ᠱᠢᠯᠢ᠎ᠶ᠋ᠢᠨ ᠭᠤᠤᠯ ᠠᠢᠮᠠᠭ ᠪᠦᠬᠦ᠌ ᠤᠯᠤᠰ᠎ᠤᠨ ᠮᠢᠬᠠᠨ᠎ᠤ ᠬᠤᠨᠢ᠎ᠶ᠋ᠢᠨ ᠠᠱᠢᠭ ᠱᠢᠮ᠎ᠠ᠎ᠶ᠋ᠢᠨ ᠲᠠᠪᠠᠭᠤᠯᠢᠭ᠍ᠳᠤ ᠤᠷᠤᠨ᠎ᠢ ᠪᠦᠳᠦᠬᠡᠨ ᠪᠠᠢᠭᠤᠯᠤᠨ᠎ᠠ
2021-07-09 09:49:36
ᠵᠣᠬᠢᠶᠠᠭ᠍ᠴᠢ᠄
ᠭᠤᠸ᠎ᠠ
ᠣᠩᠱᠢᠭ᠍ᠰᠠᠨ ᠣᠳᠠᠭ᠎ᠠ᠄
★★★☆☆

ᠪᠤᠭ ᠮᠠᠯ᠎ᠤᠨ ᠠᠵᠤ ᠦᠢᠯᠡᠰ ᠪᠣᠯ ᠱᠢᠯᠢ᠎ᠶ᠋ᠢᠨ ᠭᠤᠤᠯ᠎ᠤᠨ ᠠᠢᠮᠠᠭ᠎ᠤᠨ ᠮᠠᠯ ᠠᠵᠤ ᠠᠬᠤᠶ᠎ᠶ᠋ᠢᠨ ᠭᠤᠤᠯᠯᠠᠬ᠍ᠴᠢ ᠠᠵᠤ ᠦᠢᠯᠡᠰ ᠪᠠ ᠳᠠᠪᠠᠭᠤᠯᠢᠭ᠍ᠳᠤ ᠠᠵᠤ ᠦᠢᠯᠡᠰ ᠪᠠᠢᠵᠤ᠂ ᠤᠳᠤ ᠪᠦᠬᠦ᠌ ᠠᠢᠮᠠᠭ᠎ᠢᠶᠠᠷ᠎ᠢᠶᠠᠨ 1100 ᠲᠦᠮᠡ ᠭᠠᠷᠤᠢ ᠪᠤᠭ ᠮᠠᠯ ᠲᠡᠵᠢᠭᠡᠵᠦ᠍ ᠪᠠᠢᠨ᠎ᠠ᠃ ᠳᠤᠮᠳᠠᠳᠤ ᠤᠯᠤᠰ᠎ᠤᠨ ᠮᠢᠬᠠᠨ᠎ᠤ ᠲᠦᠷᠦᠯ᠎ᠤᠨ ᠨᠡᠢᠭᠡᠮᠯᠢᠭ᠎ᠤᠨ 2021 ᠤᠨ᠎ᠤ ᠠᠮᠢ ᠠᠬᠤᠢ᠎ᠶ᠋ᠢᠨ ᠪᠤᠭ ᠮᠠᠯ᠎ᠤᠨ ᠠᠵᠤ ᠦᠢᠯᠡᠰ᠎ᠤᠨ ᠲᠦᠷᠦᠭᠦᠴᠦᠳ᠎ᠤᠨ ᠬᠤᠷᠠᠯ (ᠱᠢᠯᠢ᠎ᠶ᠋ᠢᠨ ᠭᠤᠤᠯ) ᠎ᠤᠨ ᠳᠤᠬᠠᠢ ᠰᠤᠨᠢᠨ ᠮᠡᠳᠡᠭᠡ ᠨᠡᠢᠳᠡᠯᠡᠭᠦ᠌ ᠬᠤᠷᠠᠯ ᠲᠦᠷᠦᠬᠦᠬᠡᠨ ᠬᠦᠬᠡᠬᠤᠳᠠ᠎ᠳᠤ ᠶᠠᠪᠤᠭ᠍ᠳᠠᠵᠤ᠂ ᠰᠤᠷᠪᠤᠯᠵᠢᠯᠠᠭ᠍ᠴᠢ ᠮᠢᠬᠠᠨ᠎ᠤ ᠬᠤᠨᠢ᠎ᠶ᠋ᠢᠨ ᠠᠵᠤ ᠦᠢᠯᠡᠰ᠎ᠤᠨ ᠴᠢᠨᠠᠷ ᠰᠠᠢᠳᠠᠢ ᠬᠦᠭ᠌ᠵᠢᠯᠳᠡ᠎ᠶ᠋ᠢ ᠬᠡᠷᠬᠢᠨ ᠪᠠᠳᠤᠯᠠᠵᠤ ᠪᠠᠢᠬᠤ ᠳᠤᠬᠠᠢ ᠱᠢᠯᠢ᠎ᠶ᠋ᠢᠨ ᠭᠤᠣᠯ ᠠᠢᠮᠠᠭ᠎ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠳᠤᠰᠭᠤᠨ ᠮᠠᠯᠵᠢᠬᠤ ᠤᠷᠤᠨ᠎ᠤ ᠳᠤᠪᠴᠢᠶ᠎ᠠ᠎ᠶ᠋ᠢᠨ ᠳᠡᠳ᠋ ᠳᠠᠷᠤᠭ᠎ᠠ ᠠᠯᠳᠠᠨᠰᠦ᠋ᠬᠡ᠎ᠶ᠋ᠢ ᠰᠤᠷᠪᠤᠯᠵᠢᠯᠠᠪᠠ᠃

《ᠪᠢᠳᠡ 〈ᠪᠦᠬᠦ᠌ ᠤᠯᠤᠰ᠎ᠤᠨ ᠦᠪᠡᠷᠮᠢᠴᠡ ᠣᠨᠴᠠᠯᠢᠭ᠎ᠲᠠᠢ ᠮᠢᠬᠠᠨ᠎ᠤ ᠬᠤᠨᠢ᠎ᠶ᠋ᠢᠨ ᠠᠱᠢᠭ ᠱᠢᠮ᠎ᠠ᠎ᠶ᠋ᠢᠨ ᠲᠠᠪᠠᠭᠤᠯᠢᠭ᠍ᠳᠤ ᠣᠷᠣᠨ〉 ᠎ᠢ ᠪᠥᠲᠥᠭᠡᠨ ᠪᠠᠢᠭᠤᠯᠬᠤ ᠲᠣᠭᠤᠷᠢᠨ᠎ᠳᠤ ᠮᠢᠬᠠᠨ᠎ᠤ ᠬᠤᠨᠢ᠎ᠶ᠋ᠢᠨ ᠠᠵᠤ ᠦᠢᠯᠡᠰ᠎ᠢ ᠬᠦᠭ᠌ᠵᠢᠬᠦᠯᠵᠤ᠂ ᠭᠤᠤᠯᠳᠠᠭᠤ ᠴᠡᠪᠡᠷᠱᠢᠭᠦᠯᠦᠨ ᠡᠬᠦᠯᠳᠡᠷ ᠰᠠᠢᠵᠢᠷᠠᠭᠤᠯᠬᠤ᠂ ᠡᠷᠯᠢᠰᠡᠵᠢᠭᠦᠯᠦᠨ ᠪᠤᠢᠵᠢᠭᠤᠯᠵᠤ ᠪᠤᠷᠳᠤᠨ ᠲᠠᠷᠭᠤᠯᠠᠭᠤᠯᠬᠤ᠂ ᠮᠢᠬᠠᠨ᠎ᠤ ᠬᠤᠨᠢ᠎ᠶ᠋ᠢᠨ ᠲᠦᠷᠦᠯ ᠳᠡᠮᠳᠡᠭ᠎ᠢ ᠡᠵᠡᠩᠨᠡᠬᠦ᠌ ᠳᠡᠭᠡᠷ᠎ᠡ ᠬᠦᠴᠦ᠍ ᠲᠠᠯᠪᠢᠵᠤ ᠪᠠᠢᠨ᠎ᠠ》 ᠬᠡᠵᠤ ᠠᠯᠳᠠᠨᠰᠦ᠋ᠬᠡ ᠨᠢᠬᠡᠳ ᠨᠢᠬᠡ᠎ᠪᠠᠷ ᠲᠠᠨᠢᠯᠴᠠᠭᠤᠯᠤᠯ᠎ᠠ᠃

