ᠡᠷᠬᠡᠪᠰᠢ ᠨᠠᠮ᠎ᠤᠨ ᠪᠠᠢᠭᠤᠯᠤᠯᠲᠠ᠎ᠶ᠋ᠢᠨ ᠱᠢᠨ᠎ᠡ ᠠᠭᠤᠤ ᠶᠡᠭᠡ ᠢᠨᠵᠧᠨᠧᠷᠢᠩ᠎ᠢ ᠲᠠᠰᠤᠷᠠᠯᠳᠠ ᠦᠭᠡᠢ ᠠᠬᠢᠭᠤᠯᠬᠤ ᠬᠡᠷᠡᠭ᠌ᠲᠡᠢ
2021-08-13 11:06:10
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠲᠡᠦᠬᠡ᠎ᠪᠠᠷ ᠲᠤᠯᠢ ᠪᠣᠯᠭᠠᠵᠤ᠂ ᠢᠷᠡᠭᠡᠳᠦᠢ᠎ᠶ᠋ᠢ ᠨᠡᠭᠡᠭᠡᠬᠦ᠌᠎ᠳᠤ ᠡᠷᠬᠡᠪᠰᠢ ᠨᠠᠮ᠎ᠤᠨ ᠪᠠᠢᠭᠤᠯᠤᠯᠲᠠ᠎ᠶ᠋ᠢᠨ ᠱᠢᠨ᠎ᠡ ᠠᠭᠤᠤ ᠶᠡᠭᠡ ᠢᠨᠵᠧᠨᠧᠷᠢᠩ᠎ᠢ ᠲᠠᠰᠤᠷᠠᠯᠳᠠ ᠦᠭᠡᠢ ᠠᠬᠢᠭᠤᠯᠬᠤ ᠬᠡᠷᠡᠭ᠌ᠲᠡᠢ᠃ ᠵᠣᠷᠢᠭ᠍ᠲᠠᠢ᠎ᠪᠠᠷ ᠥᠪᠡᠷ᠎ᠤᠨ ᠪᠡᠶ᠎ᠡ᠎ᠳᠡᠭᠡᠨ ᠬᠤᠪᠢᠰᠭᠠᠯ ᠬᠢᠬᠦ᠌ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠪᠤᠰᠤᠳ ᠲᠦᠷᠦ᠎ᠶ᠋ᠢᠨ ᠨᠠᠮ᠎ᠠᠴᠠ ᠢᠯᠭᠠᠭ᠍ᠳᠠᠬᠤ ᠢᠯᠡᠷᠬᠡᠢ ᠪᠡᠯᠭᠡ ᠲᠡᠮᠳᠡᠭ ᠮᠥᠨ᠃ ᠮᠠᠨ᠎ᠤ ᠨᠠᠮ ᠵᠠᠭᠤᠨ ᠪᠡᠷᠬᠡ ᠮᠢᠩᠭᠠᠨ ᠪᠠᠷᠳᠠᠭ᠎ᠠ᠎ᠶ᠋ᠢ ᠲᠠᠪᠠᠭ᠍ᠰᠠᠨ ᠴᠤ᠌ ᠴᠤᠭ ᠰᠦᠯᠳᠡ ᠪᠠᠳᠠᠷᠠᠩᠭᠤᠢ ᠪᠠᠢᠳᠠᠭ᠎ᠤᠨ ᠨᠢᠭᠡᠨ ᠮᠠᠰᠢ ᠴᠢᠬᠤᠯᠠ ᠱᠢᠯᠲᠠᠭᠠᠨ ᠪᠣᠯ ᠪᠢᠳᠡ ᠨᠠᠮ᠎ᠨᠢ ᠨᠠᠮ᠎ᠢ ᠬᠠᠮᠢᠶᠠᠷᠴᠤ᠌᠂ ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ᠎ᠶ᠋ᠢ ᠢᠮᠠᠭ᠍ᠲᠠ ᠪᠠᠷᠢᠮᠲᠠᠯᠠᠵᠤ᠂ ᠲᠤᠰ ᠪᠡᠶ᠎ᠡ᠎ᠶ᠋ᠢᠨ᠎ᠢᠶᠠᠨ ᠡᠯ᠎ᠡ ᠲᠡᠦᠬᠡᠨ ᠴᠠᠭ ᠦᠶ᠎ᠡ᠎ᠳᠤ ᠲᠤᠯᠭᠠᠷᠠᠭ᠍ᠰᠠᠨ ᠠᠶᠤᠯ ᠲᠦᠭ᠌ᠰᠢᠭᠦᠷᠢ ᠪᠠ ᠱᠢᠯᠭᠠᠯᠲᠠ᠎ᠶ᠋ᠢ ᠲᠠᠰᠤᠷᠠᠯᠲᠠ ᠦᠭᠡᠢ ᠰᠠᠢᠲᠤᠷ ᠠᠷᠭᠠᠴᠠᠭᠠᠵᠤ᠂ ᠮᠠᠨ᠎ᠤ ᠨᠠᠮ᠎ᠤᠨ ᠳᠡᠯᠡᠬᠡᠢ᠎ᠶ᠋ᠢᠨ ᠪᠠᠢᠳᠠᠯ᠎ᠳᠤ ᠭᠦᠨᠵᠡᠭᠡᠢ ᠬᠤᠪᠢᠷᠠᠯᠲᠠ ᠭᠠᠷᠴᠤ᠌ ᠪᠠᠢᠭ᠎ᠠ ᠲᠡᠦᠬᠡᠨ ᠠᠬᠢᠴᠠ ᠳᠤᠮᠳᠠ ᠢᠮᠠᠭ᠍ᠲᠠ ᠴᠠᠭ ᠦᠶ᠎ᠡ᠎ᠶ᠋ᠢᠨ ᠡᠮᠦᠨ᠎ᠡ ᠡᠩᠨᠡᠭᠡᠨ᠎ᠳᠤ ᠶᠠᠪᠤᠵᠤ᠂ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠡᠯ᠎ᠡ ᠵᠦᠢᠯ᠎ᠤᠨ ᠠᠶᠤᠯ ᠲᠦᠭ᠌ᠰᠢᠭᠦᠷᠢ ᠪᠠ ᠥᠷᠢᠰᠥᠯᠳᠦᠭᠡᠨ᠎ᠢ ᠠᠷᠭᠠᠴᠠᠭᠠᠬᠤ ᠲᠡᠦᠬᠡᠨ ᠠᠬᠢᠴᠠ ᠳᠤᠮᠳᠠ ᠢᠮᠠᠭ᠍ᠲᠠ ᠪᠦᠬᠦ᠌ ᠤᠯᠤᠰ᠎ᠤᠨ ᠠᠷᠠᠳ ᠲᠦᠮᠡᠨ᠎ᠤ ᠲᠦᠱᠢᠭ ᠲᠤᠯᠭᠠᠭᠤᠷᠢ ᠪᠣᠯᠬᠤ᠎ᠶ᠋ᠢ ᠦᠨᠡᠨ ᠬᠦ᠌ ᠪᠠᠲᠤᠯᠠᠭ᠍ᠰᠠᠨ᠎ᠳᠤ ᠪᠠᠢᠨ᠎ᠠ!

QQ图片20210813105636.png

ᠱᠢᠨ᠎ᠡ ᠠᠶᠠᠨ᠎ᠳᠠᠭᠠᠨ᠂ ᠪᠢᠳᠡ ᠲᠡᠮᠦᠷ᠎ᠢ ᠳᠠᠪᠲᠠᠬᠤ᠎ᠳᠤ ᠥᠪᠡᠷ᠎ᠢᠶᠠᠨ ᠵᠠᠪᠠᠯ ᠬᠠᠲᠠᠭᠤ ᠪᠠᠢᠬᠤ ᠬᠡᠷᠡᠭ᠌ᠲᠡᠶ ᠭᠡᠬᠦ᠌ ᠶᠣᠰᠣ ᠤᠴᠢᠷ᠎ᠢ ᠪᠠᠲᠤ ᠴᠡᠭᠡᠵᠢᠯᠡᠵᠦ᠍᠂ ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠠᠵᠢᠯ᠎ᠢ ᠡᠭᠦᠷᠢᠳᠡ ᠵᠤᠬ᠍ᠰᠤᠰᠢ ᠦᠭᠡᠶ ᠬᠢᠬᠦ᠌ ᠤᠯᠤᠰ ᠲᠥᠷᠥ᠎ᠶ᠋ᠢᠨ ᠤᠬᠠᠮᠰᠠᠷ᠎ᠢᠶᠠᠨ ᠴᠢᠩᠭᠠᠳᠭᠠᠵᠤ᠂ ᠨᠠᠮ᠎ᠤᠨ ᠤᠯᠤᠰ ᠲᠥᠷᠥ᠎ᠶ᠋ᠢᠨ ᠪᠠᠢᠭᠤᠯᠤᠯᠲᠠ᠎ᠪᠠᠷ ᠶᠡᠷᠦᠩᠬᠡᠢᠯᠡᠨ ᠵᠢᠯᠣᠭᠤᠳᠣᠭᠤᠯᠵᠤ᠂ ᠱᠢᠨ᠎ᠡ ᠴᠠᠭ ᠦᠶ᠎ᠡ᠎ᠶ᠋ᠢᠨ ᠨᠠᠮ᠎ᠤᠨ ᠪᠠᠢᠭᠤᠯᠤᠯᠲᠠ᠎ᠶ᠋ᠢᠨ ᠱᠢᠨ᠎ᠡ ᠠᠭᠤᠤ ᠶᠡᠭᠡ ᠢᠨᠵᠧᠨᠧᠷᠢᠩ᠎ᠢ ᠦᠷᠭᠦᠯᠵᠢᠯᠡᠨ ᠠᠬᠢᠭᠤᠯᠵᠤ᠂ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠱᠢᠰᠲ᠋ᠧᠮ᠎ᠢ ᠲᠠᠰᠤᠷᠠᠯᠲᠠ ᠦᠭᠡᠶ ᠨᠢᠭ᠍ᠲᠠᠷᠠᠭᠤᠯᠵᠤ᠂ ᠮᠣᠷᠠᠯ ᠴᠢᠳᠠᠪᠤᠷᠢ ᠬᠤᠣᠰᠯᠠᠭ᠍ᠰᠠᠨ ᠥᠨᠳᠥᠷ ᠬᠡᠪ ᠪᠣᠯᠪᠠᠰᠤᠷᠠᠯ᠎ᠲᠠᠢ ᠺᠠᠳ᠋ᠷᠴᠤᠳ᠎ᠤᠨ ᠡᠩᠨᠡᠭᠡ᠎ᠶ᠋ᠢ ᠬᠦᠴᠦᠯᠡᠨ ᠪᠠᠢᠭᠤᠯᠵᠤ᠂ ᠨᠠᠮ᠎ᠤᠨ ᠰᠤᠷᠲᠠᠯ ᠴᠢᠬᠡᠴᠢ ᠵᠠᠰᠠᠭ᠎ᠤᠨ ᠪᠠᠢᠭᠤᠯᠤᠯᠲᠠ ᠪᠣᠯᠤᠨ ᠢᠯᠵᠠᠷᠠᠯ᠎ᠢ ᠡᠰᠡᠷᠭᠦᠴᠡᠬᠦ᠌ ᠲᠡᠮᠡᠴᠡᠯ᠎ᠢ ᠡᠷᠡᠰ ᠭᠤᠢᠪᠢᠰᠢ ᠦᠭᠡᠶ᠎ᠪᠠᠷ ᠠᠬᠢᠭᠤᠯᠵᠤ᠂ ᠨᠠᠮ᠎ᠤᠨ ᠲᠡᠷᠢᠭᠦᠨ᠎ᠤ ᠴᠢᠨᠠᠷ ᠪᠠ ᠴᠡᠪᠡᠷ ᠴᠢᠨᠠᠷ᠎ᠢ ᠬᠤᠬᠢᠷᠠᠭᠤᠯᠬᠤ ᠠᠯᠢᠪᠠ ᠬᠦᠴᠦᠨ ᠵᠦᠢᠯ᠎ᠢ ᠡᠷᠡᠰ ᠠᠷᠢᠯᠭᠠᠵᠤ᠂ ᠨᠠᠮ᠎ᠤᠨ ᠡᠷᠡᠭᠦᠯ ᠴᠣᠭ᠍ᠴᠠ᠎ᠶ᠋ᠢ ᠬᠤᠣᠷᠳᠠᠭᠤᠯᠬᠤ ᠠᠯᠢᠪᠠ ᠸᠢᠷᠦ᠋ᠰ᠎ᠢ ᠠᠷᠢᠯᠭᠠᠵᠤ᠂ ᠨᠠᠮ᠎ᠤᠨ ᠴᠢᠨᠠᠷ ᠬᠤᠪᠢᠷᠠᠬᠤ ᠦᠭᠡᠢ᠂ ᠦᠡᠭ᠌ᠭᠡ ᠬᠤᠪᠢᠷᠠᠬᠤ ᠦᠭᠡᠢ᠂ ᠦᠨᠦᠷ ᠠᠮᠲᠠ ᠬᠤᠪᠢᠷᠠᠬᠤ ᠦᠭᠡᠢ ᠪᠠᠢᠬᠤ᠎ᠶ᠋ᠢ ᠪᠠᠲᠤᠯᠠᠵᠤ᠂ ᠨᠠᠮ᠎ᠤᠨ ᠱᠢᠨ᠎ᠡ ᠴᠠᠭ ᠦᠶ᠎ᠡ᠎ᠳᠤ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢᠭᠡᠮ ᠵᠢᠷᠤᠮ᠎ᠢ ᠪᠠᠷᠢᠮᠲᠠᠯᠠᠨ ᠬᠥᠭ᠌ᠵᠢᠭᠦᠯᠬᠦ᠌ ᠲᠡᠦᠬᠡᠨ ᠶᠠᠪᠤᠴᠠ᠎ᠳᠤ ᠢᠮᠠᠭ᠍ᠲᠠ ᠪᠠᠲᠤ ᠴᠢᠩᠭ᠎ᠠ ᠤᠳᠤᠷᠢᠳᠭᠤ ᠭᠤᠣᠯᠯᠠᠭ᠍ᠴᠢ ᠪᠣᠯᠬᠤ᠎ᠶ᠋ᠢ ᠪᠠᠲᠤᠯᠠᠬᠤ ᠬᠡᠷᠡᠭ᠌ᠲᠡᠢ!

ᠲᠤᠰᠭᠠᠶ ᠮᠡᠷᠭᠡᠵᠢᠯᠲᠡᠨ᠎ᠤ ᠲᠠᠢᠯᠤᠮᠵᠢ

ᠲᠤᠰ ᠪᠡᠶ᠎ᠡ᠎ᠶ᠋ᠢᠨ ᠪᠠᠢᠭᠤᠯᠤᠯᠲᠠ᠎ᠪᠠᠨ ᠴᠢᠩᠭᠠᠳᠭᠠᠵᠤ ᠴᠤᠭ ᠰᠦᠯᠳᠡ᠎ᠪᠠᠨ ᠡᠭᠦᠷᠢᠳᠡ ᠬᠠᠳᠠᠭᠠᠯᠠᠨ᠎ᠠ

                           ● ᠵᠤᠤ ᠱᠤ᠌ ᠯᠦ᠍

ᠶᠡᠷᠦᠩᠬᠡᠢ ᠱᠦᠵᠢ ᠰᠢ᠎ᠶ᠋ᠢᠨ ᠫᠢᠩ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠭ᠍ᠰᠠᠨ 100 ᠵᠢᠯ᠎ᠤᠨ ᠤᠢ᠎ᠶ᠋ᠢ ᠪᠡᠯᠭᠡᠯᠡᠬᠦ᠌ ᠶᠡᠭᠡ ᠬᠤᠷᠠᠯ ᠳᠡᠭᠡᠷ᠎ᠡ᠄ 《ᠲᠡᠦᠬᠡ᠎ᠪᠠᠷ ᠲᠤᠯᠢ ᠪᠣᠯᠭᠠᠵᠤ᠂ ᠢᠷᠡᠭᠡᠳᠦᠢ᠎ᠶ᠋ᠢ ᠨᠡᠭᠡᠭᠡᠬᠦ᠌᠎ᠳᠤ ᠡᠷᠬᠡᠪᠰᠢ ᠨᠠᠮ᠎ᠤᠨ ᠪᠠᠢᠭᠤᠯᠤᠯᠲᠠ᠎ᠶ᠋ᠢᠨ ᠱᠢᠨ᠎ᠡ ᠠᠭᠤᠤ ᠶᠡᠭᠡ ᠢᠨᠵᠧᠨᠧᠷᠢᠩ᠎ᠢ ᠲᠠᠰᠤᠷᠠᠯᠳᠠ ᠦᠭᠡᠢ ᠠᠬᠢᠭᠤᠯᠬᠤ ᠬᠡᠷᠡᠭ᠌ᠲᠡᠢ》 ᠬᠡᠵᠤ ᠵᠢᠭᠠᠵᠤ ᠭᠠᠷᠭᠠᠪᠠ᠃ ᠨᠠᠮ᠎ᠤᠨ ᠵᠠᠭᠤᠨ ᠵᠢᠯ᠎ᠤᠨ ᠲᠡᠦᠬᠡ᠎ᠶ᠋ᠢ ᠡᠷᠭᠢᠴᠡᠭᠦᠯᠬᠦ᠌᠎ᠳᠤ᠂ ᠮᠠᠨ᠎ᠤ ᠨᠠᠮ ᠡᠯ᠎ᠡ ᠵᠦᠢᠯ᠎ᠤᠨ ᠤᠯᠤᠰ ᠲᠦᠷᠦ᠎ᠶ᠋ᠢᠨ ᠬᠦᠴᠦᠨ᠎ᠤ ᠲᠠᠬᠢᠨ ᠳᠠᠪᠲᠠᠨ ᠦᠵᠡᠯᠴᠡᠬᠦ᠌ ᠳᠤᠮᠳᠠ ᠴᠣᠯᠭᠤᠷᠠᠨ ᠭᠠᠷᠴᠤ᠌᠂ ᠵᠠᠭᠤᠨ ᠪᠡᠷᠬᠡ ᠮᠢᠩᠭᠠᠨ ᠪᠠᠷᠳᠠᠭ᠎ᠠ᠎ᠶ᠋ᠢ ᠲᠠᠪᠠᠭ᠍ᠰᠠᠨ ᠴᠤ᠌ ᠴᠤᠭ ᠰᠦᠯᠳᠡ ᠪᠠᠳᠠᠷᠠᠩᠭᠤᠢ ᠪᠠᠢᠳᠠᠭ᠎ᠤᠨ ᠨᠢᠭᠡᠨ ᠮᠠᠰᠢ ᠴᠢᠬᠤᠯᠠ ᠱᠢᠯᠲᠠᠭᠠᠨ ᠪᠣᠯ ᠪᠢᠳᠡ ᠨᠠᠮ᠎ᠨᠢ ᠨᠠᠮ᠎ᠢ ᠬᠠᠮᠢᠶᠠᠷᠬᠤ᠂ ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ᠎ᠶ᠋ᠢ ᠢᠮᠠᠭ᠍ᠲᠠ ᠪᠠᠷᠢᠮᠲᠠᠯᠠᠵᠤ᠂ ᠲᠠᠰᠤᠷᠠᠯᠳᠠ ᠦᠭᠡᠢ ᠨᠠᠮ᠎ᠢ ᠨᠡᠩ ᠪᠠᠲᠤ ᠴᠢᠩᠭ᠎ᠠ ᠬᠦᠴᠦᠨ᠎ᠲᠠᠢ ᠪᠣᠯᠭᠠᠨ ᠪᠠᠢᠭᠤᠯᠤᠭ᠍ᠰᠠᠨ᠎ᠳᠤ ᠪᠠᠢᠨ᠎ᠠ᠃

ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠠᠭᠤᠨ ᠵᠢᠯ᠎ᠤᠨ ᠢᠷᠠᠭᠤ ᠠᠯᠳᠠᠷᠲᠤ ᠲᠡᠦᠬᠡ ᠪᠣᠯ ᠳᠠᠷᠤᠢ ᠲᠤᠰ ᠪᠡᠶ᠎ᠡ᠎ᠶ᠋ᠢᠨ ᠪᠠᠢᠭᠤᠯᠤᠯᠲᠠ᠎ᠪᠠᠨ ᠴᠢᠩᠭᠠᠳᠭᠠᠭ᠍ᠰᠠᠨ ᠲᠡᠦᠬᠡ ᠮᠥᠨ᠃ ᠳᠤᠮᠳᠠᠳᠤ ᠤᠯᠤᠰ᠎ᠤᠨ ᠡᠪ ᠬᠠᠮᠲᠤ ᠨᠠᠮ ᠤᠯᠤᠰ᠎ᠤᠨ ᠳᠣᠲᠣᠭᠠᠳᠤ᠎ᠶ᠋ᠢᠨ ᠴᠡᠷᠢᠭ᠎ᠤᠨ ᠡᠷᠬᠡᠲᠡᠨ᠎ᠤ ᠰᠠᠮᠠᠭᠤᠨ ᠲᠠᠢᠨ᠂ ᠭᠠᠳᠠᠭᠠᠳᠤ᠎ᠶ᠋ᠢᠨ ᠬᠦᠴᠦᠷᠬᠡᠭ ᠤᠯᠤᠰ᠎ᠤᠳ᠎ᠤᠨ ᠳᠤᠮᠳᠠᠳᠤ ᠤᠯᠤᠰ᠎ᠢ ᠵᠠᠨᠤᠯᠲᠠᠢ ᠬᠠᠷᠠᠵᠤ ᠪᠠᠢᠭ᠍ᠰᠠᠨ ᠬᠠᠭᠠᠰ ᠺᠣᠯᠣᠨᠢ ᠬᠠᠭᠠᠰ ᠹᠸᠤᠳᠠᠯ᠎ᠤᠨ ᠨᠡᠢᠭᠡᠮ᠎ᠳᠤ ᠮᠡᠨᠳᠦᠯᠡᠭ᠌ᠰᠡᠨ ᠪᠥᠭᠡᠳ ᠤᠷᠳᠤ ᠬᠤᠭᠤᠴᠠᠭ᠎ᠠ᠎ᠪᠠᠷ ᠶᠡᠷᠦ᠍ ᠪᠤᠰᠤ᠎ᠶ᠋ᠢᠨ ᠠᠶᠤᠯ ᠲᠦᠭ᠌ᠰᠢᠭᠦᠷᠢ᠎ᠲᠠᠢ ᠨᠢᠭᠤᠴᠠ ᠲᠡᠮᠡᠴᠡᠯ ᠬᠢᠭ᠌ᠰᠡᠨ ᠣᠷᠴᠢᠨ ᠲᠣᠭᠤᠷᠢᠨ᠎ᠳᠤ ᠣᠷᠣᠱᠢᠵᠤ ᠪᠠᠢᠪᠠ᠂ ᠡᠨᠡ᠎ᠨᠢ ᠮᠠᠨ᠎ᠤ ᠨᠠᠮ ᠡᠬᠢᠯᠡᠩᠭᠦᠳᠡ᠎ᠪᠠᠨ ᠨᠠᠮ᠎ᠤᠨ ᠲᠤᠰ ᠪᠡᠶ᠎ᠡ᠎ᠶ᠋ᠢᠨ ᠪᠠᠢᠭᠤᠯᠤᠯᠲᠠ᠎ᠶ᠋ᠢ ᠡᠷᠬᠡᠪᠰᠢ ᠲᠦᠢᠯ᠎ᠢᠶᠠᠷ ᠴᠢᠬᠤᠯᠠᠴᠢᠯᠠᠬᠤ ᠬᠡᠷᠡᠭ᠌ᠲᠡᠢ᠂ ᠡᠰᠡᠪᠡᠰᠦ ᠣᠷᠣᠱᠢᠨ ᠲᠣᠭ᠍ᠲᠠᠨᠢᠵᠤ ᠬᠥᠭ᠌ᠵᠢᠬᠦ᠌᠎ᠳᠤ ᠪᠡᠷᠬᠡᠲᠡᠢ ᠭᠡᠳᠡᠭ᠎ᠢ ᠲᠣᠭ᠍ᠲᠠᠭᠠᠭ᠍ᠰᠠᠨ ᠶᠤᠮ᠃

1921 ᠣᠨ᠎ᠳᠤ ᠨᠠᠮ᠎ᠤᠨ ᠠᠩᠬᠠᠳᠤᠭᠠᠷ ᠶᠡᠭᠡ ᠬᠤᠷᠠᠯ᠎ᠢ ᠬᠤᠷᠠᠯᠳᠤᠭᠤᠯᠵᠤ᠂ ᠶᠡᠭᠡ ᠬᠤᠷᠠᠯ᠎ᠠᠴᠠ ᠨᠠᠮ᠎ᠤᠨ ᠠᠩᠬᠠᠳᠠᠭ᠍ᠴᠢ ᠬᠥᠲᠥᠯᠪᠦᠷᠢ ᠪᠣᠯᠤᠨ ᠱᠢᠢᠳᠪᠦᠷᠢ᠎ᠶ᠋ᠢ ᠪᠠᠲᠤᠯᠠᠵᠤ᠂ ᠬᠠᠷᠠᠬᠠᠨ ᠪᠠᠯᠴᠢᠷ ᠦᠶ᠎ᠡ᠎ᠳᠡᠭᠡᠨ ᠪᠠᠢᠭ᠍ᠰᠠᠨ ᠨᠠᠮ᠎ᠤᠨ ᠲᠤᠰ ᠪᠡᠶ᠎ᠡ᠎ᠶ᠋ᠢᠨ ᠪᠠᠢᠭᠤᠯᠤᠯᠲᠠ᠎ᠪᠠᠨ ᠴᠢᠩᠭᠠᠳᠭᠠᠬᠤ ᠲᠤᠬᠠᠢ ᠠᠯᠢ ᠤᠯᠠᠨ ᠲᠣᠭ᠍ᠲᠠᠭᠠᠯ ᠭᠠᠷᠭᠠᠪᠠ᠃ ᠵᠢᠱ᠌ᠢᠶᠡᠯᠡᠪᠡᠯ ᠨᠠᠮ᠎ᠤᠨ ᠠᠩᠬᠠᠳᠤᠭᠠᠷ ᠶᠡᠭᠡ ᠬᠤᠷᠠᠯ᠎ᠤᠨ ᠬᠥᠲᠥᠯᠪᠦᠷᠢ᠎ᠳᠤ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠴᠤᠬ᠍ᠴᠠᠯᠠᠯᠳᠠ᠎ᠶ᠋ᠢᠨ ᠵᠠᠷᠴᠢᠮ᠎ᠢ ᠲᠣᠭ᠍ᠲᠠᠭᠠᠵᠤ᠂ ᠨᠠᠮ᠎ᠳᠤ ᠱᠢᠨ᠎ᠡ᠎ᠪᠠᠷ ᠤᠷᠤᠭ᠍ᠰᠠᠨ ᠨᠠᠮ᠎ᠤᠨ ᠭᠡᠱᠢᠭᠦᠨ᠎ᠳᠤ ᠪᠠᠰᠠ ᠮᠠᠰᠢ ᠲᠣᠳᠣᠷᠬᠠᠶ ᠱᠠᠭᠠᠷᠳᠠᠯᠭ᠎ᠠ ᠳᠤᠷᠠᠳᠴᠠᠶ᠃

