ᠳᠤᠮᠳᠠᠳᠤ ᠤᠯᠤᠰ᠎ᠤᠨ ᠳᠣᠲᠣᠭᠠᠳᠤ ᠵᠠᠰᠠᠭ᠎ᠲᠤ ᠪᠦᠳᠦᠭᠦᠯᠢᠭ᠎ᠢᠶᠠᠷ ᠭᠠᠷ ᠳᠦᠷᠦᠵᠦ᠍ ᠭᠠᠵᠠᠷ ᠣᠷᠣᠨ᠎ᠤ ᠲᠣᠭ᠍ᠲᠠᠭᠤᠨ ᠪᠠᠢᠳᠠᠯ᠎ᠢ ᠬᠦᠨᠳᠦ ᠨᠣᠴᠢᠲᠠᠶ ᠡᠪᠳᠡᠪᠡ
2021-08-10 11:22:40
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

— ᠣᠯᠠᠨ ᠤᠯᠤᠰ᠎ᠤᠨ ᠲᠤᠰᠭᠠᠶ ᠮᠡᠷᠭᠡᠵᠢᠯᠲᠡᠨ ᠡᠷᠳᠡᠮᠲᠡᠳ ᠲᠠᠢᠸᠠᠨ᠎ᠳᠤ ᠴᠡᠷᠢᠭ᠎ᠤᠨ ᠵᠡᠷ ᠵᠡᠪᠰᠡᠭ ᠪᠣᠷᠣᠯᠠᠭᠤᠯᠤᠭ᠍ᠰᠠᠨ ᠠᠮᠧᠷᠢᠺᠠ᠎ᠶ᠋ᠢᠨ ᠪᠤᠷᠤᠭᠤ ᠳᠤᠬ᠍ᠳᠠᠭᠠᠯ᠎ᠢ ᠱᠢᠭᠦᠮᠵᠢᠯᠡᠵᠤ ᠪᠤᠢ

ᠱᠢᠨᠬᠤᠸᠠ ᠬᠤᠷᠢᠶᠠᠨ᠎ᠤ ᠪᠡᠭᠡᠵᠢᠩ᠎ᠤᠨ 8 ᠰᠠᠷ᠎ᠠ᠎ᠶ᠋ᠢᠨ 7 ᠎ᠤ ᠴᠠᠬᠢᠯᠭᠠᠨ ᠮᠡᠳᠡᠭᠡ  ᠠᠮᠧᠷᠢᠺᠠ᠎ᠶ᠋ᠢᠨ ᠲᠦᠷᠦ᠎ᠶ᠋ᠢᠨ ᠶᠠᠪᠤᠳᠠᠯ᠎ᠤᠨ  ᠬᠤᠷᠢᠶ᠎ᠠ ᠲᠦᠷᠦᠭᠦᠬᠡᠨ ᠲᠠᠢᠸᠠᠨ᠎ᠳᠤ ᠴᠡᠷᠢᠭ᠎ᠤᠨ ᠵᠡᠷ ᠵᠡᠪᠰᠡᠭ ᠪᠣᠷᠣᠯᠠᠭᠤᠯᠬᠤ᠎ᠶ᠋ᠢ ᠵᠥᠪᠱᠢᠶᠡᠷᠡᠪᠡ᠂ ᠤᠯᠠᠨ ᠤᠯᠤᠰ᠎ᠤᠨ ᠲᠤᠰᠭᠠᠢ ᠮᠡᠷᠭᠡᠵᠢᠯᠲᠡᠨ ᠡᠷᠳᠡᠮᠲᠡᠳ ᠡᠨᠡ ᠬᠦ᠌ ᠪᠤᠷᠤᠭᠤ ᠲᠣᠭ᠍ᠲᠠᠭᠠᠯ᠎ᠢ ᠴᠢᠩᠭ᠎ᠠ ᠱᠢᠭᠦᠮᠵᠢᠯᠡᠵᠦ᠍᠂ ᠡᠨᠡ ᠬᠦ᠌ ᠠᠵᠢᠯᠯᠠᠭ᠎ᠠ᠎ᠨᠢ ᠳᠤᠮᠳᠠᠳᠤ ᠤᠯᠤᠰ᠎ᠤᠨ ᠳᠣᠲᠣᠭᠠᠳᠤ ᠵᠠᠰᠠᠬ᠎ᠲᠤ ᠭᠠᠷ ᠳᠦᠷᠦᠵᠦ᠍᠂ ᠳᠤᠮᠳᠠᠳᠤ ᠤᠯᠤᠰ᠎ᠤᠨ ᠡᠷᠬᠡ ᠮᠡᠳᠡᠯ ᠪᠣᠯᠤᠨ ᠠᠮᠤᠷ ᠲᠦᠪᠱᠢᠨ᠎ᠤ ᠠᠱᠢᠭ ᠲᠤᠰᠠ᠎ᠶ᠋ᠢ ᠬᠤᠬᠢᠷᠠᠭᠤᠯᠵᠤ᠂ ᠤᠯᠠᠨ ᠤᠯᠤᠰ᠎ᠤᠨ ᠬᠠᠤᠯᠢ ᠪᠣᠯᠤᠨ ᠤᠯᠠᠨ ᠤᠯᠤᠰ᠎ᠤᠨ ᠬᠠᠷᠢᠯᠴᠠᠭᠠᠨ᠎ᠤ ᠦᠨᠳᠦᠰᠦᠨ ᠪᠠᠷᠢᠮᠵᠢᠶ᠎ᠠ᠎ᠶ᠋ᠢ ᠵᠥᠷᠢᠴᠡᠵᠦ᠍᠂ ᠳᠤᠮᠳᠠᠳᠤ ᠠᠮᠧᠷᠢᠺᠠ᠎ᠶ᠋ᠢᠨ ᠬᠠᠷᠢᠯᠴᠠᠭ᠎ᠠ ᠪᠣᠯᠤᠨ ᠭᠠᠵᠠᠷ ᠣᠷᠣᠨ᠎ᠤ ᠡᠩᠬᠡ ᠲᠠᠢᠪᠤᠩ ᠲᠣᠭ᠍ᠲᠠᠭᠤᠨ᠎ᠢ ᠬᠦᠨᠳᠦ ᠨᠣᠴᠢᠲᠠᠢ ᠬᠤᠬᠢᠷᠠᠭᠤᠯᠪᠡ ᠭᠡᠵᠦ᠍ ᠦᠵᠡᠵᠡᠬᠡᠪᠡ᠃

ᠦᠽᠪᠧᠺᠰᠲ᠋ᠠᠨ᠎ᠤ ᠤᠯᠤᠰ ᠲᠦᠷᠦ᠎ᠶ᠋ᠢᠨ ᠱᠢᠭᠦᠮᠵᠢᠯᠡᠭ᠌ᠴᠢ ᠲᠦᠷᠠᠪᠠᠢ · ᠺᠦᠷᠪᠠᠨᠨᠤᠹ᠂ ᠲᠠᠢᠸᠠᠨ᠎ᠤ ᠠᠰᠠᠭᠤᠳᠠᠯ᠎ᠨᠢ ᠳᠤᠮᠳᠠᠳᠤ ᠤᠯᠤᠰ᠎ᠤᠨ ᠭᠤᠣᠯᠯᠠᠭ᠍ᠴᠢ ᠠᠱᠢᠭ ᠲᠤᠰᠠ᠎ᠲᠠᠢ ᠬᠤᠯᠪᠣᠭ᠍ᠳᠠᠨ᠎ᠠ᠃ ᠠᠮᠧᠷᠢᠺᠠ᠎ᠶ᠋ᠢᠨ ᠵᠠᠰᠠᠭ᠎ᠤᠨ ᠣᠷᠳᠣᠨ ᠲᠠᠢᠸᠠᠨ᠎ᠳᠤ ᠴᠡᠷᠢᠭ᠎ᠤᠨ ᠵᠡᠷ ᠵᠡᠪᠰᠡᠭ ᠬᠤᠳᠠᠯᠳᠤᠬᠤ᠎ᠶ᠋ᠢ ᠵᠥᠪᠱᠢᠶᠡᠷᠡᠵᠦ᠍᠂ ᠡᠭᠦᠨ᠎ᠢᠶᠠᠷ ᠳᠠᠮᠵᠢᠨ ᠳᠤᠮᠳᠠᠳᠤ ᠤᠯᠤᠰ᠎ᠤᠨ ᠬᠥᠭ᠌ᠵᠢᠯᠲᠡ᠎ᠶ᠋ᠢ ᠬᠤᠷᠢᠬ᠍ᠯᠠᠬᠤ᠎ᠪᠠᠷ ᠤᠷᠤᠯᠳᠤᠭ᠍ᠰᠠᠨ ᠶᠠᠪᠤᠳᠠᠯ ᠪᠣᠯ ᠳᠤᠮᠳᠠᠳᠤ ᠤᠯᠤᠰ᠎ᠤᠨ ᠳᠣᠲᠣᠭᠠᠳᠤ ᠵᠠᠰᠠᠭ᠎ᠲᠤ ᠪᠦᠳᠦᠭᠦᠯᠢᠭ᠎ᠢᠶᠠᠷ ᠭᠠᠷ ᠲᠦᠷᠦᠭ᠌ᠰᠡᠨ ᠠᠵᠢᠯᠯᠠᠭ᠎ᠠ ᠮᠥᠨ᠂ ᠲᠡᠷᠡ᠎ᠨᠢ ᠤᠯᠠᠨ ᠤᠯᠤᠰ᠎ᠤᠨ ᠬᠠᠤᠯᠢ ᠪᠠ ᠤᠯᠠᠨ ᠤᠯᠤᠰ᠎ᠤᠨ ᠬᠠᠷᠢᠯᠴᠠᠭᠠᠨ᠎ᠤ ᠦᠨᠳᠦᠰᠦᠨ ᠪᠠᠷᠢᠮᠵᠢᠶ᠎ᠠ᠎ᠠᠴᠠ ᠵᠥᠷᠢᠴᠡᠵᠦ᠍᠂ 《ᠲᠠᠢᠸᠠᠨ᠎ᠢ ᠲᠤᠰᠠᠭᠠᠷ ᠲᠣᠭ᠍ᠲᠠᠨᠢᠭᠤᠯᠬᠤ》 ᠬᠠᠭᠠᠴᠡᠭᠤᠯᠬᠤ ᠬᠦᠴᠦᠨ᠎ᠳᠤ ᠪᠤᠷᠤᠭᠤ ᠲᠤᠬᠢᠶ᠎ᠠ ᠥᠭ᠌ᠭᠦᠭ᠌ᠰᠡᠨ ᠪᠠᠢᠨ᠎ᠠ᠃ ᠡᠨᠡ᠎ᠨᠢ ᠭᠠᠵᠠᠷ ᠣᠷᠣᠨ᠎ᠤ ᠲᠣᠭ᠍ᠲᠠᠭᠤᠨ ᠪᠠᠢᠳᠠᠯ᠎ᠢ ᠬᠦᠨᠳᠦ ᠨᠣᠴᠢᠲᠠᠶ ᠡᠪᠳᠡᠬᠦ᠌ ᠪᠥᠭᠡᠳ ᠠᠮᠧᠷᠢᠺᠠ᠎ᠶ᠋ᠢᠨ ᠲᠣᠰ ᠪᠡᠶ᠎ᠡ᠎ᠶ᠋ᠢᠨ ᠳᠡᠯᠡᠬᠡᠶ ᠳᠡᠭᠡᠷᠡᠬᠢ ᠳᠦᠷᠢ ᠲᠥᠷᠬᠦ᠌᠎ᠶ᠋ᠢ ᠴᠦ᠍ ᠬᠦᠨᠳᠦ ᠨᠣᠴᠢᠲᠠᠶ ᠬᠤᠬᠢᠷᠠᠭᠤᠯᠬᠤ ᠪᠣᠯᠤᠨ᠎ᠠ ᠬᠡᠵᠥ᠍ ᠢᠯᠡᠳᠭᠡᠪᠡ᠃

