠦᠨ ᠠᠮᠠ᠎ᠶ᠋ᠢ ᠪᠦᠲᠦᠮᠵᠢᠲᠡᠶ ᠳᠠᠢᠴᠢᠯᠠᠨ ᠠᠵᠤ ᠦᠢᠯᠡᠰ᠎ᠢᠶᠠᠷ ᠶᠠᠳᠠᠭᠤ᠎ᠠᠴᠠ ᠠᠩᠭᠢᠵᠢᠷᠠᠭᠤᠯᠬᠤ᠎ᠶ᠋ᠢ ᠪᠡᠶᠡᠯᠡᠭᠦᠯᠪᠠ᠃
ᠲᠦᠩᠯᠢᠶᠣᠤ ᠬᠤᠲᠠ᠎ᠶ᠋ᠢᠨ ᠬᠤᠷᠴᠢᠨ ᠵᠡᠭᠦᠨ ᠭᠠᠷᠤᠨ ᠳᠤᠮᠳᠠᠳᠤ ᠬᠤᠱᠢᠭᠤᠨ᠎ᠤ ᠣᠪᠣᠭ᠎ᠠ ᠰᠤᠮᠤ᠎ᠶ᠋ᠢᠨ ᠵᠠᠷᠤᠳ ᠰᠠᠩ ᠭᠠᠴᠠᠭᠠᠨ᠎ᠤ ᠪᠠᠢ ᠰᠠᠠ ᠶᠤᠸᠠᠢ᠎ᠶ᠋ᠢᠨ ᠬᠦᠷᠢᠶᠡᠨ᠎ᠳᠤ ᠣᠷᠣᠬᠤ᠎ᠳᠤ᠂ ᠬᠤᠸᠠᠷ ᠴᠡᠴᠡᠭ ᠊ᠦᠩᠭᠡ ᠢᠯᠭᠠᠷᠠᠠ ᠲᠡᠯᠭᠡᠷᠡᠵᠦ᠍᠂ ᠵᠢᠮᠢᠰ᠎ᠤᠨ ᠦᠨᠦᠷ ᠠᠩᠭᠢᠯᠥᠨᠠ᠃
《ᠮᠠᠨ᠎ᠤ᠎ᠬᠢᠨ 6 ᠬᠡᠦᠬᠡᠳ᠎ᠲᠠᠢ᠃ 2014 ᠣᠨ᠎ᠳᠤ᠂ ᠬᠦᠦ ᠮᠢᠨᠢ ᠤᠶᠤᠨ ᠮᠡᠳᠡᠷᠡᠯ ᠰᠠᠷᠨᠢᠬᠤ ᠡᠪᠡᠳᠴᠢᠨ᠎ᠳᠤ ᠨᠡᠷᠪᠡᠭ᠌ᠳᠡᠵᠦ᠍᠂ ᠬᠦᠦ ᠪᠡᠷᠢ ᠪᠠᠰᠠ ᠭᠡᠷᠡᠭᠦᠯᠢᠭ ᠡᠪᠡᠳᠴᠢᠨ ᠪᠠ ᠴᠢᠰᠤ ᠳᠤᠲᠠᠬᠤ ᠡᠪᠡᠳᠴᠢᠨ᠎ᠳᠤ ᠨᠡᠷᠪᠡᠭ᠌ᠳᠡᠵᠦ᠍᠂ ᠣᠮᠪᠣᠯᠣ ᠥᠬᠢᠨ ᠰᠤᠷᠭᠠᠭᠤᠯᠢ᠎ᠳᠤ ᠰᠠᠭᠤᠭ᠍ᠰᠠᠨ᠎ᠠᠴᠠ ᠮᠠᠨ᠎ᠤ᠎ᠬᠢᠨ ᠨᠢᠭᠡ ᠯᠡ ᠲᠡᠭᠡᠷ᠎ᠠ ᠶᠠᠳᠠᠭᠤ ᠬᠦᠴᠢᠷᠳᠡᠯᠳᠠᠢ ᠡᠷᠥᠭᠡ᠎ᠶ᠋ᠢᠨ ᠡᠩᠨᠡᠭᠡ᠎ᠳᠤ ᠣᠷᠣᠪᠠ᠃ 2016 ᠣᠨ᠎ᠳᠤ᠂ ᠮᠠᠨ᠎ᠤ᠎ᠬᠢᠨ ᠶᠠᠳᠠᠭᠤ᠎ᠶ᠋ᠢ ᠲᠡᠳᠬᠦᠬᠦ᠌ ᠠᠪᠤᠷᠠᠨ ᠲᠤᠰᠠᠯᠠᠬᠤ ᠵᠢᠭᠡᠯᠡᠯᠭᠡ᠎ᠶ᠋ᠢ 3.6 ᠲᠦᠮᠡᠨ ᠲᠥᠭᠦᠷᠢᠭ ᠵᠢᠭᠡᠯᠡᠵᠦ᠍᠂ 4 ᠲᠤᠭᠤᠯ᠎ᠲᠠᠢ ᠦᠨᠢᠶ᠎ᠡ ᠬᠤᠳᠠᠯᠳᠤᠨ ᠠᠪᠴᠠᠶ᠃ ᠳᠠᠷᠠᠭ᠎ᠠ᠎ᠨᠢ᠂ ᠪᠠᠰᠠ ᠠᠯᠢ ᠣᠯᠠᠨ ᠬᠠᠪᠰᠤᠷᠤᠨ ᠲᠡᠳᠬᠦᠬᠦ᠌ ᠲᠥᠷᠥ᠎ᠶ᠋ᠢᠨ ᠪᠣᠳᠣᠯᠭ᠎ᠠ᠎ᠶ᠋ᠢ ᠭᠥᠷᠳᠡᠪᠡ᠄ ᠵᠠᠰᠠᠭ᠎ᠤᠨ ᠣᠷᠳᠣᠨ᠎ᠠᠴᠠ ᠨᠠᠰᠤᠵᠢᠯ᠎ᠤᠨ ᠳᠠᠭᠠᠳᠭᠠᠯ ᠪᠠ ᠳᠤᠯᠠᠭᠠᠯᠠᠭ᠎ᠠ᠎ᠶ᠋ᠢᠨ ᠨᠥᠬᠦᠪᠥᠷᠢ 2640 ᠲᠥᠭᠦᠷᠢᠭ ᠦᠭ᠌ᠴᠠᠢ; ᠬᠦᠦ ᠪᠠᠷᠢ ᠮᠠᠯᠵᠢᠬᠤ ᠲᠠᠷᠢᠶᠠᠯᠠᠬᠤ ᠣᠷᠣᠨ᠎ᠤ ᠡᠮ ᠡᠮᠨᠡᠯᠭᠡ᠎ᠶ᠋ᠢᠨ ᠠᠪᠤᠷᠠᠨ ᠲᠤᠰᠠᠯᠠᠬᠤ ᠮᠥᠩᠭᠦ᠌ 5000 ᠲᠥᠭᠦᠷᠢᠭ ᠣᠯᠪᠠ; ᠶᠡᠭᠡ ᠰᠤᠷᠭᠠᠭᠤᠯᠢ᠎ᠳᠤ ᠰᠤᠷᠤᠯᠴᠠᠵᠤ ᠪᠠᠢᠭ᠎ᠠ ᠣᠮᠪᠣᠯᠣ ᠥᠬᠢᠨ ᠰᠤᠷᠤᠭ᠍ᠴᠢ᠎ᠶ᠋ᠢᠨ ᠢᠷᠡᠯᠲᠡ᠎ᠶ᠋ᠢᠨ ᠭᠠᠵᠠᠷ᠎ᠤᠨ ᠰᠤᠷᠤᠯᠭ᠎ᠠ ᠲᠡᠳᠬᠦᠬᠦ᠌ ᠵᠢᠭᠡᠯᠡᠯᠭᠡ᠎ᠶ᠋ᠢ 8000 ᠲᠥᠭᠦᠷᠢᠭ ᠭᠤᠶᠤᠴᠢᠯᠠᠠ ᠤᠯᠵᠠᠢ; ᠬᠦᠷᠢᠶ᠎ᠠ ᠬᠠᠱᠢᠶᠠᠠ᠎ᠤ ᠠᠵᠤ ᠠᠬᠤᠢ᠎ᠶ᠋ᠢᠨ ᠪᠦᠲᠦᠭᠡᠨ ᠪᠠᠢᠭᠤᠯᠤᠯᠲᠠ ᠬᠢᠵᠥ᠍᠂ ᠤᠯᠠᠭᠠᠠ ᠬᠦᠢᠯᠡᠰᠦ᠂ ᠢᠳᠡᠱᠢᠨ ᠨᠣᠭᠤᠭ᠎ᠠ ᠵᠡᠷᠭᠡ ᠠᠵᠤ ᠠᠬᠤᠢ᠎ᠶ᠋ᠢᠨ ᠲᠠᠷᠢᠮᠠᠯ ᠲᠠᠷᠢᠵᠠᠢ᠃ ᠵᠢᠯ᠎ᠤᠨ ᠡᠴᠦᠰ᠎ᠲᠤ ᠳᠠᠩᠰᠠ ᠪᠤᠳᠤᠭ᠍ᠰᠠᠠ ᠴᠢᠨᠢ ᠮᠠᠨ᠎ᠤ ᠣᠷᠣᠯᠭ᠎ᠠ 26340 ᠲᠥᠭᠦᠷᠢᠭ ᠨᠡᠮᠡᠭ᠌ᠳᠡᠵᠡᠶ᠃ ᠨᠢᠳᠤᠨᠤᠨ᠂ ᠲᠡᠵᠢᠭᠡᠨ ᠦᠷᠡᠵᠢᠭᠦᠯᠬᠦ᠂ ᠲᠠᠷᠢᠬᠤ ᠪᠠ ᠬᠦᠷᠢᠶ᠎ᠡ ᠬᠠᠱᠢᠶᠠᠠ᠎ᠤ ᠠᠵᠤ ᠠᠬᠤᠢ ᠡᠷᠬᠢᠯᠡᠵᠦ᠍᠂ ᠴᠡᠪᠡᠷ ᠣᠷᠣᠯᠭ᠎ᠠ ᠳᠣᠯᠤᠭ᠎ᠠ ᠨᠠᠢ᠍ᠮᠠᠨ ᠲᠦᠮᠡᠨ ᠲᠥᠭᠦᠷᠢᠭ᠎ᠲᠤ ᠬᠦᠷᠴᠡᠶ》 ᠭᠡᠵᠦ᠍ ᠪᠠᠢ ᠰᠠᠨ ᠶᠤᠸᠠᠢ ᠪᠠᠶᠠᠷᠲᠠᠶ ᠬᠡᠯᠡᠪᠠ᠃
ᠵᠠᠷᠤᠳ ᠰᠠᠩ ᠭᠠᠴᠠᠭ᠎ᠠ ᠨᠡᠢᠲᠡ 123 ᠮᠠᠯᠵᠢᠬᠤ ᠲᠠᠷᠢᠶᠠᠯᠠᠬᠤ ᠡᠷᠦᠬᠡ᠂ 34 ᠶᠠᠳᠠᠭᠤ ᠬᠦᠴᠢᠷᠳᠡᠯᠲᠡᠶ ᠡᠷᠦᠬᠡ᠎ᠲᠠᠢ᠃ ᠣᠢᠷ᠎ᠠ᠎ᠶ᠋ᠢᠨ ᠵᠢᠯ᠎ᠠᠴᠠ ᠨᠠᠭᠠᠰᠢ᠂ ᠵᠠᠷᠤᠳ ᠰᠠᠩ ᠭᠠᠴᠠᠭ᠎ᠠ ᠠᠵᠤ ᠦᠢᠯᠡᠰ᠎ᠢᠶᠠᠷ ᠶᠠᠳᠠᠭᠤ᠎ᠶ᠋ᠢ ᠲᠡᠳᠬᠦᠬᠦ᠌᠎ᠶ᠋ᠢ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ᠎ᠶ᠋ᠢᠨ ᠦᠨᠳᠦᠰᠦᠨ ᠠᠷᠭ᠎ᠠ ᠪᠣᠳᠣᠯᠭ᠎ᠠ ᠪᠣᠯᠭᠠᠵᠤ᠂ 《ᠵᠠᠰᠠᠭ᠎ᠤᠨ ᠣᠷᠳᠣᠨ᠎ᠢᠶᠠᠷ ᠭᠤᠤᠯᠯᠠᠭᠤᠯᠬᠤ᠂ ᠲᠥᠷᠥ᠎ᠶ᠋ᠢᠨ ᠪᠣᠳᠣᠯᠭ᠎ᠠ᠎ᠪᠠᠷ ᠬᠥᠲᠥᠯᠥᠨ ᠵᠢᠯᠣᠭᠤᠳᠭᠤ᠂ ᠭᠠᠵᠠᠷ ᠣᠷᠣᠨ᠎ᠤ ᠪᠠᠢᠳᠠᠯ᠎ᠳᠠᠭᠠᠨ ᠲᠣᠬᠢᠷᠠᠭᠤᠯᠬᠤ᠂ ᠣᠯᠠᠨ ᠲᠦᠮᠡᠨ ᠣᠷᠣᠯᠴᠠᠬᠤ》 ᠬᠥᠭ᠌ᠵᠢᠯᠲᠡ᠎ᠶ᠋ᠢᠨ ᠰᠡᠳᠭᠢᠴᠡ ᠶᠣᠰᠣᠭᠠᠷ᠂ ᠲᠣᠰ ᠭᠠᠵᠠᠷ᠎ᠤᠨ ᠰᠠᠭᠤᠷᠢ ᠨᠥᠬᠦᠴᠡᠯ᠎ᠳᠤ ᠳᠣᠭᠢᠷᠠᠬᠤ 《ᠭᠤᠷᠪᠠᠨ ᠬᠠᠭᠠᠰ》 (ᠬᠠᠭᠠᠰ ᠮᠥ᠍ ᠵᠢᠮᠢᠰ᠎ᠤᠨ ᠬᠦᠷᠢᠶᠡᠯᠡᠩ᠂ ᠬᠠᠭᠠᠰ ᠮᠥ᠍ ᠲᠠᠷᠢᠶᠠᠨ ᠭᠠᠵᠠᠷ᠂ ᠬᠠᠭᠠᠰ ᠮᠥ᠍ ᠨᠣᠭᠤᠭ᠎ᠠ᠎ᠶ᠋ᠢᠨ ᠬᠦᠷᠢᠶᠡᠯᠡᠩ) ᠬᠦᠷᠢᠶ᠎ᠡ ᠬᠠᠱᠢᠶᠠᠨ᠎ᠤ ᠠᠵᠤ ᠠᠬᠤᠶ᠎ᠶ᠋ᠢᠨ ᠬᠥᠭ᠌ᠵᠢᠯᠲᠡ᠎ᠶ᠋ᠢᠨ ᠵᠠᠭ᠍ᠪᠤᠷ᠎ᠢ ᠬᠥᠭ᠌ᠵᠢᠭᠦᠯᠪᠡ᠃ ᠪᠦᠬᠦ᠌ ᠭᠠᠴᠠᠭᠠᠨ᠎ᠳᠤ ᠤᠯᠠᠭᠠᠠ ᠬᠦᠢᠯᠡᠰᠦ᠂ ᠠᠯᠮᠤᠷᠠᠳ ᠵᠡᠷᠭᠡ ᠵᠢᠮᠢᠰ᠎ᠤᠨ ᠮᠣᠳᠣ᠎ᠶ᠋ᠢ ᠪᠠᠷᠤᠭ 1980 ᠰᠠᠭᠤᠷᠢ ᠲᠠᠷᠢᠵᠤ᠂ ᠡᠷᠦᠬᠡ ᠳᠤᠮᠳᠠᠴᠢ᠎ᠪᠠᠷ 15 ᠰᠠᠭᠤᠷᠢ ᠲᠠᠷᠢᠵᠠᠢ; 《ᠢᠳᠡᠱᠢᠨ ᠨᠣᠭᠤᠭ᠎ᠠ᠎ᠶ᠋ᠢᠨ ᠬᠦᠷᠢᠶᠡᠯᠡᠩ》 ᠢ ᠭᠠᠴᠠᠭ᠎ᠠ ᠲᠣᠰᠭᠤᠨ᠎ᠳᠤ 《ᠪᠥᠷᠬᠦᠭᠦᠯᠬᠦ᠌》 ᠶ᠋ᠢ ᠦᠨᠳᠦᠰᠦᠨ᠎ᠳᠡᠭᠡᠨ ᠪᠡᠶᠡᠯᠡᠭᠦᠯᠪᠠ; 《ᠬᠠᠭᠠᠰ ᠮᠥ᠍ ᠲᠠᠷᠢᠶ᠎ᠠ》 ᠳᠤ ᠲᠤᠰᠤᠯᠢᠭ ᠨᠠᠷᠠᠠ ᠬᠤᠸᠠᠷ ᠲᠠᠷᠢᠬᠤ᠎ᠶ᠋ᠢ ᠳᠡᠯᠭᠡᠷᠡᠭᠦᠯᠵᠦ᠍᠂ ᠡᠷᠦᠬᠡ ᠪᠦᠷᠢ᠎ᠶ᠋ᠢᠨ ᠵᠢᠯ᠎ᠤᠨ ᠳᠤᠮᠳᠠᠴᠢ ᠣᠷᠣᠯᠭ᠎ᠠ᠎ᠶ᠋ᠢ 800 ᠲᠥᠭᠦᠷᠢᠭ᠎ᠠᠴᠠ ᠳᠡᠭᠡᠭ᠌ᠰᠢ ᠨᠡᠮᠡᠭ᠌ᠲᠡᠭᠦᠯᠵᠦ᠍᠂ ᠶᠠᠳᠠᠭᠤ ᠬᠦᠴᠢᠷᠳᠡᠯᠲᠡᠶ ᠣᠯᠠᠨ ᠲᠦᠮᠡᠨ᠎ᠤ ᠣᠷᠣᠯᠭ᠎ᠠ᠎ᠶ᠋ᠢᠨ ᠣᠯᠠᠨ ᠡᠱᠢᠵᠢᠯᠲᠡᠶ᠋ᠢ ᠪᠡᠶᠡᠯᠡᠭᠦᠯᠪᠡ᠃ 2016 ᠣᠨ᠎ᠳᠤ᠂ ᠲᠤᠰ ᠭᠠᠴᠠᠭᠠᠨ᠎ᠤ ᠬᠥᠮᠦᠨ᠎ᠨᠢ ᠶᠠᠳᠠᠭᠤ᠎ᠠᠴᠠ ᠠᠩᠭᠢᠵᠢᠷᠠᠵᠤ᠂ ᠶᠠᠲᠠᠭᠤ ᠬᠦᠴᠢᠷᠲᠠᠯᠲᠠᠢ ᠡᠷᠦᠭᠡ᠎ᠶ᠋ᠢᠨ ᠲᠤᠭ᠎ᠠ᠎ᠶ᠋ᠢ ᠬᠠᠰᠤᠵᠤ᠂ 2017 ᠣᠨ᠎ᠳᠤ ᠪᠦᠬᠦ᠌ ᠲᠣᠰᠭᠤᠨ᠎ᠢᠶᠠᠷ᠎ᠢᠶᠠᠨ ᠶᠠᠳᠠᠭᠤ ᠬᠦᠴᠢᠷᠳᠡᠯᠲᠡᠢ ᠲᠣᠰᠭᠤᠨ᠎ᠤ ᠡᠩᠨᠡᠭᠡ᠎ᠠᠴᠠ ᠭᠠᠷᠪᠠ᠃ ᠡᠳᠦᠭᠡ᠂ 《ᠪᠦᠬᠦ᠌ ᠬᠤᠳᠠ᠎ᠶ᠋ᠢᠨ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ ᠲᠡᠷᠢᠭᠦᠨ᠎ᠤ ᠨᠠᠮ᠎ᠤᠨ ᠵᠣᠬᠢᠶᠠᠨ ᠪᠠᠢᠭᠤᠯᠤᠯᠲᠠ》 《ᠲᠠᠪᠤᠨ ᠲᠠᠯ᠎ᠠ᠎ᠶ᠋ᠢᠨ ᠤᠯᠠᠭᠠᠨ ᠲᠤᠭ᠍ᠴᠢ ᠭᠠᠴᠠᠭ᠎ᠠ ᠲᠣᠰᠭᠤᠨ》 ᠵᠡᠷᠭᠡ᠎ᠶ᠋ᠢᠨ ᠠᠮᠵᠢᠯᠲᠠ ᠪᠦᠲᠦᠮᠵᠢ ᠠᠲᠡ ᠬᠢᠯᠠᠯᠵᠠᠨ᠎ᠠ᠃
