ᠲᠤᠷᠠᠰᠭᠠᠯᠳᠦ ᠵᠦᠢᠯᠡᠰ᠎ᠤᠨ ᠦᠯᠢᠬᠡᠷ᠎ᠢ ᠰᠤᠨᠤᠰᠤᠶ᠎ᠠ
ᠲᠠᠯ᠎ᠠ ᠨᠤᠳᠤᠭ᠂ ᠡᠯᠡᠰᠦᠨ ᠴᠥᠯ᠂ ᠰᠦᠷᠯᠢᠭ ᠠᠭᠤᠯᠠ᠎ᠲᠠᠢ ᠡᠨᠡ ᠭᠠᠵᠡᠷ ᠪᠣᠯ ᠡᠷᠲᠡᠨ᠎ᠤ ᠯᠢᠶᠤᠤ ᠤᠯᠤᠰ᠎ᠤᠨ ᠨᠤᠳᠤᠭ ᠲᠡᠪᠢᠰᠭᠡᠷ ᠪᠣᠯᠤᠨ᠎ᠠ᠃
ᠰᠦᠩ ᠤᠯᠤᠰ᠎ᠤᠨ ᠲᠠᠭᠠᠯᠠᠮᠵᠢᠳᠠᠢ ᠠᠭᠤᠷ ᠠᠮᠢᠰᠭᠤᠯ᠂ ᠦᠷᠬᠡᠨ ᠠᠭᠤᠳᠠᠮ ᠨᠤᠲᠤᠭ ᠳᠡᠪᠢᠰᠭᠡᠷ᠎ᠲᠠᠢ ᠠᠳᠡᠯᠢᠳᠭᠠᠪᠠᠯ᠂ ᠡᠨᠡ ᠭᠠᠵᠡᠷ ᠪᠤᠯ ᠬᠦᠮᠤᠨ ᠲᠦᠷᠤᠯᠬᠢᠳᠡᠨᠤ ᠦᠢᠯᠡᠳᠪᠦᠷᠢᠯᠡᠯ ᠠᠮᠢᠳᠤᠷᠠᠯ᠎ᠳᠤ ᠳᠤᠬᠢᠷᠠᠬᠤ ᠬᠠᠮᠤᠭ᠎ᠤᠨ ᠰᠠᠢᠨ ᠰᠣᠩᠭᠤᠯᠲᠠ ᠪᠢᠰᠢ ᠪᠤᠯᠪᠠᠴᠤ᠌ ᠰᠦᠩ ᠤᠯᠤᠰ᠎ᠤᠨ ᠦᠶᠡᠶ᠋ᠢᠨᠬᠢᠲᠠᠢ ᠠᠳᠠᠯᠢ᠎ᠪᠠᠷ ᠭᠡᠷᠡᠯ ᠰᠠᠴᠤᠷᠠᠩᠭᠤᠶ ᠪᠣᠯᠪᠠᠰᠤᠨ᠎ᠢ ᠡᠬᠦᠳᠴᠤ᠌᠂ ᠳᠤᠮᠳᠠᠳᠤ᠎ᠶ᠋ᠢᠨ ᠪᠣᠯᠪᠠᠰᠤᠨ᠎ᠤ ᠴᠢᠬᠤᠯᠠ ᠪᠦᠷᠢᠯᠳᠦᠬᠦᠨ ᠬᠡᠰᠡᠭ ᠪᠣᠯᠤᠭ᠍ᠰᠠᠨ ᠪᠠᠢᠨ᠎ᠠ᠃
ᠯᠢᠶᠣᠤ ᠤᠯᠤᠰ᠎ᠤᠨ ᠱᠠᠭᠠᠵᠠᠩ ᠰᠠᠪᠠ᠎ᠨᠢ ᠮᠠᠨ᠎ᠤ ᠤᠯᠤᠰ᠎ᠤᠨ ᠸᠠᠭᠠᠷ ᠱᠠᠭᠠᠵᠠᠩ᠎ᠤᠨ ᠰᠣᠶᠣᠯ᠎ᠤᠨ ᠬᠥᠭ᠌ᠵᠢᠯᠲᠡ᠎ᠶ᠋ᠢᠨ ᠲᠡᠦᠬᠡᠨ᠎ᠳᠤ ᠴᠢᠬᠤᠯᠠ ᠪᠠᠢᠷᠢ ᠰᠠᠭᠤᠷᠢ᠎ᠶ᠋ᠢ ᠡᠵᠡᠯᠡᠵᠦ᠍᠂ ᠲᠠᠷᠠ᠎ᠨᠢ ᠲᠠᠩ ᠤᠯᠤᠰ᠎ᠤᠨ ᠤᠯᠠᠮᠵᠢᠯᠠᠯᠲᠤ ᠮᠡᠷᠭᠡᠵᠢᠯ᠎ᠢ ᠵᠠᠯᠭᠠᠮᠵᠢᠯᠠᠵᠤ᠂ ᠲᠠᠪᠤᠨ ᠲᠥᠷᠥ᠍ ᠪᠠ ᠤᠮᠠᠷᠠᠲᠤ ᠰᠦᠩ ᠤᠯᠤᠰ᠎ᠤᠨ ᠵᠦᠩᠶᠤᠸᠠᠨ ᠣᠷᠣᠨ᠎ᠤ ᠱᠢᠨ᠎ᠡ ᠭᠠᠷ ᠤᠷᠠᠯᠠᠯ᠎ᠢ ᠱᠢᠩᠭᠡᠭᠡᠨ ᠠᠪᠴᠠᠢ᠃ ᠡᠬᠦᠨ᠎ᠤ ᠬᠠᠮᠳᠤ᠂ ᠡᠨᠡ ᠬᠦ᠌ ᠬᠥᠭ᠌ᠵᠢᠯᠲᠡ᠎ᠶ᠋ᠢᠨ ᠶᠠᠪᠤᠴᠠ᠎ᠳᠤ ᠱᠢᠨ᠎ᠡ᠎ᠶ᠋ᠢ ᠡᠬᠦᠳᠴᠤ᠌᠂ ᠢᠯᠡ ᠲᠣᠳᠣ ᠣᠷᠣᠨ ᠨᠤᠲᠤᠭ᠎ᠤᠨ ᠣᠨᠴᠠᠯᠢᠭ ᠪᠠ ᠥᠨᠢᠷ ᠥᠳᠭᠡᠨ ᠨᠡᠭᠦᠳᠡᠯ ᠮᠠᠯᠵᠢᠯ᠎ᠤᠨ ᠦᠨᠳᠦᠰᠦᠲᠡᠨ᠎ᠤ ᠣᠨᠴᠠᠯᠢᠭ᠎ᠢ ᠪᠦᠷᠢᠯᠳᠦᠭᠦᠯᠦᠨ᠂ ᠬᠢᠳᠠᠨ ᠦᠨᠳᠦᠰᠦᠲᠡᠨ᠎ᠤ ᠡᠷᠡᠯᠬᠡᠭ ᠪᠠᠭᠠᠲᠤᠷᠯᠢᠭ᠂ ᠬᠠᠳᠠᠨ ᠵᠤᠷᠢᠬ᠎ᠲᠠᠢ᠂ ᠡᠷᠡᠮᠡᠬᠡᠢ ᠲᠠᠢᠴᠢᠨ ᠵᠠᠩ ᠠᠷᠠᠨᠱᠢᠨ᠎ᠢ ᠲᠤᠰᠭᠠᠭ᠍ᠰᠠᠨ ᠪᠠᠢᠨ᠎ᠠ᠃
ᠡᠨᠡ᠎ᠨᠢ ᠲᠤᠬᠠᠢ᠎ᠶ᠋ᠢᠨ ᠦᠶ᠎ᠡ᠎ᠶ᠋ᠢᠨ ᠤᠯᠤᠰ ᠲᠦᠷᠦ᠍᠂ ᠠᠵᠤ ᠠᠬᠤᠢ᠂ ᠰᠣᠶᠣᠯ᠂ ᠨᠡᠢᠭᠡᠮ᠎ᠤᠨ ᠠᠮᠢᠳᠤᠷᠠᠯ ᠵᠡᠷᠭᠡ᠎ᠶ᠋ᠢᠨ ᠭᠡᠷᠡᠴᠢ ᠪᠣᠯᠬᠤ᠎ᠪᠠᠷ ᠪᠠᠷᠠᠬᠤ ᠦᠭᠡᠢ᠂ ᠨᠡᠩ ᠴᠤ᠌ ᠮᠠᠨ ᠤ ᠤᠯᠤᠰ ᠤᠨ ᠦᠨᠳᠦᠰᠦᠲᠡᠨ᠎ᠨᠦᠭᠦᠳ ᠬᠤᠭᠤᠷᠤᠨᠳᠤ᠎ᠪᠠᠨ ᠬᠠᠷᠢᠯᠴᠠᠨ ᠰᠤᠷᠤᠯᠴᠠᠵᠤ᠂ ᠬᠠᠷᠢᠯᠴᠠᠨ ᠠᠭᠤᠰᠤᠯᠴᠠᠭ᠍ᠰᠠᠨᠤ ᠬᠤᠷᠢᠶᠠᠩᠭᠤᠢ ᠲᠦᠷᠢ ᠪᠠᠢᠳᠠᠯ ᠪᠣᠯᠤᠨ᠎ᠠ᠃