ᠺᠦᠪᠠ᠎ᠶ᠋ᠢᠨ ᠤᠯᠤᠰ᠎ᠤᠨ ᠲᠧᠯᠸᠢᠰ ᠬᠤᠷᠢᠶᠠᠨ᠎ᠤ ᠨᠡᠷ᠎ᠡ ᠬᠦᠨᠳᠦᠳᠦ ᠰᠣᠨᠢᠨ ᠮᠡᠳᠡᠭᠡᠨ᠎ᠤ ᠨᠠᠢᠷᠠᠭᠤᠯᠤᠭ᠍ᠴᠢ ᠠᠨᠨᠧᠯᠢᠶᠧᠰᠠᠢ · ᠷᠦᠳᠧᠷᠢᠭᠧᠰ᠂ ᠠᠮᠧᠷᠢᠺᠠ᠎ᠶ᠋ᠢᠨ᠎ᠬᠢᠨ ᠲᠠᠢᠸᠠᠨ᠎ᠳᠤ ᠴᠡᠷᠢᠭ᠎ᠤᠨ ᠵᠠᠷ ᠵᠡᠪᠰᠡᠭ ᠪᠣᠷᠣᠯᠠᠭᠤᠯᠬᠤ᠎ᠶ᠋ᠢ ᠵᠥᠪᠱᠢᠶᠡᠷᠡᠭ᠌ᠰᠡᠨ᠎ᠨᠢ ᠨᠢᠭᠡ ᠳᠤᠮᠳᠠᠳᠤ ᠤᠯᠤᠰ ᠪᠠᠢᠬᠤ ᠵᠠᠷᠴᠢᠮ ᠪᠣᠯᠤᠨ ᠳᠤᠮᠳᠠᠳᠤ ᠠᠮᠧᠷᠢᠺᠠ᠎ᠶ᠋ᠢᠨ ᠭᠤᠷᠪᠠᠨ ᠬᠠᠮᠲᠤᠷᠠᠭ᠍ᠰᠠᠨ ᠠᠯᠪᠠᠨ ᠮᠡᠳᠡᠭᠡ᠎ᠶ᠋ᠢᠨ ᠲᠣᠭ᠍ᠲᠠᠭᠠᠯ᠎ᠢ ᠢᠯᠡ᠎ᠪᠠᠷ ᠵᠥᠷᠢᠴᠡᠪᠡ᠃ ᠲᠠᠢᠸᠠᠨ ᠪᠣᠯ ᠳᠤᠮᠳᠠᠳᠤ ᠤᠯᠤᠰ᠎ᠤᠨ ᠨᠢᠭᠡ ᠬᠡᠰᠡᠭ ᠮᠥᠨ᠂ ᠳᠡᠯᠡᠬᠡᠢ᠎ᠶ᠋ᠢᠨ ᠡᠯ᠎ᠡ ᠤᠯᠤᠰ ᠡᠷᠬᠡᠪᠰᠢ ᠳᠤᠮᠳᠠᠳᠤ ᠤᠯᠤᠰ᠎ᠤᠨ ᠡᠷᠬᠡ ᠮᠡᠳᠡᠯ᠎ᠢ ᠬᠦᠨᠳᠦᠳᠭᠡᠬᠦ᠌ ᠬᠡᠷᠡᠭ᠌ᠲᠡᠢ᠃ ᠳᠤᠮᠳᠠᠳᠤ ᠤᠯᠤᠰ᠎ᠤᠨ ᠵᠠᠰᠠᠭ᠎ᠤᠨ ᠣᠷᠳᠣᠨ ᠢᠮᠠᠭ᠍ᠲᠠ ᠳᠡᠯᠡᠬᠡᠢ᠎ᠶ᠋ᠢᠨ ᠡᠩᠬᠡ ᠲᠠᠢᠪᠤᠩ ᠪᠣᠯᠤᠨ ᠬᠠᠮᠲᠤᠷᠠᠯᠴᠠᠭ᠎ᠠ᠎ᠶ᠋ᠢ ᠠᠬᠢᠭᠤᠯᠵᠤ ᠪᠠᠢᠨ᠎ᠠ᠂ ᠠᠮᠧᠷᠢᠺᠠ᠎ᠶ᠋ᠢᠨ ᠡᠨᠡ ᠬᠦ᠌ ᠠᠵᠢᠯᠯᠠᠭ᠎ᠠ᠎ᠨᠢ ᠳᠤᠮᠳᠠᠳᠤ ᠠᠮᠧᠷᠢᠺᠠ᠎ᠶ᠋ᠢᠨ ᠬᠤᠭᠤᠷᠣᠨᠳᠣᠬᠢ ᠪᠠᠴᠢᠮ ᠬᠠᠷᠢᠴᠠᠭ᠎ᠠ᠎ᠶ᠋ᠢ ᠱᠢᠷᠦᠬᠦᠰᠦᠬᠦᠯᠬᠦ᠌ ᠲᠡᠳᠦᠢ ᠶᠤᠮ ᠭᠡᠪᠡ᠃

ᠺᠧᠨᠢᠶᠠ᠎ᠶ᠋ᠢᠨ ᠤᠯᠠᠨ ᠤᠯᠤᠰ᠎ᠤᠨ ᠬᠠᠷᠢᠯᠴᠠᠭᠠᠨ᠎ᠤ ᠠᠰᠠᠭᠤᠳᠠᠯ᠎ᠤᠨ ᠡᠷᠳᠡᠮᠲᠡᠨ ᠺᠠᠸᠧᠨᠰ · ᠠᠳᠧᠱᠢᠷ᠂ ᠠᠮᠧᠷᠢᠺᠠ᠎ᠠᠴᠠ ᠲᠠᠢᠸᠠᠨ᠎ᠳᠤ ᠵᠡᠪᠰᠡᠭ ᠪᠤᠷᠤᠯᠠᠭᠤᠯᠬᠤ᠎ᠨᠢ ᠳᠤᠮᠳᠠᠳᠤ ᠠᠮᠧᠷᠢᠺᠠ᠎ᠶ᠋ᠢᠨ ᠬᠤᠭᠤᠷᠣᠨᠳᠣᠬᠢ ᠵᠠᠪᠰᠠᠷᠳᠠᠯ᠎ᠢ ᠥᠷᠭᠡᠳᠭᠡᠨ᠎ᠠ᠃ ᠲᠠᠢᠸᠠᠨ ᠪᠣᠯ ᠳᠤᠮᠳᠠᠳᠤ ᠤᠯᠤᠰ᠎ᠤᠨ ᠰᠠᠯᠵᠤ ᠪᠣᠯᠤᠰᠢ ᠦᠭᠡᠢ ᠨᠢᠭᠡ ᠬᠡᠰᠡᠭ ᠮᠥᠨ᠂ ᠲᠠᠢᠸᠠᠨ᠎ᠳᠤ ᠴᠡᠷᠢᠭ᠎ᠤᠨ ᠶᠠᠪᠤᠳᠠᠯ᠎ᠤᠨ ᠲᠤᠰᠠᠯᠠᠮᠵᠢ ᠦᠵᠡᠭᠦᠯᠬᠦ᠌᠎ᠪᠠᠨ ᠨᠡᠮᠡᠭ᠌ᠳᠡᠭᠦᠯᠬᠦ᠌ ᠭᠡᠰᠡᠨ ᠶᠠᠮᠠᠷᠪᠠ ᠭᠠᠳᠠᠭᠠᠳᠤ ᠭᠤᠷᠢᠳᠠᠯᠭ᠎ᠠ ᠪᠣᠯ ᠴᠥᠮ ᠳᠤᠮᠳᠠᠳᠤ ᠤᠯᠤᠰ᠎ᠤᠨ ᠨᠤᠲᠤᠭ ᠳᠡᠪᠢᠰᠭᠡᠷ᠎ᠤᠨ ᠪᠦᠷᠢᠨ ᠪᠦᠲᠦᠨ᠎ᠳᠤ ᠬᠠᠯᠳᠠᠭ᠍ᠰᠠᠨ ᠶᠠᠪᠤᠳᠠᠯ ᠮᠥᠨ᠂ ᠪᠠᠰᠠ ᠴᠤ᠌ ᠤᠯᠠᠨ ᠤᠯᠤᠰ᠎ᠤᠨ ᠬᠠᠷᠢᠯᠴᠠᠭᠠᠨ᠎ᠤ ᠦᠨᠳᠦᠰᠦᠨ ᠪᠠᠷᠢᠮᠵᠢᠶ᠎ᠠ᠎ᠠᠴᠠ ᠵᠥᠷᠢᠴᠡᠭ᠌ᠰᠡᠨ ᠶᠠᠪᠤᠳᠠᠯ ᠮᠥᠨ ᠬᠡᠪᠡ᠃

ᠫᠤᠰᠨᠢᠶ᠎ᠠ ᠪᠠ ᠾᠧᠷᠽᠧᠭᠤᠸᠢᠨᠠ᠎ᠶ᠋ᠢᠨ ᠤᠯᠤᠰ ᠲᠥᠷᠥ᠎ᠶ᠋ᠢᠨ ᠱᠢᠭᠦᠮᠵᠢᠯᠡᠭ᠌ᠴᠢ ᠠᠢᠷᠮᠢᠩ · ᠴᠠᠲᠺᠠ᠂ ᠲᠠᠢᠸᠠᠨ᠎ᠤ ᠠᠰᠠᠭᠤᠳᠠᠯ ᠪᠣᠯ ᠳᠤᠮᠳᠠᠳᠤ ᠤᠯᠤᠰ᠎ᠤᠨ ᠳᠣᠲᠣᠭᠠᠳᠤ ᠵᠠᠰᠠᠭ ᠮᠥᠨ᠂ ᠡᠨᠡ ᠬᠦ᠌ ᠶᠡᠷᠦ᠎ᠶ᠋ᠢᠨ ᠮᠡᠳᠡᠯᠭᠡ ᠪᠠ ᠳᠤᠮᠳᠠᠳᠤ ᠤᠯᠤᠰ᠎ᠤᠨ ᠬᠤᠷᠢᠭ᠎ᠠ ᠱᠤᠭᠤᠮ᠎ᠲᠠᠢ ᠥᠷᠢᠰᠦᠯᠳᠦᠬᠦ᠌ ᠪᠣᠯ ᠤᠯᠤᠰ ᠲᠥᠷᠥ᠎ᠶ᠋ᠢᠨ ᠲᠠᠯ᠎ᠠ᠎ᠪᠠᠷ ᠪᠡᠶ᠎ᠡ᠎ᠪᠠᠨ ᠬᠤᠤᠷᠯᠠᠵᠥ᠍ ᠪᠠᠢᠭ᠎ᠠ ᠠᠵᠢᠯᠯᠠᠭ᠎ᠠ ᠮᠥᠨ᠃ ᠣᠳᠣᠬᠠᠨ᠎ᠳᠤ ᠪᠥᠬᠦ᠌ ᠪᠥᠮᠪᠥᠷᠴᠡᠭ᠎ᠢᠶᠠᠷ᠎ᠢᠶᠠᠨ ᠱᠢᠨ᠎ᠡ ᠲᠢᠲᠢᠮᠯᠢᠭ ᠠᠭᠤᠰᠭᠢᠨ ᠦᠷᠪᠢᠰᠦᠯ᠎ᠤᠨ ᠬᠢᠵᠢᠭ᠎ᠲᠠᠢ ᠲᠡᠮᠡᠴᠡᠬᠦ᠌ ᠵᠠᠩᠭᠢᠯᠠᠭ᠎ᠠ᠎ᠶ᠋ᠢᠨ ᠴᠠᠭ ᠮᠥᠴᠡ᠎ᠳᠤ ᠣᠷᠣᠱᠢᠵᠤ ᠪᠠᠢᠨ᠎ᠠ᠂ ᠠᠮᠧᠷᠢᠺᠠ᠎ᠶ᠋ᠢᠨ ᠵᠠᠰᠠᠭ᠎ᠤᠨ ᠣᠷᠳᠣᠨ ᠤᠯᠤᠰ᠎ᠤᠨ ᠳᠣᠲᠣᠭᠠᠳᠤ᠎ᠶ᠋ᠢᠨ ᠬᠢᠵᠢᠭ᠎ᠲᠠᠢ ᠲᠡᠮᠡᠴᠡᠬᠦ᠌ ᠠᠵᠢᠯ᠎ᠢᠶᠠᠨ ᠰᠠᠢᠲᠤᠷ ᠬᠢᠪᠡᠯ ᠵᠤᠬᠢᠨ᠎ᠠ᠂ ᠬᠠᠷᠢᠨ ᠳᠡᠯᠡᠬᠡᠶ ᠳᠡᠭᠡᠷ᠎ᠡ ᠬᠡᠷᠡᠭ ᠡᠳᠦᠵᠦ᠍᠂ ᠭᠠᠵᠠᠷ ᠪᠣᠯᠭᠠᠨ᠎ᠳᠤ ᠤᠷᠱᠢᠭ ᠲᠠᠲᠠᠵᠤ᠂ ᠪᠤᠰᠤᠳ᠎ᠢ ᠬᠤᠬᠢᠷᠠᠭᠤᠯᠵᠤ ᠪᠡᠶ᠎ᠡ᠎ᠳᠡᠭᠡᠨ ᠠᠱᠢᠭ ᠥᠬᠡᠶ ᠶᠠᠪᠤᠳᠠᠯ ᠬᠢᠵᠦ᠍ ᠪᠣᠯᠬᠤ ᠥᠬᠡᠶ ᠬᠡᠵᠥ᠍ ᠢᠯᠡᠳᠭᠡᠪᠡ᠃

《ᠹᠢᠯᠢᠫᠢᠨ᠎ᠤ ᠣᠳᠣᠨ ᠰᠣᠨᠢᠨ》 ᠎ᠤ ᠲᠤᠰᠭᠠᠶ ᠪᠤᠯᠤᠩ᠎ᠤᠨ ᠵᠣᠬᠢᠶᠠᠯᠴᠢ ᠯᠢ ᠲᠢᠶᠠᠨ ᠷᠦᠩ᠂ ᠠᠮᠧᠷᠢᠺᠠ᠎ᠠᠴᠠ ᠲᠠᠢᠸᠠᠨ᠎ᠳᠤ ᠴᠡᠷᠢᠭ᠎ᠤᠨ ᠵᠡᠷ ᠵᠡᠪᠰᠡᠭ ᠪᠣᠷᠣᠯᠠᠭᠤᠯᠬᠤ ᠶᠠᠪᠤᠳᠠᠯ ᠪᠣᠯ ᠪᠠᠴᠢᠮ ᠪᠠᠢᠳᠠᠯ᠎ᠢ ᠥᠳᠥᠭᠡᠵᠦ᠍ ᠪᠠᠢᠭ᠎ᠠ ᠶᠠᠪᠤᠳᠠᠯ ᠮᠥᠨ᠂ ᠬᠠᠷᠢᠨ ᠲᠠᠢᠸᠠᠨ ᠬᠤᠭᠤᠯᠠᠶ᠎ᠶ᠋ᠢᠨ ᠬᠤᠶᠠᠷ ᠡᠷᠬᠢ᠎ᠶ᠋ᠢᠨ ᠬᠠᠮᠲᠤᠷᠠᠯᠴᠠᠭ᠎ᠠ ᠶᠠᠷᠢᠯᠴᠠᠭ᠎ᠠ᠎ᠶ᠋ᠢ ᠠᠬᠢᠭᠤᠯᠵᠤ ᠪᠠᠢᠭ᠎ᠠ ᠶᠠᠪᠤᠳᠠᠯ ᠪᠢᠰᠢ᠂ ᠡᠨᠡ ᠪᠣᠯ ᠬᠥᠮᠦᠰ᠎ᠢ ᠰᠠᠨᠠᠭᠠᠱᠢᠷᠠᠭᠤᠯᠵᠦ᠍ ᠪᠠᠢᠭ᠎ᠠ ᠪᠤᠷᠤᠭᠤ ᠲᠣᠭ᠍ᠲᠠᠭᠠᠯ ᠮᠥᠨ ᠭᠡᠵᠡᠶ᠃

ᠱᠢᠩᠭᠠᠫᠣᠷ᠎ᠤᠨ ᠴᠠᠭ ᠲᠦᠷᠦ᠎ᠶ᠋ᠢᠨ ᠱᠢᠭᠦᠮᠵᠢᠯᠡᠭ᠌ᠴᠢ ᠸᠧᠩ ᠳ᠋ᠧ ᠱᠧᠩ᠂ ᠠᠮᠧᠷᠢᠺᠠ᠎ᠠᠴᠠ ᠲᠠᠢᠸᠠᠨ᠎ᠳᠤ ᠴᠡᠷᠢᠭ᠎ᠤᠨ ᠵᠡᠷ ᠵᠡᠪᠰᠡᠭ ᠪᠣᠷᠣᠯᠠᠭᠤᠯᠬᠤ᠎ᠨᠢ ᠳᠤᠮᠳᠠᠳᠤ ᠤᠯᠤᠰ᠎ᠤᠨ ᠳᠣᠲᠣᠭᠠᠳᠤ ᠵᠠᠰᠠᠭ᠎ᠲᠤ ᠪᠦᠳᠦᠭᠦᠯᠢᠭ᠎ᠢᠶᠠᠷ ᠭᠠᠷ ᠲᠦᠷᠦᠵᠤ᠂ ᠳᠤᠮᠳᠠᠳᠤ ᠤᠯᠤᠰ᠎ᠤᠨ ᠡᠷᠬᠡ ᠮᠡᠳᠡᠯ ᠪᠣᠯᠤᠨ ᠠᠮᠤᠷ ᠲᠦᠪᠱᠢᠨ᠎ᠤ ᠠᠱᠢᠭ ᠲᠤᠰᠠ᠎ᠶ᠋ᠢ ᠬᠤᠬᠢᠷᠠᠭᠤᠯᠵᠦ᠍  ᠪᠠᠢᠭ᠎ᠠ ᠶᠠᠪᠤᠳᠠᠯ ᠮᠦᠨ᠂ ᠡᠨᠡ᠎ᠨᠢ ᠤᠯᠠᠨ ᠤᠯᠤᠰ᠎ᠤᠨ ᠬᠠᠤᠯᠢ ᠪᠣᠯᠤᠨ ᠤᠯᠠᠨ ᠤᠯᠤᠰ᠎ᠤᠨ ᠬᠠᠷᠢᠯᠴᠠᠭᠠᠨ᠎ᠤ ᠦᠨᠳᠦᠰᠦᠨ ᠪᠠᠷᠢᠮᠵᠢᠶ᠎ᠠ᠎ᠶ᠋ᠢ ᠵᠥᠷᠢᠴᠡᠵᠦ᠍ ᠪᠠᠢᠨ᠎ᠠ᠃ ᠡᠭᠦᠨ᠎ᠤ ᠬᠠᠮᠲᠤ᠌᠂ ᠲᠠᠢᠸᠠᠨ᠎ᠳᠤ ᠴᠡᠷᠢᠭ᠎ᠤᠨ ᠵᠡᠷ ᠵᠡᠪᠰᠡᠭ ᠪᠣᠷᠣᠯᠠᠭᠤᠯᠬᠤ᠎ᠨᠢ ᠪᠠᠰᠠ ᠨᠢᠭᠡ ᠳᠤᠮᠳᠠᠳᠤ ᠤᠯᠤᠰ ᠪᠠᠢᠬᠤ ᠵᠠᠷᠴᠢᠮ ᠪᠠ ᠳᠤᠮᠳᠠᠳᠤ ᠠᠮᠧᠷᠢᠺᠠ᠎ᠶ᠋ᠢᠨ ᠭᠤᠷᠪᠠᠨ ᠬᠠᠮᠲᠤᠷᠠᠭ᠍ᠰᠠᠨ ᠠᠯᠪᠠᠨ ᠮᠡᠳᠡᠭᠡ᠎ᠶ᠋ᠢᠨ ᠲᠣᠭ᠍ᠲᠠᠭᠠᠯ᠎ᠢ ᠵᠥᠷᠢᠴᠡᠵᠦ᠍᠂ ᠳᠤᠮᠳᠠᠳᠤ ᠠᠮᠧᠷᠢᠺᠠ᠎ᠶ᠋ᠢᠨ ᠬᠠᠷᠢᠯᠴᠠᠭ᠎ᠠ ᠪᠠ ᠲᠠᠢᠸᠠᠨ ᠬᠤᠭᠤᠯᠠᠢ᠎ᠶ᠋ᠢᠨ ᠡᠩᠬᠡ ᠲᠠᠢᠪᠤᠩ ᠲᠣᠭ᠍ᠲᠠᠭᠤᠨ ᠪᠠᠢᠳᠠᠯ᠎ᠢ ᠬᠦᠨᠳᠦ ᠨᠣᠴᠢᠲᠠᠢ ᠬᠤᠬᠢᠷᠠᠭᠤᠯᠬᠤ ᠪᠣᠯᠤᠨ᠎ᠠ ᠬᠡᠪᠡ᠃

ᠫᠠᠺᠢᠰᠲ᠋ᠠᠨ᠎ᠤ ᠢᠰᠯᠠᠮᠠᠪᠠᠳ᠋᠎ᠤᠨ ᠤᠯᠠᠨ ᠤᠯᠤᠰ᠎ᠤᠨ ᠶᠠᠪᠤᠳᠠᠯ᠎ᠤᠨ ᠬᠡᠷᠡᠭ ᠡᠷᠬᠢᠯᠡᠭ᠌ᠴᠢᠳ᠎ᠤᠨ ᠬᠤᠷᠠᠯ᠎ᠤᠨ ᠡᠷᠬᠢᠯᠡᠭ᠌ᠴᠢ ᠰᠠᠢᠶᠢᠳᠧ · ᠴᠢᠶᠤᠤᠳᠦ᠋ᠯᠢ᠂ ᠠᠮᠧᠷᠢᠺᠠ᠎ᠶ᠋ᠢᠨ᠎ᠬᠢᠨ ᠲᠠᠢᠸᠠᠨ᠎ᠤ ᠠᠰᠠᠭᠤᠳᠠᠯ ᠳᠡᠭᠡᠷ᠎ᠡ ᠨᠢᠭᠡ ᠳᠤᠮᠳᠠᠳᠤ ᠤᠯᠤᠰ ᠪᠠᠢᠬᠤ ᠵᠠᠷᠴᠢᠮ ᠪᠣᠯᠤᠨ ᠳᠤᠮᠳᠠᠳᠤ ᠠᠮᠧᠷᠢᠺᠠ᠎ᠶ᠋ᠢᠨ ᠭᠤᠷᠪᠠᠨ ᠬᠠᠮᠲᠤᠷᠠᠭ᠍ᠰᠠᠨ ᠠᠯᠪᠠᠨ ᠮᠡᠳᠡᠭᠡ᠎ᠶ᠋ᠢᠨ ᠲᠣᠭ᠍ᠲᠠᠭᠠᠯ᠎ᠠᠴᠠ ᠢᠯᠡ᠎ᠪᠠᠷ ᠵᠥᠷᠢᠴᠡᠭ᠌ᠰᠡᠨ ᠠᠵᠢᠯᠯᠠᠭ᠎ᠠ᠎ᠨᠢ ᠰᠠᠨᠠᠭᠠᠨ᠎ᠠᠴᠠ ᠭᠠᠳᠠᠭᠤᠷ ᠶᠠᠪᠤᠳᠠᠯ ᠪᠢᠰᠢ ᠶᠤᠮ᠃ ᠠᠮᠧᠷᠢᠺᠠ᠎ᠶ᠋ᠢᠨ᠎ᠬᠢᠨ ᠨᠢᠭᠡᠨᠲᠡ ᠣᠯᠤᠭ᠍ᠰᠠᠨ ᠠᠱᠢᠭ ᠲᠤᠰᠠ᠎ᠶ᠋ᠢᠨ᠎ᠢᠶᠠᠨ ᠲᠥᠯᠥᠭᠡ ᠠᠮᠠᠯᠠᠯᠲᠠ ᠪᠣᠯᠤᠨ ᠬᠡᠯᠡᠯᠴᠡᠭᠡᠷ᠎ᠠᠴᠠ᠎ᠪᠠᠨ ᠲᠡᠷᠰᠯᠡᠭ᠌ᠰᠡᠨ ᠦᠩᠭᠡᠷᠡᠯᠳᠠ᠎ᠲᠠᠢ ᠭᠡᠳᠡᠭ᠎ᠢ ᠲᠡᠦᠬᠡ᠎ᠶ᠋ᠢᠨ ᠲᠤᠷᠱᠢᠯᠭ᠎ᠠ ᠬᠥᠮᠦᠰ᠎ᠲᠤ ᠬᠡᠯᠡᠵᠦ᠍ ᠥᠭ᠌ᠴᠡᠢ᠃ ᠠᠮᠧᠷᠢᠺᠠ᠎ᠠᠴᠠ ᠲᠠᠢᠸᠠᠨ᠎ᠳᠤ ᠴᠡᠷᠢᠭ᠎ᠤᠨ ᠵᠡᠷ ᠵᠡᠪᠰᠡᠭ ᠪᠤᠷᠤᠯᠠᠭᠤᠯᠬᠤ᠎ᠨᠢ ᠤᠯᠠᠨ ᠤᠯᠤᠰ᠎ᠤᠨ ᠬᠠᠷᠢᠯᠴᠠᠭᠠᠨ᠎ᠤ ᠦᠨᠳᠦᠰᠦᠨ ᠪᠠᠷᠢᠮᠵᠢᠶ᠎ᠠ᠎ᠶ᠋ᠢ ᠪᠦᠷᠢᠮᠦᠰᠦᠨ ᠵᠥᠷᠢᠴᠡᠪᠡ᠂ ᠡᠨᠡ᠎ᠨᠢ ᠤᠯᠠᠨ ᠤᠯᠤᠰ᠎ᠤᠨ ᠬᠠᠤᠯᠢ᠎ᠶ᠋ᠢ ᠢᠯᠡ᠎ᠪᠠᠷ ᠲᠠᠯᠬᠢᠳᠠᠵᠤ ᠪᠠᠢᠭ᠎ᠠ ᠶᠠᠪᠤᠳᠠᠯ ᠪᠤᠯᠤᠨ᠎ᠠ ᠬᠡᠪᠡ᠃ ᠴᠢᠶᠤᠤᠳᠦ᠋ᠯᠢ᠂ ᠠᠮᠧᠷᠢᠺᠠ᠎ᠠᠴᠠ ᠲᠠᠢᠸᠠᠨ᠎ᠳᠤ ᠴᠡᠷᠢᠭ᠎ᠤᠨ ᠵᠡᠷ ᠵᠡᠪᠰᠡᠭ ᠪᠤᠷᠤᠯᠠᠭᠤᠯᠬᠤ᠎ᠨᠢ ᠭᠠᠵᠠᠷ ᠣᠷᠣᠨ᠎ᠤ ᠡᠩᠬᠡ ᠲᠠᠢᠪᠤᠩ ᠪᠣᠯᠤᠨ ᠲᠣᠭ᠍ᠲᠠᠭᠤᠨ᠎ᠳᠤ ᠯᠤᠲᠤ ᠶᠡᠭᠡ ᠰᠦᠷᠳᠡᠭᠦᠯᠦᠯ ᠪᠣᠯᠬᠤ ᠶᠤᠮ᠂ ᠲᠡᠷᠡ ᠪᠣᠯ ᠪᠤᠰᠤᠳ ᠤᠯᠤᠰ᠎ᠤᠨ ᠳᠣᠲᠣᠭᠠᠳᠤ ᠵᠠᠰᠠᠭ᠎ᠲᠤ ᠭᠠᠷ ᠳᠦᠷᠦᠭ᠌ᠰᠡᠨ ᠮᠠᠭᠤ ᠵᠢᠱ᠌ᠢᠶ᠎ᠡ ᠮᠥᠨ᠂ ᠠᠮᠧᠷᠢᠺᠠ᠎ᠶ᠋ᠢᠨ᠎ᠬᠢᠨ ᠡᠷᠬᠡᠪᠰᠢ ᠬᠠᠭᠠᠴᠡᠭᠤᠯᠬᠤ ᠦᠵᠡᠯ᠎ᠢ ᠳᠡᠮᠵᠢᠬᠦ᠂ ᠭᠠᠵᠠᠷ ᠣᠷᠣᠨ᠎ᠤ ᠡᠩᠬᠡ ᠲᠠᠢᠪᠤᠩ᠎ᠢ ᠰᠠᠮᠠᠭᠤᠷᠠᠭᠤᠯᠬᠤ ᠠᠯᠢᠪᠠ ᠠᠵᠢᠯᠯᠠᠭ᠎ᠠ᠎ᠠᠴᠠ ᠵᠠᠢᠯᠠᠰᠭᠢᠬᠦ᠌ ᠬᠡᠷᠡᠭ᠌ᠲᠡᠢ ᠬᠡᠵᠥ᠍ ᠵᠢᠭᠠᠵᠥ᠍ ᠭᠠᠷᠭᠠᠪᠠ᠃

ᠤᠷᠤᠰ᠎ᠤᠨ ᠵᠠᠯᠠᠭᠤᠷᠲᠤ ᠰᠤᠮᠤ ᠵᠢᠴᠢ ᠭᠠᠯᠲᠤ ᠫᠤᠤ᠎ᠶ᠋ᠢᠨ ᠰᠤᠳᠤᠯᠭᠠᠨ᠎ᠤ ᠬᠦᠷᠢᠶᠡᠯᠡᠩ᠎ᠤᠨ ᠳᠠᠳᠤᠯᠭ᠎ᠠ᠎ᠶ᠋ᠢᠨ ᠠᠺᠠᠳᠧᠮᠢᠴᠢ ᠺᠤᠨᠰᠲ᠋ᠠᠨᠲ᠋ᠢᠨ · ᠱᠢᠹᠺᠧᠹ᠂ ᠠᠮᠧᠷᠢᠺᠠ᠎ᠶ᠋ᠢᠨ ᠲᠤᠰ ᠠᠵᠢᠯᠯᠠᠭ᠎ᠠ᠎ᠨᠢ ᠳᠤᠮᠳᠠᠳᠤ ᠤᠯᠤᠰ᠎ᠤᠨ ᠡᠷᠬᠡ ᠮᠡᠳᠡᠯ᠎ᠳᠤ ᠬᠠᠯᠳᠠᠵᠤ᠂ ᠳᠤᠮᠳᠠᠳᠤ ᠤᠯᠤᠰ᠎ᠤᠨ ᠳᠣᠲᠣᠭᠠᠳᠤ ᠵᠠᠰᠠᠬ᠎ᠲᠤ ᠭᠠᠷ ᠲᠦᠷᠦᠪᠡ᠂ ᠭᠠᠵᠠᠷ ᠣᠷᠣᠨ᠎ᠤ ᠪᠠᠴᠢᠮ ᠪᠠᠢᠳᠠᠯ᠎ᠢ ᠶᠡᠭᠡ᠎ᠪᠠᠷ ᠨᠡᠮᠡᠭ᠌ᠳᠡᠭᠦᠯᠬᠦ᠌ ᠪᠣᠯᠤᠨ᠎ᠠ ᠭᠡᠵᠦ᠍ ᠬᠡᠯᠡᠪᠡ᠃

