ᠨᠠᠮ ᠪᠠᠢᠭᠤᠯᠤᠭ᠍ᠰᠠᠨ᠎ᠨᠢ
2021-08-16 09:59:54
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆


ᠦᠨᠡᠨ ᠶᠣᠰᠣ᠎ᠶ᠋ᠢ ᠪᠠᠷᠢᠮᠲᠠᠯᠠᠬᠤ

ᠬᠦᠰᠡᠯᠡᠩ᠎ᠢᠶᠠᠨ ᠪᠠᠲᠤ ᠰᠠᠬᠢᠬᠤ

ᠤᠭ ᠰᠠᠨᠠᠭ᠎ᠠ᠎ᠪᠠᠨ ᠦᠢᠯᠡᠳᠦᠯᠭᠡᠵᠢᠭᠦᠯᠬᠦ᠌

ᠡᠭᠦᠷᠭᠡ ᠬᠠᠷᠢᠭᠤᠴᠠᠯᠭ᠎ᠠ ᠡᠭᠦᠷᠭᠡᠯᠡᠬᠦ᠌

ᠦᠷᠡᠭ᠌ᠳᠡᠯ ᠰᠦᠢᠳᠦᠯ᠎ᠠᠴᠠ ᠠᠶᠤᠬᠤ ᠦᠭᠡᠢ

ᠡᠷᠡᠯᠬᠡᠭ ᠪᠠᠭᠠᠳᠤᠷᠯᠢᠭ᠎ᠢᠶᠠᠷ ᠲᠡᠮᠡᠴᠡᠬᠦ᠌

ᠨᠠᠮ᠎ᠳᠠᠭᠠᠨ ᠦᠨᠡᠨᠴᠢ ᠱᠢᠳᠤᠷᠭᠤ

ᠠᠷᠠᠳ ᠲᠦᠮᠡᠨ᠎ᠳᠡᠭᠡᠨ ᠤᠰᠤᠯᠳᠠᠬᠤ ᠦᠭᠡᠢ

 

ᠨᠠᠮ ᠪᠠᠢᠭᠤᠯᠤᠬ᠍ᠰᠠᠨ ᠠᠭᠤᠤ ᠶᠡᠭᠡ ᠵᠤᠷᠢᠭ ᠰᠠᠨᠠᠭ᠎ᠠ

 

ᠨᠠᠮ ᠪᠠᠢᠭᠤᠯᠤᠬ᠍ᠰᠠᠨ ᠠᠭᠤᠤ ᠶᠡᠭᠡ ᠵᠤᠷᠢᠭ ᠰᠠᠨᠠᠭ᠎ᠠ ᠪᠤᠯ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠤᠶᠤᠨ ᠰᠠᠨᠠᠭᠠᠨ᠎ᠤ ᠡᠬᠢ ᠰᠤᠷᠪᠤᠯᠵᠢ ᠪᠤᠯᠬᠤ ᠪᠦᠭᠡᠳ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠠᠮᠢᠵᠢᠷᠠᠯ᠎ᠤᠨ ᠬᠦᠴᠦᠨ᠎ᠢᠶᠠᠨ ᠡᠭᠦᠷᠢᠳᠡ ᠬᠠᠳᠠᠭᠠᠯᠠᠬᠤ ᠢᠯᠡ ᠲᠣᠳᠣ ᠤᠯᠤᠰ ᠲᠥᠷᠥ᠎ᠶ᠋ᠢᠨ ᠬᠡᠪ ᠴᠢᠨᠠᠷ ᠮᠦᠨ᠃

 

ᠨᠠᠮ ᠪᠠᠢᠭᠤᠯᠤᠬ᠍ᠰᠠᠨ ᠠᠭᠤᠤ ᠶᠡᠭᠡ ᠵᠤᠷᠢᠭ ᠰᠠᠨᠠᠭ᠎ᠠ᠎ᠶ᠋ᠢ ᠪᠠᠳᠠᠷᠠᠭᠤᠯᠤᠶ᠎ᠠ

         · ᠮᠧᠩ ᠬᠤᠶ ᠮᠢᠨ

ᠵᠠᠭᠤᠨ ᠵᠢᠯ᠎ᠤᠨ ᠡᠮᠦᠨ᠎ᠡ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠷᠢᠳᠤᠰ ᠳᠤᠮᠳᠠᠳᠤ ᠤᠯᠤᠰ᠎ᠤᠨ ᠡᠪ ᠬᠠᠮᠲᠤ ᠨᠠᠮ᠎ᠢ ᠡᠭᠦᠳᠦᠨ ᠪᠠᠢᠭᠤᠯᠵᠤ᠂ ᠦᠨᠡᠨ ᠶᠣᠰᠣ᠎ᠶ᠋ᠢ ᠪᠠᠷᠢᠮᠲᠠᠯᠠᠬᠤ᠂ ᠬᠦᠰᠡᠯᠡᠩ᠎ᠢᠶᠠᠨ ᠪᠠᠲᠤ ᠰᠠᠬᠢᠬᠤ᠂ ᠤᠭ ᠰᠠᠨᠠᠭ᠎ᠠ᠎ᠪᠠᠨ ᠦᠢᠯᠡᠳᠦᠯᠭᠡᠵᠢᠭᠦᠯᠬᠦ᠂ ᠡᠭᠦᠷᠭᠡ ᠬᠠᠷᠢᠭᠤᠴᠠᠯᠭ᠎ᠠ ᠡᠭᠦᠷᠭᠡᠯᠡᠬᠦ᠂ ᠦᠷᠡᠭ᠌ᠳᠡᠯ ᠰᠦᠢᠳᠤᠯ᠎ᠠᠴᠠ ᠠᠶᠤᠬᠤ ᠦᠭᠡᠢ᠂ ᠡᠷᠡᠯᠬᠡᠭ ᠪᠠᠭᠠᠳᠤᠷᠯᠢᠭ᠎ᠢᠶᠠᠷ ᠲᠡᠮᠡᠴᠡᠬᠦ᠂ ᠨᠠᠮ᠎ᠳᠠᠭᠠᠨ ᠦᠨᠡᠨᠴᠢ ᠱᠢᠳᠤᠷᠭᠤ᠂ ᠠᠷᠠᠳ ᠲᠦᠮᠡᠨ᠎ᠳᠡᠭᠡᠨ ᠤᠰᠤᠯᠳᠠᠬᠤ ᠦᠭᠡᠢ ᠨᠠᠮ ᠪᠠᠢᠭᠤᠯᠤᠬ᠍ᠰᠠᠨ ᠠᠭᠤᠤ ᠶᠡᠭᠡ ᠵᠣᠷᠢᠭ ᠰᠠᠨᠠᠭ᠎ᠠ᠎ᠶ᠋ᠢ ᠪᠦᠷᠢᠯᠳᠦᠭᠦᠯᠵᠠᠢ᠃ ᠡᠨᠡ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠶᠤᠨ ᠰᠠᠨᠠᠭᠠᠨ᠎ᠤ ᠡᠬᠢ ᠰᠤᠷᠪᠤᠯᠵᠢ ᠪᠤᠯᠬᠤ ᠪᠦᠭᠡᠳ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠠᠮᠢᠵᠢᠷᠠᠯ᠎ᠤᠨ ᠬᠦᠴᠦᠨ᠎ᠢᠶᠠᠨ ᠡᠭᠦᠷᠢᠳᠡ ᠬᠠᠳᠠᠭᠠᠯᠠᠬᠤ ᠢᠯᠡ ᠲᠣᠳᠣ ᠤᠯᠤᠰ ᠲᠥᠷᠥ᠎ᠶ᠋ᠢᠨ ᠬᠡᠪ ᠴᠢᠨᠠᠷ ᠪᠠᠢᠵᠤ᠂ ᠨᠠᠮ᠎ᠤᠨ ᠬᠦᠴᠦᠷᠬᠡᠭ ᠶᠡᠭᠡ ᠦᠵᠡᠯ ᠰᠠᠨᠠᠭᠠᠨ᠎ᠤ ᠳᠠᠪᠠᠭᠤᠯᠢᠭ᠂ ᠤᠯᠤᠰ ᠲᠦᠷᠦ᠎ᠶ᠋ᠢᠨ ᠳᠠᠪᠠᠭᠤᠯᠢᠭ᠂ ᠤᠶᠦᠠ ᠰᠠᠨᠠᠭᠠᠨ᠎ᠤ ᠳᠠᠪᠠᠭᠤᠯᠢᠭ᠂ ᠶᠣᠰᠣ ᠰᠤᠷᠲᠠᠬᠤᠨ᠎ᠤ ᠳᠠᠪᠠᠭᠤᠯᠢᠭ᠎ᠢ ᠢᠯᠡᠷᠡᠭᠦᠯᠵᠤ᠂ ᠳᠤᠮᠳᠠᠳᠤ ᠤᠯᠤᠰ᠎ᠤᠨ ᠡᠪ ᠬᠠᠮᠲᠤ ᠨᠠᠮ ᠠᠷᠠᠳ ᠲᠦᠮᠡᠨ᠎ᠢ ᠪᠦᠯᠬᠦᠮᠳᠡᠭᠦᠯᠦᠨ ᠳᠠᠭᠠᠭᠤᠯᠵᠤ ᠳᠤᠮᠳᠠᠳᠤ᠎ᠶ᠋ᠢᠨ ᠦᠨᠳᠦᠰᠦᠲᠡᠨ᠎ᠤ ᠠᠭᠤᠤ ᠶᠡᠭᠡ ᠰᠡᠷᠭᠦᠨ ᠮᠠᠨᠳᠤᠯᠲᠠ᠎ᠶ᠋ᠢᠨ ᠳᠤᠮᠳᠠᠳᠤ᠎ᠶ᠋ᠢᠨ ᠵᠡᠭᠦᠳᠦ᠎ᠶ᠋ᠢ ᠲᠡᠷᠭᠡᠯᠱᠢᠭᠦᠯᠬᠦ᠌᠎ᠳᠤ ᠣᠶᠤᠨ ᠰᠠᠨᠠᠭᠠᠨ᠎ᠤ ᠬᠦᠴᠦᠨ ᠬᠠᠩᠭᠠᠪᠠ᠃