ᠰᠡᠨᠵᠢᠳᠤ ᠱᠠᠭᠠᠵᠠᠩ ᠰᠠᠪᠠ ᠪᠤᠯ ᠯᠢᠶᠣᠤ ᠤᠯᠤᠰ ᠤᠨ ᠱᠠᠭᠠᠵᠠᠩ ᠤᠨ ᠲᠥᠯᠥᠭᠡᠯᠡᠬᠦ᠌ ᠴᠢᠨᠠᠷᠲᠠᠶ ᠡᠳ᠋ᠯᠡᠯ᠎ᠤᠨ ᠨᠢᠭᠡ᠎ᠨᠢ ᠮᠦᠨ᠃ ᠥᠪᠥᠷ ᠮᠣᠩᠭᠤᠯ᠎ᠤᠨ ᠮᠦᠽᠧᠶ᠎ᠶ᠋ᠢᠨ ᠯᠢᠶᠣᠤ ᠤᠯᠤᠰ᠎ᠤᠨ ᠦᠶ᠎ᠠ᠎ᠶ᠋ᠢᠨ ᠬᠢᠳᠠᠨ᠎ᠤ ᠦᠵᠡᠭᠦᠯᠭᠡ᠎ᠶ᠋ᠢᠨ ᠲᠢᠩᠬᠢᠮ᠎ᠳᠤ ᠨᠠᠨᠳᠢᠩᠨᠠᠨ ᠬᠠᠳᠠᠭᠠᠯᠠᠵᠤ ᠪᠠᠢᠭ᠎ᠠ ᠲᠠᠯᠪᠠᠭᠠᠷ ᠠᠮᠠᠰᠠᠷ ᠪᠦᠬᠦᠢ ᠴᠠᠭᠠᠨ ᠰᠡᠨᠵᠢᠳᠤ ᠱᠠᠭᠠᠵᠠᠩ ᠰᠠᠪᠠ᠎ᠨᠢ ᠨᠡᠩ ᠴᠤ᠌ ᠮᠠᠨ᠎ᠤ ᠤᠯᠤᠰ᠎ᠤᠨ ᠱᠠᠭᠠᠵᠠᠩ ᠰᠠᠪᠠ᠎ᠶ᠋ᠢᠨ ᠲᠡᠦᠬᠡᠨ ᠳᠡᠭᠡᠷᠡᠬᠢ ᠬᠤᠪᠣᠷ ᠨᠠᠨᠳᠢᠨ ᠡᠷᠳᠡᠨᠢᠰ ᠪᠣᠯᠬᠤ ᠶᠤᠮ᠃

ᠶᠧᠯᠢᠦᠶ ᠢᠤᠢ ᡁᠢ᠎ᠶ᠋ᠢᠨ ᠣᠩᠭᠤᠨ᠎ᠠᠴᠠ ᠣᠯᠳᠠᠭ᠍ᠰᠠᠨ
ᠲᠠᠯᠪᠠᠭᠠᠷ ᠠᠮᠠᠰᠠᠷ ᠪᠦᠬᠦᠢ ᠴᠠᠭᠠᠨ ᠰᠡᠨᠵᠢᠳᠤ ᠱᠠᠭᠠᠵᠠᠩ ᠰᠠᠪᠠ
(ᠵᠢᠷᠤᠭ᠎ᠢ ᠥᠪᠥᠷ ᠮᠣᠩᠭᠤᠯ᠎ᠤᠨ ᠮᠦᠽᠧᠶ᠎ᠠᠴᠠ ᠬᠠᠩᠭᠠᠪᠠ)

ᠶᠧᠯᠢᠦᠶ ᠢᠤᠢ ᡁᠢ᠎ᠶ᠋ᠢᠨ ᠣᠩᠭᠤᠨ᠎ᠠᠴᠠ ᠣᠯᠳᠠᠭ᠍ᠰᠠᠨ ᠨᠣᠭᠤᠭᠠᠨ ᠫᠠᠯᠠᠩ᠎ᠲᠠᠢ ᠰᠠᠨᠵᠢᠳᠤ ᠱᠠᠭᠠᠵᠠᠩ ᠰᠠᠪᠠ
(ᠵᠢᠷᠤᠭ᠎ᠨᠢ ᠰᠦᠯᠵᠢᠶ᠎ᠡ᠎ᠠᠴᠠ ᠢᠷᠡᠯᠳᠠ᠎ᠲᠠᠢ)
ᠮᠠᠨ᠎ᠤ ᠤᠯᠤᠰ᠎ᠤᠨ ᠸᠠᠭᠠᠷ ᠱᠠᠭᠠᠵᠠᠩ᠎ᠤᠨ ᠲᠡᠦᠬᠡᠨ ᠳᠡᠭᠡᠷᠡᠬᠢ ᠬᠤᠪᠣᠷ ᠨᠠᠨᠳᠢᠨ ᠲᠡᠦᠬᠡ᠎ᠶ᠋ᠢᠨ ᠳᠤᠷᠠᠰᠭᠠᠯᠲᠤ ᠵᠦᠢᠯ
ᠲᠠᠯᠪᠠᠭᠠᠷ ᠠᠮᠠᠰᠠᠷ ᠪᠦᠬᠦᠢ ᠴᠠᠭᠠᠨ ᠰᠡᠨᠵᠢᠳᠤ ᠱᠠᠭᠠᠵᠠᠩ ᠰᠠᠪᠠ᠎ᠨᠢ ᠪᠦᠷᠢᠶ᠎ᠡ ᠬᠡᠯᠪᠡᠷᠢᠲᠤ ᠲᠠᠯᠪᠠᠭᠠᠷ ᠠᠮᠠᠰᠠᠷ᠎ᠲᠠᠢ᠂ ᠣᠷᠳᠣ ᠬᠦᠵᠦᠭᠦᠤ᠎ᠲᠠᠢ᠂ ᠬᠦᠳᠤᠬᠡᠷ ᠬᠡᠳᠡᠰᠤ᠎ᠪᠠᠷ ᠨᠤᠮᠤᠯᠠᠨ ᠬᠤᠷᠢᠶᠠᠵᠤ᠂ ᠰᠠᠭᠤᠷᠢᠨ᠎ᠢ ᠵᠢᠭᠠᠬᠠᠨ ᠭᠠᠳᠠᠭ᠍ᠰᠢ ᠲᠠᠯᠪᠠᠢᠵᠤ᠂ ᠬᠤᠶᠠᠷ ᠬᠠᠵᠠᠭᠤ᠎ᠳᠠᠬᠢ ᠮᠥᠷᠥ᠍ ᠪᠠ ᠬᠦᠳᠤᠬᠡᠷ ᠬᠡᠳᠡᠰᠤᠨ᠎ᠤ ᠳᠤᠤᠭᠤᠷ ᠬᠠᠪᠢᠴᠠᠭ᠎ᠠ ᠨᠢᠵᠡᠬᠡᠳ ᠤᠭᠤᠰᠤᠷ ᠲᠠᠳᠠᠯᠭ᠎ᠠ ᠱᠢᠷᠭᠤᠭᠤᠯᠬᠤ ᠵᠤᠷᠢᠭᠤᠯᠤᠯᠳᠠ ᠪᠦᠬᠦᠢ ᠨᠤᠮ᠎ᠤᠨ ᠬᠡᠯᠪᠡᠷᠢ᠎ᠲᠠᠢ ᠰᠠᠨᠵᠢ ᠪᠤᠢ᠂ ᠮᠥᠷᠥᠨ᠎ᠤ ᠬᠡᠰᠡᠭ᠎ᠲᠤ ᠭᠤᠷᠪᠠᠨ ᠲᠣᠭᠤᠷᠢᠭ᠎ᠤᠨ ᠬᠥᠪᠴᠢ᠎ᠶ᠋ᠢᠨ ᠬᠡ᠎ᠲᠠᠢ᠂ ᠰᠠᠭᠤᠷᠢ᠎ᠶ᠋ᠢ᠎ᠨᠢ ᠪᠤᠳᠤᠭ᠎ᠢᠶᠠᠷ ᠦᠡᠭ᠌ᠭᠡᠯᠡᠵᠠᠢ᠃ ᠠᠮᠠᠰᠠᠷ᠎ᠤᠨ᠎ᠬᠢᠨ ᠳ᠋ᠢᠶᠠᠮᠧᠲᠷ᠎ᠨᠢ 12.8 ᠰᠠᠨᠲ᠋ᠢᠮᠧᠲᠷ᠂ ᠬᠡᠳᠡᠰᠤᠨ᠎ᠤ᠎ᠬᠢᠨ ᠳ᠋ᠢᠶᠠᠮᠧᠲᠷ᠎ᠨᠢ 23.3 ᠰᠠᠨᠲ᠋ᠢᠮᠧᠲᠷ᠂ ᠰᠠᠭᠤᠷᠢ᠎ᠶ᠋ᠢᠨ᠎ᠬᠢᠨ ᠳ᠋ᠢᠶᠠᠮᠧᠲᠷ᠎ᠨᠢ 12.5 ᠰᠠᠨᠲ᠋ᠢᠮᠧᠲᠷ᠂ ᠥᠨᠳᠥᠷ᠎ᠨᠢ 37.3 ᠰᠠᠨᠲ᠋ᠢᠮᠧᠲᠷ᠃ ᠡᠨᠡ ᠴᠠᠭᠠᠨ ᠫᠠᠯᠠᠩ᠎ᠲᠠᠢ ᠰᠡᠨᠵᠢᠳᠤ ᠱᠠᠭᠠᠵᠠᠩ ᠰᠠᠪᠠ᠎ᠨᠢ ᠤᠯᠠᠭᠠᠨᠬᠠᠳᠠ ᠬᠤᠲᠠ᠎ᠶ᠋ᠢᠨ ᠠᠷᠤ ᠬᠤᠷᠴᠢᠨ ᠬᠤᠱᠢᠭᠤᠨ᠎ᠤ ᠶᠧᠯᠢᠦᠶ ᠢᠦᠶ ᡁᠢ᠎ᠶ᠋ᠢᠨ ᠣᠩᠭᠤᠨ᠎ᠠᠴᠠ ᠣᠯᠳᠠᠵᠠᠶ᠃
