ᠳ᠋ᠠᠪᠠᠨ᠎ᠤ ᠮᠡᠳᠡᠭᠡ 7 ᠰᠠᠷᠠᠶ᠋ᠢ 31 ᠤ ᠡᠳᠦᠷ᠂ ᠪᠠᠭᠠᠷᠢᠨ ᠪᠠᠷᠠᠭᠤᠨ ᠬᠤᠱᠢᠭᠤᠨ᠎ᠤ ᠠᠷᠠᠳ᠎ᠤᠨ ᠰᠤᠶᠤᠯ ᠤᠷᠠᠯᠢᠭ᠎ᠤᠨ ᠨᠦᠬᠦᠷᠯᠡᠯ᠎ᠤᠨ ᠬᠤᠯᠪᠤᠭ᠎ᠠ ᠪᠤᠯᠤᠨ ᠪᠠᠭᠠᠷᠢᠨ ᠪᠠᠷᠠᠭᠤᠨ ᠬᠤᠱᠢᠭᠤᠨ᠎ᠤ ᠪᠦᠬᠡ᠎ᠶ᠋ᠢᠨ ᠨᠡᠢᠭᠡᠮᠯᠢᠭ᠎ᠠᠴᠠ ᠬᠠᠮᠲᠤᠷᠠᠨ ᠡᠷᠭᠢᠯᠡᠭ᠌ᠰᠡᠨ 《ᠪᠠᠷᠠᠭᠤᠨ ᠪᠠᠭᠠᠷᠢᠨ᠎ᠤ ᠪᠦᠬᠡᠴᠤᠳ》 ᠭᠡᠬᠦ᠌ ᠨᠤᠮ᠎ᠤᠨ ᠲᠠᠷᠬᠠᠭᠠᠬᠤ ᠶᠤᠰᠤᠯᠠᠯ ᠪᠠᠭᠠᠷᠢᠨ ᠪᠠᠷᠠᠭᠤᠨ ᠬᠤᠱᠢᠭᠤᠨ᠎ᠳᠤ ᠶᠠᠪᠤᠭ᠍ᠳᠠᠪᠠ᠃
《ᠪᠠᠷᠠᠭᠤᠨ ᠪᠠᠭᠠᠷᠢᠨ᠎ᠤ ᠪᠦᠬᠡᠴᠤᠳ》 ᠭᠡᠬᠦ᠌ ᠨᠤᠮ᠎ᠢ ᠪᠠᠭᠠᠷᠢᠨ ᠪᠠᠷᠠᠭᠤᠨ ᠬᠤᠱᠢᠭᠤᠨ᠎ᠤ ᠠᠬᠠᠮᠠᠳ ᠪᠦᠬᠡ ᠰᠠᠴᠡᠨᠭᠠᠸᠠ ᠪᠠ ᠪᠠᠭᠠᠷᠢᠨ ᠪᠠᠷᠠᠭᠤᠨ ᠬᠤᠱᠢᠭᠤᠨ᠎ᠤ ᠠᠬᠠᠮᠠᠳ ᠺᠠᠳ᠋ᠷ᠂ ᠢᠷᠠᠭᠤ ᠨᠠᠢᠷᠠᠭ᠍ᠴᠢ ᠨᠠᠰᠤᠲᠤ ᠬᠤᠶᠠᠭᠤᠯᠠ ᠠᠷᠪᠠᠭᠠᠳ ᠵᠢᠯ᠎ᠤᠨ ᠬᠤᠭᠤᠴᠠᠭ᠎ᠠ ᠬᠡᠷᠡᠭ᠌ᠰᠡᠨ ᠨᠠᠢᠢᠷᠠᠭᠤᠯᠤᠨ ᠲᠤᠭᠤᠷᠪᠢᠭ᠍ᠰᠠᠨ ᠪᠠᠢᠨ᠎ᠠ᠃