ᠲᠡᠭᠦᠨ᠎ᠠᠴᠠ ᠬᠤᠢᠰᠢ᠂ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠲᠠᠰᠤᠷᠠᠯᠳᠠ ᠦᠭᠡᠢ ᠬᠥᠭ᠌ᠵᠢᠨ ᠪᠤᠵᠠᠭᠠᠢᠷᠠᠬᠤ᠎ᠶ᠋ᠢ ᠲᠠᠭᠠᠯᠳᠤᠨ᠂ ᠨᠠᠮ᠎ᠤᠨ ᠥᠩᠭᠡᠷᠡᠭ᠌ᠰᠡᠨ ᠦᠶ᠎ᠡ᠎ᠶ᠋ᠢᠨ ᠭᠤᠣᠯ ᠤᠳᠤᠷᠢᠳᠭᠤ ᠬᠥᠮᠦᠰ ᠪᠠ ᠲᠥᠪ᠎ᠤᠨ ᠤᠳᠤᠷᠢᠳᠭᠤ ᠬᠠᠮᠲᠤ ᠴᠥᠮ ᠨᠠᠮ᠎ᠤᠨ ᠲᠤᠰ ᠪᠡᠶ᠎ᠡ᠎ᠶ᠋ᠢᠨ ᠪᠠᠢᠭᠤᠯᠤᠯᠲᠠ᠎ᠶ᠋ᠢ ᠲᠦᠢᠯ᠎ᠢᠶᠠᠷ ᠴᠢᠬᠤᠯᠠᠴᠢᠯᠠᠪᠠ᠃ 1939 ᠣᠨ᠎ᠤ 10 ᠰᠠᠷ᠎ᠠ᠎ᠳᠤ᠂ ᠮᠠᠤ ᠽᠧ ᠳ᠋ᠦᠩ ᠨᠥᠬᠦᠷ 《〈ᠡᠪ ᠬᠠᠮᠲᠤᠴᠤᠳ〉 ᠰᠡᠳᠬᠦᠯ᠎ᠤᠨ ᠬᠡᠪᠯᠡᠯ ᠡᠬᠢᠯᠡᠬᠦ᠌ ᠦᠭᠡ》 ᠎ᠳᠡᠭᠡᠨ ᠨᠠᠮ᠎ᠤᠨ ᠪᠠᠢᠭᠤᠯᠤᠯᠲᠠ᠎ᠶ᠋ᠢ 《ᠠᠭᠤᠤ ᠶᠡᠭᠡ ᠢᠨᠵᠧᠨᠧᠷᠢᠩ》 ᠭᠡᠵᠦ᠍᠂ ᠪᠦᠬᠦ᠌ ᠤᠯᠤᠰ᠎ᠤᠨ ᠬᠡᠪᠴᠢᠶᠡᠨ᠎ᠤ᠂ ᠥᠷᠭᠡᠨ ᠳᠡᠯᠭᠡᠷᠡᠩᠭᠦᠢ ᠤᠯᠠᠨ ᠲᠦᠮᠡᠨᠴᠢ ᠴᠢᠨᠠᠷᠲᠠᠢ᠂ ᠦᠵᠡᠯ ᠰᠠᠨᠠᠭ᠎ᠠ ᠤᠯᠤᠰ ᠲᠦᠷᠦ᠎ᠶ᠋ᠢᠨ ᠵᠣᠬᠢᠶᠠᠨ ᠪᠠᠢᠭᠤᠯᠤᠯᠲᠠ᠎ᠶ᠋ᠢᠨ ᠲᠠᠯ᠎ᠠ᠎ᠪᠠᠷ ᠪᠦᠷᠢᠮᠦᠰᠦᠨ ᠪᠠᠬᠢᠵᠢᠭ᠌ᠰᠡᠨ ᠪᠤᠯᠱᠸᠧᠢᠭ᠌ᠵᠢᠭ᠌ᠰᠡᠨ ᠳᠤᠮᠳᠠᠳᠤ ᠤᠯᠤᠰ᠎ᠤᠨ ᠡᠪ ᠬᠠᠮᠲᠤ ᠨᠠᠮ᠎ᠢ ᠪᠠᠢᠭᠤᠯᠬᠤ᠎ᠶ᠋ᠢ ᠱᠠᠭᠠᠷᠳᠠᠵᠠᠢ᠃ ᠥᠭᠡᠷᠡᠴᠢᠯᠡᠯᠲᠡ ᠨᠡᠭᠡᠭᠡᠯᠲᠡ ᠬᠢᠭ᠌ᠰᠡᠨ᠎ᠤ ᠳᠠᠷᠠᠭ᠎ᠠ᠂ ᠳ᠋ᠧᠩ ᠱᠢᠶᠤᠤ ᠫᠢᠩ ᠨᠥᠬᠦᠷ  ᠲᠦᠷᠦ᠍ ᠪᠠᠷᠢᠭ᠍ᠴᠢ ᠨᠠᠮ᠎ᠨᠢ ᠶᠠᠮᠠᠷ ᠶᠠᠩᠵᠤ᠎ᠶ᠋ᠢᠨ ᠨᠠᠮ ᠪᠠᠢᠪᠠᠯ ᠵᠣᠬᠢᠬᠤ᠂ ᠲᠦᠷᠦ᠍ ᠪᠠᠷᠢᠭ᠍ᠴᠢ ᠨᠠᠮ᠎ᠤᠨ ᠨᠠᠮ᠎ᠤᠨ ᠭᠡᠱᠢᠭᠦᠨ᠎ᠨᠢ ᠶᠠᠭᠠᠬᠢᠪᠠᠯ ᠰᠠᠶᠢ ᠬᠢᠷᠢ ᠲᠡᠩᠴᠡᠬᠦ᠂ ᠨᠠᠮ ᠶᠠᠭᠠᠬᠢᠪᠠᠯ ᠰᠠᠶᠢ ᠴᠢᠳᠠᠮᠠᠭᠠᠢ᠎ᠪᠠᠷ ᠤᠳᠤᠷᠢᠳᠴᠤ᠌ ᠴᠢᠳᠠᠬᠤ ᠪᠤᠢ》 ᠭᠡᠬᠦ᠌ ᠡᠨᠡ ᠬᠦ᠌ ᠴᠢᠬᠤᠯᠠ ᠶᠡᠭᠡ ᠠᠰᠠᠭᠤᠳᠠᠯ᠎ᠢ ᠲᠥᠪ ᠴᠢᠩᠭ᠎ᠠ᠎ᠪᠠᠷ ᠳᠤᠷᠠᠳᠤᠨ ᠭᠠᠷᠭᠠᠵᠤ᠂ ᠱᠢᠨ᠎ᠡ ᠴᠠᠭ ᠦᠶ᠎ᠡ᠎ᠶ᠋ᠢᠨ ᠨᠠᠮ᠎ᠤᠨ ᠪᠠᠢᠭᠤᠯᠤᠯᠲᠠ᠎ᠶ᠋ᠢᠨ ᠬᠠᠷᠠᠯᠲᠠ ᠪᠠ ᠱᠠᠭᠠᠷᠳᠠᠯᠭ᠎ᠠ᠎ᠶ᠋ᠢ ᠲᠣᠳᠣᠷᠬᠠᠢ ᠳᠤᠷᠠᠳᠤᠨ ᠭᠠᠷᠭᠠᠵᠤ᠂ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢᠭᠡᠮ ᠵᠢᠷᠤᠮ᠎ᠤᠨ ᠵᠠᠮ᠎ᠢ ᠨᠡᠭᠡᠭᠡᠬᠦ᠌ ᠲᠡᠦᠬᠡᠨ ᠠᠬᠢᠴᠠ ᠳᠤᠮᠳᠠ ᠨᠠᠮ᠎ᠤᠨ ᠪᠠᠢᠭᠤᠯᠤᠯᠲᠠ᠎ᠶ᠋ᠢ ᠲᠠᠰᠤᠷᠠᠯᠲᠠ ᠦᠭᠡᠢ ᠴᠢᠩᠭᠠᠳᠭᠠᠪᠠ᠃ ᠡᠷᠢᠨ ᠵᠠᠭᠤᠨ᠎ᠤ ᠠᠭᠤᠯᠵᠠᠷ᠎ᠲᠤ ᠵᠢᠶᠠᠩ ᠽᠧ ᠮᠢᠨ ᠨᠥᠬᠦᠷ 《ᠭᠤᠷᠪᠠ᠎ᠶ᠋ᠢ ᠲᠥᠯᠥᠭᠡᠯᠡᠬᠦ᠌》 ᠴᠢᠬᠤᠯᠠ ᠦᠵᠡᠯ ᠰᠠᠨᠠᠭ᠎ᠠ᠎ᠶ᠋ᠢ ᠳᠤᠷᠠᠳᠤᠨ ᠭᠠᠷᠭᠠᠵᠤ᠂ 《ᠭᠤᠷᠪᠠ᠎ᠶ᠋ᠢ ᠲᠥᠯᠥᠭᠡᠯᠡᠬᠦ᠌》 ᠱᠠᠭᠠᠷᠳᠠᠯᠭ᠎ᠠ᠎ᠶ᠋ᠢ ᠲᠤᠭᠤᠱᠢᠯᠠᠭᠤᠯᠬᠤ᠎ᠶ᠋ᠢ ᠱᠠᠭᠠᠷᠳᠠᠪᠠ᠂ ᠡᠭᠦᠨ᠎ᠤ ᠵᠠᠩᠭᠢᠯᠠᠭ᠎ᠠ᠎ᠨᠢ ᠴᠠᠭ ᠦᠶ᠎ᠡ᠎ᠲᠠᠢ ᠵᠡᠷᠭᠡ᠎ᠪᠠᠷ ᠤᠷᠤᠭ᠍ᠰᠢᠯᠠᠬᠤ᠎ᠶ᠋ᠢ ᠪᠠᠷᠢᠮᠲᠠᠯᠠᠬᠤ᠎ᠳᠤ ᠪᠠᠢᠵᠤ᠂ ᠭᠤᠣᠯᠳᠠᠯᠭ᠎ᠠ᠎ᠨᠢ ᠨᠠᠮ᠎ᠤᠨ ᠲᠡᠷᠢᠭᠦᠨ᠎ᠤ ᠴᠢᠨᠠᠷ᠎ᠢ ᠪᠠᠷᠢᠮᠲᠠᠯᠠᠬᠤ᠎ᠳᠤ ᠪᠠᠢᠨ᠎ᠠ᠂ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢᠭᠡᠮ ᠵᠢᠷᠤᠮ᠎ᠢ ᠪᠦᠳᠦᠭᠡᠠ ᠪᠠᠢᠭᠤᠯᠬᠤ ᠦᠢᠯᠡᠰ᠎ᠤᠨ ᠱᠢᠨ᠎ᠡ ᠪᠠᠢᠳᠠᠯ᠎ᠢ ᠴᠢᠷᠮᠠᠢᠨ ᠪᠤᠢ ᠪᠣᠯᠭᠠᠬᠤ᠎ᠳᠤ ᠡᠷᠬᠡᠪᠰᠢ ᠨᠠᠮ᠎ᠤᠨ ᠤᠳᠤᠷᠢᠳᠤᠯᠭ᠎ᠠ᠎ᠶ᠋ᠢ ᠥᠴᠦᠬᠡᠨ ᠴᠦ᠍ ᠭᠤᠢᠪᠢᠰᠢ ᠤᠢ᠍ᠭᠡᠢ᠎ᠪᠠᠷ ᠪᠠᠷᠢᠮᠲᠠᠯᠠᠨ ᠰᠠᠢᠵᠢᠷᠠᠭᠤᠯᠵᠤ᠂ ᠨᠠᠮ᠎ᠤᠨ ᠪᠠᠢᠭᠤᠯᠤᠯᠲᠠ᠎ᠶ᠋ᠢᠨ ᠠᠭᠤᠤ ᠶᠡᠭᠡ ᠱᠢᠨ᠎ᠡ ᠢᠨᠵᠧᠨᠧᠷᠢᠩ᠎ᠢ ᠪᠦᠬᠦ᠌ ᠲᠠᠯ᠎ᠠ᠎ᠪᠠᠷ ᠠᠬᠢᠭᠤᠯᠬᠤ ᠬᠡᠷᠡᠭ᠌ᠲᠡᠢ ᠭᠡᠵᠦ᠍ ᠴᠢᠬᠤᠯᠠᠴᠢᠯᠠᠵᠠᠢ᠃ ᠱᠢᠨ᠎ᠡ ᠵᠠᠭᠤᠨ᠎ᠳᠤ ᠤᠷᠦᠬ᠍ᠰᠡᠠ᠎ᠤ ᠲᠡᠷᠠᠭ᠎ᠠ᠂ ᠬᠤ᠌᠎ᠶ᠋ᠢᠨ ᠲᠤᠤ ᠨᠥᠬᠦᠷ᠎ᠢᠶᠠᠷ ᠭᠤᠣᠯ ᠲᠥᠯᠥᠭᠡᠯᠡᠭ᠌ᠴᠢ ᠪᠣᠯᠭᠠᠭ᠍ᠰᠠᠨ ᠳᠤᠮᠳᠠᠳᠤ ᠤᠯᠤᠰ᠎ᠤᠨ ᠡᠪ ᠬᠠᠮᠲᠤᠴᠤᠳ ᠨᠠᠮ᠎ᠤᠨ ᠪᠠᠢᠭᠤᠯᠤᠯᠲᠠ᠎ᠶ᠋ᠢᠨ ᠠᠭᠤᠤ ᠶᠡᠭᠡ ᠱᠢᠨ᠎ᠡ ᠢᠨᠵᠧᠨᠧᠷᠢᠩ᠎ᠢ ᠦᠷᠭᠦᠯᠵᠢᠯᠡᠨ ᠠᠬᠢᠭᠤᠯᠵᠤ᠂ ᠨᠠᠮ᠎ᠤᠨ ᠲᠦᠷᠦ᠍ ᠪᠠᠷᠢᠬᠤ ᠴᠢᠳᠠᠪᠤᠷᠢ ᠪᠣᠯᠤᠨ ᠤᠳᠤᠷᠢᠳᠭᠤ ᠬᠢᠷᠢ ᠲᠦᠪᠱᠢᠨ᠎ᠢ ᠲᠡᠰᠦᠷᠡᠯᠳᠠ ᠤᠢ᠍ᠭᠡᠢ ᠳᠡᠭᠡᠭ᠌ᠰᠢᠯᠡᠭᠦᠯᠦᠭᠡᠳ ᠮᠠᠨ᠎ᠤ ᠨᠠᠮ᠎ᠢᠶᠠᠨ ᠨᠡᠩ ᠬᠦᠴᠦᠷᠬᠡᠭ ᠶᠡᠭᠡ ᠪᠣᠯᠭᠠᠭ᠍ᠰᠠᠨ ᠪᠠᠢᠨ᠎ᠠ᠃ ᠨᠠᠮ᠎ᠤᠨ ᠠᠷᠪᠠᠨ ᠨᠠᠢ᠍ᠮᠠᠳᠤᠭᠠᠷ ᠶᠡᠭᠡ ᠬᠤᠷᠠᠯ᠎ᠠᠴᠠ ᠨᠠᠭᠠᠰᠢ᠂ ᠰᠢ᠎ᠶ᠋ᠢᠨ ᠫᠢᠩ ᠨᠥᠬᠦᠷ᠎ᠢᠶᠠᠷ ᠭᠤᠣᠯ ᠪᠣᠯᠭᠠᠭ᠍ᠰᠠᠨ ᠨᠠᠮ᠎ᠤᠨ ᠲᠥᠪ ᠬᠤᠷᠢᠶ᠎ᠠ ᠨᠠᠮ᠎ᠤᠨ ᠤᠳᠤᠷᠢᠳᠤᠯᠭ᠎ᠠ ᠪᠣᠯᠤᠨ ᠨᠠᠮ᠎ᠤᠨ ᠪᠠᠢᠭᠤᠯᠤᠯᠲᠠ᠎ᠶ᠋ᠢ ᠪᠦᠬᠦ᠌ ᠲᠠᠯ᠎ᠠ᠎ᠪᠠᠷ ᠴᠢᠩᠭᠠᠳᠭᠠᠵᠤ᠂ ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ᠎ᠶ᠋ᠢ 《ᠳᠦᠷᠪᠡᠨ ᠪᠦᠬᠦ᠌ ᠲᠠᠯ᠎ᠠ》 ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠪᠠᠢᠷᠢᠱᠢᠭᠤᠯᠤᠯᠲᠠ᠎ᠳᠤ ᠣᠷᠣᠭᠤᠯᠵᠤ᠂ ᠪᠦᠬᠦ᠌ ᠨᠠᠮ᠎ᠤᠨ ᠬᠦᠰᠡᠯᠡᠩ ᠢᠲᠡᠭᠡᠯ ᠪᠢᠱᠢᠷᠡᠯ ᠨᠡᠩ ᠡᠷᠡᠰ ᠪᠠᠲᠤ ᠪᠤᠯᠵᠤ᠂ ᠨᠠᠮᠴᠢ ᠴᠢᠨᠠᠷ ᠨᠡᠩ ᠪᠠᠲᠤ ᠴᠢᠩᠭ᠎ᠠ ᠪᠤᠯᠵᠤ᠂ ᠬᠥᠮᠦᠨ ᠰᠣᠩᠭᠤᠵᠤ ᠬᠥᠮᠦᠨ ᠬᠡᠷᠡᠭ᠌ᠯᠡᠬᠦ᠌ ᠪᠠᠢᠳᠠᠯ ᠪᠣᠯᠤᠨ ᠬᠡᠪ ᠰᠤᠷᠲᠠᠯ ᠢᠯᠡᠳᠲᠡ ᠰᠠᠢᠵᠢᠷᠠᠵᠤ᠂ ᠨᠠᠮ᠎ᠤᠨ ᠳᠣᠲᠣᠭᠠᠳᠤ᠎ᠶ᠋ᠢᠨ ᠬᠠᠤᠯᠢ ᠲᠣᠭ᠍ᠲᠠᠭᠠᠯ ᠳᠦᠷᠢᠮ᠎ᠤᠨ ᠱᠢᠰᠲ᠋ᠧᠮ ᠲᠠᠰᠤᠷᠠᠯᠲᠠ ᠦᠭᠡᠢ ᠲᠡᠭᠦᠯᠳᠡᠷᠵᠢᠵᠦ᠍᠂ ᠢᠯᠵᠡᠷᠡᠯ᠎ᠢ ᠡᠰᠡᠷᠭᠦᠴᠡᠬᠦ᠌ ᠲᠡᠮᠡᠴᠡᠯ᠎ᠤᠨ ᠳᠡᠢᠯᠦᠩᠭᠦᠢ ᠪᠠᠢᠳᠠᠯ ᠨᠢᠭᠡᠨᠲᠡ ᠪᠦᠷᠢᠯᠳᠦᠭ᠌ᠰᠡᠨ ᠪᠥᠭᠡᠳ ᠪᠠᠬᠢᠵᠢᠨ ᠬᠥᠭ᠌ᠵᠢᠵᠦ᠍᠂ ᠨᠠᠮ᠎ᠤᠨ ᠳᠣᠲᠣᠭᠠᠳᠤ᠎ᠶ᠋ᠢᠨ ᠤᠯᠤᠰ ᠲᠦᠷᠦ᠎ᠶ᠋ᠢᠨ ᠠᠮᠢ ᠠᠬᠤᠢ ᠮᠡᠳᠡᠭ᠌ᠳᠡᠮ᠎ᠡ ᠰᠠᠢᠵᠢᠷᠠᠵᠤ᠂ ᠨᠠᠮ ᠬᠤᠪᠢᠰᠭᠠᠯᠲᠤ ᠴᠢᠨᠠᠷᠲᠠᠢ ᠳᠠᠪᠲᠠᠯᠲᠠ ᠳᠤᠮᠳᠠ ᠨᠡᠩ ᠪᠠᠲᠤ ᠴᠢᠩᠭ᠎ᠠ ᠪᠤᠯᠵᠤ᠂ ᠱᠢᠨ᠎ᠡ ᠬᠦᠴᠦᠷᠬᠡᠭ ᠶᠡᠭᠡ ᠠᠮᠢᠵᠢᠷᠠᠯ᠎ᠤᠨ ᠬᠦᠴᠦᠨ᠎ᠢᠶᠠᠨ ᠪᠠᠳᠠᠷᠠᠭᠤᠯᠪᠠ᠃