ᠲᠤᠰ ᠣᠩᠭᠤᠨ᠎ᠠᠴᠠ 3 ᠰᠠᠨᠵᠢᠳᠤ ᠱᠠᠭᠠᠵᠠᠩ ᠰᠠᠪᠠ ᠣᠯᠳᠠᠵᠤ᠂ ᠡᠭᠦᠨ᠎ᠤ ᠳᠣᠲᠣᠷᠠᠬᠢ 2 ᠨᠢ ᠴᠠᠭᠠᠨ ᠫᠠᠯᠠᠩ᠎ᠲᠠᠢ᠂ 1 ᠨᠢ ᠨᠣᠭᠤᠭᠠᠨ ᠫᠠᠯᠠᠩ᠎ᠲᠠᠢ᠃ ᠨᠥᠭᠦᠭᠡ ᠨᠢᠭᠡ ᠴᠠᠭᠠᠨ ᠱᠠᠭᠠᠵᠠᠩ᠎ᠤᠨ ᠬᠡᠯᠪᠡᠷᠢ᠎ᠨᠢ ᠦᠯᠤ ᠮᠡᠳᠡᠭ᠌ᠳᠡᠮ᠎ᠠ ᠳᠤᠭᠤᠯ ᠮᠦᠷᠳᠡᠭᠡᠨ ᠲᠠᠯᠪᠠᠭᠠᠷ ᠠᠮᠠᠰᠠᠷ᠎ᠲᠠᠢ᠂ ᠬᠦᠵᠦᠭᠦᠦ᠎ᠶ᠋ᠢᠨ ᠬᠡᠰᠡᠭ᠎ᠤᠨ ᠳᠡᠭᠡᠬᠦᠷ᠎ᠨᠢ ᠪᠦᠳᠦᠬᠦᠪᠳᠤᠷ᠂ ᠳᠤᠤᠭᠤᠷ᠎ᠨᠢ ᠨᠠᠷᠢᠬᠠᠨ᠂ ᠬᠡᠳᠡᠰᠤᠨ᠎ᠤ ᠬᠡᠰᠡᠭ᠎ᠨᠢ ᠪᠥᠮᠪᠥᠷᠭᠡᠨ᠂ ᠨᠠᠮᠬᠠᠨ ᠳᠤᠭᠤᠷᠢᠬ ᠰᠠᠭᠤᠷᠢ᠎ᠲᠠᠢ᠃ ᠨᠣᠭᠤᠭᠠᠨ ᠫᠠᠯᠠᠩ᠎ᠲᠠᠢ ᠰᠡᠨᠵᠢᠳᠤ ᠱᠠᠭᠠᠵᠠᠩ ᠰᠠᠪᠠ᠎ᠶ᠋ᠢᠨ ᠠᠮᠠᠰᠠᠷ ᠪᠤᠯᠤᠨ ᠬᠦᠵᠤᠬᠦᠤ᠎ᠶ᠋ᠢᠨ ᠬᠡᠰᠡᠭ᠎ᠨᠢ ᠠᠯᠠᠭ᠎ᠠ ᠪᠤᠯᠤᠭ᠍ᠰᠠᠠ ᠪᠠᠢᠨ᠎ᠠ᠂ ᠪᠦᠬᠡᠷᠡᠩᠬᠡᠢ ᠮᠦᠷᠤ᠎ᠲᠠᠢ᠂ ᠲᠦᠨᠳᠤᠬᠡᠷ ᠬᠡᠳᠡᠰᠤ᠎ᠲᠠᠢ᠂ ᠰᠠᠭᠤᠷᠢᠨ᠎ᠢ ᠳᠤᠭᠤᠢ ᠬᠡᠯᠪᠡᠷᠢ᠎ᠲᠠᠢ ᠵᠢᠭᠠᠬᠠᠨ ᠲᠠᠯᠪᠠᠭᠠᠷ ᠪᠠᠢᠳᠠᠯ᠎ᠲᠠᠢ᠃ ᠬᠤᠶᠠᠷ ᠬᠠᠵᠠᠭᠤ᠌ᠳᠠᠬᠢ ᠮᠥᠷᠥ᠍ ᠪᠠ ᠬᠦᠳᠤᠬᠡᠷ ᠬᠡᠳᠡᠰᠤᠨ᠎ᠤ ᠬᠡᠰᠡᠭ᠎ᠲᠤ ᠨᠠᠢᠳᠠ ᠲᠦᠷᠪᠡᠨ ᠤᠭᠤᠰᠤᠷ ᠲᠠᠳᠠᠯᠭ᠎ᠠ ᠱᠢᠷᠭᠤᠭᠤᠯᠬᠤ ᠨᠤᠮ᠎ᠤᠨ ᠬᠡᠯᠪᠡᠷᠢ᠎ᠲᠠᠢ ᠰᠠᠨᠵᠢ ᠪᠤᠢ᠃ ᠮᠥᠷᠥ᠍ ᠪᠤᠯᠤᠨ ᠬᠡᠳᠡᠰᠤᠨ᠎ᠤ ᠬᠠᠪᠢᠴᠠᠭ᠎ᠠ᠎ᠳᠤ ᠨᠠᠭᠠᠮᠠᠯ ᠬᠦᠳᠤᠬᠡᠷ ᠬᠡ ᠤᠭᠠᠯᠵᠠ᠎ᠲᠠᠢ᠂ ᠮᠦᠷᠤᠨᠤ ᠬᠡᠰᠡᠭ᠎ᠤᠨ ᠬᠡ ᠤᠭᠠᠯᠵᠠ᠎ᠨᠢ ᠲᠡᠬᠡᠷ᠎ᠠ᠎ᠠᠴᠠ ᠳᠤᠷᠤᠬ᠍ᠰᠢᠪᠠᠨ ᠵᠢᠭᠠᠰᠤᠨ ᠬᠡ᠂ ᠴᠤᠪᠤᠭᠤ ᠴᠡᠭ᠎ᠤᠨ ᠬᠡ᠂ ᠴᠠᠭᠠᠷᠢᠬ ᠬᠡ᠎ᠪᠠᠷ ᠲᠠᠷᠠᠭᠠᠯᠠᠨ ᠴᠢᠮᠡᠭ᠌ᠯᠡᠳᠡᠭ; ᠬᠡᠳᠡᠰᠤᠨ᠎ᠤ ᠬᠡᠰᠡᠭ᠎ᠤᠨ ᠬᠡ ᠤᠭᠠᠯᠵᠠ᠎ᠨᠢ ᠴᠤᠪᠤᠭᠤ ᠴᠡᠭ᠎ᠤᠨ ᠬᠡ᠎ᠪᠠᠷ ᠴᠠᠭᠠᠷᠢᠬ᠍ᠯᠠᠬ᠍ᠰᠠᠠ ᠪᠠ ᠵᠠᠯᠭᠠᠯᠳᠤᠭ᠍ᠰᠠᠨ ᠳᠡᠪᠢᠭᠦᠷ ᠬᠡᠯᠪᠡᠷᠢᠲᠦ ᠬᠡ ᠤᠭᠠᠯᠵᠠ ᠪᠠᠢᠵᠤ᠂ ᠳᠡᠪᠢᠭᠦᠷ ᠬᠡᠯᠪᠡᠷᠢᠲᠦ ᠬᠡ ᠤᠭᠠᠯᠵᠠ᠎ᠶ᠋ᠢᠨ ᠬᠤᠶᠠᠷ ᠲᠠᠯ᠎ᠠ ᠵᠢᠴᠢ ᠮᠦᠨ ᠳᠣᠣᠷᠠᠳᠤ ᠬᠡᠰᠡᠭ᠎ᠲᠤ ᠵᠢᠬᠦᠷ᠎ᠢᠶᠠᠨ ᠲᠡᠯᠬᠡᠭ᠌ᠰᠡᠨ ᠱᠢᠪᠠᠵᠢᠪᠠᠷ ᠴᠢᠮᠡᠭ᠌ᠯᠡᠳᠡᠭ᠃
ᠨᠡᠢᠲᠡ᠎ᠶ᠋ᠢᠨ ᠣᠨ ᠲᠣᠭᠠᠯᠠᠯ᠎ᠤᠨ 907 ᠣᠨ᠎ᠳᠤ᠂ ᠬᠢᠳᠠᠨ ᠦᠨᠳᠦᠰᠦᠲᠡᠨ᠎ᠤ ᠲᠦᠷᠦᠭᠦᠦ ᠶᠧᠯᠢᠦᠶ ᠠᠪᠤᠤᠵᠢ ᠯᠢᠶᠣᠤ ᠤᠯᠤᠰ᠎ᠢ ᠪᠠᠢᠭᠤᠯᠪᠠ᠃ ᠡᠨᠡ᠎ᠨᠢ ᠲᠤᠬᠠᠶ᠎ᠶ᠋ᠢᠨ ᠦᠶ᠎ᠡ᠎ᠳᠤ ᠮᠠᠨ᠎ᠤ ᠤᠯᠤᠰ᠎ᠤᠨ ᠤᠮᠠᠷᠠᠲᠤ ᠣᠷᠣᠨ᠎ᠤ ᠬᠠᠮᠤᠭ᠎ᠤᠨ ᠬᠦᠴᠦᠷᠬᠡᠭ ᠴᠥᠭᠡᠨ ᠲᠣᠭᠠᠲᠤ ᠦᠨᠳᠦᠰᠦᠲᠡᠨ ᠵᠠᠰᠠᠭ᠎ᠤᠨ ᠡᠷᠬᠡ᠎ᠶ᠋ᠢ ᠠᠳᠭᠤᠵᠤ ᠪᠠᠢᠬ᠍ᠰᠠᠠ ᠴᠠᠬ ᠦᠶ᠎ᠠ ᠪᠤᠯᠤᠨ᠎ᠠ᠂ ᠶᠧᠯᠢᠦᠶ ᠢᠤᠢ ᡁᠢ ᠪᠣᠯ ᠶᠧᠯᠢᠦᠶ ᠠᠪᠤᠤᠵᠢ᠎ᠶ᠋ᠢᠨ ᠦᠶᠡᠯᠢᠳ ᠠᠬ᠎ᠠ ᠳᠡᠭᠦᠦ ᠪᠠᠢᠵᠤ᠂ ᠶᠧᠯᠢᠦᠶ ᠠᠪᠤᠤᠵᠢ᠎ᠶ᠋ᠢ ᠲᠡᠭᠠᠯᠳᠤᠨ ᠲᠤᠬᠠᠶ᠎ᠶ᠋ᠢᠨ ᠦᠶ᠎ᠡ᠎ᠶ᠋ᠢᠨ ᠪᠦᠸᠧᠬᠠᠢ ᠤᠯᠤᠰ᠎ᠢ ᠲᠦᠪᠱᠢᠳᠭᠡᠵᠦ᠍᠂ ᠯᠢᠶᠣᠤ ᠤᠯᠤᠰ᠎ᠤᠨ ᠬᠠᠷᠢᠶᠠᠳᠤ ᠪᠤᠯᠬᠤ ᠳ᠋ᠦᠩ ᠳ᠋ᠠᠨ ᠤᠯᠤᠰ᠎ᠢ ᠪᠠᠢᠭᠤᠯᠵᠤ᠂ ᠬᠤᠵᠢᠮ᠎ᠨᠢ ᠳ᠋ᠦᠩ ᠳ᠋ᠠᠨ ᠤᠯᠤᠰ᠎ᠤᠨ ᠵᠡᠭᠦᠨ ᠭᠠᠷᠤᠨ ᠴᠧᠩᠱᠢᠶᠠᠩ᠎ᠤᠨ ᠲᠤᠱᠢᠶᠠᠯ᠎ᠢ ᠡᠬᠦᠷᠬᠡᠯᠡᠵᠠᠢ᠃