ᠠᠵᠤ ᠦᠢᠯᠡᠰ᠎ᠢᠶᠠᠷ ᠶᠠᠳᠠᠭᠤ᠎ᠶ᠋ᠢ ᠲᠡᠳᠬᠦᠬᠦ᠌᠎ᠨᠢ ᠨᠢᠭᠡᠨᠲᠡ ᠥᠪᠥᠷ ᠮᠣᠩᠭᠤᠯ᠎ᠤᠨ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ ᠳᠠᠢᠯᠠᠯᠳᠤᠭᠠᠨ᠎ᠤ ᠳᠤᠮᠳᠠᠬᠢ 《ᠬᠤᠷᠴᠠ ᠬᠢᠲᠤᠭ᠎ᠠ》 ᠪᠣᠯᠵᠠᠶ᠃ ᠬᠥᠯᠥᠨ ᠪᠤᠢᠷ ᠬᠤᠲᠠ᠎ᠶ᠋ᠢᠨ ᠠᠷᠤᠨ ᠬᠤᠱᠢᠭᠤ᠎ᠶ᠋ᠢᠨ ᠰᠦ᠎ᠶ᠋ᠢᠨ ᠦᠢᠯᠡᠰ᠎ᠢ ᠬᠥᠭ᠌ᠵᠢᠭᠦᠯᠦᠨ ᠮᠠᠨᠳᠤᠭᠤᠯᠤᠬ᠍ᠰᠠᠨ᠂ ᠲᠦᠩᠯᠢᠶᠣᠤ ᠬᠤᠲᠠ᠎ᠶ᠋ᠢᠨ ᠮᠢᠩᠭᠠᠨ ᠲᠦᠮᠡᠨ ᠮᠥ᠍ ᠲᠠᠷᠢᠶᠠᠯᠠᠩ᠎ᠤᠨ ᠥᠨᠳᠥᠷ ᠪᠦᠲᠦᠮᠵᠢᠲᠡᠶ ᠤᠰᠤ ᠠᠷᠪᠢᠯᠠᠬᠤ ᠢᠨᠵᠧᠨᠧᠷᠢᠩ᠎ᠢ ᠠᠬᠢᠭᠤᠯᠤᠬ᠍ᠰᠠᠨ᠂ ᠪᠠᠶᠠᠨᠨᠠᠭᠤᠷ ᠬᠤᠲᠠ᠎ᠶ᠋ᠢᠨ ᠦᠶᠤᠸᠠᠨ ᠱᠢᠶᠠᠨ᠎ᠤ 《ᠵᠠᠭᠤᠨ ᠠᠵᠤ ᠠᠬᠤᠢᠯᠠᠯ ᠵᠠᠭᠤᠨ ᠬᠦᠷᠢᠶᠡᠯᠡᠩ》 ᠢᠶᠠᠷ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ᠎ᠶ᠋ᠢ ᠬᠥᠲᠥᠯᠥᠨ ᠳᠠᠭᠠᠭᠤᠯᠤᠬ᠍ᠰᠠᠨ᠂ ᠬᠢᠩᠭᠠᠨ ᠠᠢᠮᠠᠭ᠎ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠱᠢᠭᠤᠨ᠎ᠤ ᠮᠣᠩᠭᠤᠯ ᠦᠨᠳᠦᠰᠦᠲᠡᠨ᠎ᠤ ᠬᠠᠳᠭᠤᠮᠠᠯ ᠵᠡᠷᠭᠡ ᠨᠢᠭᠡ ᠪᠦᠯᠦᠭ ᠲᠡᠷᠢᠭᠦᠨ᠎ᠤ ᠨᠡᠢᠲᠡᠯᠢᠭ ᠵᠢᠱ᠌ᠢᠶ᠎ᠡ ᠴᠣᠯᠭᠤᠷᠠᠨ ᠭᠠᠷᠴᠤ᠌᠂ ᠶᠠᠳᠠᠭᠤ ᠬᠦᠴᠢᠷᠳᠡᠯᠲᠡᠶ ᠬᠥᠮᠦᠨ ᠠᠮᠠ᠎ᠶ᠋ᠢ ᠬᠥᠲᠥᠯᠥᠨ ᠳᠠᠭᠠᠭᠤᠯᠵᠤ 《ᠶᠠᠳᠠᠭᠤ ᠬᠦᠴᠢᠷᠲᠡᠯ᠎ᠠᠴᠠ ᠠᠩᠬᠢᠵᠢᠷᠠᠭᠤᠯᠪᠠ》᠃
ᠳᠤᠲᠠᠭᠤᠳᠠᠯ᠎ᠢᠶᠠᠨ ᠨᠥᠬᠦᠪᠥᠷᠢᠯᠡᠵᠦ᠍ ᠪᠠᠲᠤᠯᠠᠭ᠎ᠠ᠎ᠶ᠋ᠢ ᠪᠠᠬᠢᠵᠢᠬᠦᠯᠪᠠ
2019 ᠣᠨ᠎ᠠᠴᠠ ᠡᠬᠢᠯᠡᠨ᠂ ᠥᠪᠥᠷ ᠮᠣᠩᠭᠤᠯ ᠬᠤᠶᠠᠷ ᠵᠢᠯ ᠳᠠᠷᠠᠭᠠᠯᠠᠨ ᠲᠥᠷᠥ᠎ᠶ᠋ᠢᠨ ᠪᠣᠳᠣᠯᠭ᠎ᠠ᠎ᠶ᠋ᠢᠨ ᠬᠡᠷᠡᠭ᠌ᠵᠢᠭᠦᠯᠦᠯᠲᠡ᠂ ᠠᠯᠪᠠᠨ ᠵᠢᠷᠤᠮ᠎ᠤᠨ ᠰᠤᠷᠭᠠᠨ ᠬᠥᠮᠦᠵᠢᠯ᠂ ᠦᠨᠳᠦᠰᠦᠨ ᠡᠮ ᠡᠮᠨᠡᠯᠭᠡ᠂ ᠣᠷᠣᠨ ᠰᠠᠭᠤᠴᠠ᠎ᠶ᠋ᠢᠨ ᠠᠮᠤᠷ ᠲᠦᠪᠱᠢᠨ᠂ ᠤᠤᠭᠤᠬᠤ ᠤᠰᠤᠨ᠎ᠤ ᠠᠮᠤᠷ ᠲᠥᠪᠱᠢᠨ᠂ ᠠᠵᠤ ᠦᠢᠯᠡᠰ᠎ᠤᠨ ᠪᠦᠷᠬᠦᠴᠡ᠂ ᠦᠨᠳᠦᠰᠦᠨ ᠵᠦᠶᠯ᠎ᠢ ᠪᠠᠲᠤᠯᠠᠬᠤ᠂ ᠢᠵᠢ ᠪᠥᠷᠢᠳᠦᠭᠦᠯᠬᠦ᠌ ᠪᠥᠲᠥᠭᠡᠨ ᠪᠠᠢᠭᠤᠯᠤᠯᠲᠠ᠂ ᠤᠨᠳᠤᠤ ᠭᠠᠵᠠᠷ᠎ᠲᠤ ᠨᠡᠭᠦᠯᠭᠡᠨ ᠶᠠᠳᠠᠭᠤ᠎ᠶ᠋ᠢ ᠲᠡᠳᠬᠦᠬᠦ᠌ ᠪᠠ ᠬᠠᠮᠲᠤ᠎ᠶ᠋ᠢᠨ ᠠᠵᠤ ᠠᠬᠤᠶ ᠵᠡᠷᠭᠡ ᠠᠷᠪᠠᠨ ᠲᠠᠯ᠎ᠠ᠎ᠪᠠᠷ 《ᠪᠦᠬᠦᠨ᠎ᠢ ᠪᠠᠷᠢᠮᠵᠢᠶ᠎ᠠ᠎ᠳᠤ ᠬᠦᠷᠭᠡᠬᠦ᠌》 ᠲᠤᠰᠭᠠᠶ ᠠᠵᠢᠯᠯᠠᠭ᠎ᠠ ᠥᠷᠨᠢᠭᠦᠯᠵᠦ᠍᠂ 《ᠬᠤᠶᠠᠷ᠎ᠲᠤ ᠵᠣᠪᠠᠭ᠍ᠤ ᠥᠬᠡᠶ ᠭᠤᠷᠪᠠ᠎ᠶ᠋ᠢ ᠪᠠᠲᠤᠯᠠᠬᠤ》 ᠲᠣᠪᠤᠢᠮ᠎ᠠ ᠠᠰᠠᠭᠤᠳᠠᠯ᠎ᠢ ᠲᠥᠪᠯᠡᠷᠡᠭᠦᠯᠦᠨ ᠱᠢᠶᠳᠪᠦᠷᠢᠯᠡᠪᠡ᠃
ᠡᠳᠦᠭᠡ᠂ ᠨᠡᠯᠦᠭᠡᠷ ᠶᠡᠭᠡ ᠤᠢ ᠱᠢᠭᠤᠢ᠎ᠠᠴᠠ ᠥᠷᠭᠡᠨ ᠠᠭᠤᠳᠠᠮ ᠲᠠᠯ᠎ᠠ ᠨᠤᠲᠤᠭ ᠬᠦᠷᠲᠡᠯ᠎ᠡ᠂ ᠲᠦᠮᠡᠨ ᠾᠧᠺᠲ᠋ᠡᠷ ᠰᠠᠢᠨ ᠲᠠᠷᠢᠶ᠎ᠠ᠎ᠠᠴᠠ ᠭᠤᠪᠢ᠎ᠶ᠋ᠢᠨ ᠡᠯᠡᠰᠦᠨ ᠴᠦᠯ ᠬᠦᠷᠲᠡᠯ᠎ᠡ᠂ ᠲᠤᠰᠭᠠᠢ ᠲᠥᠷᠥᠯ᠎ᠤᠨ ᠠᠵᠢᠯᠯᠠᠭ᠎ᠠ᠎ᠨᠤᠭᠤᠳ᠎ᠢ ᠨᠠᠷᠢᠯᠢᠭ ᠣᠨᠣᠪᠴᠢᠲᠠᠢ ᠨᠠᠢᠳᠠᠪᠤᠷᠢᠵᠢᠭᠤᠯᠵᠤ᠂ ᠶᠠᠳᠠᠭᠤ ᠬᠦᠴᠢᠷᠳᠡᠯᠲᠡᠢ ᠭᠡᠷ ᠪᠦᠯᠢ᠎ᠶ᠋ᠢᠨ ᠪᠠᠢᠳᠠᠯ ᠱᠢᠨᠡᠳᠴᠦ᠍ ᠪᠠᠢᠨ᠎ᠠ᠃
ᠬᠢᠩᠭᠠᠨ ᠠᠢᠮᠠᠭ᠎ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠱᠢᠭᠤᠨ᠎ᠳᠤ᠂ ᠵᠤᠷᠪᠤᠰ ᠵᠤᠷᠪᠤᠰ ᠴᠠᠷᠳᠠᠮᠠᠯ ᠵᠠᠮ᠎ᠨᠢ ᠲᠦᠷᠪᠡᠠ ᠵᠦᠭ᠎ᠲᠤ ᠨᠡᠪᠲᠡᠷᠡᠵᠦ᠍᠂ ᠣᠢᠷ᠎ᠠ ᠬᠠᠪᠢ᠎ᠶ᠋ᠢᠨ ᠬᠤᠱᠢᠭᠤ ᠱᠢᠶᠠᠨ ᠪᠣᠯᠤᠨ 12 ᠰᠤᠮᠤ ᠱᠢᠶᠠᠩ ᠪᠠᠯᠭᠠᠰᠤ᠎ᠶ᠋ᠢ ᠴᠢᠭ᠌ᠯᠡᠨ ᠦᠷᠭᠦᠯᠵᠢᠯᠡᠵᠦ᠍᠂ 173 ᠭᠠᠴᠠᠭ᠎ᠠ ᠲᠣᠰᠭᠤᠨ᠎ᠤ ᠬᠤᠭᠤᠷᠣᠨᠳᠣ ᠪᠠᠰᠠ ᠵᠤᠷᠪᠤᠰ ᠵᠤᠷᠪᠤᠰ ᠱᠦᠶᠨᠢ ᠵᠠᠮ ᠵᠠᠯᠭᠠᠯᠳᠤᠵᠤ᠂ ᠳᠥᠷᠪᠡᠨ ᠵᠦᠭ ᠨᠠᠢ᠍ᠮᠠᠨ ᠵᠣᠪᠬᠢᠰ᠎ᠲᠤ ᠨᠡᠪᠲᠡᠷᠡᠭ᠌ᠰᠡᠨ ᠵᠠᠮ ᠬᠠᠷᠢᠯᠴᠠᠭᠠᠨ᠎ᠤ ᠲᠤᠤᠷ᠎ᠨᠢ ᠬᠤᠱᠢᠭᠤᠨ᠎ᠤ ᠬᠥᠭ᠌ᠵᠢᠯᠲᠡ᠎ᠶ᠋ᠢᠨ ᠬᠤᠷᠳᠤᠴᠠ᠎ᠶ᠋ᠢ ᠥᠭᠡᠷᠡᠴᠢᠯᠡᠨ ᠪᠢᠴᠢᠭ᠌ᠯᠡᠵᠦ᠍᠂ ᠠᠷᠠᠳ ᠣᠯᠠᠨ᠎ᠤ ᠠᠮᠢᠳᠤᠷᠠᠯ᠎ᠢ ᠴᠤ᠌ ᠰᠠᠢᠵᠢᠷᠠᠭᠤᠯᠵᠤ ᠪᠠᠢᠨ᠎ᠠ᠃