ᠨᠠᠮ᠎ᠤᠨ ᠤᠯᠤᠰ ᠲᠦᠷᠦ᠎ᠶ᠋ᠢᠨ ᠪᠠᠢᠭᠤᠯᠤᠯᠲᠠ᠎ᠪᠠᠷ ᠶᠡᠷᠦᠩᠬᠡᠢᠯᠡᠨ ᠵᠢᠯᠤᠭᠤᠳᠤᠭᠤᠯᠵᠤ᠂ ᠱᠢᠨ᠎ᠡ ᠴᠠᠭ ᠦᠶ᠎ᠡ᠎ᠶ᠋ᠢᠨ ᠨᠠᠮ᠎ᠤᠨ ᠪᠠᠢᠭᠤᠯᠤᠯᠲᠠ᠎ᠶ᠋ᠢᠨ ᠱᠢᠨ᠎ᠡ ᠠᠭᠤᠤ ᠶᠡᠭᠡ ᠢᠨᠵᠧᠨᠧᠷᠢᠩ᠎ᠢ ᠦᠷᠭᠦᠯᠵᠢᠯᠡᠨ ᠠᠬᠢᠭᠤᠯᠬᠤ ᠬᠡᠷᠡᠭ᠌ᠲᠡᠢ᠃ ᠶᠡᠷᠦᠩᠬᠡᠢ ᠱᠦᠵᠢ ᠰᠢ᠎ᠶ᠋ᠢᠨ ᠫᠢᠩ᠂ ᠵᠣᠷᠢᠭ᠍ᠲᠠᠢ᠎ᠪᠠᠷ ᠥᠪᠡᠷ᠎ᠤᠨ ᠪᠡᠶ᠎ᠡ᠎ᠳᠡᠭᠡᠨ ᠬᠤᠪᠢᠰᠭᠠᠯ ᠬᠢᠬᠦ᠌ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠪᠤᠰᠤᠳ ᠲᠦᠷᠦ᠎ᠶ᠋ᠢᠨ ᠨᠠᠮ᠎ᠠᠴᠠ ᠢᠯᠭᠠᠭ᠍ᠳᠠᠬᠤ ᠢᠯᠡᠷᠬᠡᠢ ᠪᠡᠯᠭᠡ ᠲᠡᠮᠳᠡᠭ ᠮᠥᠨ᠃ ᠮᠠᠨ᠎ᠤ ᠨᠠᠮ ᠱᠢᠨ᠎ᠡ ᠴᠠᠭ ᠦᠶ᠎ᠡ᠎ᠳᠤ ᠱᠢᠨ᠎ᠡ ᠳᠦᠷᠰᠦ ᠪᠠᠢᠳᠠᠯ ᠱᠢᠨ᠎ᠡ ᠵᠢᠳᠬᠦᠯ ᠴᠢᠷᠮᠠᠢᠯᠭ᠎ᠠ ᠭᠠᠷᠭᠠᠵᠤ᠂ ᠪᠦᠬᠦ᠌ ᠤᠯᠤᠰ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠢ ᠪᠦᠯᠬᠦᠮᠳᠡᠭᠦᠯᠦᠨ ᠳᠠᠭᠠᠭᠤᠯᠵᠤ ᠨᠡᠢᠭᠡᠮ ᠵᠢᠷᠤᠮᠳᠤ ᠣᠳᠣᠬᠢᠴᠢᠯᠠᠭ᠍ᠰᠠᠨ ᠬᠦᠴᠦᠷᠬᠡᠭ ᠤᠯᠤᠰ᠎ᠢ ᠪᠦᠬᠦ᠌ ᠲᠠᠯ᠎ᠠ᠎ᠪᠠᠷ ᠪᠦᠳᠦᠭᠡᠨ ᠪᠠᠢᠭᠤᠯᠬᠤ ᠬᠤᠶᠠᠳᠤᠭᠠᠷ ᠵᠠᠭᠤᠨ ᠵᠢᠯ᠎ᠤᠨ ᠲᠡᠮᠡᠴᠡᠬᠦ᠌ ᠬᠠᠷᠠᠯᠲᠠ ᠲᠡᠢᠰᠢ ᠤᠷᠤᠭ᠍ᠰᠢᠯᠠᠬᠤ᠎ᠳᠤ ᠡᠷᠬᠡᠪᠰᠢ ᠱᠢᠨ᠎ᠡ ᠴᠠᠭ ᠦᠶ᠎ᠡ᠎ᠶ᠋ᠢᠨ ᠨᠠᠮ᠎ᠤᠨ ᠪᠠᠢᠭᠤᠯᠤᠯᠲᠠ᠎ᠶ᠋ᠢᠨ ᠶᠡᠷᠦᠩᠬᠡᠢ ᠱᠠᠭᠠᠷᠳᠠᠯᠭ᠎ᠠ᠎ᠶ᠋ᠢ ᠪᠠᠲᠤ ᠡᠵᠡᠮᠳᠡᠵᠦ᠍᠂ ᠵᠣᠷᠢᠭ᠍ᠲᠠᠢ᠎ᠪᠠᠷ ᠥᠪᠡᠷ᠎ᠤᠨ ᠪᠡᠶ᠎ᠡ᠎ᠳᠡᠭᠡᠨ ᠬᠤᠪᠢᠰᠭᠠᠯ ᠬᠢᠬᠦ᠌ ᠤᠯᠤᠰ ᠲᠦᠷᠦ᠎ᠶ᠋ᠢᠨ ᠰᠥᠰᠥ᠍ ᠵᠣᠷᠢᠭ᠎ᠢᠶᠠᠷ ᠨᠠᠮ᠎ᠤᠨ ᠪᠠᠢᠭᠤᠯᠤᠯᠲᠠ᠎ᠶ᠋ᠢᠨ ᠱᠢᠨ᠎ᠡ ᠠᠭᠤᠤ ᠶᠡᠭᠡ ᠢᠨᠵᠧᠨᠧᠷᠢᠩ᠎ᠢ ᠠᠬᠢᠭᠤᠯᠬᠤ ᠬᠡᠷᠡᠭ᠌ᠲᠡᠢ ᠬᠡᠵᠤ ᠵᠢᠭᠠᠵᠤ ᠭᠠᠷᠭᠠᠪᠠ᠃

ᠨᠠᠮ᠎ᠤᠨ ᠤᠯᠤᠰ ᠲᠦᠷᠦ᠎ᠶ᠋ᠢᠨ ᠪᠠᠢᠭᠤᠯᠤᠯᠲᠠ᠎ᠶ᠋ᠢ ᠲᠡᠷᠢᠭᠦᠨ ᠪᠠᠢᠷᠢᠨ᠎ᠳᠤ ᠲᠠᠯᠪᠢᠵᠤ᠂ ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠠᠵᠢᠯ᠎ᠤᠨ ᠭᠦᠨᠵᠡᠭᠡᠢᠷᠡᠨ ᠬᠥᠭ᠌ᠵᠢᠬᠦ᠌᠎ᠶ᠋ᠢ ᠠᠬᠢᠭᠤᠯᠬᠤ ᠬᠡᠷᠡᠭ᠌ᠲᠡᠢ᠃ ᠮᠠᠷᠺᠰ᠎ᠤᠨ ᠦᠵᠡᠯ᠎ᠤᠨ ᠤᠨᠤᠯ᠎ᠤᠨ ᠦᠷ᠎ᠡ ᠪᠦᠲᠦᠭᠡᠯ᠂ ᠢᠯᠠᠩᠭᠤᠶ᠎ᠠ ᠰᠢ᠎ᠶ᠋ᠢᠨ ᠫᠢᠩ᠎ᠤᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠪᠠᠷ ᠪᠦᠬᠦ᠌ ᠨᠠᠮ᠎ᠢ ᠵᠡᠪᠰᠡᠭ᠌ᠯᠡᠬᠦ᠌᠎ᠳᠤ ᠰᠠᠢᠨ ᠺᠠᠳ᠋ᠷ᠎ᠤᠨ ᠪᠠᠷᠢᠮᠵᠢᠶ᠎ᠠ᠎ᠶ᠋ᠢ ᠪᠠᠷᠢᠮᠲᠠᠯᠠᠵᠤ᠂ ᠮᠣᠷᠠᠯ ᠴᠢᠳᠠᠪᠤᠷᠢ ᠬᠤᠣᠰᠯᠠᠭ᠍ᠰᠠᠨ ᠥᠨᠳᠥᠷ ᠬᠡᠪ ᠪᠣᠯᠪᠠᠰᠤᠷᠠᠯ᠎ᠲᠠᠢ ᠺᠠᠳ᠋ᠷ᠎ᠤᠨ ᠡᠩᠨᠡᠭᠡ᠎ᠶ᠋ᠢ ᠬᠦᠴᠦᠯᠡᠨ ᠪᠠᠢᠭᠤᠯᠬᠤ ᠬᠡᠷᠡᠭ᠌ᠲᠡᠢ᠃ ᠨᠠᠮ᠎ᠤᠨ ᠰᠤᠷᠲᠠᠯ ᠴᠢᠬᠡᠴᠢ ᠵᠠᠰᠠᠭ᠎ᠤᠨ ᠪᠠᠢᠭᠤᠯᠤᠯᠲᠠ᠎ᠶ᠋ᠢ ᠡᠷᠡᠰ ᠭᠤᠢᠪᠢᠰᠢ ᠦᠭᠡᠢ ᠠᠬᠢᠭᠤᠯᠬᠤ ᠬᠡᠷᠡᠭ᠌ᠲᠡᠢ᠃ ᠨᠠᠮ᠎ᠤᠨ ᠲᠡᠷᠢᠭᠦᠨ᠎ᠤ ᠴᠢᠨᠠᠷ ᠪᠠ ᠴᠡᠪᠡᠷ ᠴᠢᠨᠠᠷ᠎ᠢ ᠬᠤᠬᠢᠷᠠᠭᠤᠯᠬᠤ ᠠᠯᠢᠪᠠ ᠬᠦᠴᠦᠨ ᠵᠦᠢᠯ᠎ᠢ ᠡᠷᠡᠰ ᠠᠷᠢᠯᠭᠠᠵᠤ᠂ ᠨᠠᠮ᠎ᠤᠨ ᠡᠷᠡᠭᠦᠯ ᠴᠤᠭ᠍ᠴᠠ᠎ᠶ᠋ᠢ ᠬᠤᠣᠷᠳᠠᠭᠤᠯᠬᠤ ᠠᠯᠢᠪᠠ ᠸᠢᠷᠦ᠋ᠰ᠎ᠢ ᠠᠷᠢᠯᠭᠠᠵᠤ᠂ ᠺᠠᠳ᠋ᠷᠴᠤᠳ ᠲᠥᠪ ᠱᠢᠳᠤᠷᠭᠤ᠂ ᠵᠠᠰᠠᠭ᠎ᠤᠨ ᠣᠷᠳᠣᠨ ᠠᠷᠢᠭᠤᠨ ᠴᠢᠬᠡᠴᠢ᠂ ᠤᠯᠤᠰ ᠲᠦᠷᠦ᠍ ᠢᠯᠡ ᠲᠤᠳᠤ ᠪᠠᠢᠬᠤ᠎ᠶ᠋ᠢ ᠪᠠᠲᠤᠯᠠᠬᠤ ᠬᠡᠷᠡᠭ᠌ᠲᠡᠢ᠃ ᠡᠭᠦᠨ᠎ᠤ ᠬᠠᠮᠲᠤ᠌᠂ ᠲᠦᠷᠢᠮ᠎ᠤᠨ ᠪᠠᠢᠭᠤᠯᠤᠯᠲᠠ᠎ᠶ᠋ᠢ ᠨᠠᠮ᠎ᠤᠨ ᠡᠯ᠎ᠡ ᠵᠦᠢᠯ᠎ᠤᠨ ᠪᠠᠢᠭᠤᠯᠤᠯᠲᠠ᠎ᠳᠤ ᠲᠤᠭᠤᠱᠢᠯᠠᠭᠤᠯᠵᠤ᠂ ᠨᠠᠮ᠎ᠤᠨ ᠪᠠᠢᠭᠤᠯᠤᠯᠲᠠ᠎ᠶ᠋ᠢ ᠪᠠᠢᠩᠭᠤᠵᠢᠭᠤᠯᠤᠨ ᠤᠷᠲᠤ ᠬᠤᠭᠤᠴᠠᠭ᠎ᠠ᠎ᠪᠠᠷ ᠳᠦᠷᠢᠮᠵᠢᠭᠦᠯᠬᠦ᠌᠎ᠶ᠋ᠢ ᠠᠬᠢᠭᠤᠯᠵᠤ᠂ ᠨᠠᠮ᠎ᠤᠨ ᠪᠠᠢᠭᠤᠯᠤᠯᠲᠠ᠎ᠶ᠋ᠢᠨ ᠴᠢᠨᠠᠷ ᠴᠢᠨᠰᠠᠭ᠎ᠠ᠎ᠶ᠋ᠢ ᠲᠠᠰᠤᠷᠠᠯᠲᠠ ᠦᠭᠡᠢ ᠳᠡᠭᠡᠭ᠌ᠰᠢᠯᠡᠭᠦᠯᠵᠦ᠍᠂ ᠨᠠᠮ᠎ᠢ ᠢᠮᠠᠭ᠍ᠲᠠ ᠴᠠᠭ ᠦᠶ᠎ᠡ᠎ᠶ᠋ᠢᠨ ᠡᠮᠦᠨ᠎ᠡ ᠡᠩᠨᠡᠭᠡᠨ᠎ᠳᠤ ᠶᠠᠪᠤᠬᠤ᠂ ᠠᠷᠠᠳ ᠲᠦᠮᠡᠨ ᠴᠢᠩ ᠰᠡᠳᠭᠢᠯ᠎ᠠᠴᠠ᠎ᠪᠠᠨ ᠬᠦᠷᠢᠶᠡᠯᠡᠬᠦ᠂ ᠵᠣᠷᠢᠭ᠍ᠲᠠᠢ᠎ᠪᠠᠷ ᠥᠪᠡᠷ᠎ᠤᠨ ᠪᠡᠶ᠎ᠡ᠎ᠳᠡᠭᠡᠨ ᠬᠤᠪᠢᠰᠭᠠᠯ ᠬᠢᠬᠦ᠂ ᠡᠯ᠎ᠡ ᠵᠦᠢᠯ᠎ᠤᠨ ᠰᠠᠯᠬᠢ ᠳᠠᠪᠠᠯᠭᠠᠨ ᠱᠢᠯᠭᠠᠯᠲᠠ᠎ᠶ᠋ᠢ ᠳᠠᠭᠠᠭᠠᠵᠤ ᠳᠡᠢᠯᠬᠦ᠂ ᠴᠤᠭ ᠪᠠᠳᠠᠷᠠᠩᠭᠤᠢ ᠮᠠᠷᠺᠰ᠎ᠤᠨ ᠦᠵᠡᠯ᠎ᠤᠨ ᠲᠦᠷᠦ᠍ ᠪᠠᠷᠢᠭ᠍ᠴᠢ ᠨᠠᠮ ᠪᠣᠯᠭᠠᠨ ᠪᠠᠢᠭᠤᠯᠬᠤ ᠬᠡᠷᠡᠭ᠌ᠲᠡᠢ᠃

(ᠵᠣᠬᠢᠶᠠᠭ᠍ᠴᠢ᠎ᠶ᠋ᠢᠨ ᠪᠠᠢᠭᠤᠯᠭ᠎ᠠ᠄ ᠥᠪᠥᠷ ᠮᠣᠩᠭᠤᠯ᠎ᠤᠨ ᠨᠠᠮ᠎ᠤᠨ ᠰᠤᠷᠭᠠᠭᠤᠯᠢ᠎ᠶ᠋ᠢᠨ ᠨᠠᠮ᠎ᠤᠨ ᠲᠡᠦᠬᠡ ᠨᠠᠮ᠎ᠤᠨ ᠪᠠᠢᠭᠤᠯᠤᠯᠲᠠ᠎ᠶ᠋ᠢᠨ ᠵᠢᠭᠠᠨ ᠰᠤᠳᠤᠯᠬᠤ ᠬᠡᠯᠲᠡᠰ)

ᠬᠥᠲᠡᠯᠤᠯᠴᠡᠯ

ᠴᠢᠨᠠᠷ ᠰᠠᠢᠲᠠᠶ ᠨᠠᠮ᠎ᠤᠨ ᠪᠠᠢᠭᠤᠯᠤᠯᠲᠠ᠎ᠪᠠᠷ ᠦᠨᠳᠦᠰᠦᠨ ᠱᠠᠲᠤᠨ᠎ᠤ ᠵᠠᠰᠠᠯᠲᠠ᠎ᠶ᠋ᠢᠨ ᠲᠦᠪᠱᠢᠨ᠎ᠢ ᠳᠡᠭᠡᠭ᠌ᠰᠢᠯᠡᠭᠦᠯᠬᠦ᠌᠎ᠶ᠋ᠢ ᠬᠥᠲᠥᠯᠥᠨ ᠳᠠᠭᠠᠭᠤᠯᠤᠨ᠎ᠠ

                                      ᠲᠤᠰ ᠰᠣᠨᠢᠨ᠎ᠤ ᠰᠤᠷᠪᠤᠯᠵᠢᠯᠠᠭ᠍ᠴᠢ ᠰᠥᠩ ᠱᠤᠸᠠᠩ

《ᠪᠢᠳᠡ ᠦᠨᠳᠦᠰᠦᠨ ᠱᠠᠲᠤ᠎ᠶ᠋ᠢ ᠠᠳᠭᠤᠨ ᠰᠠᠭᠤᠷᠢ ᠲᠠᠯᠪᠢᠬᠤ᠎ᠶ᠋ᠢ ᠠᠯᠤᠰ ᠬᠡᠲᠦ᠎ᠶ᠋ᠢᠨ ᠠᠷᠭ᠎ᠠ ᠪᠣᠳᠣᠯᠭ᠎ᠠ ᠪᠠ ᠦᠨᠳᠦᠰᠦ᠎ᠶ᠋ᠢ ᠪᠠᠬᠢᠵᠢᠭᠦᠯᠬᠦ᠌ ᠠᠷᠭ᠎ᠠ ᠪᠣᠳᠣᠯᠭ᠎ᠠ ᠪᠣᠯᠭᠠᠵᠤ᠂ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠤᠭ᠍ᠰᠠᠨ ᠦᠷ᠎ᠡ ᠪᠦᠲᠦᠭᠡᠯ᠎ᠢ ᠪᠠᠬᠢᠵᠢᠭᠦᠯᠦᠨ ᠥᠷᠭᠡᠳᠭᠡᠬᠦ᠂ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ ᠪᠠᠢᠯᠳᠤᠬᠤ ᠪᠣᠳᠣᠯᠭ᠎ᠠ᠎ᠶ᠋ᠢᠨ ᠬᠡᠷᠡᠭ᠌ᠵᠢᠭᠦᠯᠦᠯᠲᠡ᠎ᠶ᠋ᠢ ᠠᠬᠢᠭᠤᠯᠬᠤ᠎ᠳᠤ ᠪᠠᠲᠤ ᠴᠢᠩᠭ᠎ᠠ ᠵᠣᠬᠢᠶᠠᠨ ᠪᠠᠢᠭᠤᠯᠤᠯᠲᠠ᠎ᠶ᠋ᠢᠨ ᠪᠠᠲᠤᠯᠠᠭ᠎ᠠ ᠬᠠᠩᠭᠠᠨ᠎ᠠ》 ᠭᠡᠵᠦ᠍ ᠪᠠᠶᠠᠨᠨᠠᠭᠤᠷ ᠬᠤᠲᠠ᠎ᠶ᠋ᠢᠨ ᠦᠶᠤᠸᠠᠨ ᠱᠢᠶᠠᠨ᠎ᠤ ᠨᠠᠮ᠎ᠤᠨ ᠬᠤᠷᠢᠶᠠᠨ᠎ᠤ ᠵᠣᠬᠢᠶᠠᠨ ᠪᠠᠢᠭᠤᠯᠬᠤ ᠬᠡᠯᠲᠡᠰ᠎ᠤᠨ ᠳᠡᠳ᠋ ᠳᠠᠷᠤᠭ᠎ᠠ ᠶᠠᠨ ᠸᠧᠶ ᠦ᠋ ᠡᠷᠡᠰ ᠱᠢᠭᠤᠷᠬᠠᠶ᠎ᠪᠠᠷ ᠬᠡᠯᠡᠪᠡ᠃