ᠬᠢᠳᠠᠨ ᠦᠨᠳᠤᠰᠤᠳᠠᠨ ᠤᠰᠤᠨ᠎ᠤ ᠳᠤᠩᠭᠠᠯᠠᠭ ᠡᠪᠡᠰᠤᠨ᠎ᠤ ᠰᠤᠷᠭᠤᠬᠢ ᠳᠠᠭᠠᠵᠤ ᠨᠡᠭᠦᠳᠡᠯᠯᠡᠨ ᠮᠠᠯᠵᠢᠬᠤ ᠶᠠᠪᠤᠴᠠ᠎ᠳᠠᠭᠠᠨ ᠦᠷᠭᠦᠯᠵᠢ ᠤᠰᠤᠨ᠎ᠤ ᠡᠬᠢ ᠰᠤᠷᠪᠤᠯᠵᠢ᠎ᠶ᠋ᠢ ᠡᠷᠢᠵᠤ ᠰᠠᠭᠤᠷᠢᠱᠢᠨ ᠠᠮᠢᠳᠤᠷᠠᠵᠤ ᠪᠠᠢᠭ᠎ᠠ ᠭᠠᠵᠠᠷ᠎ᠲᠠᠭᠠᠨ ᠠᠪᠠᠴᠢᠵᠤ ᠡᠳᠦᠷ ᠲᠤᠲᠤᠮ᠎ᠤᠨ ᠬᠡᠷᠡᠭ᠌ᠴᠡᠭᠡ᠎ᠪᠠᠨ ᠬᠠᠩᠭᠠᠳᠠᠭ᠃ ᠲᠠᠩ ᠤᠯᠤᠰ᠎ᠤᠨ ᠦᠶ᠎ᠡ᠎ᠠᠴᠠ ᠤᠯᠠᠮᠵᠢᠯᠠᠵᠤ ᠢᠷᠡᠭ᠌ᠰᠡᠨ ᠰᠠᠨᠵᠢᠳᠤ ᠱᠠᠭᠠᠵᠠᠩ ᠰᠠᠪᠠ᠎ᠨᠢ ᠬᠢᠳᠠᠨ ᠦᠨᠳᠦᠰᠦᠲᠡᠨ᠎ᠤ ᠬᠦᠷᠢᠶᠡᠯᠡᠯ᠎ᠢ ᠴᠤ᠌ ᠶᠡᠬᠡᠳᠡ ᠤᠯᠳᠠᠬ ᠪᠠᠢᠬ᠍ᠰᠠᠠ ᠶᠤᠮ᠃
ᠬᠤᠯᠪᠣᠭ᠍ᠳᠠᠯ ᠪᠦᠬᠦᠢ ᠰᠤᠷᠪᠤᠯᠵᠢ ᠪᠢᠴᠢᠭ᠎ᠤᠨ ᠲᠡᠮᠳᠡᠭ᠌ᠯᠡᠯ᠎ᠢ ᠦᠨᠳᠦᠰᠦᠯᠡᠪᠡᠯ᠂ ᠰᠠᠨᠵᠢᠳᠤ ᠱᠠᠭᠠᠵᠠᠩ ᠰᠠᠪᠠ ᠪᠠᠶ᠎ᠠ᠎ᠪᠠᠷ ᠥᠨᠳᠥᠷ ᠮᠦᠷᠳᠡᠭᠡᠨ ᠳᠤᠮᠤ᠂ ᠯᠢᠶᠣᠤ ᠤᠯᠤᠰ᠎ᠤᠨ ᠬᠢᠵᠠᠭᠠᠷ᠎ᠠᠴᠠ ᠮᠠᠯᠲᠠᠵᠤ ᠭᠠᠷᠭᠠᠭ᠍ᠰᠠᠨ ᠱᠠᠭᠠᠵᠠᠩ ᠰᠠᠪᠠ᠎ᠶ᠋ᠢᠨ ᠥᠨᠳᠥᠷ᠎ᠤᠨ ᠬᠡᠮᠵᠢᠶ᠎ᠡ᠎ᠨᠢ ᠣᠯᠠᠩᠬᠢ᠎ᠳᠠᠭᠠᠨ 23 — 37 ᠰᠠᠨᠲ᠋ᠢᠮᠧᠲᠷ᠎ᠤᠨ ᠬᠤᠭᠤᠷᠣᠨᠳᠣ ᠪᠠᠢᠵᠤ᠂ ᠲᠤᠰᠭᠠᠢᠯᠠᠨ ᠱᠢᠩᠭᠡᠨ ᠪᠡᠶᠡᠲᠦ᠎ᠶ᠋ᠢ ᠰᠠᠪᠠᠯᠠᠳᠠᠭ ᠰᠠᠪᠠ ᠮᠦᠷᠳᠡᠭᠡᠨ ᠬᠡᠳᠡᠰᠤᠨ᠎ᠤ ᠬᠡᠰᠡᠭ᠎ᠤᠨ ᠪᠠᠭ᠍ᠲᠠᠭᠠᠮᠵᠢ᠎ᠨᠢ ᠶᠡᠭᠡ᠂ ᠲᠠᠯᠪᠠᠭᠠᠷ ᠠᠮᠠᠰᠠᠷ᠎ᠨᠢ ᠱᠢᠩᠭᠡᠨ ᠪᠡᠶᠡᠲᠦ᠎ᠶ᠋ᠢ ᠶᠡᠭᠦᠯᠡᠬᠦ᠌᠎ᠳᠤ ᠲᠦᠭᠦᠮ ᠪᠠᠢᠵᠤ᠂ ᠨᠠᠷᠢᠨ ᠬᠦᠵᠦᠭᠦᠦ᠎ᠨᠢ ᠬᠠᠷᠢᠨ ᠱᠢᠩᠭᠡᠨ ᠪᠡᠶᠡᠲᠦ᠎ᠶ᠋ᠢ ᠠᠮᠠᠷᠬᠠᠨ ᠠᠭᠤᠷᠱᠢᠭᠤᠯᠬᠤ ᠦᠭᠡᠢ ᠪᠤᠶᠤ ᠠᠰᠭᠠᠷᠠᠭᠤᠯᠬᠤ ᠦᠭᠡᠢ᠎ᠪᠠᠷ ᠤᠷᠠᠯᠠᠵᠤ ᠬᠢᠵᠠᠢ᠃
ᠤᠯᠠᠭᠠᠨᠬᠠᠳᠠ ᠬᠤᠳᠠ᠎ᠶ᠋ᠢᠨ ᠬᠡᠱᠢᠭ᠌ᠲᠡᠨ ᠬᠤᠱᠢᠭᠤᠨ᠎ᠤ ᠬᠤᠶᠠᠷ ᠨᠠᠢ᠍ᠮᠠᠠ ᠭᠠᠵᠠᠷ᠎ᠤᠨ ᠨᠢᠭᠡᠳᠦᠭᠡᠷ ᠨᠣᠮᠧᠷᠲᠤ ᠤᠩᠭᠤᠨ᠎ᠤ ᠴᠢᠯᠠᠭᠤᠨ ᠠᠪᠰᠠ᠎ᠶ᠋ᠢᠨ ᠵᠢᠷᠤᠭ ᠳᠡᠭᠡᠷ᠎ᠡ ᠬᠤᠶᠠᠷ ᠬᠢᠳᠠᠨ ᠬᠥᠮᠦᠨ ᠣᠬᠤᠷ ᠬᠤᠪᠴᠠᠰᠤ᠎ᠲᠠᠢ᠂ ᠬᠠᠷ᠎ᠠ ᠢᠰᠡᠭᠡᠢ ᠭᠤᠲᠤᠯ᠎ᠲᠠᠢ᠂ ᠲᠤᠰ ᠪᠦᠷᠢ ᠨᠢᠭᠡ ᠲᠠᠯᠪᠠᠭᠠᠷ ᠠᠮᠠᠰᠠᠷ᠎ᠲᠠᠢ᠂ ᠤᠷᠳᠤ ᠬᠦᠵᠦᠭᠦᠦ᠎ᠲᠠᠢ᠂ ᠬᠦᠳᠤᠬᠡᠷ ᠬᠡᠳᠡᠰᠤ᠎ᠲᠠᠢ ᠰᠠᠪᠠ ᠠᠪᠴᠤ᠌᠂ 《ᠴᠡᠷᠢᠭ᠎ᠤᠨ ᠬᠤᠸᠠᠷᠠᠨ》 ᠤ ᠰᠠᠭᠤᠭ᠎ᠠ ᠭᠠᠵᠡᠷ ᠪᠤᠯᠬᠤ ᠲᠠᠯ᠎ᠠ ᠨᠤᠲᠤᠭ᠎ᠢᠶᠠᠷ ᠡᠮᠦᠨ᠎ᠡ ᠬᠤᠢᠨ᠎ᠠ ᠠᠯᠬᠤᠯᠠᠨ᠎ᠠ᠃

ᠯᠢᠶᠣᠤ ᠤᠯᠤᠰ᠎ᠤᠨ ᠦᠶ᠎ᠠ᠎ᠶ᠋ᠢᠨ ᠭᠤᠷᠪᠠᠨ ᠥᠩᠭᠡ᠎ᠶ᠋ᠢᠨ ᠪᠤᠳᠤᠬ ᠪᠦᠬᠦᠢ ᠰᠡᠨᠵᠢᠳᠤ ᠱᠠᠭᠠᠵᠠᠩ ᠰᠠᠪᠠ
(ᠵᠢᠷᠤᠭ᠎ᠢ ᠥᠪᠥᠷ ᠮᠣᠩᠭᠤᠯ᠎ᠤᠨ ᠮᠦᠽᠧᠶ᠎ᠠᠴᠠ ᠬᠠᠩᠭᠠᠪᠠ)
ᠣᠯᠠᠨ ᠡᠱᠢᠲᠦ ᠰᠣᠶᠣᠯ ᠤᠨ ᠠᠭᠤᠰᠤᠯᠴᠠᠯ