— ᠣᠷᠣᠨ ᠨᠤᠲᠤᠭ᠎ᠤᠨ ᠰᠠᠢᠨ ᠡᠭᠦᠯᠳᠡᠷ᠎ᠤᠨ ᠬᠤᠨᠢ᠎ᠶ᠋ᠢ ᠰᠣᠩᠭᠤᠨ ᠪᠤᠢᠵᠢᠭᠤᠯᠬᠤ ᠪᠠ ᠰᠠᠢᠨ ᠡᠭᠦᠯᠳᠡᠷ᠎ᠢ ᠬᠠᠮᠠᠭᠠᠯᠠᠵᠤ ᠦᠷᠡᠵᠢᠭᠦᠯᠦᠨ ᠪᠤᠢᠵᠢᠭᠤᠯᠬᠤ᠎ᠶ᠋ᠢ ᠴᠢᠩᠭᠠᠳᠭᠠᠵᠤ ᠪᠠᠢᠨ᠎ᠠ᠃ ᠦᠷ᠎ᠠ᠎ᠶ᠋ᠢᠨ ᠮᠠᠯ᠎ᠤᠨ ᠲᠠᠯᠠᠪᠠᠶ᠂ ᠥᠷᠭᠡᠳᠭᠡᠨ ᠦᠷᠡᠵᠢᠭᠦᠯᠬᠦ᠌ ᠲᠠᠯᠠᠪᠠᠶ᠂ ᠭᠤᠤᠯᠯᠠᠬᠤ ᠰᠦᠷᠦᠭ᠎ᠤᠨ ᠪᠠᠢᠭᠤᠯᠤᠯᠲᠠ᠎ᠶ᠋ᠢ ᠰᠠᠢᠲᠤᠷ ᠠᠳᠭᠤᠵᠤ᠂ ᠰᠠᠢᠨ ᠡᠭᠦᠯᠳᠡᠷ᠎ᠤᠨ ᠮᠢᠬᠠᠨ᠎ᠤ ᠬᠤᠨᠢ᠎ᠶ᠋ᠢ ᠦᠷᠡᠵᠢᠭᠦᠯᠦᠨ ᠪᠤᠢᠵᠢᠭᠤᠯᠬᠤ ᠱᠢᠰᠲ᠋ᠧᠮ᠎ᠢᠶᠠᠨ ᠪᠠᠬᠢᠵᠢᠭᠦᠯᠦᠨ᠂ ᠡᠭᠦᠯᠳᠡᠷ ᠬᠠᠩᠭᠠᠬᠤ ᠴᠢᠳᠠᠪᠤᠷᠢ᠎ᠪᠠᠨ ᠳᠡᠭᠡᠭ᠌ᠰᠢᠯᠡᠭᠦᠯᠵᠤ ᠪᠤᠢ᠃

— ᠮᠢᠬᠠᠨ᠎ᠤ ᠬᠤᠨᠢ᠎ᠶ᠋ᠢᠨ ᠪᠤᠳᠠᠭᠠᠯᠢ ᠪᠠᠶ᠎ᠠ᠎ᠶ᠋ᠢᠨ ᠦᠢᠯᠡᠳᠬᠦᠨ᠎ᠤ ᠦᠷᠳᠡᠭ ᠪᠠ ᠮᠠᠯᠵᠢᠯ᠎ᠤᠨ ᠦᠷ᠎ᠡ ᠠᠱᠢᠭ᠎ᠢ ᠳᠡᠭᠡᠭ᠌ᠰᠢᠯᠡᠭᠦᠯᠵᠤ ᠪᠠᠢᠨ᠎ᠠ᠃ 《ᠠᠮᠢ ᠠᠬᠤᠶ᠎ᠶ᠋ᠢ ᠤᠷᠢᠳ᠎ᠢᠶᠠᠷ ᠪᠤᠳᠤᠯᠬᠢᠯᠠᠬᠤ ᠪᠣᠬᠢᠷᠲᠤᠯ ᠦᠭᠡᠶ᠎ᠪᠠᠷ ᠬᠥᠭ᠌ᠵᠢᠭᠦᠯᠬᠦ᠌》 ᠱᠠᠭᠠᠷᠳᠠᠯᠭ᠎ᠠ ᠶᠣᠰᠣᠭᠠᠷ᠂ ᠪᠡᠯᠴᠢᠬᠡᠷ᠎ᠤᠨ ᠬᠤᠨᠢ᠎ᠶ᠋ᠢᠨ ᠠᠵᠤ ᠦᠢᠯᠡᠰ᠎ᠤᠨ ᠬᠥᠭ᠌ᠵᠢᠯᠲᠡ ᠪᠠ ᠲᠦᠷᠦᠯ ᠲᠡᠮᠳᠡᠭ᠎ᠤᠨ ᠳᠠᠪᠠᠭᠤᠯᠢᠭ᠎ᠢᠶᠠᠨ ᠪᠠᠲᠤᠳᠭᠠᠭ᠍ᠰᠠᠨ ᠰᠠᠭᠤᠷᠢᠨ ᠳᠡᠭᠡᠷ᠎ᠡ᠂ ᠡᠷᠯᠢᠰᠡᠵᠢᠭᠦᠯᠤᠨ ᠡᠬᠦᠯᠳᠡᠷ ᠰᠠᠢᠵᠢᠷᠠᠭᠤᠯᠬᠤ᠂ ᠬᠠᠱᠢᠶᠠᠯᠠᠨ ᠲᠠᠵᠢᠬᠡᠵᠤ ᠪᠣᠷᠳᠣᠨ ᠲᠠᠷᠭᠤᠯᠠᠭᠤᠯᠬᠤ ᠪᠠ ᠤᠯᠠᠷᠢᠯ ᠰᠣᠯᠪᠢᠴᠠᠭᠤᠯᠤᠨ ᠪᠣᠷᠣᠯᠠᠭᠤᠯᠬᠤ᠎ᠪᠠᠷ ᠲᠠᠮᠵᠢᠨ ᠮᠢᠬᠠᠨ᠎ᠤ ᠬᠤᠨᠢ᠎ᠶ᠋ᠢᠨ ᠪᠤᠳᠠᠭᠠᠯᠢ ᠪᠠᠶ᠎ᠠ᠎ᠶ᠋ᠢᠨ ᠦᠢᠯᠡᠳᠬᠦᠨ᠎ᠤ ᠦᠷᠳᠡᠭ ᠪᠠ ᠮᠠᠯᠵᠢᠯ᠎ᠤᠨ ᠦᠷ᠎ᠡ ᠠᠱᠢᠭ᠎ᠢ ᠳᠡᠭᠡᠭ᠌ᠰᠢᠯᠡᠭᠦᠯᠬᠦ᠌᠎ᠶ᠋ᠢᠨ ᠬᠠᠮᠳᠤ ᠪᠡᠯᠴᠢᠭᠡᠷ᠎ᠤᠨ ᠳᠠᠷᠤᠯᠲᠠ᠎ᠶ᠋ᠢ ᠬᠥᠩᠭᠡᠷᠡᠭᠦᠯᠪᠠ᠃ ᠪᠠᠰᠠ ᠮᠠᠯᠴᠢᠨ ᠳᠠᠷᠢᠶᠠᠴᠢᠨ᠎ᠤ ᠣᠷᠣᠯᠭ᠎ᠠ᠎ᠶ᠋ᠢᠨ ᠨᠡᠮᠡᠭ᠌ᠳᠡᠯ᠎ᠢ ᠠᠬᠢᠭᠤᠯᠬᠤ᠎ᠪᠠᠷ ᠭᠠᠷᠳᠠᠴᠠ ᠪᠣᠯᠭᠠᠨ᠂ ᠨᠥᠬᠦᠴᠡᠯ᠎ᠲᠠᠢ ᠭᠠᠵᠠᠷ᠎ᠲᠤ ᠮᠢᠬᠠᠨ᠎ᠤ ᠬᠤᠨᠢ᠎ᠶ᠋ᠢ ᠡᠷᠯᠢᠰᠡᠵᠢᠭᠦᠯᠦᠨ ᠪᠤᠢᠵᠢᠭᠤᠯᠵᠤ ᠪᠤᠷᠳᠤᠨ ᠲᠠᠷᠭᠤᠯᠠᠭᠤᠯᠬᠤ᠎ᠶ᠋ᠢ ᠵᠣᠬᠢᠬᠤ ᠬᠡᠮᠵᠢᠶ᠎ᠡ᠎ᠪᠠᠷ ᠥᠷᠨᠢᠭᠦᠯᠵᠦ᠍᠂ ᠠᠭᠠᠵᠢᠮ᠎ᠢᠶᠠᠷ ᠤᠯᠠᠷᠢᠯ ᠰᠣᠯᠪᠢᠴᠠᠭᠤᠯᠤᠨ ᠪᠣᠷᠣᠯᠠᠭᠤᠯᠬᠤ᠂ ᠵᠢᠯ᠎ᠤᠨ ᠲᠦᠷᠪᠡᠨ ᠤᠯᠠᠷᠢᠯ᠎ᠢᠶᠠᠷ ᠪᠣᠷᠣᠯᠠᠭᠤᠯᠬᠤ᠎ᠶ᠋ᠢ ᠪᠡᠶᠡᠯᠡᠭᠦᠯᠵᠤ ᠪᠤᠢ᠃

— ᠱᠢᠯᠢ᠎ᠶ᠋ᠢᠨ ᠭᠤᠤᠯ ᠲᠦᠷᠦᠯ ᠲᠡᠮᠳᠡᠭ᠌ᠳᠤ ᠮᠢᠬᠠᠠ᠎ᠤ ᠬᠤᠨᠢ᠎ᠶ᠋ᠢᠨ ᠶᠠᠰᠤ ᠴᠢᠨᠠᠷ᠎ᠢᠶᠠᠨ ᠪᠠᠳᠤᠯᠠᠵᠤ ᠪᠠᠢᠨ᠎ᠠ᠃ ᠲᠡᠵᠢᠭᠡᠨ ᠦᠷᠡᠵᠢᠭᠦᠯᠬᠦ᠌ ᠲᠠᠯ᠎ᠠ᠎ᠪᠠᠷ᠂ ᠡᠬᠢ ᠡᠭᠦᠰᠦᠯ᠎ᠠᠴᠠ᠎ᠨᠢ ᠬᠠᠮᠢᠶᠠᠷᠬᠤ᠎ᠶ᠋ᠢ ᠴᠢᠩᠭᠠᠳᠭᠠᠨ᠂ ᠮᠢᠬᠠᠨ᠎ᠤ ᠬᠤᠨᠢ᠎ᠶ᠋ᠢᠨ ᠪᠠᠷᠢᠮᠵᠢᠶᠠᠨ᠎ᠤ ᠮᠡᠷᠭᠡᠵᠢᠯ᠎ᠢ ᠳᠡᠯᠭᠡᠷᠡᠭᠦᠯᠬᠦ᠌ ᠱᠢᠰᠲ᠋ᠧᠮ ᠪᠤᠯᠤᠨ ᠶᠠᠰᠤ ᠴᠢᠨᠠᠷ᠎ᠤᠨ ᠪᠠᠷᠢᠮᠵᠢᠶᠠᠨ᠎ᠤ ᠱᠢᠰᠲ᠋ᠧᠮ᠎ᠢ ᠰᠠᠢᠲᠤᠷ ᠠᠳᠭᠤᠵᠤ᠂ ᠭᠠᠷᠤᠯᠲᠠ᠎ᠶ᠋ᠢᠨ ᠣᠷᠣᠨ᠎ᠤ ᠬᠢᠵᠢᠭ ᠪᠠᠢᠴᠠᠭᠠᠬᠤ ᠪᠣᠭᠤᠮᠲᠠ᠎ᠶ᠋ᠢ ᠴᠢᠩᠭ᠎ᠠ ᠡᠵᠡᠮᠳᠡᠵᠤ ᠪᠤᠢ᠃ ᠬᠡᠮ ᠬᠢᠵᠢᠭ᠎ᠢ ᠰᠡᠷᠭᠡᠢᠯᠡᠨ ᠡᠵᠡᠮᠳᠡᠬᠦ᠌ ᠲᠠᠯ᠎ᠠ᠎ᠪᠠᠷ᠂ 