ᠦᠨᠡᠨ ᠶᠣᠰᠣ᠎ᠶ᠋ᠢ ᠪᠠᠷᠢᠮᠲᠠᠯᠠᠵᠤ᠂ ᠬᠦᠰᠡᠯᠡᠩ᠎ᠢᠶᠠᠨ ᠪᠠᠲᠤ ᠰᠠᠬᠢᠬᠤ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠨᠤᠯ᠎ᠤᠨ ᠬᠡᠪ ᠴᠢᠨᠠᠷ ᠪᠠ ᠤᠶᠤᠨ ᠰᠠᠨᠠᠭᠠᠨ᠎ᠤ ᠲᠠᠯᠳᠠ ᠬᠦᠴᠦᠨ ᠮᠥᠨ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠪᠠᠷᠢᠮᠲᠠᠯᠠᠵᠤ ᠪᠠᠢᠭ᠎ᠠ ᠦᠨᠡᠨ ᠶᠣᠰᠣ ᠪᠣᠯ ᠮᠠᠷᠺᠰ᠎ᠤᠨ ᠦᠵᠡᠯ᠎ᠤᠨ ᠦᠨᠡᠨ ᠶᠣᠰᠣ᠂ ᠬᠦᠰᠡᠯᠡᠩ᠎ᠢᠶᠠᠨ ᠪᠠᠳᠤ ᠰᠠᠬᠢᠬᠤ ᠪᠣᠯ ᠡᠪ ᠬᠠᠮᠲᠤ ᠶᠣᠰᠣᠨ᠎ᠤ ᠬᠦᠰᠡᠯᠡᠩ ᠮᠥᠨ᠃ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠭ᠍ᠰᠠᠨ ᠠᠩᠬᠠᠨ᠎ᠤ ᠦᠶ᠎ᠡ᠎ᠳᠤ᠂ ᠮᠠᠷᠺᠰ᠎ᠤᠨ ᠦᠵᠡᠯ᠎ᠤᠨ ᠦᠵᠡᠯ ᠰᠠᠨᠠᠭᠠᠨ᠎ᠤ ᠲᠤᠭ᠎ᠢ ᠥᠨᠳᠥᠷ ᠮᠠᠨᠳᠤᠭᠤᠯᠵᠤ᠂ 《ᠡᠪ ᠬᠠᠮᠲᠤ ᠶᠣᠰᠣᠨ᠎ᠤ ᠲᠥᠯᠥᠭᠡ ᠨᠠᠰᠤ᠎ᠪᠠᠷ᠎ᠢᠶᠠᠨ ᠲᠡᠮᠡᠴᠡᠬᠦ᠌》 ᠎ᠶ᠋ᠢ ᠨᠠᠮ᠎ᠳᠤ ᠣᠷᠣᠬᠤ ᠲᠠᠩᠭᠠᠷᠢᠭ ᠪᠣᠯᠭᠠᠵᠤ᠂ ᠦᠵᠡᠯ ᠰᠠᠨᠠᠭ᠎ᠠ᠎ᠪᠠᠷ ᠨᠠᠮ ᠪᠠᠢᠭᠤᠯᠬᠤ᠂ ᠤᠨᠤᠯ᠎ᠢᠶᠠᠷ ᠨᠠᠮ᠎ᠢᠶᠠᠨ ᠬᠦᠴᠦᠷᠬᠡᠭ᠌ᠵᠢᠭᠦᠯᠬᠦ᠌᠎ᠶ᠋ᠢ ᠨᠠᠮ ᠪᠠᠢᠭᠤᠯᠬᠤ ᠨᠠᠮ᠎ᠢ ᠬᠠᠮᠢᠶᠠᠷᠬᠤ ᠨᠠᠮ᠎ᠢ ᠵᠠᠰᠠᠬᠤ ᠴᠢᠬᠤᠯᠠ ᠲᠤᠷᠱᠢᠯᠭ᠎ᠠ ᠪᠣᠯᠭᠠᠪᠠ᠃ ᠮᠠᠷᠺᠰ᠎ᠤᠨ ᠦᠵᠡᠯ᠎ᠨᠢ ᠤᠯᠤᠰ ᠲᠦᠷᠦ᠎ᠶ᠋ᠢᠨ ᠰᠦᠭ ᠰᠦᠨᠡᠰᠦ ᠪᠣᠯᠤᠭ᠍ᠰᠠᠨ᠎ᠤ ᠬᠤᠪᠢ᠎ᠳᠤ᠂ ᠡᠪ ᠬᠠᠮᠲᠤ ᠨᠠᠮ᠎ᠤᠨ ᠭᠡᠱᠢᠭᠦᠨ ᠨᠢᠭᠡᠪᠦᠷᠢ᠎ᠶ᠋ᠢᠨ ᠤᠭᠤᠷᠠᠭ ᠲᠠᠷᠢᠬᠢᠨ᠎ᠳᠤ ᠭᠦᠨ ᠬᠠᠳᠠᠩᠱᠢᠵᠤ᠂ ᠳᠤᠮᠳᠠᠳᠤ ᠤᠯᠤᠰ᠎ᠤᠨ ᠠᠷᠠᠳ ᠲᠦᠮᠡᠨ᠎ᠢ ᠪᠦᠯᠬᠦᠮᠳᠡᠭᠦᠯᠦᠨ ᠳᠠᠭᠠᠭᠤᠯᠵᠤ ᠡᠷᠬᠡ ᠴᠢᠯᠥᠭᠡ᠎ᠪᠠᠨ ᠤᠯᠬᠤ ᠴᠢᠯᠥᠭᠡᠯᠡᠯᠲᠡ᠎ᠶ᠋ᠢᠨ ᠬᠦᠴᠦᠷᠬᠡᠭ ᠶᠡᠭᠡ ᠦᠵᠡᠯ ᠰᠠᠨᠠᠭᠠᠨ᠎ᠤ ᠵᠡᠪᠰᠡᠭ᠎ᠢ ᠪᠦᠷᠢᠯᠳᠦᠭᠦᠯᠪᠡ᠃ ᠳᠤᠮᠳᠠᠳᠤ ᠤᠯᠤᠰ᠎ᠤᠨ ᠡᠪ ᠬᠠᠮᠲᠤᠴᠤᠳ ᠮᠠᠷᠺᠰ᠎ᠤᠨ ᠦᠵᠡᠯ᠎ᠤᠨ ᠦᠨᠳᠦᠰᠦᠨ ᠤᠭ ᠶᠣᠰᠣ᠎ᠶ᠋ᠢ ᠳᠤᠮᠳᠠᠳᠤ ᠤᠯᠤᠰ᠎ᠤᠨ ᠬᠤᠪᠢᠰᠭᠠᠯ ᠪᠣᠯᠤᠨ ᠪᠦᠲᠦᠭᠡᠨ ᠪᠠᠢᠭᠤᠯᠤᠯᠲᠠ᠎ᠶ᠋ᠢᠨ ᠪᠣᠳᠠᠲᠤ ᠪᠠᠢᠳᠠᠯ᠎ᠲᠠᠢ ᠤᠶᠠᠯᠳᠤᠭᠤᠯᠵᠤ᠂ ᠳᠤᠮᠳᠠᠳᠤ ᠤᠯᠤᠰ᠎ᠤᠨ ᠥᠭᠡᠷᠡᠴᠢᠯᠡᠯᠲᠡ ᠨᠡᠭᠡᠭᠡᠯᠲᠡ᠎ᠶ᠋ᠢᠨ ᠪᠣᠳᠠᠲᠤ ᠪᠠᠢᠳᠠᠯ᠎ᠲᠠᠢ ᠤᠶᠠᠯᠳᠤᠭᠤᠯᠵᠤ᠂ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠪᠣᠳᠠᠲᠤ ᠪᠠᠢᠳᠠᠯ᠎ᠲᠠᠢ ᠤᠶᠠᠯᠳᠤᠭᠤᠯᠵᠤ᠂ ᠳᠤᠮᠳᠠᠳᠤ ᠤᠯᠤᠰ᠎ᠤᠨ ᠠᠷᠠᠳ ᠲᠦᠮᠡᠨ᠎ᠢ ᠪᠦᠯᠬᠦᠮᠳᠡᠭᠦᠯᠦᠨ ᠳᠠᠭᠠᠭᠤᠯᠵᠤ ᠳᠤᠮᠳᠠᠳᠤ᠎ᠶ᠋ᠢᠨ ᠦᠨᠳᠦᠰᠦᠲᠡᠨ᠎ᠤ ᠪᠤᠵᠠᠭᠠᠢᠷᠠᠯ᠂ ᠪᠠᠶᠠᠵᠢᠯ᠂ ᠬᠦᠴᠦᠷᠬᠡᠭ᠌ᠵᠢᠯ᠎ᠤᠨ ᠠᠭᠤᠤ ᠶᠡᠭᠡ ᠦᠰᠦᠷᠦᠯᠲᠡ᠎ᠶ᠋ᠢ ᠪᠡᠶᠡᠯᠡᠭᠦᠯᠪᠡ᠃ ᠶᠠᠭ ᠶᠡᠷᠦᠩᠬᠡᠢ ᠱᠦᠵᠢ ᠰᠢ᠎ᠶ᠋ᠢᠨ ᠫᠢᠩ᠎ᠤᠨ ᠵᠢᠭᠠᠵᠤ ᠭᠠᠷᠭᠠᠭ᠍ᠰᠠᠨ ᠱᠢᠭ᠋᠎ᠢᠶᠠᠷ᠂ 《ᠳᠤᠮᠳᠠᠳᠤ ᠤᠯᠤᠰ᠎ᠤᠨ ᠡᠪ ᠬᠠᠮᠲᠤ ᠨᠠᠮ ᠶᠠᠭᠠᠬᠢᠭᠠᠳ ᠴᠢᠳᠠᠬ᠍ᠰᠠᠨ᠂ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢᠭᠡᠮ ᠵᠢᠷᠤᠮ ᠶᠠᠭᠠᠬᠢᠭᠠᠳ ᠰᠠᠢᠨ ᠪᠠᠢᠳᠠᠭ ᠪᠤᠢ ᠭᠡᠪᠡᠯ ᠡᠴᠦᠰ᠎ᠤᠨ ᠡᠴᠦᠰ᠎ᠲᠡᠭᠡᠨ ᠮᠠᠷᠺᠰ᠎ᠤᠨ ᠦᠵᠡᠯ᠎ᠠᠴᠠ ᠪᠣᠯᠤᠭ᠍ᠰᠠᠨ ᠶᠤᠮ!》᠃

ᠤᠭ ᠰᠠᠨᠠᠭ᠎ᠠ᠎ᠪᠠᠨ ᠦᠢᠯᠡᠳᠦᠯᠭᠡᠵᠢᠭᠦᠯᠵᠦ᠍᠂ ᠡᠭᠦᠷᠭᠡ ᠬᠠᠷᠢᠭᠤᠴᠠᠯᠭ᠎ᠠ᠎ᠪᠠᠨ ᠡᠭᠦᠷᠭᠡᠯᠡᠬᠦ᠌ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠯᠤᠰ ᠲᠦᠷᠦ᠎ᠶ᠋ᠢᠨ ᠬᠥᠭᠡᠭᠡᠴᠡᠯᠳᠦᠯ ᠪᠠ ᠦᠨᠳᠦᠰᠦᠨ ᠵᠣᠷᠢᠯᠲᠠ ᠮᠥᠨ᠃ ᠲᠥᠷᠥ᠍ ᠵᠠᠰᠠᠭ ᠪᠣᠯ ᠳᠠᠷᠤᠶ ᠠᠷᠠᠳ ᠲᠦᠮᠡᠨ ᠮᠦᠨ᠂ ᠠᠷᠠᠳ ᠲᠦᠮᠡᠨ ᠪᠣᠯ ᠳᠠᠷᠤᠢ ᠲᠥᠷᠥ᠍ ᠵᠠᠰᠠᠭ ᠮᠦᠨ᠃ ᠶᠡᠷᠦᠩᠬᠡᠶ ᠱᠦᠵᠢ ᠰᠢ᠎ᠶ᠋ᠢᠨ ᠫᠢᠩ᠄ 《ᠠᠷᠠᠳ ᠲᠦᠮᠡᠨ᠎ᠢᠶᠠᠷ ᠭᠤᠤᠯ ᠪᠣᠯᠭᠠᠬᠤ ᠬᠥᠭ᠌ᠵᠢᠯᠲᠡ᠎ᠶ᠋ᠢᠨ ᠦᠵᠡᠯ ᠰᠠᠨᠠᠭ᠎ᠠ᠎ᠶ᠋ᠢ ᠪᠠᠷᠢᠮᠲᠠᠯᠠᠬᠤ᠎ᠨᠢ ᠨᠠᠮ᠎ᠤᠨ ᠬᠦᠰᠡᠯᠡᠩ ᠢᠲᠡᠭᠡᠯ ᠪᠢᠱᠢᠷᠡᠯ᠂ ᠱᠢᠨᠵᠢ ᠴᠢᠨᠠᠷ ᠵᠣᠷᠢᠯᠲᠠ᠂ ᠣᠭ ᠰᠠᠨᠠᠭ᠎ᠠ ᠡᠭᠦᠷᠭᠡ ᠬᠠᠷᠢᠭᠤᠴᠠᠯᠭ᠎ᠠ᠎ᠶ᠋ᠢ ᠢᠯᠡᠷᠡᠭᠦᠯᠦᠭ᠌ᠰᠡᠨ ᠪᠥᠭᠡᠳ ᠪᠠᠰᠠ ᠴᠤ᠌ ᠨᠠᠮ᠎ᠤᠨ ᠲᠡᠮᠡᠴᠡᠯ᠎ᠤᠨ ᠥᠩᠭᠡᠷᠡᠯᠲᠡ ᠪᠠ ᠦᠢᠯᠡᠳᠦᠯᠭᠡ᠎ᠶ᠋ᠢᠨ ᠲᠤᠷᠱᠢᠯᠭ᠎ᠠ᠎ᠶ᠋ᠢᠨ ᠲᠤᠬᠠᠶ ᠭᠦᠨᠵᠡᠭᠡᠶ ᠳ᠋ᠦᠩᠨᠡᠯᠲᠡ ᠮᠥᠨ》 ᠭᠡᠵᠤ ᠵᠢᠭᠠᠵᠤ ᠭᠠᠷᠭᠠᠬ᠍ᠰᠠᠨ ᠪᠠᠢᠳᠠᠭ᠃ ᠳᠤᠮᠳᠠᠳᠤ ᠤᠯᠤᠰ᠎ᠤᠨ ᠡᠪ ᠬᠠᠮᠲᠤ ᠨᠠᠮ ᠢᠮᠠᠭ᠍ᠲᠠ ᠳᠤᠮᠳᠠᠳᠤ ᠤᠯᠤᠰ᠎ᠤᠨ ᠠᠷᠠᠳ ᠲᠦᠮᠡᠨ᠎ᠳᠤ ᠵᠣᠯ ᠵᠢᠷᠭᠠᠯ ᠡᠳ᠋ᠯᠡᠭᠦᠯᠵᠦ᠍᠂ ᠳᠤᠮᠳᠠᠳᠤ᠎ᠶ᠋ᠢᠨ ᠦᠨᠳᠦᠰᠦᠲᠡᠨ᠎ᠤ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌᠎ᠪᠠᠷ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠪᠣᠯᠭᠠᠨ᠎ᠠ᠃ ᠳᠤᠮᠳᠠᠳᠤ ᠤᠯᠤᠰ᠎ᠤᠨ ᠡᠪ ᠬᠠᠮᠲᠤ ᠨᠠᠮ ᠢᠮᠠᠭ᠍ᠲᠠ ᠠᠷᠠᠳ ᠲᠦᠮᠡᠨ᠎ᠢᠶᠠᠷ ᠭᠤᠤᠯ ᠪᠣᠯᠭᠠᠬᠤ ᠲᠥᠷᠥ᠍ ᠪᠠᠷᠢᠬᠤ ᠣᠢᠯᠠᠭᠠᠭ᠍ᠳᠠᠬᠤᠨ᠎ᠢᠶᠠᠷ ᠮᠠᠷᠺᠰ᠎ᠤᠨ ᠦᠵᠡᠯ᠎ᠤᠨ 《ᠠᠷᠠᠳ ᠲᠦᠮᠡᠨ ᠪᠣᠯ ᠲᠡᠦᠬᠡ᠎ᠶ᠋ᠢᠨ ᠡᠭᠦᠳᠦᠨ ᠪᠦᠲᠦᠭᠡᠭ᠌ᠴᠢ ᠮᠥᠨ》 ᠭᠡᠬᠦ᠌ ᠪᠣᠳᠠᠰᠴᠢ ᠲᠡᠦᠬᠡ᠎ᠶ᠋ᠢᠨ ᠦᠵᠡᠯᠲᠡ᠎ᠶ᠋ᠢ ᠵᠠᠯᠭᠠᠮᠵᠢᠯᠠᠵᠤ᠂ ᠳᠤᠮᠳᠠᠳᠤ᠎ᠶ᠋ᠢᠨ ᠦᠨᠳᠦᠰᠦᠲᠡᠨ᠎ᠤ 《ᠠᠷᠠᠳ ᠡᠷᠬᠢᠮ ᠡᠵᠡᠨ ᠬᠥᠩᠭᠡᠨ》 ᠭᠡᠬᠦ᠌ ᠤᠯᠤᠰ᠎ᠢᠶᠠᠨ ᠵᠠᠰᠠᠬᠤ ᠤᠯᠠᠮᠵᠢᠯᠠᠯᠲᠤ ᠦᠵᠡᠯ ᠰᠠᠨᠠᠭ᠎ᠠ᠎ᠶ᠋ᠢ ᠪᠠᠳᠠᠷᠠᠭᠤᠯᠵᠤ᠂ ᠠᠷᠠᠳ ᠣᠯᠠᠨ ᠪᠣᠯᠤᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠬᠠᠮᠤᠭ᠎ᠤᠨ ᠨᠢᠭ᠍ᠲᠠ ᠠᠱᠢᠭ ᠲᠤᠰᠠ᠎ᠶ᠋ᠢᠨ ᠬᠠᠮᠲᠤ᠎ᠶ᠋ᠢᠨ ᠴᠣᠭ᠍ᠴᠠ᠎ᠶ᠋ᠢ ᠳᠤᠬ᠍ᠳᠠᠭᠠᠵᠠᠢ᠃ ᠡᠨᠡ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠬᠠᠮᠤᠭ᠎ᠤᠨ ᠶᠡᠭᠡ ᠤᠯᠤᠰ ᠲᠥᠷᠥ᠎ᠶ᠋ᠢᠨ ᠳᠠᠪᠠᠭᠤᠯᠢᠭ ᠮᠥᠨ᠃

ᠦᠷᠡᠭ᠌ᠳᠡᠯ ᠰᠦᠢᠳᠦᠯ᠎ᠠᠴᠠ ᠠᠶᠤᠬᠤ ᠦᠭᠡᠢ᠂ ᠡᠷᠡᠯᠬᠡᠭ ᠪᠠᠭᠠᠲᠤᠷᠯᠢᠭ᠎ᠢᠶᠠᠷ ᠲᠡᠮᠡᠴᠡᠬᠦ᠌ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠣᠷᠢᠭ ᠰᠠᠨᠠᠭᠠᠨ᠎ᠤ ᠲᠡᠪᠢᠰᠭᠡᠷ ᠦᠩᠭᠡ ᠪᠠ ᠢᠯᠠᠯᠲᠠ ᠤᠯᠬᠤ ᠡᠷᠳᠡᠨᠢ ᠮᠥᠨ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠠᠭᠤᠨ ᠵᠢᠯ᠎ᠤᠨ ᠬᠥᠭ᠌ᠵᠢᠯᠲᠡ᠎ᠶ᠋ᠢᠨ ᠲᠡᠦᠬᠡ ᠪᠣᠯ ᠥᠷᠭᠡᠨ ᠤᠯᠠᠨ ᠡᠪ ᠬᠠᠮᠲᠤ ᠨᠠᠮ᠎ᠤᠨ ᠭᠡᠱᠢᠭᠦᠨ ᠬᠤᠪᠢᠰᠭᠠᠯ᠎ᠤᠨ ᠦᠢᠯᠡᠰ᠎ᠤᠨ ᠲᠥᠯᠥᠭᠡ ᠠᠮᠢ ᠨᠠᠰᠤ᠎ᠪᠠᠨ ᠵᠣᠷᠢᠭᠤᠯᠵᠤ᠂ ᠠᠷᠢᠭᠤᠨ ᠴᠢᠰᠤ᠎ᠪᠠᠨ ᠤᠷᠤᠰᠭᠠᠭ᠍ᠰᠠᠨ ᠪᠠᠭᠠᠲᠤᠷᠯᠢᠭ ᠲᠤᠤᠯᠢᠰ ᠮᠥᠨ᠃ ᠡᠷᠡᠯᠬᠡᠭ ᠪᠠᠭᠠᠲᠤᠷᠯᠢᠭ᠎ᠢᠶᠠᠷ ᠲᠡᠮᠡᠴᠡᠬᠦ᠌ ᠪᠣᠯ ᠮᠠᠨ᠎ᠤ ᠨᠠᠮ ᠪᠠᠢᠭᠤᠯᠤᠭ᠍ᠳᠠᠭ᠍ᠰᠠᠨ ᠠᠩᠬᠠᠨ᠎ᠤ ᠦᠶ᠎ᠡ᠎ᠶ᠋ᠢᠨ ᠵᠣᠷᠢᠭ ᠰᠠᠨᠠᠭᠠᠨ᠎ᠤ ᠲᠡᠪᠢᠰᠭᠡᠷ ᠦᠩᠭᠡ᠂ ᠥᠩᠭᠡᠷᠡᠭ᠌ᠰᠡᠨ ᠦᠶ᠎ᠡ᠎ᠶ᠋ᠢᠨ ᠳᠤᠮᠳᠠᠳᠤ ᠤᠯᠤᠰ᠎ᠤᠨ ᠡᠪ ᠬᠠᠮᠲᠤᠴᠤᠳ᠎ᠤᠨ ᠵᠣᠷᠢᠭ ᠰᠠᠨᠠᠭᠠᠨ᠎ᠤ ᠤᠯᠠᠮᠵᠢᠯᠠᠯ᠂ ᠵᠢᠩᠭᠠᠩᠱᠠᠨ᠎ᠤ ᠵᠣᠷᠢᠭ ᠰᠠᠨᠠᠭ᠎ᠠ᠂ ᠤᠷᠳᠤ ᠵᠠᠮ᠎ᠤᠨ ᠠᠶᠠᠨ ᠲᠠᠢᠨ᠎ᠤ ᠵᠣᠷᠢᠭ ᠰᠠᠨᠠᠭ᠎ᠠ᠂ ᠶᠠᠨ ᠠᠨ᠎ᠤ ᠵᠣᠷᠢᠭ ᠰᠠᠨᠠᠭ᠎ᠠ᠂ ᠠᠮᠧᠷᠢᠺᠠ᠎ᠶ᠋ᠢ ᠡᠰᠡᠷᠭᠦᠴᠡᠨ ᠰᠣᠯᠣᠩᠭᠤᠰ᠎ᠢ ᠲᠤᠰᠠᠯᠠᠬ᠍ᠰᠠᠨ ᠵᠣᠷᠢᠭ ᠰᠠᠨᠠᠭ᠎ᠠ᠂ ᠦᠶᠡᠷ᠎ᠲᠠᠢ ᠲᠡᠮᠡᠴᠡᠬᠦ᠌ ᠵᠣᠷᠢᠭ ᠰᠠᠨᠠᠭ᠎ᠠ᠂ ᠬᠢᠵᠢᠭ᠎ᠲᠠᠢ ᠲᠡᠮᠡᠴᠡᠭᠦ᠌ ᠵᠣᠷᠢᠭ ᠰᠠᠨᠠᠭ᠎ᠠ ᠵᠡᠷᠭᠡ ᠠᠭᠤᠤ ᠶᠡᠭᠡ ᠵᠣᠷᠢᠭ ᠰᠠᠨᠠᠭᠠᠨ᠎ᠤ ᠳᠤᠮᠳᠠ ᠬᠦᠨ᠎ᠠᠴᠠ ᠬᠦᠨ ᠦᠨᠳᠦᠰᠦᠯᠡᠨ᠎ᠠ᠃ ᠳᠤᠮᠳᠠᠳᠤ᠎ᠶ᠋ᠢᠨ ᠦᠨᠳᠦᠰᠦᠲᠡᠨ᠎ᠤ ᠠᠭᠤᠤ ᠶᠡᠭᠡ ᠰᠡᠷᠭᠦᠨ ᠮᠠᠨᠳᠤᠯᠲᠠ ᠪᠣᠯ ᠬᠤᠭᠤᠰᠣᠨ ᠤᠷᠢᠶ᠎ᠠ ᠬᠠᠰᠭᠢᠷᠪᠠᠯ ᠳᠠᠷᠤᠢ ᠪᠡᠶᠡᠯᠡᠭ᠌ᠳᠡᠴᠢᠬᠡᠬᠦ᠌ ᠪᠢᠰᠢ᠂ ᠠᠭᠤᠤ ᠶᠡᠭᠡ ᠬᠦᠰᠡᠯ ᠵᠡᠭᠦᠳᠦ᠎ᠶ᠋ᠢ ᠲᠡᠷᠭᠡᠯᠱᠢᠭᠦᠯᠬᠦ᠌᠎ᠳᠤ ᠡᠷᠬᠡᠪᠰᠢ ᠠᠭᠤᠤ ᠶᠡᠭᠡ ᠲᠡᠮᠡᠴᠡᠯ ᠬᠢᠬᠦ᠌ ᠬᠡᠷᠡᠭ᠌ᠲᠡᠢ᠃ ᠳᠡᠯᠡᠬᠡᠢ᠎ᠶ᠋ᠢᠨ ᠵᠠᠭᠤᠨ ᠵᠢᠯ᠎ᠳᠤ ᠲᠣᠬᠢᠶᠠᠯᠳᠤᠭ᠎ᠠ ᠦᠭᠡᠢ ᠶᠡᠭᠡ ᠬᠤᠪᠢᠰᠤᠯᠲᠠ ᠪᠣᠯᠤᠨ ᠳᠤᠮᠳᠠᠳᠤ᠎ᠶ᠋ᠢᠨ ᠦᠨᠳᠦᠰᠦᠲᠡᠨ᠎ᠤ ᠠᠭᠤᠤ ᠶᠡᠭᠡ ᠰᠡᠷᠭᠦᠨ ᠮᠠᠨᠳᠤᠯᠲᠠ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠪᠦᠬᠦ᠌ ᠲᠠᠯ᠎ᠠ᠎ᠶ᠋ᠢᠨ ᠡᠮᠦᠨ᠎ᠡ᠂ ᠪᠢᠳᠡ ᠦᠷᠡᠭ᠌ᠳᠡᠯ ᠰᠦᠢᠳᠦᠯ᠎ᠠᠴᠠ ᠠᠶᠤᠬᠤ ᠦᠭᠡᠢ᠂ ᠡᠷᠡᠯᠬᠡᠭ ᠪᠠᠭᠠᠲᠤᠷᠯᠢᠭ᠎ᠢᠶᠠᠷ ᠲᠡᠮᠡᠴᠡᠬᠦ᠌ ᠵᠣᠷᠢᠭ ᠰᠠᠨᠠᠭ᠎ᠠ᠎ᠶ᠋ᠢ ᠪᠠᠳᠠᠷᠠᠭᠤᠯᠵᠤ᠂ ᠤᠷᠤᠭ᠍ᠰᠢᠯᠠᠯᠲᠠ᠎ᠶ᠋ᠢᠨ ᠵᠠᠮ ᠳᠡᠭᠡᠷᠡᠬᠢ ᠠᠯᠢᠪᠠ ᠠᠶᠤᠯ ᠲᠦᠭ᠌ᠰᠢᠭᠦᠷᠢ ᠥᠷᠢᠰᠥᠯᠳᠦᠭᠡᠨ᠎ᠢ ᠵᠣᠷᠢᠭ᠍ᠲᠠᠢ᠎ᠪᠠᠷ ᠢᠯᠠᠨ ᠳᠠᠪᠠᠭ᠍ᠤ ᠬᠡᠷᠡᠭ᠌ᠲᠡᠢ᠃

ᠨᠠᠮ᠎ᠳᠠᠭᠠᠨ ᠦᠨᠡᠨᠴᠢ ᠱᠢᠳᠤᠷᠭᠤ᠂ ᠠᠷᠠᠳ ᠲᠦᠮᠡᠨ᠎ᠳᠡᠭᠡᠨ ᠣᠰᠣᠯᠳᠠᠬᠤ ᠦᠭᠡᠢ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠢᠯᠡ ᠲᠣᠳᠣ ᠤᠯᠤᠰ ᠲᠦᠷᠦ᠎ᠶ᠋ᠢᠨ ᠬᠡᠪ ᠴᠢᠨᠠᠷ ᠪᠠ ᠡᠷᠬᠢᠮ ᠳᠡᠭᠡᠳᠦ ᠬᠠᠢᠷ᠎ᠠ ᠰᠡᠳᠭᠢᠯᠭᠡ ᠮᠥᠨ᠃ ᠣᠳᠣᠬᠠᠨ᠎ᠤ ᠨᠠᠷᠢᠨ ᠪᠤᠳᠤᠯᠢᠶᠠᠨᠲᠠᠢ ᠳᠡᠯᠡᠬᠡᠢ᠎ᠶ᠋ᠢᠨ ᠪᠠ ᠤᠯᠤᠰ᠎ᠤᠨ ᠳᠣᠲᠣᠭᠠᠳᠤ᠎ᠶ᠋ᠢᠨ ᠪᠠᠢᠳᠠᠯ᠎ᠤᠨ ᠡᠮᠦᠨ᠎ᠡ᠂ ᠡᠷᠬᠡᠪᠰᠢ 《ᠲᠦᠷᠪᠡᠨ ᠶᠡᠭᠡ ᠱᠢᠯᠭᠠᠯᠲᠠ》 ᠎ᠶ᠋ᠢ ᠠᠷᠭᠠᠴᠠᠭᠠᠬᠤ᠂ 《ᠲᠦᠷᠪᠡᠨ ᠵᠦᠢᠯ᠎ᠤᠨ ᠠᠶᠤᠯ ᠲᠦᠭ᠌ᠰᠢᠭᠦᠷᠢ》 ᠎ᠶ᠋ᠢ ᠢᠯᠠᠨ ᠳᠠᠪᠠᠭ᠍ᠤ᠎ᠪᠠᠷ ᠴᠢᠬᠤᠯᠠ ᠶᠡᠭᠡ ᠪᠣᠳᠠᠲᠤ ᠰᠡᠳᠦᠪ ᠪᠣᠯᠭᠠᠵᠤ᠂ ᠱᠢᠨ᠎ᠡ ᠴᠠᠭ ᠦᠶ᠎ᠡ᠎ᠶ᠋ᠢᠨ ᠨᠠᠮ᠎ᠤᠨ ᠪᠠᠢᠭᠤᠯᠤᠯᠲᠠ᠎ᠶ᠋ᠢᠨ ᠱᠢᠨ᠎ᠡ ᠠᠭᠤᠤ ᠶᠡᠭᠡ ᠢᠨᠵᠧᠨᠧᠷᠢᠩ᠎ᠢ ᠶᠡᠭᠡ᠎ᠪᠠᠷ ᠠᠬᠢᠭᠤᠯᠵᠤ᠂ ᠥᠪᠡᠷ᠎ᠢ᠎ᠪᠠᠨ ᠴᠡᠪᠡᠷᠱᠢᠭᠦᠯᠬᠦ᠂ ᠥᠪᠡᠷ᠎ᠢ᠎ᠪᠠᠨ ᠲᠡᠭᠦᠯᠳᠡᠷᠵᠢᠭᠦᠯᠬᠦ᠂ ᠥᠪᠡᠷ᠎ᠢ᠎ᠪᠠᠨ ᠱᠢᠨᠡᠴᠢᠯᠡᠬᠦ᠂ ᠥᠪᠡᠷ᠎ᠢ᠎ᠪᠠᠨ ᠳᠡᠭᠡᠭ᠌ᠰᠢᠯᠡᠭᠦᠯᠬᠦ᠌᠎ᠶ᠋ᠢ ᠵᠣᠷᠢᠭ᠍ᠲᠠᠢ ᠪᠡᠶᠡᠯᠡᠭᠦᠯᠵᠦ᠍᠂ ᠳᠤᠮᠳᠠᠳᠤ ᠤᠯᠤᠰ᠎ᠤᠨ ᠠᠷᠠᠳ ᠲᠦᠮᠡᠨ᠎ᠢ ᠪᠦᠯᠬᠦᠮᠳᠡᠭᠦᠯᠦᠨ ᠳᠠᠭᠠᠭᠤᠯᠵᠤ ᠠᠶᠤᠯ ᠲᠦᠭ᠌ᠰᠢᠭᠦᠷᠢ᠎ᠶ᠋ᠢ ᠠᠷᠭᠠᠴᠠᠭᠠᠬᠤ᠂ ᠰᠡᠷᠭᠦᠨ ᠮᠠᠨᠳᠤᠯᠲᠠ ᠲᠡᠢᠰᠢ ᠤᠷᠤᠭ᠍ᠰᠢᠯᠠᠬᠤ ᠠᠭᠤᠤ ᠶᠡᠭᠡ ᠠᠶᠠᠨ᠎ᠳᠤ ᠪᠦᠬᠦ᠌ ᠤᠯᠤᠰ᠎ᠤᠨ ᠠᠷᠠᠳ ᠲᠦᠮᠡᠨ᠎ᠤ ᠲᠦᠱᠢᠭ ᠲᠤᠯᠭᠠᠭᠤᠷᠢ ᠪᠤᠯᠵᠤ᠂ ᠱᠢᠨ᠎ᠡ ᠴᠠᠭ ᠦᠶ᠎ᠡ᠎ᠶ᠋ᠢᠨ ᠤᠷᠳᠤ ᠵᠠᠮ᠎ᠤᠨ ᠠᠶᠠᠨ ᠲᠠᠢᠨ᠎ᠢ ᠰᠠᠢᠲᠤᠷ ᠬᠢᠬᠦ᠌ ᠬᠡᠷᠡᠭ᠌ᠲᠡᠢ᠃