ᠯᠢᠶᠣᠤ ᠤᠯᠤᠰ᠎ᠤᠨ ᠰᠣᠶᠣᠯ᠎ᠨᠢ ᠶᠠᠭ ᠡᠬᠢᠨ᠎ᠤ ᠦᠶ᠎ᠡ᠎ᠳᠤ ᠲᠠᠩ ᠤᠯᠤᠰ᠎ᠤᠨ ᠵᠠᠩ ᠦᠢᠯᠡ᠎ᠶ᠋ᠢᠨ ᠨᠥᠯᠥᠭᠡ᠎ᠶ᠋ᠢ ᠬᠦᠷᠳᠡᠵᠤ᠂ ᠱᠠᠭᠠᠵᠠᠩ ᠰᠠᠪᠠ᠎ᠨᠢ ᠵᠦᠩᠶᠤᠸᠠᠨ ᠣᠷᠣᠨ᠎ᠤ ᠸᠠᠭᠠᠷ ᠱᠠᠭᠠᠵᠠᠩ᠎ᠤᠨ ᠡᠳ᠋ᠯᠡᠯ ᠭᠡᠷᠡᠭ᠌ᠰᠡᠯᠤᠨ ᠪᠠᠷ᠎ᠠ ᠬᠠᠷᠠᠭ᠍ᠳᠠᠳᠠᠭ᠃
ᠥᠪᠥᠷ ᠮᠣᠩᠭᠤᠯ᠎ᠤᠨ ᠮᠦᠽᠧᠶ᠎ᠶ᠋ᠢᠨ ᠯᠢᠶᠣᠤ ᠤᠯᠤᠰ᠎ᠤᠨ ᠬᠢᠳᠠᠨ᠎ᠤ ᠦᠵᠡᠭᠦᠯᠭᠡ᠎ᠶ᠋ᠢᠨ ᠲᠢᠩᠬᠢᠮ᠎ᠤᠨ ᠲᠡᠯᠬᠡᠨ ᠦᠵᠡᠬᠦᠯᠦᠭ᠌ᠴᠢ ᠵᠧᠩ ᠴᠧᠩ ᠶᠠᠨ᠎ᠤ ᠲᠠᠨᠢᠯᠴᠠᠭᠤᠯᠤᠭ᠍ᠰᠠᠨ᠎ᠢᠶᠠᠷ᠂ ᠶᠧᠯᠢᠦᠶ ᠢᠦᠶ ᡁᠢ᠎ᠶ᠋ᠢᠨ ᠣᠩᠭᠤᠨ᠎ᠠᠴᠠ ᠤᠯᠳᠠᠬ᠍ᠰᠠᠨ ᠲᠠᠯᠪᠠᠭᠠᠷ ᠠᠮᠠᠰᠠᠷ ᠪᠦᠬᠦᠢ ᠴᠠᠭᠠᠨ ᠰᠡᠨᠵᠢᠳᠤ ᠱᠠᠭᠠᠵᠠᠩ ᠰᠠᠪᠠ᠎ᠨᠢ ᠴᠠᠭᠠᠨ ᠮᠥᠷᠲᠡᠭᠡᠨ ᠨᠠᠷᠢᠯᠢᠭ ᠪᠠᠢᠵᠤ᠂ ᠫᠠᠯᠠᠩ᠎ᠤᠨ ᠥᠩᠭᠡ᠎ᠨᠢ ᠭᠦᠨ ᠮᠦᠷᠳᠡᠭᠡᠨ ᠭᠥᠯᠢᠭᠡᠷ᠂ ᠬᠢᠴᠠ᠎ᠨᠢ ᠨᠠᠷᠢᠯᠢᠬ᠂ ᠰᠠᠭᠤᠷᠢ᠎ᠶ᠋ᠢ᠎ᠨᠢ ᠪᠤᠳᠤᠭ᠎ᠢᠶᠠᠷ ᠦᠡᠭ᠌ᠭᠡᠯᠡᠵᠤ᠂ ᠱᠠᠭᠠᠵᠠᠩ ᠡᠳ᠋ᠯᠡᠯ᠎ᠤᠨ ᠳᠦᠷᠰᠦ ᠪᠦᠲᠦᠭᠡᠯᠲᠡ ᠵᠢᠴᠢ ᠱᠢᠲᠠᠭᠠᠨ ᠦᠢᠯᠡᠳᠬᠦ᠌ ᠤᠷ᠎ᠠ ᠮᠡᠷᠭᠡᠵᠢᠯ᠎ᠨᠢ ᠴᠦᠮ ᠲᠠᠩ ᠤᠯᠤᠰ᠎ᠤᠨ ᠦᠶ᠎ᠡ᠎ᠶ᠋ᠢᠨ ᠬᠡᠪ ᠨᠠᠮᠪᠠ᠎ᠲᠠᠢ ᠶᠤᠮ᠃ ᠤᠷ᠎ᠠ ᠮᠡᠷᠭᠡᠵᠢᠯ᠎ᠤᠨ ᠬᠢᠷᠢ ᠲᠦᠪᠱᠢᠨ᠎ᠨᠢ ᠯᠢᠶᠣᠤ ᠤᠯᠤᠰ᠎ᠤᠨ ᠳᠤᠮᠳᠠ ᠰᠡᠭᠦᠯᠴᠢ᠎ᠶ᠋ᠢᠨ ᠦᠶ᠎ᠡ᠎ᠶ᠋ᠢᠨ ᠱᠠᠭᠠᠵᠠᠩ ᠦᠢᠯᠡᠳᠬᠦ᠌ ᠬᠢᠷᠢ ᠲᠦᠪᠱᠢᠨ᠎ᠠᠴᠠ ᠳᠤᠤᠷ᠎ᠠ ᠥᠬᠡᠶ ᠪᠠᠢᠵᠤ᠂ ᠯᠢᠶᠣᠤ ᠤᠯᠤᠰ᠎ᠤᠨ ᠱᠠᠭᠠᠵᠠᠩ ᠡᠳ᠋ᠯᠡᠯ᠎ᠤᠨ ᠣᠬᠢ ᠱᠢᠯᠢᠳᠡᠭ ᠪᠦᠲᠦᠭᠡᠭ᠌ᠳᠡᠬᠦᠨ ᠪᠣᠯᠬᠤ ᠪᠥᠭᠡᠳ ᠪᠠᠰᠠ ᠴᠤ᠌ ᠣᠯᠠᠨ ᠡᠱᠢᠲᠦ ᠰᠣᠶᠣᠯ᠎ᠤᠨ ᠮᠥᠷᠭᠦᠯᠳᠦᠯ᠂ ᠠᠭᠤᠰᠤᠯᠴᠠᠯ ᠪᠠ ᠤᠯᠠᠮᠵᠢᠯᠠᠯ᠎ᠤᠨ ᠪᠦᠲᠦᠭᠡᠭ᠌ᠳᠡᠬᠦᠨ ᠪᠣᠯᠤᠨ᠎ᠠ᠃
ᠨᠡᠢᠲᠡ᠎ᠶ᠋ᠢᠨ ᠤᠨ ᠲᠣᠭᠠᠯᠠᠯ᠎ᠤᠨ 960 ᠣᠨ᠎ᠳᠤ ᠤᠮᠠᠷᠠᠲᠤ ᠰᠦᠩ ᠤᠯᠤᠰ ᠪᠠᠢᠭᠤᠯᠤᠭ᠍ᠳᠠᠵᠤ᠂ ᠠᠵᠤ ᠠᠬᠤᠶ ᠦᠷᠨᠢᠨ ᠬᠥᠭ᠌ᠵᠢᠵᠦ᠍᠂ ᠰᠣᠶᠣᠯ ᠳᠡᠭᠡᠳᠦ ᠬᠡᠮᠵᠢᠶ᠎ᠡ᠎ᠪᠠᠷ ᠴᠡᠴᠡᠭ᠌ᠯᠡᠨ ᠬᠥᠭ᠌ᠵᠢᠵᠦ᠍᠂ ᠸᠠᠭᠠᠷ ᠱᠠᠭᠠᠵᠠᠩ ᠦᠢᠯᠡᠳᠬᠦ᠌ ᠦᠢᠯᠡᠰ᠎ᠤᠨ ᠬᠦᠭ᠌ᠵᠢᠯᠳᠡ᠎ᠨᠢ ᠣᠷᠭᠢᠯ᠎ᠳᠠᠭᠠᠨ ᠬᠦᠷᠴᠡᠢ᠂ ᠡᠨᠡ᠎ᠨᠢ ᠯᠢᠶᠣᠤ ᠤᠯᠤᠰ᠎ᠤᠨ ᠸᠠᠭᠠᠷ ᠱᠠᠭᠠᠵᠠᠩ ᠦᠢᠯᠡᠳᠬᠦ᠌ ᠦᠢᠯᠡᠰ᠎ᠲᠤ ᠬᠦᠨ ᠭᠦᠨᠵᠡᠭᠡᠶ ᠪᠥᠭᠡᠳ ᠠᠯᠤᠰ ᠬᠡᠳᠦ᠎ᠶ᠋ᠢᠨ ᠨᠥᠯᠥᠭᠡ ᠦᠵᠡᠭᠦᠯᠦᠭ᠌ᠰᠡᠡ ᠪᠠᠢᠨ᠎ᠠ᠃
ᠴᠠᠨᠶᠤᠸᠠᠨ᠎ᠤ ᠬᠤᠯᠪᠣᠭ᠎ᠠ᠎ᠶ᠋ᠢ ᠪᠠᠢᠭᠤᠯᠤᠬ᠍ᠰᠠᠨ᠎ᠨᠢ ᠰᠦᠩ ᠤᠯᠤᠰ ᠪᠤᠯᠤᠨ ᠯᠢᠶᠣᠤ ᠤᠯᠤᠰ᠎ᠤᠨ ᠵᠠᠭᠤᠨ ᠵᠢᠯ᠎ᠤᠨ ᠨᠠᠢᠷᠰᠠᠭ ᠬᠥᠷᠰᠢ᠎ᠶ᠋ᠢᠨ ᠬᠠᠷᠢᠴᠠᠭ᠎ᠠ᠎ᠶ᠋ᠢ ᠲᠤᠬ᠍ᠳᠠᠪᠤᠷᠢᠵᠢᠭᠤᠯᠵᠤ᠂ ᠠᠵᠤ ᠠᠬᠤᠶ ᠠᠷᠠᠯᠵᠢᠶ᠎ᠠ ᠬᠤᠳᠠᠯᠳᠤᠭ᠎ᠠ᠂ ᠰᠣᠶᠣᠯ᠎ᠤᠨ ᠰᠣᠯᠢᠯᠴᠠᠭ᠎ᠠ᠎ᠶ᠋ᠢ ᠲᠠᠰᠤᠷᠠᠯᠲᠠ ᠦᠭᠡᠶ ᠠᠬᠢᠭᠤᠯᠵᠤ᠂ ᠡᠩᠬᠡ ᠲᠠᠢᠪᠤᠩ ᠪᠠᠢᠳᠠᠯ ᠳᠤᠤᠷ᠎ᠠ ᠬᠢᠳᠠᠨ ᠦᠨᠳᠦᠰᠦᠲᠡᠨ ᠵᠦᠩᠶᠤᠸᠠᠨ ᠣᠷᠣᠨ᠎ᠤ ᠸᠠᠭᠠᠷ ᠱᠠᠭᠠᠵᠠᠩ ᠦᠢᠯᠡᠳᠬᠦ᠌ ᠤᠷ᠎ᠠ ᠮᠡᠷᠭᠡᠵᠢᠯ᠎ᠢ ᠰᠤᠷᠤᠯᠴᠠᠬᠤ ᠴᠢᠬᠤᠯᠠ ᠠᠵᠠ ᠲᠣᠬᠢᠶᠠᠯ ᠪᠣᠯᠵᠠᠢ᠃