《ᠰᠡᠷᠭᠡᠢᠯᠡᠬᠦ᠌᠎ᠪᠠᠷ ᠭᠤᠣᠯ ᠪᠣᠯᠭᠠᠬᠤ》 ᠴᠢᠭ᠌ᠯᠡᠯᠲᠡ᠎ᠶ᠋ᠢ ᠪᠠᠷᠢᠮᠲᠠᠯᠠᠨ᠂ ᠡᠬᠡᠯᠢᠯᠡᠭᠡ᠎ᠶ᠋ᠢᠨ ᠦᠢᠯᠡᠳᠤᠯ ᠴᠢᠳᠠᠪᠬᠢ᠎ᠶ᠋ᠢ ᠴᠢᠩᠭᠠᠳᠭᠠᠬᠤ᠂ ᠬᠢᠵᠢᠭ ᠪᠠᠢᠴᠠᠭᠠᠬᠤ᠎ᠶ᠋ᠢ ᠬᠢᠨᠠᠨ ᠬᠠᠮᠢᠶᠠᠷᠬᠤ᠂ ᠬᠢᠵᠢᠭ᠎ᠤᠨ ᠪᠠᠢᠳᠠᠯ᠎ᠢ ᠵᠢᠭ᠍ᠰᠠᠭᠠᠨ ᠪᠠᠢᠴᠠᠭᠠᠬᠤ᠂ ᠬᠢᠨᠠᠨ ᠬᠡᠮᠵᠢᠵᠦ᠍ ᠤᠷᠢᠳᠴᠢᠯᠠᠨ ᠰᠡᠷᠡᠮᠵᠢᠯᠡᠭᠦᠯᠬᠦ᠌ ᠵᠡᠷᠭᠡ ᠠᠵᠢᠯ᠎ᠢ ᠰᠠᠢᠲᠤᠷ ᠠᠳᠭᠤᠵᠤ ᠪᠤᠢ᠃ ᠦᠢᠯᠡᠳᠪᠦᠷᠢᠯᠡᠯ ᠡᠳ᠋ᠱᠢᠭᠦᠯᠤᠯᠳᠡ᠎ᠶ᠋ᠢᠨ ᠲᠠᠯ᠎ᠠ᠎ᠪᠠᠷ᠂ ᠨᠢᠲᠤᠯᠤᠨ ᠡᠳ᠋ᠱᠢᠬᠦᠯᠬᠦ᠌ ᠠᠵᠤ ᠠᠬᠤᠢ᠍ᠢᠯᠠᠯ᠎ᠢ ᠱᠠᠯᠠᠪᠳᠠᠭᠤᠯᠵᠤ ᠪᠠᠢᠭᠠᠳ ᠶᠠᠰᠤ ᠴᠢᠨᠠᠷ᠎ᠤᠨ ᠠᠮᠤᠷ ᠲᠦᠪᠱᠢᠨ᠎ᠤ ᠭᠤᠤᠯ ᠴᠣᠭ᠍ᠴᠠ᠎ᠶ᠋ᠢᠨ ᠬᠠᠷᠢᠭᠤᠴᠠᠯᠭ᠎ᠠ᠎ᠶ᠋ᠢ ᠨᠠᠢᠳᠠᠪᠤᠷᠢᠵᠢᠭᠤᠯᠵᠤ᠂ ᠮᠢᠬᠠᠨ᠎ᠤ ᠵᠦᠢᠯ᠎ᠤᠨ ᠶᠠᠰᠤ ᠴᠢᠨᠠᠷ᠎ᠢ ᠱᠢᠯᠭᠠᠨ ᠪᠠᠢᠴᠠᠭᠠᠬᠤ ᠲᠦᠷᠢᠮ᠎ᠢ ᠲᠡᠭᠦᠯᠳᠡᠷᠵᠢᠭᠦᠯᠦᠨ᠂ ᠮᠢᠬᠠᠨ᠎ᠤ ᠵᠦᠢᠯ᠎ᠤᠨ ᠶᠠᠰᠤ ᠴᠢᠨᠠᠷ᠎ᠤᠨ ᠱᠢᠯᠭᠠᠨ ᠪᠠᠢᠴᠠᠭᠠᠯᠳᠠ᠎ᠶ᠋ᠢ ᠲᠦᠷᠢᠮ ᠲᠣᠭ᠍ᠲᠠᠭᠠᠯ ᠶᠣᠰᠣᠭᠠᠷ ᠨᠠᠷᠢᠨ ᠨᠢᠮᠪᠠᠢ ᠶᠠᠪᠤᠭ᠍ᠳᠠᠭᠤᠯᠵᠤ ᠪᠠᠢᠨ᠎ᠠ᠃

