ᠳᠡᠯᠭᠡᠷ ᠵᠤᠨ᠎ᠤ ᠨᠠᠭᠠᠳᠤᠮ ᠲᠡᠨᠵᠢ ᠬᠤᠳᠤᠯᠵᠠᠭᠤᠯᠤᠭᠠᠳ ᠢᠷᠡᠯ᠎ᠡ᠂ ᠦᠩᠭᠡᠳᠦ ᠳᠠᠯᠪᠠᠭ᠎ᠠ ᠮᠢᠷᠠᠯᠵᠠᠭᠤᠯᠤᠨ ᠦᠵᠡᠰᠭᠦᠯᠡᠩᠳᠦ ᠨᠤᠲᠤᠭ᠎ᠢᠶᠠᠨ ᠴᠢᠮᠡᠯᠠ᠃ 7 ᠰᠠᠷ᠎ᠠ᠎ᠶ᠋ᠢᠨ 31 ᠤ ᠡᠳᠦᠷ᠂ ᠥᠪᠥᠷ ᠮᠣᠩᠭᠤᠯ᠎ᠤᠨ 31 ᠳ᠋ᠤᠭᠡᠷ ᠬᠤᠭᠤᠴᠠᠭᠠᠨ᠎ᠤ ᠵᠢᠭᠤᠯᠴᠢᠯᠠᠯ᠎ᠤᠨ ᠨᠠᠭᠠᠳᠤᠮ᠎ᠤᠨ ᠶᠡᠭᠡ ᠬᠤᠷᠠᠯ ᠵᠢᠴᠢ ᠲᠠᠷᠬᠠᠨ ᠮᠤᠤᠮᠢᠩᠭᠠᠨ ᠬᠤᠯᠪᠤᠭᠠᠳᠦ ᠬᠤᠱᠢᠭᠤᠨ᠎ᠤ 8 ᠳ᠋ᠤᠭᠠᠷ ᠬᠤᠭᠤᠴᠠᠭᠠᠨ᠎ᠤ ᠨᠡᠬᠦᠳᠡᠯ ᠮᠠᠯᠵᠢᠯ᠎ᠤᠨ ᠰᠤᠶᠤᠯ ᠵᠢᠭᠤᠯᠴᠢᠯᠠᠯ᠎ᠤᠨ ᠨᠠᠢᠷ ᠳᠠᠷᠬᠠᠨ ᠮᠤᠤᠮᠢᠩᠭᠠᠨ ᠬᠤᠯᠪᠤᠭᠠᠳᠦ ᠬᠤᠱᠢᠭᠤᠨ᠎ᠤ ᠪᠠᠳᠤᠬᠠᠭᠠᠯᠭ᠎ᠠ ᠪᠠᠯᠭᠠᠰᠤ᠎ᠶ᠋ᠢᠨ ᠨᠠᠭᠠᠳᠤᠮ᠎ᠤᠨ ᠬᠤᠷᠠᠯ ᠰᠣᠶᠣᠯ᠎ᠤᠨ ᠠᠵᠤ ᠦᠢᠯᠡᠰ᠎ᠤᠨ ᠬᠦᠷᠢᠶᠡᠯᠡᠩ᠎ᠳᠤ ᠦᠪᠡᠳᠡᠭ᠌ᠰᠢ ᠶᠡᠭᠡ᠎ᠪᠠᠷ ᠡᠬᠢᠯᠡᠪᠡ᠃

ᠥᠪᠥᠷ ᠮᠣᠩᠭᠤᠯ᠎ᠤᠨ 31 ᠳ᠋ᠤᠭᠡᠷ ᠬᠤᠭᠤᠴᠠᠭᠠᠨ᠎ᠤ ᠵᠢᠭᠤᠯᠴᠢᠯᠠᠯ᠎ᠤᠨ ᠨᠠᠭᠠᠳᠤᠮ᠎ᠤᠨ ᠶᠡᠭᠡ ᠬᠤᠷᠠᠯ ᠵᠢᠴᠢ ᠲᠠᠷᠬᠠᠨ ᠮᠤᠤᠮᠢᠩᠭᠠᠨ ᠬᠤᠯᠪᠤᠭᠠᠳᠦ ᠬᠤᠱᠢᠭᠤᠨ᠎ᠤ 8 ᠳ᠋ᠤᠭᠠᠷ ᠬᠤᠭᠤᠴᠠᠭᠠᠨ᠎ᠤ ᠨᠡᠬᠦᠳᠡᠯ ᠮᠠᠯᠵᠢᠯ᠎ᠤᠨ ᠰᠤᠶᠤᠯ ᠵᠢᠭᠤᠯᠴᠢᠯᠠᠯ᠎ᠤᠨ ᠨᠠᠢᠷ᠎ᠤᠨ ᠡᠬᠢᠯᠡᠯᠲᠡ᠎ᠶ᠋ᠢᠨ ᠶᠤᠰᠤᠯᠠᠯ᠎ᠤᠨ ᠬᠡᠰᠡᠭ ᠦᠵᠡᠭ᠌ᠳᠡᠯ