ᠦᠶᠤᠸᠠᠨ ᠱᠢᠶᠠᠨ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠤᠳᠤᠷᠢᠳᠤᠭ᠍ᠰᠠᠨ ᠦᠨᠳᠦᠰᠦᠨ ᠱᠠᠲᠤᠨ᠎ᠤ ᠵᠠᠰᠠᠯᠲᠠ᠎ᠶ᠋ᠢᠨ ᠱᠢᠰᠲ᠋ᠧᠮ᠎ᠤᠨ ᠪᠠᠢᠭᠤᠯᠤᠯᠲᠠ᠎ᠶ᠋ᠢ ᠲᠦᠷᠭᠡᠳᠭᠡᠨ ᠠᠬᠢᠭᠤᠯᠵᠤ᠂ ᠲᠣᠰᠭᠤᠨ᠎ᠤ ᠨᠠᠮ᠎ᠤᠨ ᠡᠭᠦᠷ᠎ᠤᠨ ᠤᠳᠤᠷᠢᠳᠤᠯᠭ᠎ᠠ ᠳᠣᠣᠷᠠᠬᠢ ᠲᠣᠰᠭᠤᠨ᠎ᠤ ᠠᠷᠠᠳ᠎ᠤᠨ ᠳᠤᠭᠤᠢᠯᠠᠩ᠎ᠤᠨ ᠲᠤᠤᠷᠵᠢᠭᠤᠯᠤᠯᠳᠠ᠎ᠶ᠋ᠢᠨ 《ᠵᠢᠵᠢᠭ ᠵᠠᠰᠠᠯᠲᠠ》 ᠎ᠶ᠋ᠢ ᠬᠡᠷᠡᠭ᠌ᠵᠢᠭᠦᠯᠬᠦ᠌᠎ᠶ᠋ᠢ ᠰᠦᠪᠡᠭ᠌ᠴᠢᠯᠡᠵᠦ᠍᠂ 《ᠵᠢᠵᠢᠭ ᠵᠣᠬᠢᠶᠠᠨ ᠪᠠᠢᠭᠤᠯᠤᠯᠲᠠ》 ᠎ᠶ᠋ᠢ ᠵᠣᠬᠢᠶᠠᠨ ᠪᠠᠢᠭᠤᠯᠬᠤ᠂ 《ᠵᠢᠵᠢᠭ ᠰᠤᠷᠭᠠᠨ ᠬᠥᠮᠦᠵᠢᠯ》 ᠎ᠢ ᠥᠷᠨᠢᠭᠦᠯᠬᠦ᠂ 《ᠵᠢᠵᠢᠭ ᠦᠢᠯᠡᠴᠢᠯᠡᠭᠡ》 ᠎ᠶ᠋ᠢ ᠥᠷᠨᠢᠭᠦᠯᠬᠦ᠂ 《ᠵᠢᠵᠢᠭ ᠬᠠᠮᠢᠶᠠᠷᠤᠯᠲᠠ》 ᠎ᠶ᠋ᠢ ᠬᠡᠷᠡᠭ᠌ᠵᠢᠭᠦᠯᠬᠦ᠂ 《ᠵᠢᠵᠢᠭ ᠬᠢᠨᠠᠯᠲᠠ》 ᠎ᠶ᠋ᠢ ᠴᠢᠩᠭᠠᠳᠭᠠᠬᠤ ᠵᠡᠷᠬᠡ 《ᠲᠠᠪᠤᠨ ᠵᠢᠵᠢᠭ》 ᠎ᠤᠨ ᠵᠠᠭ᠍ᠪᠤᠷ᠎ᠢᠶᠠᠷ ᠳᠠᠮᠵᠢᠨ᠂ ᠲᠣᠰᠭᠤᠨ᠎ᠤ ᠱᠠᠲᠤᠨ᠎ᠤ ᠬᠠᠮᠢᠶᠠᠷᠤᠯᠲᠠ ᠦᠢᠯᠡᠴᠢᠯᠡᠭᠡᠨ᠎ᠤ ᠴᠢᠳᠠᠮᠵᠢ᠎ᠶ᠋ᠢ ᠲᠣᠰᠭᠤᠨ᠎ᠤ ᠠᠷᠠᠳ᠎ᠤᠨ ᠳᠤᠭᠤᠢᠯᠠᠩ ᠲᠡᠢᠰᠢ ᠥᠷᠭᠡᠳᠭᠡᠵᠦ᠍᠂ ᠲᠣᠰᠭᠤᠨ᠎ᠤ ᠠᠷᠠᠳ᠎ᠤᠨ ᠥᠪᠡᠷ᠎ᠢ᠎ᠪᠠᠨ ᠬᠠᠮᠢᠶᠠᠷᠬᠤ᠂ ᠥᠪᠡᠷ᠎ᠢ᠎ᠪᠠᠨ ᠬᠥᠮᠦᠵᠢᠭᠦᠯᠬᠦ᠂ ᠥᠪᠡᠷ᠎ᠤᠨ ᠪᠡᠶ᠎ᠡ᠎ᠳᠡᠭᠡᠨ ᠦᠢᠯᠡᠴᠢᠯᠡᠬᠦ᠂ ᠥᠪᠡᠷ᠎ᠢ᠎ᠪᠠᠨ ᠬᠢᠨᠠᠬᠤ ᠲᠦᠪᠱᠢᠨ᠎ᠢ ᠳᠡᠭᠡᠭ᠌ᠰᠢᠯᠡᠭᠦᠯᠪᠡ᠃

ᠣᠳᠣᠬᠠᠨ᠎ᠳᠤ᠂ ᠪᠥᠬᠦ᠌ ᠱᠢᠶᠠᠨ᠎ᠳᠤ ᠨᠢᠭᠡᠨᠲᠡ ᠲᠣᠰᠭᠤᠨ᠎ᠤ ᠠᠷᠠᠳ᠎ᠤᠨ ᠳᠤᠭᠤᠢᠯᠠᠩ᠎ᠤᠨ ᠨᠠᠮ᠎ᠤᠨ ᠤᠳᠤᠷᠢᠳᠭᠤ ᠳᠤᠭᠤᠢᠯᠠᠩ᠂ ᠲᠣᠰᠭᠤᠨ᠎ᠤ ᠠᠷᠠᠳ᠎ᠤᠨ ᠬᠡᠷᠡᠭ ᠡᠷᠬᠢᠯᠡᠭ᠌ᠴᠢᠳ᠎ᠤᠨ ᠬᠤᠷᠠᠯ᠂ ᠡᠮᠡᠭ᠌ᠲᠡᠢᠴᠦᠳ᠎ᠤᠨ ᠦᠢᠯᠡᠴᠢᠯᠡᠭᠡᠨ ᠎ᠤ ᠠᠩᠭᠢ ᠵᠡᠷᠭᠡ 《ᠵᠢᠵᠢᠭ ᠵᠣᠬᠢᠶᠠᠨ ᠪᠠᠢᠭᠤᠯᠤᠯᠲᠠ》 ᠎ᠶ᠋ᠢ 2300 ᠭᠠᠷᠤᠶ ᠪᠠᠢᠭᠤᠯᠵᠤ᠂ 1.6 ᠲᠦᠮᠡ ᠭᠠᠷᠤᠶ ᠨᠠᠮ᠎ᠤᠨ ᠭᠡᠱᠢᠭᠦᠨ ᠤᠯᠠᠨ ᠲᠦᠮᠡᠨ ᠣᠷᠣᠯᠴᠠᠵᠤ᠂ ᠵᠢᠯ ᠪᠦᠷᠢ ᠳᠤᠮᠳᠠᠴᠢ᠎ᠪᠠᠷ ᠢᠷᠭᠡᠨ᠎ᠤ ᠬᠡᠷᠡᠭ᠎ᠢ ᠣᠷᠣᠯᠠᠨ ᠭᠦᠢᠴᠡᠳᠭᠡᠬᠦ᠂ ᠰᠠᠢᠨ ᠳᠤᠷ᠎ᠠ᠎ᠶ᠋ᠢᠨ ᠦᠢᠯᠡᠴᠢᠯᠡᠭᠡ᠂ ᠬᠥᠷᠰᠢ ᠵᠡᠷᠭᠡᠯᠡᠳᠡᠭᠡ᠎ᠪᠠᠷ᠎ᠢᠶᠠᠨ ᠬᠠᠪᠰᠤᠷᠤᠯᠴᠠᠬᠤ ᠵᠡᠷᠭᠡ 《ᠵᠢᠵᠢᠭ ᠦᠢᠯᠡᠴᠢᠯᠡᠭᠡ》 ᠎ᠶ᠋ᠢ 3.3 ᠲᠦᠮᠡᠨ ᠬᠥᠮᠦᠨ ᠤᠳᠠᠭ᠎ᠠ ᠥᠷᠨᠢᠭᠦᠯᠵᠦ᠍᠂ ᠭᠤᠤᠯᠳᠠᠯᠭ᠎ᠠ᠎ᠪᠠᠨ ᠳᠣᠷᠣᠭ᠍ᠰᠢ ᠱᠢᠯᠵᠢᠭᠦᠯᠬᠦ᠂ ᠦᠢᠯᠡᠴᠢᠯᠡᠭᠡ᠎ᠪᠠᠨ ᠳᠣᠷᠣᠭ᠍ᠰᠢ ᠪᠠᠭᠤᠯᠭᠠᠬᠤ᠎ᠶ᠋ᠢ ᠪᠦᠲᠦᠮᠵᠢᠲᠡᠶ ᠠᠬᠢᠭᠤᠯᠪᠠ᠃

《ᠱᠢᠯᠭᠠᠯᠲᠠ᠎ᠳᠤ ᠣᠷᠣᠯᠴᠠᠬᠤ》 ᠵᠠᠮ ᠳᠡᠭᠡᠷ᠎ᠡ ᠱᠢᠨ᠎ᠡ ᠡᠭᠦᠷᠭᠡᠯᠡᠯ᠎ᠢᠶᠠᠨ ᠢᠯᠡᠷᠡᠭᠦᠯᠦᠨ᠎ᠡ

                                  ᠲᠤᠰ ᠰᠣᠨᠢᠨ᠎ᠤ ᠰᠤᠷᠪᠤᠯᠵᠢᠯᠠᠭ᠍ᠴᠢ ᠰᠥᠩ ᠱᠤᠸᠠᠩ

ᠪᠠᠶᠠᠨᠨᠠᠭᠤᠷ ᠬᠤᠳᠠ᠎ᠶ᠋ᠢᠨ ᠯᠢᠨ ᠾᠧ ᠲᠣᠭᠤᠷᠢᠭ᠎ᠤᠨ ᠨᠠᠮ᠎ᠤᠨ ᠬᠤᠷᠢᠶᠠᠨ᠎ᠤ ᠵᠣᠬᠢᠶᠠᠨ ᠪᠠᠢᠭᠤᠯᠬᠤ ᠬᠡᠯᠲᠡᠰ᠎ᠤᠨ ᠳᠡᠳ᠋ ᠳᠠᠷᠤᠭ᠎ᠠ ᠵᠠᠩ ᠭᠧᠨ ᠱᠦ᠍᠄ 《ᠦᠨᠳᠦᠰᠦᠨ ᠱᠠᠲᠤᠨ᠎ᠤ ᠡᠯ᠎ᠡ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ ᠥᠭᠡᠷᠡᠴᠢᠯᠡᠯᠲᠡ ᠬᠥᠭ᠌ᠵᠢᠯᠲᠡ᠎ᠶ᠋ᠢᠨ ᠬᠠᠮᠤᠭ᠎ᠤᠨ ᠡᠮᠦᠨ᠎ᠡ ᠹᠷᠣᠨᠲ᠂ ᠤᠯᠠᠨ ᠲᠦᠮᠡᠨ᠎ᠲᠠᠢ ᠬᠠᠷᠢᠯᠴᠠᠵᠤ ᠤᠯᠠᠨ ᠲᠦᠮᠡᠨ᠎ᠳᠤ ᠦᠢᠯᠡᠴᠢᠯᠡᠬᠦ᠌ ᠡᠮᠦᠨ᠎ᠡ ᠹᠷᠣᠨᠲ᠎ᠲᠤ ᠪᠠᠢᠵᠤ᠂ ᠨᠠᠮ᠎ᠤᠨ ᠱᠤᠭᠤᠮ ᠴᠢᠭ᠌ᠯᠡᠯᠲᠡ ᠲᠦᠷᠦ᠎ᠶ᠋ᠢᠨ ᠪᠤᠳᠤᠯᠭ᠎ᠠ᠎ᠶ᠋ᠢ ᠲᠤᠭᠤᠱᠢᠯᠠᠭᠤᠯᠤᠨ ᠨᠠᠢᠳᠠᠪᠤᠷᠢᠵᠢᠭᠤᠯᠬᠤ 〈ᠰᠡᠵᠢᠬᠦᠷ ᠮᠡᠳᠡᠷᠡᠯ〉 ᠪᠤᠯᠤᠨ᠎ᠠ᠂ ᠦᠨᠳᠦᠰᠦᠨ ᠱᠠᠲᠤᠨ᠎ᠤ ᠨᠠᠮ᠎ᠤᠨ ᠪᠠᠢᠭᠤᠯᠤᠯᠲᠠ᠎ᠶ᠋ᠢ ᠭᠤᠣᠯᠯᠠᠨ ᠠᠳᠭᠤᠬᠤ ᠵᠣᠬᠢᠶᠠᠨ ᠪᠠᠢᠭᠤᠯᠬᠤ ᠠᠵᠢᠯ᠎ᠤᠨ ᠺᠠᠳ᠋ᠷ ᠪᠣᠯᠤᠭ᠍ᠰᠠᠨ᠎ᠤ ᠬᠤᠪᠢ᠎ᠳᠤ᠂ ᠡᠯ᠎ᠡ ᠵᠦᠢᠯ᠎ᠤᠨ ᠵᠣᠬᠢᠶᠠᠨ ᠪᠠᠢᠭᠤᠯᠬᠤ ᠠᠵᠢᠯ᠎ᠤᠨ ᠲᠠᠬᠢᠨ ᠱᠢᠨ᠎ᠡ ᠳᠡᠭ᠌ᠲᠡᠷ᠎ᠲᠤ ᠭᠠᠷᠬᠤ᠎ᠶ᠋ᠢ ᠠᠬᠢᠭᠤᠯᠵᠤ᠂ ᠱᠢᠨ᠎ᠡ ᠬᠠᠭᠤᠳᠠᠰᠤ᠎ᠶ᠋ᠢ ᠪᠢᠴᠢᠭ᠌ᠯᠡᠵᠦ᠍᠂ 〈ᠭᠤᠷᠪᠠᠨ ᠬᠡᠮᠵᠢᠶ᠎ᠡ〉 ᠎ᠶ᠋ᠢ ᠰᠠᠢᠲᠤᠷ ᠠᠳᠭᠤᠨ᠎ᠠ》 ᠭᠡᠪᠡ᠃