ᠬᠠᠮᠢᠶ᠎ᠠ ᠪᠦᠬᠦᠢ ᠲᠡᠦᠭᠡ᠎ᠶ᠋ᠢᠨ ᠰᠤᠷᠪᠤᠯᠵᠢ ᠪᠢᠴᠢᠭ᠎ᠤᠨ ᠲᠡᠮᠳᠡᠭ᠌ᠯᠡᠯ᠎ᠢ ᠦᠨᠳᠦᠰᠦᠯᠡᠪᠡᠯ᠂ ᠯᠢᠶᠣᠤ ᠤᠯᠤᠰ᠎ᠤᠨ ᠬᠢᠳᠠᠨ ᠬᠥᠮᠦᠨ᠎ᠤ ᠤᠩᠭᠤᠨ᠎ᠠᠴᠠ ᠢᠯᠡᠷᠡᠭᠦᠯᠦᠭ᠌ᠰᠡᠨ ᠴᠡᠩᠭᠡᠷ ᠴᠠᠭᠠᠨ ᠱᠠᠭᠠᠵᠠᠩ ᠰᠠᠪᠠ ᠳᠣᠲᠣᠷ᠎ᠠ᠂ ᠴᠣᠮᠣ᠂ ᠳᠡᠪᠦᠷ᠎ᠡ᠂ ᠠᠶᠠᠭ᠎ᠠ᠂ ᠤᠳᠤᠮᠠᠯ ᠵᠤᠤᠬ᠎ᠠ᠂ ᠤᠶ᠋ᠢᠨ ᠬᠠᠢᠷᠴᠠᠭ ᠵᠡᠷᠭᠡ᠎ᠨᠢ ᠴᠦᠮ ᠵᠦᠩᠶᠤᠸᠠᠨ ᠣᠷᠣᠨ᠎ᠤ ᠰᠣᠶᠣᠯ᠎ᠤᠨ ᠬᠡᠪ ᠨᠠᠮᠪᠠ᠎ᠲᠠᠢ ᠪᠠᠢᠵᠤ᠂ ᠴᠠᠢ ᠤᠤᠭᠤᠬᠤ᠂ ᠠᠷᠢᠬᠢ ᠤᠤᠭᠤᠬᠤ᠂ ᠬᠦᠵᠢ ᠠᠰᠠᠭᠠᠬᠤ᠂ ᠤ ᠬᠠᠳᠠᠭᠠᠯᠠᠬᠤ᠎ᠳᠤ ᠬᠡᠷᠡᠭ᠌ᠯᠡᠳᠡᠭ ᠱᠠᠭᠠᠵᠠᠩ ᠡᠳ᠋ᠯᠡᠯ ᠮᠠᠰᠢ ᠤᠯᠠᠨ ᠪᠠᠢᠳᠠᠭ᠃
ᠡᠭᠦᠨ᠎ᠠᠴᠠ ᠭᠠᠳᠠᠨ᠎ᠠ᠂ ᠱᠠᠭᠠᠵᠠᠩ ᠦᠢᠯᠡᠳᠬᠦ᠌ ᠤᠷ᠎ᠠ ᠮᠡᠷᠭᠡᠵᠢᠯ᠎ᠤᠨ ᠲᠠᠯ᠎ᠠ᠎ᠪᠠᠷ ᠯᠢᠶᠣᠤ ᠤᠯᠤᠰ ᠠᠯᠲᠠᠨ ᠤᠯᠤᠰ᠎ᠤᠨ ᠱᠠᠭᠠᠵᠠᠩ ᠰᠠᠪᠠ᠎ᠶ᠋ᠢ ᠱᠢᠲᠠᠭᠠᠬᠤ ᠮᠡᠷᠭᠡᠵᠢᠯ ᠪᠠ ᠴᠢᠮᠡᠭ᠌ᠯᠡᠬᠦ᠌ ᠮᠡᠷᠭᠡᠵᠢᠯ᠎ᠤᠨ ᠲᠠᠯ᠎ᠠ᠎ᠪᠠᠷ ᠪᠦᠷ ᠵᠦᠩᠶᠤᠸᠠᠨ ᠣᠷᠣᠨ᠎ᠤ ᠱᠠᠭᠠᠵᠠᠩ᠎ᠤᠨ ᠨᠥᠯᠥᠭᠡ᠎ᠶ᠋ᠢ ᠶᠡᠬᠡᠳᠡ ᠭᠥᠷᠳᠡᠵᠡᠶ᠃ ᠯᠢᠶᠣᠤ ᠤᠯᠤᠰ᠎ᠤᠨ ᠦᠶ᠎ᠡ᠎ᠳᠤ ᠳ᠋ᠢᠩ ᠶᠣᠣ᠎ᠶ᠋ᠢᠨ ᠱᠠᠭᠠᠵᠠᠩ ᠰᠠᠪᠠ ᠵᠢᠴᠢ ᠳᠠᠭᠤᠷᠢᠶᠠᠮᠠᠯ ᠳ᠋ᠢᠩ ᠶᠤᠤ᠎ᠶ᠋ᠢᠨ ᠱᠠᠭᠠᠵᠠᠩ ᠰᠠᠪᠠ ᠶᠡᠭᠡ᠎ᠪᠠᠷ ᠳᠡᠯᠭᠡᠷᠡᠵᠦ᠍᠂ ᠯᠦᠡᠭ ᠴᠢᠤᠸᠠᠨ ᠡᠦ ᠱᠢᠳᠠᠭᠠᠯᠭᠠᠪᠠᠷ ᠲᠥᠯᠥᠭᠡᠯᠡᠭᠦᠯᠦᠭ᠌ᠰᠡᠨ ᠤᠮᠠᠷᠠᠲᠤ᠎ᠶ᠋ᠢᠨ ᠣᠯᠠᠨ ᠱᠠᠭᠠᠵᠠᠩ ᠦᠢᠯᠡᠳᠬᠦ᠌ ᠱᠢᠳᠠᠭᠠᠯᠭ᠎ᠠ᠎ᠶ᠋ᠢᠨ ᠱᠠᠭᠠᠵᠠᠩ ᠰᠠᠪᠠ᠎ᠶ᠋ᠢᠨ ᠲᠥᠷᠥᠯ ᠵᠦᠢᠯ᠂ ᠳᠦᠷᠰᠦ ᠪᠦᠲᠦᠭᠡᠯᠲᠡ᠂ ᠵᠠᠰᠠᠯ ᠴᠢᠮᠡᠭ᠌ᠯᠡᠯ ᠪᠠ ᠱᠢᠲᠠᠭᠠᠨ ᠦᠢᠯᠡᠳᠬᠦ᠌ ᠤᠷ᠎ᠠ ᠮᠡᠷᠭᠡᠵᠢᠯ᠎ᠤᠨ ᠠᠯᠢ ᠴᠤ᠌ ᠲᠠᠯ᠎ᠠ᠎ᠪᠠᠷ ᠴᠥᠮ ᠵᠦᠩᠶᠤᠸᠠᠨ ᠣᠷᠣᠨ᠎ᠳᠤ ᠶᠡᠭᠡ᠎ᠪᠠᠷ ᠨᠥᠯᠥᠭᠡᠯᠡᠭ᠌ᠳᠡᠭ᠌ᠰᠡᠨᠢ ᠢᠯᠡᠷᠬᠡᠢ ᠪᠠᠢᠪᠠ᠃ ᠯᠢᠶᠣᠤ ᠤᠯᠤᠰ᠎ᠤᠨ ᠦᠶ᠎ᠡ᠎ᠶ᠋ᠢᠨ ᠬᠢᠳᠠᠨ ᠬᠥᠮᠦᠨ᠎ᠤ ᠤᠩᠭᠤᠨ᠎ᠠᠴᠠ ᠣᠯᠳᠠᠭ᠍ᠰᠠᠨ ᠨᠡᠭᠦᠳᠡᠯ ᠮᠠᠯᠵᠢᠯ᠎ᠤᠨ ᠬᠡᠪ ᠨᠠᠮᠪᠠ᠎ᠲᠠᠢ ᠨᠡᠢᠲᠡᠯᠢᠭ ᠱᠠᠭᠠᠵᠠᠩ ᠰᠠᠪᠠ ᠳᠤᠳᠤᠷ᠎ᠠ ᠡᠷᠬᠢᠬᠦᠯᠬᠡᠨ ᠬᠦᠷᠳᠤ ᠲᠡᠬᠡᠷ᠎ᠠ ᠬᠡᠪ ᠪᠦᠳᠦᠭᠡᠭᠦ᠌᠂ ᠨᠠᠭᠠᠵᠤ ᠱᠤᠭᠤᠬᠤ ᠠᠷᠭ᠎ᠠ᠎ᠪᠠᠷ ᠬᠡᠪ ᠪᠦᠳᠤᠬᠡᠬᠦ᠂ ᠬᠡᠪ ᠳᠤᠭ᠍ᠳᠠᠭᠠᠭ᠍ᠰᠠᠠᠤ ᠰᠡᠬᠦᠯᠠᠷ ᠬᠡᠪ᠎ᠢᠶᠠᠨ ᠳᠠᠷᠤᠮᠠᠯᠯᠠᠨ ᠪᠦᠳᠦᠭᠡᠭᠦ᠌ ᠵᠡᠷᠭᠡ ᠭᠤᠣᠯ ᠬᠡᠪ ᠪᠦᠳᠤᠬᠡᠬᠦ᠌ ᠠᠷᠭ᠎ᠠ ᠵᠢᠴᠢ ᠱᠢᠲᠠᠭᠠᠬᠤ ᠮᠡᠷᠭᠡᠵᠢᠯ᠎ᠨᠢ ᠪᠦᠷ ᠵᠦᠩᠶᠤᠸᠠᠨ ᠣᠷᠣᠨ᠎ᠳᠤ ᠠᠯᠢ ᠡᠷᠲᠡ ᠲᠡᠭᠦᠯᠳᠡᠷᠵᠢᠨ ᠬᠥᠭ᠌ᠵᠢᠭ᠌ᠰᠡᠨ ᠱᠠᠭᠠᠵᠠᠩ ᠦᠢᠯᠡᠳᠬᠦ᠌ ᠮᠡᠷᠭᠡᠵᠢᠯ ᠪᠤᠯᠤᠨ᠎ᠠ᠃