《ᠥᠩᠭᠡᠷᠡᠭ᠌ᠰᠡᠨ᠎ᠤ 〈ᠪᠤᠬᠢᠨᠢᠳᠤᠬᠤ ᠵᠠᠮ〉 ᠨᠢ ᠪᠦᠷ 〈ᠪᠠᠶᠠᠵᠢᠬᠤ ᠵᠠᠮ》 ᠪᠤᠯᠵᠤ ᠬᠤᠪᠢᠷᠠᠪᠠ᠃ ᠪᠠᠶᠠᠨᠬᠤᠱᠢᠭᠤ ᠪᠠᠯᠭᠠᠰᠤᠨ᠎ᠤ ᠴᠠᠭᠠᠠ ᠤᠷᠤᠢ ᠭᠠᠴᠠᠭᠠᠨ᠎ᠤ ᠶᠠᠳᠠᠭᠤ᠎ᠠᠴᠠ ᠠᠩᠭᠢᠵᠢᠷᠠᠭ᠍ᠰᠠᠨ ᠡᠷᠦᠬᠡ ᠪᠠᠢ ᠬᠠᠰᠤᠨᠴᠢᠮᠡᠭ᠄ 《ᠥᠩᠭᠡᠷᠡᠭ᠌ᠰᠡᠨ᠎ᠳᠤ ᠡᠨᠡ ᠵᠠᠮ ᠢᠪᠴᠤᠤ ᠮᠥᠷᠲᠡᠭᠡᠨ ᠡᠩᠬᠦᠯ ᠲᠤᠩᠬᠤᠯ ᠪᠠᠢᠵᠦ᠍᠂ 〈ᠲᠤᠩᠭᠠᠯᠠᠭ ᠡᠳᠦᠷ ᠲᠤᠭᠤᠰᠤᠨ᠎ᠳᠤ ᠲᠠᠷᠤᠭ᠍ᠳᠠᠵᠤ᠂ ᠪᠣᠷᠣᠭᠠᠨ᠎ᠲᠠᠢ ᠡᠳᠦᠷ ᠱᠢᠪᠠᠷ᠎ᠲᠤ ᠪᠤᠯᠠᠭ᠍ᠳᠠᠬᠤ〉 ᠪᠠᠢᠵᠦ᠍᠂ ᠲᠠᠷᠢᠮᠠᠯ᠎ᠤᠨ ᠦᠷ᠎ᠡ᠂ ᠬᠢᠮᠢ᠎ᠶ᠋ᠢᠨ ᠪᠣᠷᠲᠣᠭᠤᠷ᠂ ᠱᠦᠶᠨᠢ ᠬᠤᠳᠠᠯᠳᠤᠨ ᠠᠪᠬᠤ᠎ᠳᠤ ᠳᠥᠷᠪᠡᠨ ᠬᠦᠷᠳᠦᠲᠦ ᠲᠡᠷᠭᠡ᠎ᠪᠠᠷ ᠵᠦᠭᠡᠭᠡᠪᠦᠷᠢᠯᠡᠲᠡᠭ ᠪᠠᠢᠵᠠᠶ᠃ ᠣᠳᠣ ᠠᠴᠢᠶᠠᠠᠤ ᠮᠠᠱᠢᠨ ᠲᠡᠷᠭᠡ ᠱᠢᠭᠤᠳ ᠭᠡᠷ᠎ᠤᠨ ᠡᠭᠦᠳᠡᠨ᠎ᠳᠤ ᠬᠦᠷᠭᠡᠠ ᠦᠭ᠌ᠲᠡᠭ ᠪᠤᠯᠵᠠᠢ᠃ ᠪᠢᠳᠡ ᠠᠮᠤ ᠪᠤᠳᠠᠭ᠎ᠠ᠂ ᠮᠠᠯ ᠤᠨᠤᠭ᠎ᠠ᠎ᠪᠠᠨ ᠬᠤᠲᠠᠯᠲᠤᠬᠤ᠎ᠳᠤ ᠪᠠᠰᠠ ᠮᠠᠰᠢ ᠳᠥᠭᠦᠮ ᠪᠣᠯᠵᠠᠶ》 ᠭᠡᠵᠦ᠍ ᠬᠡᠯᠡᠪᠡ᠃
ᠭᠤᠤᠯ ᠠᠰᠠᠭᠤᠲᠠᠯ᠎ᠢ ᠱᠢᠢᠳᠪᠦᠷᠢᠯᠡᠴᠢᠭᠡᠪᠠᠯ ᠪᠤᠰᠤᠳ ᠠᠰᠠᠭᠤᠲᠠᠯ ᠠᠶᠠᠠᠲᠠᠭᠠᠠ ᠱᠢᠢᠳᠪᠦᠷᠢᠯᠡᠭ᠌ᠲᠡᠴᠢᠭᠡᠲᠡᠭ! ᠣᠳᠣᠬᠠᠨ᠎ᠳᠤ᠂ ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠱᠢᠪᠲᠤᠯᠤᠯᠲᠠ ᠠᠮᠵᠢᠯᠲᠠ ᠤᠯᠪᠠ᠄ ᠣᠷᠣᠯᠭ᠎ᠠ᠎ᠶ᠋ᠢᠨ ᠪᠠᠲᠤᠯᠠᠭ᠎ᠠ᠎ᠶ᠋ᠢᠨ ᠲᠠᠯ᠎ᠠ᠎ᠪᠠᠷ᠂ ᠪᠥᠬᠦ᠌ ᠣᠷᠣᠨ᠎ᠤ ᠶᠠᠳᠠᠭᠤ ᠬᠦᠴᠢᠷᠳᠡᠯᠲᠡᠶ ᠭᠠᠵᠠᠷ ᠣᠷᠣᠨ᠎ᠤ ᠮᠠᠯᠴᠢᠨ ᠲᠠᠷᠢᠶᠠᠴᠢᠨ᠎ᠤ ᠬᠥᠮᠦᠨ ᠳᠤᠮᠳᠠᠴᠢ᠎ᠶ᠋ᠢᠨ ᠡᠵᠡᠮᠳᠡᠵᠦ᠍ ᠪᠣᠯᠬᠤ ᠣᠷᠣᠯᠭ᠎ᠠ 2015 ᠣᠨ᠎ᠳᠤ 9612 ᠲᠥᠭᠦᠷᠢᠭ ᠪᠠᠢᠭ᠍ᠰᠠᠨ᠎ᠠᠴᠠ᠎ᠪᠠᠨ 2019 ᠣᠨ᠎ᠳᠤ 13793 ᠲᠥᠭᠦᠷᠢᠭ ᠪᠣᠯᠵᠣ ᠨᠡᠮᠡᠭ᠌ᠳᠡᠨ᠂ ᠵᠢᠯ ᠳᠤᠮᠳᠠᠴᠢ᠎ᠪᠠᠷ 9.45% ᠪᠠᠷ ᠨᠡᠮᠡᠭ᠌ᠳᠡᠪᠡ᠃ ᠲᠠᠩᠰᠠᠯᠠᠵᠤ ᠺᠠᠷᠳ᠋ᠯᠠᠭ᠍ᠰᠠᠠ ᠶᠠᠳᠠᠭᠤ ᠬᠦᠴᠢᠷᠳᠡᠯᠲᠡᠶ ᠬᠥᠮᠦᠨ ᠠᠮᠠ᠎ᠶ᠋ᠢᠨ ᠬᠥᠮᠦᠨ ᠳᠤᠮᠳᠠᠴᠢ᠎ᠶ᠋ᠢᠨ ᠣᠷᠣᠯᠭ᠎ᠠ 2015 ᠣᠨ᠎ᠳᠤ 3019 ᠲᠥᠭᠦᠷᠢᠭ ᠪᠠᠢᠭ᠍ᠰᠠᠨ᠎ᠠᠴᠠ 2019 ᠣᠨ᠎ᠳᠤ 10473 ᠲᠥᠭᠦᠷᠢᠭ ᠪᠣᠯᠵᠣ ᠨᠡᠮᠡᠭ᠌ᠳᠡᠨ᠂ ᠵᠢᠯ ᠳᠤᠮᠳᠠᠴᠢ᠎ᠪᠠᠷ 36.6% ᠪᠠᠷ ᠨᠡᠮᠡᠭ᠌ᠳᠡᠪᠡ᠃ ᠠᠯᠪᠠᠨ ᠵᠢᠷᠤᠮ᠎ᠤᠨ ᠰᠤᠷᠭᠠᠨ ᠬᠥᠮᠦᠵᠢᠯ᠎ᠤᠨ ᠲᠠᠯ᠎ᠠ᠎ᠪᠠᠷ᠂ ᠰᠤᠷᠤᠯᠭ᠎ᠠ᠎ᠪᠠᠨ ᠳᠣᠷᠭᠤᠨ ᠵᠣᠭ᠍ᠰᠣᠬᠤ᠎ᠶ᠋ᠢ ᠡᠵᠡᠮᠳᠡᠬᠦ᠌ ᠰᠤᠷᠤᠯᠭ᠎ᠠ᠎ᠶ᠋ᠢ ᠪᠠᠲᠤᠯᠠᠬᠤ ᠳ᠋ᠠᠢᠲ᠋ᠠ ᠬᠥᠮᠥᠷᠭᠡ᠎ᠶ᠋ᠢ ᠪᠠᠢᠭᠤᠯᠵᠤ᠂ ᠬᠥᠳᠡᠯᠦᠩᠭᠦᠶ ᠬᠢᠨᠠᠨ ᠪᠠᠢᠴᠠᠭᠠᠯᠲᠠ᠎ᠶ᠋ᠢ ᠬᠡᠷᠡᠭ᠌ᠵᠢᠭᠦᠯᠪᠠ᠃ 2087 ᠶᠠᠳᠠᠭᠤ ᠬᠦᠴᠢᠷᠳᠡᠯᠲᠡᠢ ᠭᠠᠵᠠᠷ ᠣᠷᠣᠨ᠎ᠤ ᠠᠯᠪᠠᠨ ᠵᠢᠷᠤᠮ᠎ᠤᠨ ᠰᠤᠷᠭᠠᠨ ᠬᠥᠮᠦᠵᠢᠯ᠎ᠤᠨ ᠪᠠᠭᠤᠷᠠᠢ ᠰᠤᠷᠭᠠᠭᠤᠯᠢ᠎ᠶ᠋ᠢ ᠥᠭᠡᠷᠡᠴᠢᠯᠡᠨ ᠪᠠᠢᠭᠤᠯᠵᠤ᠂ ᠶᠠᠳᠠᠭᠤ ᠬᠦᠴᠢᠷᠳᠡᠯᠲᠡᠢ ᠭᠡᠷ ᠪᠦᠯᠢ᠎ᠶ᠋ᠢᠨ ᠦᠷ᠎ᠡ ᠬᠡᠦᠬᠡᠳ᠎ᠤᠨ ᠠᠯᠪᠠᠨ ᠵᠢᠷᠤᠮ᠎ᠤᠨ ᠰᠤᠷᠭᠠᠨ ᠬᠥᠮᠦᠵᠢᠯ ᠬᠦᠷᠳᠡᠬᠦ᠌᠎ᠶ᠋ᠢ ᠪᠠᠳᠤᠯᠠᠪᠠ᠃ ᠦᠨᠳᠦᠰᠦᠨ ᠡᠮ ᠡᠮᠨᠡᠯᠭᠡ᠎ᠶ᠋ᠢᠨ ᠲᠠᠯ᠎ᠠ᠎ᠪᠠᠷ᠂ ᠶᠠᠳᠠᠭᠤ ᠬᠦᠴᠢᠷᠳᠡᠯᠲᠡᠶ ᠬᠥᠮᠦᠨ ᠠᠮᠠ᠎ᠶ᠋ᠢ ᠪᠦᠬᠦᠨ᠎ᠢ ᠦᠨᠳᠦᠰᠦᠨ ᠡᠮ ᠡᠮᠨᠡᠯᠭᠡ᠎ᠶ᠋ᠢᠨ ᠳᠠᠭᠠᠳᠭᠠᠯ᠂ ᠬᠦᠨᠳᠦ ᠡᠪᠡᠳᠴᠢᠨ᠎ᠤ ᠳᠠᠭᠠᠳᠭᠠᠯ᠂ ᠡᠮ ᠡᠮᠨᠡᠯᠭᠡ᠎ᠶ᠋ᠢᠨ ᠠᠪᠤᠷᠠᠨ ᠲᠤᠰᠠᠯᠠᠬᠤ ᠪᠠᠲᠤᠯᠠᠭ᠎ᠠ᠎ᠶ᠋ᠢᠨ ᠬᠡᠪᠴᠢᠶᠡᠨ᠎ᠳᠤ ᠣᠷᠣᠭᠤᠯᠵᠤ᠂ ᠠᠪᠤᠷᠠᠨ ᠵᠠᠰᠠᠬᠤ ᠨᠥᠬᠦᠴᠡᠯ᠎ᠳᠤ ᠨᠡᠢᠴᠡᠬᠦ᠌ ᠶᠠᠳᠠᠭᠤ ᠬᠦᠴᠢᠷᠳᠡᠯᠲᠡᠶ ᠡᠪᠡᠳᠴᠢᠲᠡᠨ᠎ᠢ ᠡᠮᠨᠡᠨ ᠵᠠᠰᠠᠪᠠᠰᠤ ᠵᠣᠬᠢᠬᠤ᠎ᠶ᠋ᠢ᠎ᠨᠢ ᠪᠦᠬᠦᠨ᠎ᠢ ᠡᠮᠨᠡᠨ ᠵᠠᠰᠠᠵᠤ᠂ ᠶᠠᠳᠠᠭᠤ ᠬᠦᠴᠢᠷᠳᠡᠯᠲᠡᠶ ᠤᠵᠢᠭ ᠴᠢᠨᠠᠷᠲᠠᠶ ᠡᠪᠡᠳᠴᠢᠲᠡᠨ᠎ᠤ ᠭᠡᠷ᠎ᠡ ᠲᠣᠭ᠍ᠲᠠᠬᠤ ᠦᠢᠯᠡᠴᠢᠯᠡᠭᠡ᠎ᠳᠤ ᠭᠠᠷᠤᠨ ᠥᠰᠥᠭ ᠵᠢᠷᠤᠪᠠᠰᠤ ᠵᠣᠬᠢᠬᠤ᠎ᠶ᠋ᠢ᠎ᠨᠢ ᠪᠦᠬᠦᠨ᠎ᠢ ᠭᠠᠷᠤᠨ ᠥᠰᠥᠭ ᠵᠢᠷᠤᠬᠤ᠎ᠶ᠋ᠢ ᠪᠡᠶᠡᠯᠡᠭᠦᠯᠪᠠ᠃ ᠣᠷᠣᠨ ᠰᠠᠭᠤᠴᠠ᠎ᠶ᠋ᠢᠨ ᠠᠮᠤᠷ ᠲᠦᠪᠱᠢᠨ᠎ᠤ ᠲᠠᠯ᠎ᠠ᠎ᠪᠠᠷ᠂ 《ᠠᠷᠪᠠᠨ ᠭᠤᠷᠪᠠᠳᠤᠭᠠᠷ ᠲᠠᠪᠤᠨ ᠵᠢᠯ》 ᠤᠨ ᠲᠥᠯᠥᠪᠵᠢᠭᠦᠯᠭᠡ᠎ᠶ᠋ᠢᠨ ᠬᠤᠭᠤᠴᠠᠭᠠᠨ᠎ᠳᠤ ᠨᠡᠢᠲᠡ 13.7 