ᠤᠯᠤᠰ ᠲᠦᠷᠦ᠎ᠶ᠋ᠢᠨ ᠲᠠᠯ᠎ᠠ᠎ᠪᠠᠷ ᠦᠨᠳᠦᠷᠴᠡ᠎ᠲᠠᠢ ᠪᠠᠢᠵᠤ᠂ ᠶᠡᠷᠦᠩᠬᠡᠢ ᠱᠦᠵᠢ ᠰᠢ᠎ᠶ᠋ᠢᠨ ᠫᠢᠩ᠎ᠤᠨ 《7 · 1》 ᠎ᠤ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠰᠡᠳᠭᠢᠯ᠎ᠳᠡᠭᠡᠨ ᠱᠢᠩᠭᠡᠭᠡᠵᠦ᠍᠂ ᠦᠢᠯᠡ ᠠᠵᠢᠯᠯᠠᠭ᠎ᠠ ᠲᠡᠭᠡᠷ᠎ᠡ᠎ᠪᠠᠨ ᠢᠯᠡᠷᠡᠭᠦᠯᠵᠦ᠍᠂ ᠴᠠᠭ ᠢᠮᠠᠭ᠍ᠲᠠ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠪᠠᠷ ᠬᠡᠮᠵᠢᠭᠦᠷ ᠪᠣᠯᠭᠠᠵᠤ᠂ ᠤᠯᠤᠰ ᠲᠦᠷᠦ᠎ᠶ᠋ᠢ ᠡᠷᠬᠢᠮᠯᠡᠵᠦ᠍᠂ ᠤᠯᠤᠰ ᠲᠦᠷᠦ᠎ᠶ᠋ᠢᠨ ᠲᠠᠯ᠎ᠠ᠎ᠪᠠᠷ ᠲᠤᠳᠤᠷᠬᠠᠢ ᠪᠠᠢᠬᠤ᠎ᠶ᠋ᠢ ᠪᠡᠶᠡᠯᠡᠬᠦᠯᠦᠨ᠎ᠡ; ᠬᠠᠷᠢᠭᠤᠴᠠᠯᠭ᠎ᠠ ᠡᠭᠦᠷᠭᠡᠯᠡᠯ᠎ᠢ ᠡᠷᠬᠢᠮᠯᠡᠵᠦ᠍᠂ ᠠᠵᠢᠯ᠎ᠤᠨ ᠲᠠᠯ᠎ᠠ᠎ᠪᠠᠷ ᠴᠠᠭᠠᠷᠠᠵᠤ ᠮᠡᠷᠭᠡᠱᠢᠭ᠌ᠰᠡᠨ ᠬᠥᠮᠦᠰ ᠪᠤᠯᠤᠨ᠎ᠠ᠃ ᠤᠨᠤᠯ᠎ᠤᠨ ᠲᠠᠯ᠎ᠠ᠎ᠪᠠᠷ ᠭᠦᠨᠴᠡ᠎ᠲᠠᠢ ᠪᠠᠢᠵᠤ᠂ ᠶᠣᠰᠣ ᠲᠦᠷᠢᠮ᠎ᠤᠨ ᠤᠬᠠᠮᠰᠠᠷ᠎ᠢ ᠪᠠᠲᠤ ᠪᠤᠢ ᠪᠣᠯᠭᠠᠵᠤ᠂ ᠲᠠᠨᠢᠯᠲᠠ᠎ᠶ᠋ᠢᠨ ᠲᠠᠯ᠎ᠠ᠎ᠪᠠᠷ ᠰᠡᠷᠭᠡᠭ᠂ ᠦᠢᠯᠡ ᠠᠵᠢᠯᠯᠠᠭ᠎ᠠ᠎ᠶ᠋ᠢᠨ ᠲᠠᠯ᠎ᠠ᠎ᠪᠠᠷ ᠲᠥᠪ ᠴᠢᠬᠡᠴᠢ᠂ ᠠᠵᠤ ᠠᠬᠤᠢ᠎ᠶ᠋ᠢᠨ ᠲᠠᠯ᠎ᠠ᠎ᠪᠠᠷ ᠠᠷᠢᠭᠤᠨ ᠴᠡᠪᠡᠷ᠂ ᠠᠮᠢᠳᠤᠷᠠᠯ᠎ᠤᠨ ᠲᠠᠯ᠎ᠠ᠎ᠪᠠᠷ ᠠᠷᠢᠭᠤᠨ ᠴᠢᠬᠡᠴᠢ ᠪᠠᠢᠬᠤ᠎ᠶ᠋ᠢ ᠪᠡᠶᠡᠯᠡᠭᠦᠯᠵᠦ᠍᠂ ᠡᠯ᠎ᠡ ᠵᠦᠢᠯ᠎ᠤᠨ ᠠᠵᠢᠯ᠎ᠳᠤ ᠵᠣᠬᠢᠶᠠᠨ ᠪᠠᠢᠭᠤᠯᠤᠯᠲᠠ᠎ᠶ᠋ᠢ ᠰᠠᠨᠠᠭ᠎ᠠ ᠠᠮᠤᠷ᠂ ᠤᠯᠠᠨ ᠲᠦᠮᠡᠨ᠎ᠢ ᠰᠡᠳᠭᠢᠯ ᠬᠠᠨᠤᠮᠵᠢᠲᠠᠢ ᠪᠠᠢᠯᠭᠠᠨ᠎ᠠ᠃ ᠬᠡᠷᠡᠭ᠌ᠵᠢᠭᠦᠯᠬᠦ᠌ ᠲᠠᠯ᠎ᠠ᠎ᠪᠠᠷ ᠡᠷᠴᠢᠮ᠎ᠲᠠᠢ ᠪᠠᠢᠵᠤ᠂ ᠢᠮᠠᠭ᠍ᠲᠠ ᠶᠡᠷᠦᠩᠬᠡᠢ ᠱᠦᠵᠢ ᠰᠢ᠎ᠶ᠋ᠢᠨ ᠫᠢᠩ᠎ᠤᠨ 《7 · 1》 ᠎ᠤ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠪᠠᠷ ᠵᠢᠯᠤᠭᠤᠳᠤᠯᠭ᠎ᠠ ᠪᠣᠯᠭᠠᠵᠤ᠂ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ 《ᠬᠤᠪᠢᠰᠭᠠᠯ᠎ᠤᠨ ᠬᠥᠳᠡᠯᠭᠡᠭᠦᠷ》 ᠎ᠢ ᠴᠣᠭ᠍ᠴᠠᠯᠠᠵᠤ᠂ ᠨᠠᠮ᠎ᠳᠠᠭᠠᠨ ᠦᠨᠡᠨᠴᠢ ᠱᠢᠳᠤᠷᠭᠤ ᠪᠠᠢᠬᠤ᠂ ᠨᠠᠮ᠎ᠤᠨ ᠲᠥᠯᠥᠭᠡ ᠰᠠᠨᠠᠭᠠᠱᠢᠷᠠᠬᠤ᠂ ᠨᠠᠮ᠎ᠤᠨ ᠲᠥᠯᠥᠭᠡ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠬᠦ᠂ ᠠᠷᠠᠳ ᠲᠦᠮᠡᠨ᠎ᠳᠤ ᠪᠤᠶᠠᠨ ᠦᠢᠯᠡᠳᠬᠦ᠌᠎ᠶ᠋ᠢ ᠦᠨᠳᠦᠰᠦᠨ ᠤᠯᠤᠰ ᠲᠦᠷᠦ᠎ᠶ᠋ᠢᠨ ᠡᠭᠦᠷᠭᠡᠯᠡᠯ᠎ᠢᠶᠠᠨ ᠪᠣᠯᠭᠠᠵᠤ᠂ ᠨᠠᠮ᠎ᠤᠨ ᠪᠠᠢᠭᠤᠯᠤᠯᠲᠠ᠎ᠶ᠋ᠢᠨ ᠱᠢᠨ᠎ᠡ ᠠᠭᠤᠤ ᠶᠡᠭᠡ ᠢᠨᠵᠧᠨᠧᠷᠢᠩ᠎ᠢ ᠠᠬᠢᠭᠤᠯᠬᠤ᠎ᠳᠤ ᠵᠣᠬᠢᠶᠠᠨ ᠪᠠᠢᠭᠤᠯᠬᠤ ᠠᠵᠢᠯ᠎ᠤᠨ ᠺᠠᠳ᠋ᠷ᠎ᠤᠨ ᠤᠶᠤᠨ ᠤᠬᠠᠭᠠᠨ ᠪᠠ ᠬᠦᠴᠦᠨ ᠴᠢᠳᠠᠯ᠎ᠢᠶᠠᠨ ᠡᠷᠬᠦᠨ᠎ᠡ᠃

ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠡᠵᠢᠯ᠎ᠢ ᠡᠭᠦᠷᠢᠳᠡ ᠵᠤᠭ᠍ᠰᠤᠰᠢ ᠦᠭᠡᠢ ᠬᠢᠬᠦ᠌ ᠤᠯᠤᠰ ᠲᠦᠷᠦ᠎ᠶ᠋ᠢᠨ ᠤᠬᠠᠮᠰᠠᠷ᠎ᠢᠶᠠᠨ ᠴᠢᠩᠭᠠᠳᠭᠠᠨ᠎ᠠ

                               ᠲᠤᠰ ᠰᠣᠨᠢᠨ᠎ᠤ ᠰᠤᠷᠪᠤᠯᠵᠢᠯᠠᠭ᠍ᠴᠢ ᠪᠠᠶ ᠳ᠋ᠠᠨ

《ᠱᠢᠨ᠎ᠡ ᠠᠶᠠᠨ᠎ᠳᠠᠭᠠᠨ᠂ ᠪᠢᠳᠡ ᠲᠡᠮᠦᠷ᠎ᠢ ᠳᠠᠪᠲᠠᠬᠤ᠎ᠳᠤ ᠥᠪᠡᠷ᠎ᠢᠶᠠᠨ ᠵᠠᠪᠠᠯ ᠬᠠᠲᠠᠭᠤ ᠪᠠᠢᠬᠤ ᠬᠡᠷᠡᠭ᠌ᠲᠡᠶ ᠭᠡᠬᠦ᠌ ᠶᠣᠰᠣ ᠤᠴᠢᠷ᠎ᠢ ᠪᠠᠲᠤ ᠴᠡᠭᠡᠵᠢᠯᠡᠵᠦ᠍᠂ ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠠᠵᠢᠯ᠎ᠢ ᠡᠭᠦᠷᠢᠳᠡ ᠵᠤᠬ᠍ᠰᠤᠰᠢ ᠦᠭᠡᠶ ᠬᠢᠬᠦ᠌ ᠤᠯᠤᠰ ᠲᠥᠷᠥ᠎ᠶ᠋ᠢᠨ ᠤᠬᠠᠮᠰᠠᠷ᠎ᠢᠶᠠᠨ ᠴᠢᠩᠭᠠᠳᠭᠠᠵᠤ᠂ ᠨᠠᠮ᠎ᠤᠨ ᠤᠯᠤᠰ ᠲᠥᠷᠥ᠎ᠶ᠋ᠢᠨ ᠪᠠᠢᠭᠤᠯᠤᠯᠲᠠ᠎ᠪᠠᠷ ᠶᠡᠷᠦᠩᠬᠡᠢᠯᠡᠨ ᠵᠢᠯᠣᠭᠤᠳᠣᠭᠤᠯᠵᠤ᠂ ᠱᠢᠨ᠎ᠡ ᠴᠠᠭ ᠦᠶ᠎ᠡ᠎ᠶ᠋ᠢᠨ ᠨᠠᠮ᠎ᠤᠨ ᠪᠠᠢᠭᠤᠯᠤᠯᠲᠠ᠎ᠶ᠋ᠢᠨ ᠱᠢᠨ᠎ᠡ ᠠᠭᠤᠤ ᠶᠡᠭᠡ ᠢᠨᠵᠧᠨᠧᠷᠢᠩ᠎ᠢ ᠦᠷᠭᠦᠯᠵᠢᠯᠡᠨ ᠠᠬᠢᠭᠤᠯᠵᠤ᠂ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠱᠢᠰᠲ᠋ᠧᠮ᠎ᠢ ᠲᠠᠰᠤᠷᠠᠯᠲᠠ ᠦᠭᠡᠶ ᠨᠢᠭ᠍ᠲᠠᠷᠠᠭᠤᠯᠵᠤ᠂ ᠮᠣᠷᠠᠯ ᠴᠢᠳᠠᠪᠤᠷᠢ ᠬᠤᠣᠰᠯᠠᠭ᠍ᠰᠠᠨ ᠥᠨᠳᠥᠷ ᠬᠡᠪ ᠪᠣᠯᠪᠠᠰᠤᠷᠠᠯ᠎ᠲᠠᠢ ᠺᠠᠳ᠋ᠷᠴᠤᠳ᠎ᠤᠨ ᠡᠩᠨᠡᠭᠡ᠎ᠶ᠋ᠢ ᠬᠦᠴᠦᠯᠡᠨ ᠪᠠᠢᠭᠤᠯᠵᠤ᠂ ᠨᠠᠮ᠎ᠤᠨ ᠰᠤᠷᠲᠠᠯ ᠴᠢᠬᠡᠴᠢ ᠵᠠᠰᠠᠭ᠎ᠤᠨ ᠪᠠᠢᠭᠤᠯᠤᠯᠲᠠ ᠪᠣᠯᠤᠨ ᠢᠯᠵᠠᠷᠠᠯ᠎ᠢ ᠡᠰᠡᠷᠭᠦᠴᠡᠬᠦ᠌ ᠲᠡᠮᠡᠴᠡᠯ᠎ᠢ ᠡᠷᠡᠰ ᠭᠤᠢᠪᠢᠰᠢ ᠦᠭᠡᠶ᠎ᠪᠠᠷ ᠠᠬᠢᠭᠤᠯᠵᠤ᠂ ᠨᠠᠮ᠎ᠤᠨ ᠲᠡᠷᠢᠭᠦᠨ᠎ᠤ ᠴᠢᠨᠠᠷ ᠪᠠ ᠴᠡᠪᠡᠷ ᠴᠢᠨᠠᠷ᠎ᠢ ᠬᠤᠬᠢᠷᠠᠭᠤᠯᠬᠤ ᠠᠯᠢᠪᠠ ᠬᠦᠴᠦᠨ ᠵᠦᠢᠯ᠎ᠢ ᠡᠷᠡᠰ ᠠᠷᠢᠯᠭᠠᠵᠤ᠂ ᠨᠠᠮ᠎ᠤᠨ ᠡᠷᠡᠭᠦᠯ ᠴᠣᠭ᠍ᠴᠠ᠎ᠶ᠋ᠢ ᠬᠤᠣᠷᠳᠠᠭᠤᠯᠬᠤ ᠠᠯᠢᠪᠠ ᠸᠢᠷᠦ᠋ᠰ᠎ᠢ ᠠᠷᠢᠯᠭᠠᠵᠤ᠂ ᠨᠠᠮ᠎ᠤᠨ ᠴᠢᠨᠠᠷ ᠬᠤᠪᠢᠷᠠᠬᠤ ᠦᠭᠡᠢ᠂ ᠦᠡᠭ᠌ᠭᠡ ᠬᠤᠪᠢᠷᠠᠬᠤ ᠦᠭᠡᠢ᠂ ᠦᠨᠦᠷ ᠠᠮᠲᠠ ᠬᠤᠪᠢᠷᠠᠬᠤ ᠦᠭᠡᠢ ᠪᠠᠢᠬᠤ᠎ᠶ᠋ᠢ ᠪᠠᠲᠤᠯᠠᠵᠤ᠂ ᠨᠠᠮ᠎ᠤᠨ ᠱᠢᠨ᠎ᠡ ᠴᠠᠭ ᠦᠶ᠎ᠡ᠎ᠳᠤ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢᠭᠡᠮ ᠵᠢᠷᠤᠮ᠎ᠢ ᠪᠠᠷᠢᠮᠲᠠᠯᠠᠨ ᠬᠥᠭ᠌ᠵᠢᠭᠦᠯᠬᠦ᠌ ᠲᠡᠦᠬᠡᠨ ᠶᠠᠪᠤᠴᠠ᠎ᠳᠤ ᠢᠮᠠᠭ᠍ᠲᠠ ᠪᠠᠲᠤ ᠴᠢᠩᠭ᠎ᠠ ᠤᠳᠤᠷᠢᠳᠭᠤ ᠭᠤᠣᠯᠯᠠᠭ᠍ᠴᠢ ᠪᠣᠯᠬᠤ᠎ᠶ᠋ᠢ ᠪᠠᠲᠤᠯᠠᠬᠤ ᠬᠡᠷᠡᠭ᠌ᠲᠡᠢ!》 ᠶᠡᠷᠦᠩᠬᠡᠢ ᠱᠦᠵᠢ ᠰᠢ᠎ᠶ᠋ᠢᠨ ᠫᠢᠩ᠎ᠤᠨ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠭ᠍ᠰᠠᠨ 100 ᠵᠢᠯ᠎ᠤᠨ ᠤᠢ᠎ᠶ᠋ᠢ ᠪᠡᠯᠭᠡᠯᠡᠬᠦ᠌ ᠶᠡᠭᠡ ᠬᠤᠷᠠᠯ ᠳᠡᠭᠡᠷᠡᠬᠢ ᠴᠢᠬᠤᠯᠠ ᠶᠠᠷᠢᠶ᠎ᠠ᠎ᠳᠠᠬᠢ ᠡᠨᠡ ᠦᠭᠡ᠎ᠨᠢ ᠬᠥᠬᠡᠬᠤᠲᠠ᠎ᠶ᠋ᠢᠨ ᠰᠠᠢᠬᠠᠨ ᠲᠣᠭᠤᠷᠢᠭ᠎ᠤᠨ ᠰᠠᠬᠢᠯᠭ᠎ᠠ ᠪᠠᠲᠤ ᠪᠠᠢᠴᠠᠭᠠᠬᠤ ᠬᠤᠷᠢᠶ᠎ᠠ ᠬᠢᠨᠠᠨ ᠪᠠᠢᠴᠠᠭᠠᠬᠤ ᠵᠥᠪᠯᠡᠯ᠎ᠤᠨ ᠤᠬᠠᠭᠤᠯᠬᠤ ᠬᠡᠯᠲᠡᠰ᠎ᠤᠨ ᠳᠠᠷᠤᠭ᠎ᠠ ᠱ᠌ᠢ ᠵᠢᠶᠦ᠋ᠨ ᠹᠧᠩ᠎ᠤᠨ ᠲᠠᠷᠢᠬᠢᠨ᠎ᠳᠤ ᠭᠦᠨ ᠬᠠᠳᠠᠩᠱᠢᠵᠠᠢ᠃