ᠨᠠᠭᠠᠮᠠᠯ ᠬᠢᠴᠠ ᠪᠦᠬᠦᠢ ᠨᠤᠭᠤᠭᠠᠨ ᠫᠠᠯᠠᠩ ᠲᠠᠢ ᠲᠠᠯᠪᠠᠭᠠᠷ ᠠᠮᠠᠰᠠᠷ ᠲᠠᠢ ᠰᠡᠨᠵᠢᠳᠤ ᠱᠠᠭᠠᠵᠠᠩ ᠰᠠᠪᠠ
(ᠵᠢᠷᠤᠭ᠎ᠨᠢ ᠰᠦᠯᠵᠢᠶ᠎ᠡ᠎ᠠᠴᠠ ᠢᠷᠡᠯᠲᠡ᠎ᠲᠠᠢ)

ᠬᠦᠷᠠᠩ ᠪᠤᠷᠤ ᠦᠩᠬᠡ᠎ᠶ᠋ᠢᠨ ᠫᠠᠯᠠᠩ ᠪᠦᠬᠦᠢ ᠰᠡᠨᠵᠢᠳᠤ ᠱᠠᠭᠠᠵᠠᠩ ᠰᠠᠪᠠ
(ᠵᠢᠷᠤᠭ᠎ᠢ ᠥᠪᠥᠷ ᠮᠣᠩᠭᠤᠯ᠎ᠤᠨ ᠮᠦᠽᠧᠶ᠎ᠠᠴᠠ ᠬᠠᠩᠭᠠᠪᠠ)
ᠱᠠᠭᠠᠵᠠᠩ ᠰᠠᠪᠠ᠎ᠪᠠᠷ ᠳᠤᠰᠭᠠᠨ ᠬᠠᠷᠠᠭᠤᠯᠤᠭ᠍ᠰᠠᠠ ᠳᠤᠮᠳᠠᠳᠤ᠎ᠶ᠋ᠢᠨ ᠤᠷ᠎ᠠ ᠤᠬᠠᠭᠠᠨ
ᠥᠪᠥᠷ ᠮᠣᠩᠭᠤᠯ᠎ᠤᠨ ᠮᠦᠽᠧᠢ᠎ᠶ᠋ᠢᠨ ᠯᠢᠶᠤᠤ ᠤᠯᠤᠰ᠎ᠤᠨ ᠬᠢᠳᠠᠨ᠎ᠤ ᠦᠵᠡᠭᠦᠯᠭᠡ᠎ᠶ᠋ᠢᠨ ᠲᠢᠩᠬᠢᠮ᠎ᠳᠤ᠂ ᠲᠠᠯᠪᠠᠭᠠᠷ ᠠᠮᠠᠰᠠᠷ ᠪᠦᠬᠦᠢ ᠴᠠᠭᠠᠨ ᠰᠡᠨᠵᠢᠳᠤ ᠱᠠᠭᠠᠵᠠᠩ ᠰᠠᠪᠠ᠎ᠨᠢ ᠵᠢᠭᠤᠯᠴᠢᠯᠠᠭ᠍ᠰᠠᠳ᠎ᠤᠨ ᠰᠣᠨᠢᠷᠬᠠᠯ᠎ᠢ ᠬᠠᠮᠤᠭ᠎ᠠᠴᠠ ᠢᠯᠡᠭᠦᠦ ᠲᠠᠲᠠᠭ᠍ᠰᠠᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠤᠨ ᠨᠢᠭᠡ ᠪᠣᠯᠬᠤ᠎ᠨᠢ ᠳᠠᠮᠵᠢᠭ ᠦᠭᠡᠢ ᠶᠤᠮ᠃ ᠨᠠᠷᠢᠪᠴᠢᠯᠠᠨ ᠠᠵᠢᠠᠠᠯᠠᠪᠠᠯ᠂ ᠲᠡᠷᠡ᠎ᠨᠢ ᠦᠵᠡᠰᠭᠦᠯᠡᠩᠳᠤ ᠰᠠᠢᠬᠠᠨ ᠳᠡᠯᠭᠡᠨ ᠦᠵᠡᠭᠦᠯᠬᠦ᠌ ᠬᠤᠷᠭᠤᠨ᠎ᠳᠤ ᠭᠢᠯᠠᠯᠵᠠᠨ ᠬᠠᠷᠠᠬ᠍ᠳᠠᠵᠤ᠂ ᠭᠡᠷᠡᠯ ᠭᠢᠯᠪᠠᠭ᠎ᠠ᠎ᠪᠠᠨ ᠰᠠᠴᠤᠷᠠᠭᠤᠯᠤᠨ᠎ᠠ᠃ ᠪᠢᠳᠡ ᠶᠠᠭ ᠯᠠ ᠡᠨᠡ ᠱᠠᠭᠠᠵᠠᠩ ᠰᠠᠪᠠ᠎ᠠᠴᠠ ᠥᠨᠢ ᠤᠳᠠᠭᠠᠨ ᠲᠡᠦᠬᠡ᠎ᠲᠠᠢ ᠰᠣᠶᠣᠯ ᠪᠠ ᠬᠥᠮᠦᠨ ᠪᠦᠬᠦᠨ᠎ᠤ ᠮᠡᠳᠡᠳᠡᠭ ᠲᠡᠦᠬᠡ᠎ᠶ᠋ᠢᠨ ᠦᠯᠢᠭᠡᠷ᠎ᠤᠳ᠎ᠢ ᠣᠯᠵᠤ ᠬᠠᠷᠠᠵᠤ ᠪᠠᠢᠭ᠎ᠠ ᠮᠡᠲᠤ᠌᠃
《ᠬᠠᠰ ᠮᠡᠲᠦ ᠴᠠᠭᠠᠨ᠂ ᠲᠣᠯᠢ ᠮᠡᠲᠦ ᠲᠤᠩᠭᠠᠯᠠᠭ᠂ ᠴᠠᠭᠠᠰᠤ ᠮᠡᠲᠦ ᠨᠢᠮᠭᠡᠨ᠂ ᠳᠠᠭᠤᠨ᠎ᠨᠢ ᠬᠠᠩᠭᠢᠨᠠᠮ᠎ᠠ》 ᠱᠠᠭᠠᠵᠠᠩ ᠰᠠᠪᠠ᠎ᠨᠢ ᠡᠷᠳᠡᠠᠠᠴᠠ ᠡᠳᠤᠬᠡ ᠪᠤᠯᠳᠠᠯ᠎ᠠ ᠶᠡᠷᠦ᠎ᠨᠢ ᠢᠷᠠᠭᠤ ᠰᠠᠢᠬᠠᠨ ᠳᠦᠷᠢ ᠲᠥᠷᠬᠦ᠌ᠪᠠᠷᠢᠶᠠᠨ ᠬᠥᠮᠦᠰ᠎ᠤᠨ ᠠᠩᠬᠠᠷᠤᠯ᠎ᠢ ᠲᠠᠲᠠᠭ᠍ᠰᠠᠭᠠᠷ ᠢᠷᠡᠵᠡᠢ᠃ ᠱᠠᠭᠠᠵᠠᠩ ᠰᠠᠪᠠ ᠪᠣᠯ ᠳᠤᠮᠳᠠᠳᠤ ᠤᠯᠤᠰ᠎ᠤᠨ ᠰᠣᠶᠣᠯ᠎ᠤᠨ ᠪᠡᠯᠭᠡ ᠲᠡᠮᠳᠡᠭ᠎ᠤᠨ ᠨᠢᠭᠡ᠂ ᠳᠤᠮᠳᠠᠳᠤ᠎ᠶ᠋ᠢᠨ ᠪᠣᠯᠪᠠᠰᠤᠨ᠎ᠤ ᠬᠥᠭ᠌ᠵᠢᠯᠲᠡ᠎ᠶ᠋ᠢᠨ ᠰᠤᠳᠠᠯ᠎ᠤᠨ ᠴᠢᠬᠤᠯᠠ ᠠᠴᠢᠶᠠᠯᠠᠪᠤᠷᠢ᠎ᠶ᠋ᠢᠨ ᠨᠢᠭᠡ᠂ ᠮᠥᠨ ᠴᠦ᠍ ᠪᠥᠬᠦ᠌ ᠳᠡᠯᠡᠬᠡᠶ᠎ᠶ᠋ᠢᠨ ᠲᠠᠨᠢᠯ ᠲᠠᠰᠤᠯ ᠪᠤᠯᠤᠭ᠍ᠰᠠᠠ ᠤᠷᠠᠯᠢᠭ᠎ᠤᠨ ᠦᠭᠡ ᠬᠡᠯᠡ ᠮᠥᠨ᠃ ᠱᠠᠭᠠᠵᠠᠩ ᠰᠠᠪᠠ᠎ᠪᠠᠷ ᠳᠤᠰᠭᠠᠠ ᠬᠠᠷᠠᠭᠤᠯᠤᠭ᠍ᠰᠠᠠ ᠳᠤᠮᠳᠠᠳᠤ᠎ᠶ᠋ᠢᠨ ᠤᠷ᠎ᠠ ᠤᠬᠠᠭᠠᠨ᠂ ᠳᠤᠮᠳᠠᠳᠤ᠎ᠶ᠋ᠢᠨ ᠣᠢᠯᠠᠭᠠᠭ᠍ᠳᠠᠬᠤᠨ᠂ ᠳᠤᠮᠳᠠᠳᠤ᠎ᠶ᠋ᠢᠨ ᠵᠣᠷᠢᠭ ᠰᠠᠨᠠᠭ᠎ᠠ᠎ᠨᠢ ᠪᠥᠬᠦ᠌ ᠳᠡᠯᠡᠬᠡᠶ᠎ᠶ᠋ᠢᠨ ᠬᠥᠮᠦᠰ᠎ᠢ ᠭᠠᠢᠬᠠᠰᠢ ᠠᠯᠳᠠᠭᠤᠯᠤᠬ᠍ᠰᠠᠠᠨᠢ ᠶᠠᠷᠢᠶᠠᠨ ᠦᠬᠡᠢ᠃