ᠡᠬᠢᠯᠡᠯᠳᠡ᠎ᠶ᠋ᠢᠨ ᠶᠤᠰᠤᠯᠠᠯ᠎ᠳᠤ ᠤᠯᠠᠮᠵᠢᠯᠠᠯᠳᠦ ᠵᠠᠩᠱᠢᠯᠢᠶᠠᠷᠢᠶᠠᠨ ᠭᠠᠯ᠎ᠤᠨ ᠳᠠᠬᠢᠯᠭ᠎ᠠ ᠬᠢᠵᠦ᠍ ᠪᠠᠷᠠᠭ᠍ᠰᠠᠨ᠎ᠤ ᠳᠠᠷᠠᠭ᠎ᠠ ᠬᠠᠳᠠᠭ᠎ᠤᠨ ᠡᠩᠨᠡᠭᠡ᠂ ᠪᠦᠯᠬᠦᠮᠳᠡᠯ ᠳᠠᠪᠱᠢᠯᠳᠠ᠎ᠶ᠋ᠢᠨ ᠡᠩᠨᠡᠭᠡ᠂ ᠪᠤᠭᠤᠳᠤ᠎ᠶ᠋ᠢᠨ ᠪᠤᠯᠤᠳ ᠲᠡᠮᠦᠷ᠎ᠤᠨ ᠠᠵᠢᠯᠴᠢᠨ᠎ᠤ ᠡᠩᠨᠡᠭᠡ᠂ 《ᠭᠤᠷᠪᠠᠨ ᠮᠢᠩᠭᠠᠨ ᠦᠨᠤᠴᠢᠨ ᠬᠡᠤᠬᠡᠳ᠎ᠢ ᠦᠷᠡᠴᠢᠯᠡᠨ ᠳᠡᠵᠢᠭᠡᠭ᠌ᠰᠡᠨ》 ᠭᠤᠤᠯ ᠰᠡᠳᠦᠪᠳᠦ ᠡᠩᠨᠡᠭᠡ᠂ 《ᠳᠠᠯ᠎ᠠ ᠨᠤᠲᠤᠭ᠎ᠤᠨ ᠪᠢᠴᠢᠬᠠᠨ ᠪᠠᠭᠠᠲᠤᠷ ᠡᠭᠡᠴᠢ ᠦᠬᠢᠨ ᠳᠡᠬᠦᠦ》 ᠭᠤᠤᠯ ᠰᠡᠳᠦᠪᠳᠦ ᠡᠩᠨᠡᠭᠡ᠂ ᠤᠯᠠᠭᠠᠨᠮᠦᠴᠢᠷ᠎ᠤᠨ ᠡᠩᠨᠡᠭᠡ᠂ ᠨᠠᠭᠠᠳᠤᠮᠴᠢᠳ᠎ᠤᠨ ᠡᠩᠨᠡᠭᠡ ᠵᠡᠷᠭᠡ 9 ᠡᠩᠨᠡᠭᠡᠨ᠎ᠤ 1700 ᠭᠠᠷᠤᠢ ᠬᠦᠮᠦᠨ ᠵᠢᠭ᠍ᠰᠠᠭᠠᠯ᠎ᠳᠤ ᠤᠷᠤᠵᠦ᠍᠂ ᠤᠯᠤᠰ᠎ᠤᠨ ᠲᠤᠭ᠎ᠢ ᠮᠠᠨᠳᠤᠭᠤᠯᠪᠠ᠃ ᠨᠠᠭᠠᠳᠤᠮ᠎ᠤᠨ ᠶᠡᠭᠡ ᠬᠤᠷᠠᠯ ᠡᠬᠢᠯᠡᠭ᠌ᠰᠡᠨ᠎ᠢ ᠵᠠᠷᠯᠠᠭ᠍ᠰᠠᠨᠤ ᠳᠠᠷᠠᠭ᠎ᠠ ᠲᠠᠭᠤᠤ 《ᠮᠢᠨᠤ ᠦᠪᠦᠷ ᠮᠤᠩᠭᠤᠯ》᠂ ᠳᠠᠭᠤᠤ ᠪᠦᠵᠢᠭ 《ᠲᠠᠷᠬᠠᠨ ᠮᠤᠤᠮᠢᠩᠭᠠᠨ》᠂ 《ᠳᠠᠯ᠎ᠠ ᠨᠤᠲᠤᠭ᠎ᠠᠴᠠ ᠲᠢᠶᠠᠨ ᠠᠨ ᠮᠧᠨᠢ ᠪᠠᠷᠠᠯᠠᠨᠠᠮ》᠂ 《ᠲᠦᠮᠡᠨ ᠠᠭ᠍ᠳᠠ᠎ᠶ᠋ᠢᠨ ᠲᠦᠪᠡᠷᠭᠡᠨ》 ᠵᠢᠴᠢ 1600 ᠮᠧᠲᠷ᠎ᠤᠨ ᠬᠤᠷᠳᠤᠨ ᠮᠤᠷᠢᠨ᠎ᠤ ᠤᠷᠤᠯᠳᠤᠭᠠᠨ᠂ ᠵᠢᠷᠤᠭ᠎ᠠ ᠮᠤᠷᠢᠨ᠎ᠤ ᠤᠷᠤᠯᠳᠤᠭᠠᠨ ᠵᠡᠷᠭᠡ ᠤᠷᠠᠨ ᠰᠠᠢᠬᠠᠨ᠎ᠤ ᠲᠤᠭ᠍ᠯᠠᠯᠳᠠ ᠪᠤᠯᠤᠨ ᠪᠡᠶ᠎ᠡ᠎ᠶ᠋ᠢᠨ ᠲᠠᠮᠢᠷ᠎ᠤᠨ ᠤᠷᠤᠯᠳᠤᠭᠠᠨ᠎ᠢ ᠵᠡᠷᠭᠡ᠎ᠪᠠᠷ ᠶᠠᠪᠤᠭ᠍ᠳᠠᠭᠤᠯᠵᠦ᠍᠂ ᠨᠠᠭᠠᠳᠤᠮ᠎ᠤᠨ ᠶᠡᠭᠡ ᠬᠤᠷᠠᠯ ᠨᠢᠵᠢᠬᠢᠷ ᠰᠠᠢᠬᠠᠨ ᠡᠬᠢᠯᠡᠵᠡᠢ᠃
ᠨᠠᠭᠠᠳᠤᠮ᠎ᠤᠨ ᠶᠡᠭᠡ ᠬᠤᠷᠠᠯ᠎ᠤᠨ ᠬᠤᠭᠤᠴᠠᠭᠠᠨ᠎ᠳᠤ 512 ᠬᠦᠴᠦᠳᠤ ᠪᠦᠬᠡ᠎ᠶ᠋ᠢᠨ ᠪᠠᠷᠢᠯᠳᠤᠭᠠᠨ᠂ ᠬᠤᠷᠳᠤᠨ ᠮᠤᠷᠢ ᠪᠠ ᠵᠢᠷᠤᠭ᠎ᠠ ᠮᠤᠷᠢᠨ᠎ᠤ ᠤᠷᠤᠯᠳᠤᠭᠠᠨ᠂ ᠰᠤᠷ ᠬᠠᠷᠪᠤᠬᠤ᠂ ᠱᠠᠭ᠎ᠠ ᠲᠤᠭ᠍ᠯᠠᠬᠤ᠂ ᠳᠠᠪᠤᠨ ᠬᠦᠮᠦᠨ᠎ᠤ ᠳᠦᠷᠢᠮ᠎ᠳᠦ ᠬᠦᠯ ᠪᠦᠮᠪᠦᠭᠡ᠎ᠶ᠋ᠢᠨ ᠤᠷᠤᠯᠳᠤᠭᠠᠨ ᠵᠡᠷᠭᠡ ᠪᠡᠶ᠎ᠠ᠎ᠶ᠋ᠢᠨ ᠲᠠᠮᠢᠷ᠎ᠤᠨ ᠤᠷᠤᠯᠳᠤᠭᠠᠨ᠎ᠤ ᠲᠦᠷᠦᠯ ᠪᠤᠯᠤᠨ ᠪᠦᠵᠢᠭ᠂ ᠲᠠᠭᠤᠤ᠎ᠶ᠋ᠢᠨ ᠦᠳᠡᠱᠢᠯᠡᠭᠡ ᠵᠡᠷᠭᠡ ᠤᠯᠠᠨ ᠵᠦᠢᠯ᠎ᠤᠨ ᠰᠣᠶᠣᠯ ᠵᠢᠭᠤᠯᠴᠢᠯᠠᠯ᠎ᠤᠨ ᠠᠵᠢᠯᠯᠠᠭ᠎ᠠ ᠶᠠᠪᠤᠭ᠍ᠳᠠᠬᠤ᠎ᠶ᠋ᠢᠨ ᠲᠠᠭᠠᠤ᠎ᠳᠤ ᠠᠷᠠᠯᠵᠢᠶ᠎ᠠ ᠬᠤᠳᠠᠯᠳᠤᠭ᠎ᠠ ᠡᠵᠡᠩᠨᠡᠨ ᠪᠣᠷᠣᠯᠠᠭᠤᠯᠤᠯᠳᠠ᠎ᠶ᠋ᠢᠨ ᠠᠵᠢᠯᠯᠠᠭ᠎ᠠ ᠴᠦ᠍ ᠶᠠᠪᠤᠭ᠍ᠳᠠᠬᠤ ᠪᠤᠯᠤᠨ᠎ᠠ᠃