ᠨᠠᠮ ᠪᠠᠢᠭᠤᠯᠤᠬ᠍ᠰᠠᠨ ᠠᠭᠤᠤ ᠶᠡᠭᠡ ᠵᠣᠷᠢᠭ ᠰᠠᠨᠠᠭ᠎ᠠ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠵᠠᠭᠤᠨ ᠵᠢᠯ᠎ᠤᠨ ᠬᠥᠭ᠌ᠵᠢᠯᠲᠡ᠎ᠶ᠋ᠢᠨ ᠶᠠᠪᠤᠴᠠ ᠳᠤᠮᠳᠠ ᠬᠤᠷᠠᠮᠳᠤᠭᠤᠯᠤᠭ᠍ᠰᠠᠨ ᠤᠶᠤᠨ ᠰᠠᠨᠠᠭᠠᠨ᠎ᠤ ᠥᠪ ᠬᠦᠷᠦᠩᠭᠡ ᠮᠥᠨ᠃ ᠦᠶ᠎ᠡ ᠦᠶ᠎ᠡ᠎ᠶ᠋ᠢᠨ ᠳᠤᠮᠳᠠᠳᠤ ᠤᠯᠤᠰ᠎ᠤᠨ ᠡᠪ ᠬᠠᠮᠲᠤᠴᠤᠳ᠎ᠤᠨ ᠳᠤᠮᠳᠠᠳᠤ᠎ᠶ᠋ᠢᠨ ᠦᠨᠳᠦᠰᠦᠲᠡᠨ᠎ᠤ ᠠᠭᠤᠤ ᠶᠡᠭᠡ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌᠎ᠶ᠋ᠢᠨ ᠲᠥᠯᠥᠭᠡ ᠬᠠᠷᠠᠮ ᠦᠭᠡᠢ ᠵᠣᠷᠢᠭᠤᠯᠬᠤ᠂ ᠡᠷᠡᠯᠬᠡᠭ᠌ᠯᠡᠨ ᠤᠷᠤᠭ᠍ᠰᠢᠯᠠᠬᠤ᠎ᠶ᠋ᠢ ᠤᠷᠮᠠᠱᠢᠭᠤᠯᠤᠨ ᠵᠣᠷᠢᠭ᠍ᠵᠢᠭᠤᠯᠬᠤ ᠪᠠᠷᠠᠭ᠍ᠳᠠᠰᠢ ᠦᠭᠡᠢ ᠬᠥᠳᠡᠯᠭᠡᠭ᠌ᠴᠢ ᠬᠦᠴᠦᠨ ᠮᠥᠨ᠃ ᠣᠳᠣᠬᠠᠨ᠎ᠳᠤ᠂ ᠬᠤᠶᠠᠳᠤᠭᠠᠷ ᠵᠠᠭᠤᠨ ᠵᠢᠯ᠎ᠤᠨ ᠲᠡᠮᠡᠴᠡᠬᠦ᠌ ᠬᠠᠷᠠᠯᠲᠠ᠎ᠶ᠋ᠢ ᠪᠡᠶᠡᠯᠡᠭᠦᠯᠬᠦ᠌ ᠠᠤᠭ᠎ᠠ ᠵᠢᠷᠤᠭ ᠲᠥᠯᠥᠪᠯᠡᠭᠡ᠎ᠶ᠋ᠢ ᠨᠢᠭᠡᠨᠲᠡ ᠵᠢᠷᠤᠭ᠍ᠯᠠᠪᠠ᠃ ᠱᠢᠨ᠎ᠡ ᠴᠠᠭ ᠦᠶ᠎ᠡ᠎ᠶ᠋ᠢᠨ ᠱᠢᠯᠭᠠᠯᠲᠠ᠎ᠳᠤ ᠣᠷᠣᠯᠴᠠᠬᠤ ᠵᠠᠮ᠎ᠢᠶᠠᠷ ᠬᠡᠷᠬᠢᠨ ᠰᠠᠢᠲᠤᠷ ᠵᠠᠮᠨᠠᠬᠤ ᠪᠣᠯ ᠡᠪ ᠬᠠᠮᠲᠤᠴᠤᠳ ᠨᠢᠭᠡᠪᠦᠷᠢ᠎ᠶ᠋ᠢᠨ ᠴᠠᠭ ᠦᠶ᠎ᠡ᠎ᠶ᠋ᠢᠨ ᠱᠢᠯᠭᠠᠯᠲᠠ᠎ᠶ᠋ᠢᠨ ᠰᠡᠳᠦᠪ ᠪᠣᠯᠤᠨ᠎ᠠ᠃ ᠢᠷᠠᠭᠤ ᠠᠯᠳᠠᠷᠲᠤ ᠤᠯᠠᠮᠵᠢᠯᠠᠯ᠎ᠢᠶᠠᠨ ᠵᠠᠯᠭᠠᠮᠵᠢᠯᠠᠵᠤ᠂ ᠨᠠᠮ ᠪᠠᠢᠭᠤᠯᠤᠬ᠍ᠰᠠᠨ ᠠᠭᠤᠤ ᠶᠡᠭᠡ ᠵᠣᠷᠢᠭ ᠰᠠᠨᠠᠭ᠎ᠠ᠎ᠶ᠋ᠢ ᠪᠠᠳᠠᠷᠠᠭᠤᠯᠵᠤ᠂ ᠱᠢᠨ᠎ᠡ ᠠᠶᠠᠨ᠎ᠳᠠᠭᠠᠨ ᠤᠬ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠨᠡᠩ ᠤᠬᠠᠮᠰᠠᠷ᠎ᠠᠴᠠ᠎ᠪᠠᠨ ᠦᠢᠯᠡᠳᠦᠯᠭᠡᠵᠢᠭᠦᠯᠵᠦ᠍᠂ ᠡᠷᠡᠮᠡᠬᠡᠢᠯᠡᠨ ᠤᠷᠤᠭ᠍ᠰᠢᠯᠠᠬᠤ ᠳᠤᠮᠳᠠ ᠱᠢᠨ᠎ᠡ ᠵᠢᠳᠬᠦᠯ ᠴᠢᠷᠮᠠᠢᠯᠭ᠎ᠠ ᠭᠠᠷᠭᠠᠵᠤ᠂ ᠱᠢᠨ᠎ᠡ ᠬᠠᠭᠤᠳᠠᠰᠤ᠎ᠶ᠋ᠢ ᠪᠢᠴᠢᠭ᠌ᠯᠡᠵᠦ᠍᠂ ᠱᠢᠨ᠎ᠡ ᠠᠮᠵᠢᠯᠲᠠ᠎ᠶ᠋ᠢ ᠡᠭᠦᠳᠬᠦ᠌ ᠪᠣᠯ ᠡᠭᠦᠷᠢᠳᠡ ᠴᠠᠭ᠎ᠠᠴᠠ ᠬᠤᠴᠣᠷᠬᠤ ᠦᠭᠡᠢ ᠪᠠᠢᠬᠤ ᠪᠠᠷᠢᠮᠵᠢᠶ᠎ᠠ ᠬᠠᠷᠢᠭᠤᠯᠲᠠ ᠪᠣᠯᠤᠨ᠎ᠠ᠃ 

 

QQ图片20210816093652.png

 


ᠦᠨᠳᠦᠰᠦᠨ ᠱᠠᠳᠤᠨ᠎ᠤ ᠳᠠᠭᠤᠨ  


ᠰᠠᠭᠤᠭᠠᠯᠢ ᠠᠷᠠᠳ᠎ᠲᠤ ᠨᠠᠮ᠎ᠤᠨ ᠬᠠᠢᠷ᠎ᠠ ᠬᠠᠯᠠᠮᠵᠢ᠎ᠶ᠋ᠢ ᠬᠦᠷᠳᠡᠭᠡᠨ᠎ᠠ

  ᠰᠤᠷᠪᠤᠯᠵᠢᠯᠠᠭ᠍ᠴᠢ ᠪᠠᠢ ᠵᠢᠶᠠᠩ ᠬᠤᠩ  ᠾᠧ ᠵᠢᠶᠠ ᠴᠢ

 