ᠲᠦᠮᠡᠨ ᠲᠠᠩᠰᠠᠯᠠᠵᠤ ᠺᠠᠷᠳ᠋ᠯᠠᠭ᠍ᠰᠠᠠ ᠶᠠᠳᠠᠭᠤ ᠬᠦᠴᠢᠷᠳᠡᠯᠲᠡᠶ ᠡᠷᠦᠬᠡ᠎ᠶ᠋ᠢᠨ ᠨᠤᠷᠠᠬᠤ ᠠᠶᠤᠯᠲᠠᠶ ᠬᠡᠷ ᠪᠠᠢᠱᠢᠩ᠎ᠢ ᠥᠭᠡᠷᠡᠴᠢᠯᠡᠨ ᠪᠠᠢᠭᠤᠯᠵᠤ᠂ ᠶᠠᠳᠠᠭᠤ ᠬᠦᠴᠢᠷᠳᠡᠯᠲᠡᠶ ᠬᠥᠮᠦᠨ ᠠᠮᠠ᠎ᠶ᠋ᠢᠨ ᠣᠷᠣᠨ ᠰᠠᠭᠤᠴᠠ᠎ᠶ᠋ᠢᠨ ᠠᠮᠤᠷ ᠲᠦᠪᠱᠢᠨ᠎ᠢ ᠪᠦᠬᠦᠨ᠎ᠢ ᠪᠡᠶᠡᠯᠡᠭᠦᠯᠪᠠ; ᠤᠤᠭᠤᠬᠤ ᠤᠰᠤᠨ᠎ᠤ ᠠᠮᠤᠷ ᠲᠦᠪᠱᠢᠨ᠎ᠤ ᠲᠠᠯ᠎ᠠ᠎ᠪᠠᠷ᠂ ᠮᠠᠯᠵᠢᠬᠤ ᠲᠠᠷᠢᠶᠠᠯᠠᠬᠤ ᠣᠷᠣᠨ᠎ᠤ ᠤᠤᠭᠤᠬᠤ ᠤᠰᠤᠨ᠎ᠤ ᠠᠮᠤᠷ ᠲᠦᠪᠱᠢᠨ᠎ᠢ ᠳᠡᠭᠡᠭ᠌ᠰᠢᠯᠡᠭᠦᠯᠬᠦ᠌ ᠢᠨᠵᠧᠨᠧᠷᠢᠩ᠎ᠢ ᠪᠥᠬᠦ᠌ ᠲᠠᠯ᠎ᠠ᠎ᠪᠠᠷ ᠬᠡᠷᠡᠭ᠌ᠵᠢᠭᠦᠯᠵᠦ᠍᠂ 《ᠠᠷᠪᠠᠠ ᠭᠤᠷᠪᠠᠲᠤᠭᠠᠷ ᠲᠠᠪᠤᠠ ᠵᠢᠯ》 ᠤᠨ ᠲᠦᠯᠦᠪᠵᠢᠭᠦᠯᠭᠡ᠎ᠶ᠋ᠢᠨ ᠬᠤᠭᠤᠴᠠᠭᠠᠨ᠎ᠳᠤ ᠨᠡᠢᠲᠡ 18.3 ᠲᠦᠮᠡᠨ ᠶᠠᠳᠠᠭᠤ ᠬᠦᠴᠢᠷᠳᠡᠯᠲᠡᠶ ᠬᠥᠮᠦᠨ ᠠᠮᠠ᠎ᠶ᠋ᠢᠨ ᠤᠤᠭᠤᠬᠤ ᠤᠰᠤᠨ᠎ᠤ ᠠᠮᠤᠷ ᠲᠦᠪᠱᠢᠨ᠎ᠤ ᠠᠰᠠᠭᠤᠳᠠᠯ᠎ᠢ ᠱᠢᠢᠳᠪᠦᠷᠢᠯᠡᠵᠦ᠍᠂ ᠶᠠᠳᠠᠭᠤ ᠬᠦᠴᠢᠷᠳᠡᠯᠲᠡᠶ ᠬᠥᠮᠦᠨ ᠠᠮᠠ᠎ᠶ᠋ᠢᠨ ᠤᠤᠭᠤᠬᠤ ᠤᠰᠤᠨ᠎ᠤ ᠠᠮᠤᠷ ᠲᠦᠪᠱᠢᠨ᠎ᠢ ᠪᠥᠬᠦ᠌ ᠲᠠᠯ᠎ᠠ᠎ᠪᠠᠷ ᠪᠠᠲᠤᠯᠠᠪᠠ᠃
ᠳᠠᠶᠠᠭᠠᠷ᠎ᠢᠶᠠᠨ ᠰᠡᠳᠭᠢᠯ ᠨᠢᠭᠡᠳᠦᠨ ᠪᠣᠭᠤᠮᠲᠠ ᠱᠢᠪᠲᠤᠯᠵᠤ᠂ ᠡᠷᠡᠯᠬᠡᠭ᠌ᠯᠡᠨ ᠲᠡᠮᠡᠴᠡᠵᠦ᠍ ᠴᠢᠨᠡᠭᠡᠯᠢᠭ ᠨᠡᠢᠭᠡᠮ ᠲᠡᠢᠰᠢ ᠤᠷᠤᠭ᠍ᠰᠢᠯᠠᠪᠠ᠃ ᠥᠪᠥᠷ ᠮᠣᠩᠭᠤᠯ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ ᠳᠠᠢᠯᠠᠯᠳᠤᠭᠠᠨ᠎ᠤ ᠳᠤᠮᠳᠠ ᠮᠠᠭ᠍ᠲᠠᠨ ᠳᠠᠭᠤᠯᠠᠭᠤᠱᠢᠲᠠᠢ ᠪᠠᠶᠠᠷᠯᠠᠭᠤᠱᠢᠲᠠᠢ ᠤᠯᠠᠠ ᠠᠮᠵᠢᠯᠲᠠ ᠪᠦᠲᠦᠮᠵᠢ ᠣᠯᠵᠠᠢ᠃ ᠱᠢᠨ᠎ᠠ ᠴᠠᠬ ᠥᠶ᠎ᠠ᠎ᠳᠤ ᠡᠷᠡᠮᠡᠬᠡᠢᠯᠡᠨ ᠤᠷᠤᠭ᠍ᠰᠢᠯᠠᠵᠥ᠍᠂ ᠠᠷᠠᠳ ᠤᠯᠠᠨ ᠰᠡᠳᠭᠢᠯ ᠨᠢᠭᠡᠳᠦᠨ ᠬᠦᠴᠦ᠎ᠪᠠᠨ ᠬᠠᠮᠲᠤᠳᠭᠠᠵᠤ᠂ ᠪᠠᠶᠠᠵᠢᠨ ᠴᠢᠨᠡᠬᠡᠯᠢᠭ᠌ᠵᠢᠬᠦ᠌ ᠬᠦᠰᠡᠯ ᠵᠡᠬᠦᠳᠦ᠎ᠪᠠᠨ ᠲᠡᠷᠭᠡᠯᠱᠢᠭᠦᠯᠬᠦ᠌᠎ᠪᠠᠷ ᠬᠠᠮᠲᠤ᠎ᠪᠠᠷ ᠴᠢᠷᠮᠠᠢᠵᠠᠭᠠᠨ᠎ᠠ᠃