《ᠮᠥᠷᠳᠡᠯᠳᠡ᠎ᠶ᠋ᠢᠨ ᠱᠢᠰᠲ᠋ᠧᠮ ᠪᠣᠯ ᠶᠠᠰᠤ ᠴᠢᠨᠠᠷ᠎ᠢ ᠪᠠᠲᠤᠯᠠᠬᠤ᠂ ᠲᠥᠷᠥᠯ ᠲᠡᠮᠳᠡᠭ᠎ᠢ ᠬᠠᠮᠠᠭᠠᠯᠠᠬᠤ ᠪᠦᠲᠦᠮᠵᠢᠲᠡᠶ ᠠᠷᠭ᠎ᠠ ᠬᠡᠮᠵᠢᠶ᠎ᠡ᠎ᠶ᠋ᠢᠨ ᠨᠢᠭᠡ ᠪᠣᠯᠤᠨ᠎ᠠ᠃ ᠪᠢᠳᠡ ᠱᠢᠯᠢ᠎ᠶ᠋ᠢᠨ ᠭᠤᠤᠯ ᠲᠥᠷᠥᠯ ᠲᠡᠮᠳᠡᠭ᠌ᠳᠤ ᠮᠢᠬᠠᠨ᠎ᠤ ᠬᠤᠨᠢ᠎ᠶ᠋ᠢᠨ ᠮᠥᠷᠳᠡᠯᠳᠠ᠎ᠶ᠋ᠢᠨ ᠱᠢᠰᠲ᠋ᠧᠮ᠎ᠤᠨ ᠪᠠᠢᠭᠤᠯᠤᠯᠲᠠ᠎ᠶ᠋ᠢ ᠬᠦᠴᠦᠯᠡᠨ ᠠᠬᠢᠭᠤᠯᠵᠤ᠂ ᠮᠢᠬᠠᠨ᠎ᠤ ᠬᠤᠨᠢ᠎ᠶ᠋ᠢ ᠲᠡᠵᠢᠭᠡᠨ ᠮᠠᠯᠵᠢᠬᠤ᠂ ᠨᠢᠲᠤᠯᠤᠨ ᠡᠳ᠋ᠱᠢᠭᠦᠯᠬᠦ᠂ ᠨᠠᠷᠢᠯᠢᠭ ᠪᠤᠯᠪᠠᠰᠤᠷᠠᠭᠤᠯᠬᠤ᠂ ᠪᠠᠷᠠᠭᠠᠨ᠎ᠤ ᠭᠦᠢᠯᠭᠡᠭᠡ᠎ᠪᠠᠷ ᠳᠣᠭᠢᠷᠠᠭᠤᠯᠤᠨ ᠬᠦᠷᠭᠡᠬᠦ᠂ ᠪᠣᠷᠣᠯᠠᠭᠤᠯᠬᠤ ᠵᠡᠷᠭᠡ 5 ᠭᠤᠭ᠍ᠴᠤᠭ᠎ᠠ᠎ᠶ᠋ᠢᠨ ᠪᠥᠬᠦ᠌ ᠶᠠᠪᠤᠴᠠ᠎ᠶ᠋ᠢ ᠴᠦᠮ ᠮᠥᠷᠳᠡᠵᠤ ᠪᠤᠯᠬᠤ᠎ᠶ᠋ᠢ ᠪᠠᠶᠡᠯᠡᠬᠦᠯᠵᠤ ᠪᠠᠢᠨ᠎ᠠ》 ᠬᠡᠵᠤ ᠠᠯᠳᠠᠨᠰᠦ᠋ᠬᠡ ᠤᠷᠮᠠᠳᠠᠢ ᠶᠠᠷᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号