ᠨᠠᠮ᠎ᠤᠨ ᠲᠡᠦᠬᠡ᠎ᠶ᠋ᠢᠨ ᠰᠤᠷᠤᠯᠴᠠᠯᠭ᠎ᠠ ᠬᠥᠮᠦᠵᠢᠯ᠎ᠢ ᠥᠷᠨᠢᠭᠦᠯᠦᠭ᠌ᠰᠡᠨ᠎ᠠᠴᠠ ᠨᠠᠭᠠᠰᠢ᠂ ᠬᠥᠬᠡᠬᠤᠲᠠ᠎ᠶ᠋ᠢᠨ ᠬᠤᠲᠣᠩ ᠠᠷᠠᠳ᠎ᠤᠨ ᠲᠣᠭᠤᠷᠢᠭ᠎ᠤᠨ ᠲᠦᠩ ᠳ᠋ᠤᠤ ᠵᠡᠭᠡᠯᠢ ᠭᠤᠳᠤᠮᠵᠢ᠎ᠶ᠋ᠢᠨ ᠰᠠᠨ ᠱᠦᠨ ᠳ᠋ᠢᠶᠠᠨ ᠨᠡᠢᠭᠡᠮ ᠲᠣᠭᠤᠷᠢᠭ᠎ᠤᠨ᠎ᠬᠢᠨ 《ᠪᠢ ᠤᠯᠠᠨ ᠲᠦᠮᠡᠨ᠎ᠳᠤ ᠪᠣᠳᠠᠲᠤ ᠶᠠᠪᠤᠳᠠᠯ ᠬᠢᠵᠦ᠍ ᠥᠭ᠌ᠭᠦ》 ᠦᠢᠯᠡᠳᠦᠯᠭᠡ᠎ᠶ᠋ᠢᠨ ᠠᠵᠢᠯᠯᠠᠭ᠎ᠠ᠎ᠶ᠋ᠢ ᠪᠦᠬᠦ᠌ ᠲᠠᠯ᠎ᠠ᠎ᠪᠠᠷ ᠠᠬᠢᠭᠤᠯᠵᠤ᠂ ᠨᠠᠮ᠎ᠤᠨ ᠭᠡᠱᠢᠭᠦᠨ᠎ᠤ ᠬᠤᠱᠢᠭᠤᠴᠢ ᠵᠢᠱ᠌ᠢᠶᠡᠴᠢ ᠦᠢᠯᠡᠳᠦᠯ᠎ᠢ ᠭᠦᠢᠴᠡᠳ ᠪᠠᠳᠠᠷᠠᠭᠤᠯᠤᠨ᠂ 《ᠪᠢ ᠪᠣᠯ ᠡᠪ ᠬᠠᠮᠲᠤ ᠨᠠᠮ᠎ᠤᠨ ᠭᠡᠱᠢᠭᠦᠨ᠂ ᠲᠠᠨ᠎ᠳᠤ ᠲᠤᠰᠠᠯᠠᠶ᠎ᠠ》 ᠭᠡᠬᠦ᠌ ᠰᠠᠢᠨ ᠳᠤᠷ᠎ᠠ᠎ᠶ᠋ᠢᠨ ᠦᠢᠯᠡᠴᠢᠯᠡᠭᠡᠨ᠎ᠤ ᠠᠵᠢᠯᠯᠠᠭ᠎ᠠ᠎ᠶ᠋ᠢ ᠥᠷᠨᠢᠭᠦᠯᠵᠦ᠍᠂ ᠨᠡᠢᠭᠡᠮ ᠲᠣᠭᠤᠷᠢᠭ᠎ᠤᠨ ᠤᠯᠠᠨ ᠲᠦᠮᠡᠨ᠎ᠢ ᠬᠠᠪᠰᠤᠷᠤᠨ ᠪᠣᠳᠠᠲᠠᠢ ᠬᠦᠴᠢᠷᠳᠡᠯ᠎ᠢ᠎ᠨᠢ ᠱᠢᠢᠳᠪᠦᠷᠢᠯᠡᠵᠦ᠍ ᠥᠭ᠌ᠪᠡ᠃ ᠡᠭᠦᠨ᠎ᠤ ᠬᠠᠮᠲᠤ᠌᠂ 《ᠭᠤᠷᠪᠠ᠎ᠶ᠋ᠢ ᠰᠤᠷᠪᠤᠯᠵᠢᠯᠠᠬᠤ》᠂ 《ᠭᠤᠷᠪᠠ᠎ᠶ᠋ᠢ ᠠᠰᠠᠭᠤᠬᠤ》 ᠠᠵᠢᠯᠯᠠᠭ᠎ᠠ᠎ᠲᠠᠢ ᠤᠶᠠᠯᠳᠤᠭᠤᠯᠤᠨ᠂ ᠰᠠᠭᠤᠭᠠᠯᠢ ᠠᠷᠠᠳ᠎ᠤᠨ ᠰᠠᠨᠠᠯ ᠰᠠᠨᠠᠭᠤᠯᠭ᠎ᠠ ᠪᠠ ᠡᠯ᠎ᠡ ᠲᠥᠷᠥᠯ᠎ᠤᠨ ᠬᠦᠰᠡᠯ ᠱᠠᠭᠠᠷᠳᠠᠯᠭ᠎ᠠ᠎ᠶ᠋ᠢ ᠥᠷᠭᠡᠨ᠎ᠢᠶᠠᠷ ᠴᠤᠭ᠍ᠯᠠᠭᠤᠯᠵᠤ᠂ 72 ᠵᠤᠷᠪᠤᠰ 《ᠠᠷᠠᠳ᠎ᠲᠤ ᠪᠣᠳᠠᠲᠤ ᠶᠠᠪᠤᠳᠠᠯ ᠬᠢᠵᠦ᠍ ᠥᠭ᠌ᠬᠦ》 ᠲᠣᠳᠣᠷᠬᠠᠶ ᠬᠠᠭᠤᠳᠠᠰᠤ᠎ᠶ᠋ᠢ ᠵᠢᠭ᠍ᠰᠠᠭᠠᠪᠠ᠃ ᠣᠳᠣᠬᠠᠨ᠎ᠳᠤ᠂ ᠰᠠᠭᠤᠭᠠᠯᠢ ᠲᠣᠭᠤᠷᠢᠭ᠎ᠤᠨ ᠨᠣᠭᠤᠭᠠᠷᠠᠭᠤᠯᠤᠯᠲᠠ᠎ᠶ᠋ᠢ ᠴᠢᠩᠭᠠᠳᠭᠠᠬᠤ᠂ ᠣᠷᠣᠱᠢᠨ ᠰᠠᠭᠤᠷᠢᠱᠢᠬᠤ᠎ᠳᠤ ᠲᠣᠬᠢᠷᠠᠮᠵᠢᠲᠠᠶ ᠣᠷᠴᠢᠨ ᠨᠥᠬᠦᠴᠡᠯ᠎ᠢ ᠪᠣᠶ ᠪᠣᠯᠭᠠᠬᠤ ᠵᠡᠷᠭᠡ ᠪᠣᠳᠠᠲᠠᠶ ᠵᠦᠢᠯᠡᠰ᠎ᠢ ᠨᠢᠭᠡᠨᠲᠡ ᠥᠨᠳᠥᠷ ᠪᠦᠲᠦᠮᠵᠢᠲᠡᠶ ᠱᠢᠢᠳᠪᠤᠷᠢᠯᠡᠵᠦ᠍᠂ ᠨᠡᠢᠭᠡᠮ ᠲᠣᠭᠤᠷᠢᠭ᠎ᠤᠨ ᠰᠠᠭᠤᠭᠠᠯᠢ ᠠᠷᠠᠳ᠎ᠲᠤ ᠨᠠᠮ᠎ᠤᠨ ᠬᠠᠢᠷ᠎ᠠ ᠬᠠᠯᠠᠮᠵᠢ᠎ᠶ᠋ᠢ ᠦᠨᠡᠨ ᠬᠦ᠌ ᠬᠦᠷᠳᠡᠭᠡᠨ᠎ᠠ᠃