《ᠴᠠᠨᠶᠤᠸᠠᠨ᠎ᠤ ᠬᠤᠯᠪᠣᠭ᠎ᠠ᠎ᠶ᠋ᠢ ᠪᠠᠢᠭᠤᠯᠤᠭ᠍ᠰᠠᠨ᠎ᠤ ᠳᠠᠷᠠᠭ᠎ᠠ᠂ ᠯᠢᠶᠣᠤ ᠤᠯᠤᠰ᠎ᠤᠨ ᠱᠠᠭᠠᠵᠠᠩ᠎ᠤᠨ ᠮᠠᠰᠢ ᠣᠯᠠᠨ ᠰᠠᠪᠠ ᠬᠡᠷᠡᠭ᠌ᠰᠡᠯ᠎ᠢ ᠵᠦᠡᠭ᠌ᠶᠤᠸᠠᠨ ᠣᠷᠣᠨ᠎ᠳᠤ ᠱᠢᠲᠠᠭᠠᠵᠤ᠂ ᠬᠢᠳᠠᠨ ᠦᠨᠳᠦᠰᠦᠲᠡᠨ ᠥᠪᠡᠷ᠎ᠤᠨ ᠦᠨᠳᠦᠰᠦᠲᠡᠨ᠎ᠤ ᠰᠣᠶᠣᠯ᠎ᠤᠨ ᠡᠯᠧᠮᠧᠨ᠋ᠲ᠎ᠢᠶᠠᠨ ᠵᠦᠡᠭ᠌ᠶᠤᠸᠠᠨ ᠣᠷᠣᠨ᠎ᠤ ᠰᠣᠶᠣᠯ᠎ᠳᠤ ᠣᠷᠣᠭᠤᠯᠵᠤ᠂ ᠡᠭᠦᠨ᠎ᠤ ᠬᠠᠮᠲᠤ ᠵᠦᠡᠭ᠌ᠶᠤᠸᠠᠨ ᠣᠷᠣᠨ᠎ᠤ ᠰᠣᠶᠣᠯ᠎ᠤᠨ ᠱᠠᠭᠠᠵᠠᠩ ᠡᠳ᠋ᠯᠡᠯ᠎ᠤᠨ ᠳᠡᠭᠡᠳᠦ ᠮᠡᠷᠭᠡᠵᠢᠯ᠎ᠢ ᠱᠢᠩᠭᠡᠭᠡᠨ ᠠᠪᠴᠤ᠌᠂ ᠨᠢᠭᠡ ᠵᠦᠢᠯ᠎ᠤᠨ ᠮᠠᠰᠢ ᠣᠨᠴᠠᠯᠢᠭ᠎ᠲᠠᠢ ᠱᠠᠭᠠᠵᠠᠩ ᠡᠳ᠋ᠯᠡᠯ᠎ᠤᠨ ᠬᠡᠪ ᠨᠠᠮᠪᠠ᠎ᠶ᠋ᠢ ᠨᠡᠢᠯᠡᠭᠦᠯᠦᠨ ᠪᠦᠷᠢᠯᠳᠦᠭᠦᠯᠵᠦ᠍᠂ ᠳᠤᠮᠳᠠᠳᠤ᠎ᠶ᠋ᠢᠨ ᠦᠨᠳᠦᠰᠦᠲᠡᠨ᠎ᠤ ᠤᠷ᠎ᠠ ᠤᠬᠠᠭᠠᠨ᠎ᠢ ᠢᠯᠡᠷᠡᠭᠦᠯᠦᠭ᠌ᠰᠡᠨ ᠪᠠᠢᠨ᠎ᠠ》 ᠭᠡᠵᠦ᠍ ᠥᠪᠥᠷ ᠮᠣᠩᠭᠤᠯ᠎ᠤᠨ ᠮᠦᠽᠧᠶ᠎ᠶ᠋ᠢᠨ ᠳᠠᠷᠤᠭ᠎ᠠ ᠴᠧᠨ ᠶᠦᠩ ᡁᠢ ᠰᠤᠷᠪᠤᠯᠵᠢᠯᠠᠭ᠍ᠴᠢ᠎ᠳᠤ ᠬᠡᠯᠡᠪᠡ᠃
ᠯᠢᠶᠣᠤ ᠤᠯᠤᠰ᠎ᠤᠨ ᠱᠠᠭᠠᠵᠠᠩ᠎ᠨᠢ ᠳᠤᠮᠳᠠᠳᠤ ᠤᠯᠤᠰ᠎ᠤᠨ ᠸᠠᠭᠠᠷ ᠱᠠᠭᠠᠵᠠᠩ ᠤᠨ ᠴᠢᠬᠤᠯᠠ ᠪᠦᠷᠢᠯᠳᠦᠬᠦᠨ ᠬᠡᠰᠡᠭ ᠪᠣᠯᠤᠭ᠍ᠰᠠᠨ᠎ᠤ ᠬᠤᠪᠢ᠎ᠳᠤ ᠦᠨᠳᠦᠰᠦᠲᠡᠨ᠎ᠤ ᠦᠨᠡᠲᠦ ᠡᠷᠳᠡᠨᠢ ᠮᠥᠨ᠂ ᠳᠤᠮᠳᠠᠳᠤ᠎ᠶ᠋ᠢᠨ ᠰᠣᠶᠣᠯ᠎ᠢ ᠤᠷᠠᠯᠢᠭ᠍ᠵᠢᠭᠤᠯᠤᠭ᠍ᠰᠠᠨ ᠢᠯᠡᠷᠡᠯ ᠮᠥᠨ᠂ ᠪᠠᠰᠠ ᠴᠤ᠌ ᠳᠤᠮᠳᠠᠳᠤ᠎ᠶ᠋ᠢᠨ ᠤᠷ᠎ᠠ ᠤᠬᠠᠭᠠᠨ᠎ᠤ ᠲᠠᠯᠠᠰᠲᠤ ᠮᠥᠨ᠃
ᠡᠨᠡ ᠬᠦ᠌ ᠴᠠᠭ ᠮᠥᠴᠡ᠎ᠳᠤ᠂ ᠤᠷᠠᠨ ᠨᠠᠷᠢᠯᠢᠭ ᠲᠠᠯᠪᠠᠭᠠᠷ ᠠᠮᠠᠰᠠᠷ ᠪᠦᠬᠦᠢ ᠴᠠᠭᠠᠨ ᠰᠡᠨᠵᠢᠳᠤ ᠱᠠᠭᠠᠵᠠᠩ ᠰᠠᠪᠠ᠎ᠳᠤ ᠲᠤᠩᠭᠠᠯᠠᠭ ᠷᠠᠱᠢᠶᠠᠨ ᠲᠦᠭᠦᠷᠡᠩ ᠰᠠᠪᠠᠯᠠᠬᠤ ᠦᠭᠡᠢ ᠪᠣᠯᠤᠭ᠍ᠰᠠᠨ ᠴᠤ᠌᠂ ᠲᠠᠷᠠ᠎ᠨᠢ ᠤᠷᠢᠳᠤᠬᠢ᠎ᠶ᠋ᠢ ᠵᠠᠯᠭᠠᠮᠵᠢᠯᠠᠨ ᠬᠤᠢᠱᠢᠬᠢᠶ᠋ᠢ ᠰᠡᠩᠬᠡᠷᠡᠭᠦᠯᠬᠦ᠌ ᠴᠠᠭ ᠦᠶ᠎ᠡ᠎ᠶ᠋ᠢ ᠠᠴᠢᠶᠠᠯᠠᠨ᠂ ᠳᠤᠮᠳᠠᠳᠤ᠎ᠶ᠋ᠢᠨ ᠦᠨᠳᠦᠰᠦᠲᠡᠨ᠎ᠤ ᠠᠵᠢᠯᠴᠢ ᠬᠥᠳᠡᠯᠮᠦᠷᠢᠴᠢ᠂ ᠡᠭᠡᠯ ᠪᠣᠷᠣᠭ᠍ᠵᠢᠭᠤᠨ ᠠᠪᠢᠶᠠᠰ ᠪᠠ ᠴᠢᠨᠠᠷ᠎ᠢ ᠢᠯᠠᠷᠠᠭᠦᠯᠦᠨ᠂ ᠳᠤᠮᠳᠠᠳᠤ᠎ᠶ᠋ᠢᠨ ᠦᠨᠳᠦᠰᠦᠲᠡᠨ᠎ᠤ ᠤᠷᠠᠨ ᠨᠠᠷᠢᠯᠢᠭᠢ ᠬᠥᠭᠡᠭᠡᠴᠡᠯᠳᠦᠬᠦ᠂ ᠰᠤᠳᠤᠨ ᠰᠠᠢᠬᠠᠨ᠎ᠢ ᠬᠥᠭᠡᠭᠡᠴᠡᠯᠳᠦᠬᠦ᠌ ᠲᠡᠰᠪᠦᠷᠢ ᠲᠡᠪᠴᠢᠶᠡᠷᠢ᠎ᠶ᠋ᠢ ᠠᠭᠤᠯᠵᠤ᠂ ᠳᠤᠮᠳᠠᠳᠤ᠎ᠶ᠋ᠢᠨ ᠦᠨᠳᠦᠰᠦᠲᠡᠨ᠎ᠤ ᠰᠡᠴᠡᠨ ᠰᠡᠷᠭᠦᠯᠡᠩ ᠤᠶᠤᠨ ᠤᠬᠠᠭᠠᠨ᠎ᠤ ᠲᠠᠯᠠᠰᠳᠤ ᠪᠤᠯᠵᠠᠢ᠃