ᠢᠨᠳᠦᠨᠧᠱᠢᠶ᠎ᠠ᠎ᠶ᠋ᠢᠨ ᠤᠶᠤᠨ᠎ᠤ ᠬᠥᠮᠥᠷᠭᠡ᠎ᠶ᠋ᠢᠨ ᠠᠽᠢᠶ᠎ᠠ ᠲᠢᠪ᠎ᠤᠨ ᠱᠢᠨ᠎ᠡ᠎ᠶ᠋ᠢ ᠡᠭᠦᠳᠬᠦ᠌ ᠰᠤᠳᠤᠯᠭᠠᠨ᠎ᠤ ᠲᠥᠪ᠎ᠤᠨ ᠲᠡᠷᠢᠭᠦᠯᠡᠭ᠌ᠴᠢ ᠪᠠᠨᠪᠠᠩ · ᠰᠦᠷᠶᠦᠢᠸᠧᠨᠣ᠋᠂ ᠠᠮᠧᠷᠢᠺᠠ᠎ᠶ᠋ᠢᠨ ᠡᠨᠡ ᠬᠦ᠌ ᠠᠷᠭ᠎ᠠ ᠬᠢᠳᠡᠯ᠎ᠨᠢ ᠰᠠᠨᠠᠭᠠᠨ᠎ᠠᠴᠠ ᠭᠠᠳᠠᠭᠤᠷ ᠶᠠᠪᠤᠳᠠᠯ ᠪᠢᠰᠢ ᠶᠤᠮ᠂ ᠠᠮᠧᠷᠢᠺᠠ ᠠᠯᠢ ᠡᠷᠲᠡ᠎ᠠᠴᠠ ᠳᠤᠮᠳᠠᠳᠤ ᠤᠯᠤᠰ᠎ᠢ ᠭᠤᠣᠯ ᠪᠠᠢᠯᠳᠤᠬᠤ ᠪᠤᠳᠤᠯᠭ᠎ᠠ᠎ᠶ᠋ᠢᠨ ᠥᠷᠢᠰᠥᠯᠳᠦᠭ᠌ᠴᠢ᠎ᠪᠠᠷ ᠦᠵᠡᠵᠦ᠍᠂ ᠲᠠᠢᠸᠠᠨ᠎ᠢᠶᠠᠷ ᠪᠠᠭᠠᠵᠢ ᠪᠣᠯᠭᠠᠵᠤ ᠳᠤᠮᠳᠠᠳᠤ ᠤᠯᠤᠰ᠎ᠢ ᠬᠢᠵᠠᠭᠠᠷᠯᠠᠵᠤ ᠪᠠᠢᠪᠠ᠃ ᠬᠡᠷᠪᠡ ᠪᠠᠢᠳᠠᠯ ᠬᠤᠪᠢᠷᠠᠯᠲᠠ ᠭᠠᠷᠪᠠᠯ ᠠᠮᠧᠷᠢᠺᠠ ᠴᠢᠬᠤᠯᠠᠲᠠᠢ ᠦᠶ᠎ᠡ᠎ᠳᠤ ᠲᠠᠢᠸᠠᠨ᠎ᠢ ᠦᠷᠡᠭ᠌ᠳᠡᠭᠦᠯᠵᠦ᠍ ᠪᠠᠢᠭᠠᠳ ᠥᠪᠡᠷ᠎ᠤᠨ ᠠᠱᠢᠭ ᠲᠤᠰᠠ᠎ᠪᠠᠨ ᠪᠡᠶᠡᠯᠡᠭᠦᠯᠬᠦ᠌ ᠪᠣᠯᠤᠨ᠎ᠠ ᠬᠡᠪᠡ᠃

(ᠰᠤᠷᠪᠤᠯᠵᠢᠯᠠᠭ᠍ᠴᠢ ᠼᠠᠢ ᠭᠦᠸᠧ ᠳ᠋ᠦᠩ ᠯᠢᠨ ᠴᠤᠤ ᠬᠤᠢ ᠪᠠᠢ ᠯᠢᠨ ᠵᠠᠩ ᠱᠢᠤ ᡁᠢ ᠯᠢᠦ ᠺᠠᠢ ᠶᠠᠨ ᠵᠢᠶᠧ ᠼᠠᠢ ᠱᠤ᠌ ᠶᠠ ᠵᠢᠶᠠᠩ ᠴᠤᠤ ᠵᠠᠩ ᠵᠶ᠋ᠢ ᠶᠧ ᠢᠦᠢ ᠴᠢᠶᠠᠨ ᠯᠢᠶᠠᠩ ᠵᠧᠩ ᠱ᠌ᠢ ᠪᠥᠸᠧ)


ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠱᠢᠨᠬᠤᠸᠠ ᠬᠤᠷᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号