《ᠢᠯᠵᠠᠷᠠᠯ᠎ᠢ ᠡᠰᠡᠷᠭᠦᠴᠡᠬᠦ᠌ ᠲᠡᠮᠡᠴᠡᠯ᠎ᠨᠢ ᠨᠠᠮ ᠪᠠ ᠤᠯᠤᠰ᠎ᠤᠨ ᠢᠷᠡᠭᠡᠳᠦᠶ᠎ᠶ᠋ᠢᠨ ᠬᠤᠪᠢ ᠵᠠᠶᠠᠭ᠎ᠠ᠂ ᠦᠨᠳᠦᠰᠦᠲᠡᠨ᠎ᠤ ᠰᠡᠷᠭᠦᠨ ᠮᠠᠨᠳᠤᠯᠲᠠ᠂ ᠠᠷᠠᠳ ᠲᠦᠮᠡᠨ᠎ᠤ ᠠᠵᠠ ᠵᠢᠷᠭᠠᠯ᠎ᠳᠤ ᠬᠤᠯᠪᠣᠭ᠍ᠳᠠᠵᠤ ᠪᠠᠢᠳᠠᠭ᠂ ᠣᠳᠣᠬᠠᠨ᠎ᠳᠤ ᠨᠠᠮ᠎ᠢ ᠪᠥᠬᠦ᠌ ᠲᠠᠯ᠎ᠠ᠎ᠪᠠᠷ ᠴᠢᠩᠭ᠎ᠠ ᠵᠠᠰᠠᠬᠤ ᠠᠵᠢᠯ ᠴᠢᠬᠤᠯᠠ ᠶᠡᠭᠡ ᠦᠷ᠎ᠡ ᠪᠦᠲᠦᠭᠡᠯ ᠣᠯᠵᠤ᠂ ᠨᠠᠮ᠎ᠤᠨ ᠰᠤᠷᠲᠠᠯ ᠴᠢᠬᠡᠴᠢ ᠵᠠᠰᠠᠭ᠎ᠤᠨ ᠪᠠᠢᠭᠤᠯᠤᠯᠲᠠ ᠪᠣᠯᠤᠨ ᠢᠯᠵᠠᠷᠠᠯ᠎ᠢ ᠡᠰᠡᠷᠭᠦᠴᠡᠬᠦ᠌ ᠲᠡᠮᠡᠴᠡᠯ ᠲᠡᠦᠬᠡᠲᠦ ᠴᠢᠨᠠᠷᠲᠠᠶ ᠠᠮᠵᠢᠯᠲᠠ ᠪᠦᠲᠦᠮᠵᠢ ᠣᠯᠤᠭ᠍ᠰᠠᠨ ᠪᠣᠯᠪᠠᠴᠤ᠌ ᠢᠯᠵᠠᠷᠠᠯ᠎ᠢ ᠡᠰᠡᠷᠭᠦᠴᠡᠬᠦ᠌ ᠲᠡᠮᠡᠴᠡᠯ᠎ᠤᠨ ᠪᠠᠢᠳᠠᠯ ᠮᠥᠨ ᠯᠡ ᠬᠦᠨᠳᠦ ᠬᠡᠴᠡᠭᠦᠦ ᠪᠥᠭᠡᠳ ᠨᠠᠷᠢᠨ ᠪᠤᠳᠤᠯᠢᠶᠠᠨᠲᠠᠶ ᠪᠠᠢᠵᠤ᠂ ᠨᠠᠮ᠎ᠤᠨ ᠰᠤᠷᠲᠠᠯ ᠴᠢᠭᠡᠴᠢ ᠵᠠᠰᠠᠭ᠎ᠤᠨ ᠪᠠᠢᠭᠤᠯᠤᠯᠲᠠ ᠡᠭᠦᠷᠢᠳᠡ ᠵᠤᠭ᠍ᠰᠤᠰᠢ ᠥᠬᠡᠶ ᠪᠠᠢᠵᠤ᠂ ᠮᠠᠨ᠎ᠤ ᠰᠠᠬᠢᠯᠭ᠎ᠠ ᠪᠠᠲᠤ ᠪᠠᠢᠴᠠᠭᠠᠬᠤ ᠬᠢᠨᠠᠨ ᠪᠠᠢᠴᠠᠭᠠᠬᠤ ᠠᠵᠢᠯᠲᠠᠨ᠎ᠤ ᠮᠥᠷᠥᠨ ᠳᠡᠭᠡᠷᠡᠬᠢ ᠬᠠᠷᠢᠭᠤᠴᠠᠯᠭ᠎ᠠ ᠶᠡᠷᠦ᠎ᠠᠴᠠ ᠬᠤᠪᠢᠷᠠᠭ᠎ᠠ ᠥᠬᠡᠶ ᠶᠤᠮ》 ᠭᠡᠵᠦ᠍ ᠱ᠌ᠢ ᠵᠢᠶᠦ᠋ᠨ ᠹᠧᠩ ᠬᠡᠯᠡᠪᠡ᠃

ᠱ᠌ᠢ ᠵᠢᠶᠦ᠋ᠨ ᠹᠧᠩ᠂ ᠦᠨᠳᠦᠰᠦᠨ ᠱᠠᠲᠤᠨ᠎ᠤ ᠰᠠᠬᠢᠯᠭ᠎ᠠ ᠪᠠᠲᠤ ᠪᠠᠢᠴᠠᠭᠠᠬᠤ ᠬᠢᠨᠠᠨ ᠪᠠᠢᠴᠠᠭᠠᠬᠤ ᠺᠠᠳ᠋ᠷ ᠪᠣᠯᠤᠭ᠍ᠰᠠᠨ᠎ᠤ ᠬᠤᠪᠢ᠎ᠳᠤ᠂ ᠬᠤᠢᠱᠢᠳᠠ᠎ᠶ᠋ᠢᠨ ᠠᠵᠢᠯ᠎ᠤᠨ ᠳᠤᠮᠳᠠ᠎ᠪᠠᠨ 《ᠬᠤᠶᠠᠷ᠎ᠢ ᠬᠠᠮᠠᠭᠠᠯᠠᠬᠤ》 ᠣᠨᠴᠠᠭᠠᠢ ᠡᠭᠦᠷᠭᠡ ᠪᠣᠯᠤᠨ ᠴᠢᠬᠤᠯᠠ ᠶᠡᠭᠡ ᠬᠠᠷᠢᠭᠤᠴᠠᠯᠭ᠎ᠠ᠎ᠶ᠋ᠢ ᠤᠬᠠᠮᠰᠠᠷ᠎ᠠᠴᠠ᠎ᠪᠠᠨ ᠡᠭᠦᠷᠭᠡᠯᠡᠵᠦ᠍᠂ ᠠᠷᠠᠳ ᠲᠦᠮᠡᠨ᠎ᠢ ᠳᠡᠭᠡᠳᠦᠯᠡᠬᠦ᠌ ᠦᠨᠳᠦᠰᠦᠨ ᠤᠯᠤᠰ ᠲᠦᠷᠦ᠎ᠶ᠋ᠢᠨ ᠵᠣᠭ᠍ᠰᠣᠯᠲᠠ᠎ᠶ᠋ᠢ ᠪᠠᠷᠢᠮᠲᠠᠯᠠᠵᠤ᠂ ᠠᠷᠠᠳ ᠤᠯᠠᠨ ᠶᠠᠭᠤ᠎ᠶ᠋ᠢ ᠡᠰᠡᠷᠭᠦᠴᠡᠵᠦ᠍᠂ ᠶᠠᠭᠤ᠎ᠶ᠋ᠢ ᠬᠤᠷᠣᠰᠤᠨ ᠵᠠᠨᠤᠵᠤ ᠪᠠᠢᠪᠠᠯ ᠳᠠᠷᠤᠢ ᠶᠠᠭᠤ᠎ᠶ᠋ᠢ ᠡᠷᠡᠰ ᠰᠡᠷᠭᠡᠢᠯᠡᠨ ᠵᠠᠯᠠᠷᠠᠭᠤᠯᠬᠤ᠎ᠶ᠋ᠢ ᠪᠠᠷᠢᠮᠲᠠᠯᠠᠵᠤ᠂ ᠤᠯᠠᠨ ᠲᠦᠮᠡᠨ᠎ᠤ ᠳᠡᠷᠭᠡᠳᠡᠬᠢ ᠢᠯᠵᠡᠷᠡᠯ ᠪᠣᠯᠤᠨ ᠲᠥᠪ ᠪᠤᠰᠤ ᠰᠤᠷᠲᠠᠯ᠎ᠢ ᠦᠷᠭᠦᠯᠵᠢᠯᠡᠨ ᠵᠠᠯᠠᠷᠠᠭᠤᠯᠤᠨ᠂ ᠤᠯᠠᠨ ᠲᠦᠮᠡᠨ᠎ᠤ ᠪᠠᠴᠢᠮᠳᠠᠵᠤ ᠬᠦᠴᠢᠷᠳᠡᠵᠦ᠍ ᠰᠠᠨᠠᠭᠠᠱᠢᠷᠠᠵᠤ ᠬᠦᠰᠡᠵᠦ᠍ ᠪᠠᠢᠭ᠎ᠠ ᠠᠰᠠᠭᠤᠳᠠᠯ᠎ᠢ ᠰᠡᠳᠭᠢᠯ ᠲᠠᠯᠪᠢᠨ ᠬᠦᠴᠦ᠍ ᠣᠷᠣᠭᠤᠯᠤᠨ ᠰᠠᠢᠲᠤᠷ ᠱᠢᠢᠳᠪᠦᠷᠢᠯᠡᠵᠦ᠍᠂ ᠤᠯᠠᠨ ᠲᠦᠮᠡᠨ᠎ᠳᠤ ᠪᠦᠬᠦ᠌ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠠᠵᠢᠯ ᠲᠡᠲᠡᠨ᠎ᠤ ᠳᠡᠷᠭᠡᠳᠡ ᠪᠠᠢᠬᠤ᠎ᠶ᠋ᠢ ᠦᠨᠡᠨ ᠬᠦ᠌ ᠮᠡᠳᠡᠷᠡᠭᠦᠯᠵᠦ᠍᠂ ᠱᠢᠨ᠎ᠡ ᠴᠠᠭ ᠦᠶ᠎ᠡ᠎ᠶ᠋ᠢᠨ ᠰᠠᠬᠢᠯᠭ᠎ᠠ ᠪᠠᠲᠤ ᠪᠠᠢᠴᠠᠭᠠᠬᠤ ᠬᠢᠨᠠᠨ ᠪᠠᠢᠴᠠᠭᠠᠬᠤ ᠠᠵᠢᠯ᠎ᠤᠨ ᠴᠢᠨᠠᠷ ᠰᠠᠢᠲᠠᠢ ᠬᠥᠭ᠌ᠵᠢᠯᠲᠡ᠎ᠶ᠋ᠢ ᠠᠬᠢᠭᠤᠯᠤᠨ᠎ᠠ ᠭᠡᠵᠦ᠍ ᠢᠯᠡᠳᠭᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号