ᠰᠤᠶᠤᠯ ᠲᠠᠮᠢᠷ᠎ᠤᠨ ᠦᠢᠯᠡᠰ ᠤᠷᠢᠳ ᠡᠮᠦᠨ᠎ᠡ ᠭᠠᠷᠤᠭ᠎ᠠ ᠦᠭᠡᠢ ᠴᠡᠴᠡᠭ᠌ᠯᠡᠨ ᠬᠦᠭ᠌ᠵᠢᠵᠦ᠍ ᠪᠠᠢᠭ᠎ᠠ ᠦᠨᠦᠳᠦᠷ ᠪᠠᠭᠠᠷᠢᠨ ᠨᠤᠲᠤᠭ᠎ᠠᠴᠠ ᠤᠷᠤᠨ ᠪᠠ ᠤᠯᠤᠰ᠎ᠤᠨ ᠲᠡᠰ᠎ᠤᠨ ᠠᠪᠤᠷᠭᠤ ᠴᠤᠯᠠᠲᠠᠨ ᠴᠢᠨᠠᠭ᠍ᠰᠢᠯᠠᠭᠠᠳ ᠲᠡᠯᠡᠬᠡᠢ᠎ᠶ᠋ᠢᠨ ᠲᠠᠮᠢᠷ᠎ᠤᠨ ᠲᠠᠪᠴᠠᠩ᠎ᠳᠤ ᠠᠯᠲᠠᠷ᠎ᠢᠶᠠᠨ ᠮᠠᠨᠳᠤᠭᠤᠯᠤᠭ᠍ᠰᠠᠨ ᠪᠦᠬᠡᠴᠤᠳ ᠤᠯᠠᠨᠲᠠ ᠴᠤᠯᠭᠤᠷᠠᠭ᠍ᠰᠠᠨ ᠰᠠᠨ᠃ ᠲᠤᠰ ᠨᠤᠮ ᠪᠤᠯ ᠪᠠᠭᠠᠷᠢᠨ ᠪᠦᠬᠡ᠎ᠶ᠋ᠢᠨ ᠨᠠᠮᠲᠠᠷ ᠲᠡᠦᠬᠡ᠂ ᠮᠡᠭᠡ ᠮᠡᠷᠭᠡᠵᠢᠯ᠂ ᠬᠤᠱᠢᠭᠤ ᠨᠤᠲᠤᠭ᠎ᠤᠨ ᠨᠠᠢᠷ ᠨᠠᠭᠠᠲᠤᠮ᠂ ᠪᠦᠬᠡᠴᠤᠳ᠎ᠤᠨ ᠠᠮᠵᠢᠯᠲᠠ ᠪᠦᠲᠦᠮᠵᠢ᠂ ᠰᠤᠷᠭᠠᠭ᠍ᠴᠢ ᠲᠠᠰᠭᠠᠯᠵᠢᠭᠤᠯᠤᠭ᠍ᠴᠢ ᠵᠡᠷᠭᠡ ᠤᠯᠠᠨ ᠲᠠᠯ᠎ᠠ᠎ᠶ᠋ᠢᠨ ᠮᠠᠲ᠋ᠧᠷᠢᠶᠠᠯ᠎ᠳᠤ ᠰᠠᠭᠤᠷᠢᠯᠠᠨ ᠪᠠᠭᠠᠷᠢᠨ᠎ᠤ ᠲᠤᠮᠤᠭ᠍ᠲᠤ ᠪᠦᠭᠡᠴᠤᠳ᠎ᠠᠴᠠ ᠠᠪᠤᠭᠠᠳ ᠤᠢᠷ᠎ᠠ ᠦᠶ᠎ᠠ᠎ᠶ᠋ᠢᠨ ᠠᠪᠤᠷᠭᠤᠴᠤᠳ ᠪᠤᠯᠤᠨ ᠵᠠᠯᠭᠠᠮᠵᠢ ᠦᠶ᠎ᠡ᠎ᠶ᠋ᠢᠨ ᠵᠠᠯᠠᠭᠤᠴᠤᠳ᠎ᠲᠤ ᠬᠦᠷᠲᠡᠯ᠎ᠡ ᠲᠡᠮᠳᠡᠭ᠌ᠯᠡᠨ ᠪᠢᠴᠢᠭ᠌ᠰᠡᠨ ᠪᠠᠭᠠᠷᠢᠨ ᠨᠤᠲᠤᠭ᠎ᠤᠨ ᠪᠦᠬᠡ᠎ᠶ᠋ᠢᠨ ᠦᠢᠯᠡᠰ᠎ᠤᠨ ᠦᠩᠭᠡᠷᠡᠭ᠌ᠰᠡᠨ ᠪᠠ ᠦᠨᠦᠳᠦᠷᠢ ᠨᠡᠢᠲᠡᠮ ᠬᠠᠷᠠᠭᠤᠯᠤᠭ᠍ᠰᠠᠨ ᠨᠤᠮ ᠪᠤᠯᠤᠨ᠎ᠠ᠃