ᠤᠢ᠍ᠢᠷ᠎ᠠ᠎ᠳᠤ᠂ ᠰᠠᠨ ᠱᠦᠨ ᠳ᠋ᠢᠶᠠᠨ ᠨᠡᠢᠭᠡᠮ ᠲᠣᠭᠤᠷᠢᠭ᠎ᠤᠨ ᠨᠠᠮ᠎ᠤᠨ ᠭᠡᠱᠢᠭᠦᠳ ᠶᠡᠷᠦᠩᠬᠡᠢ ᠱᠦᠵᠢ ᠰᠢ᠎ᠶ᠋ᠢᠨ ᠫᠢᠩ᠎ᠤᠨ 《7 · 1》 ᠎ᠤ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠨᠠᠷᠢᠨ ᠬᠢᠨᠠᠮᠠᠭᠠᠢ ᠰᠤᠷᠤᠯᠴᠠᠵᠤ᠂ ᠨᠠᠮ ᠪᠠᠢᠭᠤᠯᠤᠬ᠍ᠰᠠᠨ ᠠᠭᠤᠤ ᠶᠡᠭᠡ ᠵᠣᠷᠢᠭ ᠰᠠᠨᠠᠭ᠎ᠠ᠎ᠶ᠋ᠢᠨ ᠲᠤᠬᠠᠢ ᠭᠦᠨᠵᠡᠭᠡᠢ ᠣᠢᠯᠠᠭᠠᠯᠲᠠ ᠲᠦᠷᠦᠭ᠌ᠳᠡᠯ᠎ᠲᠠᠢ ᠪᠣᠯᠪᠠ᠃ ᠨᠠᠮ᠎ᠤᠨ ᠭᠡᠱᠢᠭᠦᠨ ᠸᠧᠶ ᠷᠠᠨ᠄ 《ᠮᠠᠨ᠎ᠤ ᠨᠠᠮ᠎ᠤᠨ ᠥᠨᠥᠳᠦᠷ᠎ᠤᠨ ᠣᠯᠤᠭ᠍ᠰᠠᠨ ᠠᠮᠵᠢᠯᠲᠠ ᠪᠦᠲᠦᠮᠵᠢ ᠮᠠᠰᠢ ᠬᠢᠯᠪᠠᠷ ᠪᠤᠰᠤ ᠶᠤᠮ᠃ ᠨᠠᠮ᠎ᠤᠨ ᠭᠡᠱᠢᠭᠦᠨ ᠪᠣᠯᠤᠭ᠍ᠰᠠᠨ᠎ᠤ ᠬᠤᠪᠢ᠎ᠳᠤ᠂ ᠪᠢ ᠨᠠᠮ ᠪᠠᠢᠭᠤᠯᠤᠬ᠍ᠰᠠᠨ ᠠᠭᠤᠤ ᠶᠡᠭᠡ ᠵᠣᠷᠢᠭ ᠰᠠᠨᠠᠭ᠎ᠠ᠎ᠠᠴᠠ ᠲᠡᠮᠡᠴᠡᠯ᠎ᠤᠨ ᠬᠦᠴᠦᠨ᠎ᠢ ᠱᠢᠩᠭᠡᠭᠡᠨ ᠠᠪᠴᠤ᠌᠂ ᠬᠤᠢᠱᠢᠳᠠ᠎ᠶ᠋ᠢᠨ ᠠᠵᠢᠯ᠎ᠤᠨ ᠳᠤᠮᠳᠠ᠎ᠪᠠᠨ ᠪᠣᠳᠠᠲᠠᠢ᠎ᠲᠠᠢ ᠤᠶᠠᠯᠳᠤᠭᠤᠯᠵᠤ᠂ ᠪᠦᠬᠦ᠌ ᠰᠡᠳᠭᠢᠯ ᠪᠦᠬᠦ᠌ ᠵᠣᠷᠢᠭ᠎ᠢᠶᠠᠷ ᠨᠡᠢᠭᠡᠮ ᠲᠣᠭᠤᠷᠢᠭ᠎ᠤᠨ ᠰᠠᠭᠤᠭᠠᠯᠢ ᠠᠷᠠᠳ᠎ᠲᠤ ᠤᠢ᠍ᠢᠯᠠᠴᠢᠯᠠᠨ᠎ᠠ》 ᠭᠡᠵᠤ ᠡᠷᠴᠢ ᠵᠤᠷᠢᠭ᠎ᠢᠶᠠᠨ ᠬᠦᠪᠴᠢᠯᠠᠨ᠎ᠠ᠃

ᠨᠡᠢᠭᠡᠮ ᠲᠣᠭᠤᠷᠢᠭ᠎ᠤᠨ ᠰᠠᠭᠤᠭᠠᠯᠢ ᠠᠷᠠᠳ ᠲᠢᠶᠠᠨ ᠵᠧᠩ ᠷᠦᠩ᠄ 《ᠣᠢᠷ᠎ᠠ᠎ᠳᠤ᠂ ᠰᠠᠭᠤᠭᠠᠯᠢ ᠲᠣᠭᠤᠷᠢᠭ᠎ᠲᠤ ᠠᠷᠠᠳ᠎ᠲᠤ ᠲᠥᠬᠦᠮ ᠦᠵᠡᠭᠦᠯᠬᠦ᠌ ᠪᠡᠶ᠎ᠡ ᠴᠢᠭᠢᠷᠠᠭ᠍ᠵᠢᠭᠤᠯᠬᠤ ᠭᠠᠵᠠᠷ ᠪᠠᠢᠭᠤᠯᠵᠤ᠂ ᠪᠢᠳᠡᠨ᠎ᠳᠤ ᠪᠡᠶ᠎ᠡ ᠴᠢᠭᠢᠷᠠᠭ᠍ᠵᠢᠭᠤᠯᠬᠤ ᠰᠡᠯᠡᠭᠦᠴᠠᠨ ᠲᠤᠭᠤᠷᠢᠬᠤ᠎ᠳᠤ ᠲᠤᠬᠢᠳᠠᠢ ᠭᠠᠵᠠᠷ ᠬᠠᠩᠭᠠᠵᠤ ᠦᠭ᠌ᠬᠦᠯ᠎ᠠ᠃ ᠰᠠᠨ ᠱᠦᠨ ᠳ᠋ᠢᠶᠠᠨ ᠲᠣᠭᠤᠷᠢᠭ᠎ᠤᠨ ᠰᠠᠭᠤᠭᠠᠯᠢ ᠠᠷᠠᠳ ᠪᠤᠯᠤᠭ᠍ᠰᠠᠨ᠎ᠳᠠᠭᠠᠨ ᠮᠠᠰᠢ ᠤᠮᠤᠭ᠍ᠰᠢᠬᠤ ᠶᠤᠮ᠃ ᠠᠮᠢᠳᠤᠷᠠᠯ ᠶᠠᠪᠤᠬᠤ ᠲᠤᠳᠤᠮ ᠰᠠᠢᠵᠢᠷᠠᠵᠤ ᠪᠠᠢᠨ᠎ᠠ᠂ ᠡᠬᠦᠷᠢᠳᠠ ᠨᠠᠮ᠎ᠳᠠᠭᠠᠨ ᠲᠠᠯᠠᠷᠬᠠᠨ᠎ᠠ》 ᠭᠡᠵᠤ ᠪᠠᠶᠠᠷᠳᠠᠢ ᠭᠡᠯᠡᠨ᠎ᠠ᠃

 

ᠨᠠᠮ ᠪᠠ ᠠᠷᠠᠳ ᠲᠦᠮᠡᠨ᠎ᠤ ᠢᠲᠡᠭᠡᠯ ᠨᠠᠢᠳᠠᠯᠭ᠎ᠠ᠎ᠶ᠋ᠢ ᠬᠥᠰᠡᠷᠳᠡᠭᠦᠯᠬᠦ᠌ ᠦᠭᠡᠢ

      ᠰᠤᠷᠪᠤᠯᠵᠢᠯᠠᠭ᠍ᠴᠢ ᠪᠠᠶ ᠵᠢᠶᠠᠩ ᠬᠤᠩ  ᠾᠧ ᠵᠢᠶᠠ ᠴᠢ

 

ᠤᠢ᠍ᠢᠷ᠎ᠠ᠎ᠶ᠋ᠢᠨ ᠵᠢᠯ᠎ᠠᠴᠠ ᠨᠠᠭᠠᠰᠢ᠂ ᠡᠵᠡᠨ᠎ᠡ ᠪᠣᠭᠤᠮᠲᠠ᠎ᠶ᠋ᠢᠨ᠎ᠬᠢᠨ ᠢᠮᠠᠭ᠍ᠲᠠ ᠨᠠᠮ᠎ᠤᠨ ᠪᠠᠢᠭᠤᠯᠤᠯᠲᠠ᠎ᠪᠠᠷ ᠭᠤᠣᠯ ᠠᠵᠢᠯ᠎ᠢᠶᠠᠨ ᠶᠡᠷᠦᠩᠬᠡᠢᠯᠡᠨ ᠵᠢᠯᠤᠭᠤᠳᠤᠭᠤᠯᠬᠤ᠎ᠶ᠋ᠢ ᠪᠠᠷᠢᠮᠲᠠᠯᠠᠵᠤ᠂ ᠨᠠᠮ᠎ᠤᠨ ᠭᠡᠱᠢᠭᠦᠨ᠎ᠢ ᠪᠣᠭᠤᠮᠲᠠ᠎ᠶ᠋ᠢᠨ ᠲᠤᠬᠠᠢᠯᠠᠭ᠍ᠰᠠᠨ ᠠᠵᠢᠯ᠎ᠤᠨ ᠥᠭᠡᠷᠡᠴᠢᠯᠡᠯᠲᠡ᠂ ᠪᠣᠭᠤᠮᠲᠠ᠎ᠶ᠋ᠢᠨ ᠬᠤᠳᠠᠯᠳᠤᠭ᠎ᠠ ᠡᠷᠬᠢᠯᠡᠬᠦ᠌ ᠣᠷᠴᠢᠨ ᠨᠥᠬᠦᠴᠡᠯ᠎ᠢ ᠱᠢᠯᠢᠳᠡᠭ᠌ᠵᠢᠭᠦᠯᠬᠦ᠂ ᠤᠯᠠᠨ ᠲᠦᠮᠡᠨ᠎ᠳᠤ ᠪᠣᠳᠠᠲᠤ ᠶᠠᠪᠤᠳᠠᠯ ᠬᠢᠵᠦ᠍ ᠥᠭ᠌ᠬᠦ ᠵᠡᠷᠭᠡ ᠠᠵᠢᠯ᠎ᠤᠨ ᠳᠤᠮᠳᠠ ᠬᠤᠱᠢᠭᠤᠴᠢ ᠵᠢᠱ᠌ᠢᠶᠡᠴᠢ ᠦᠢᠯᠡᠳᠦᠯ᠎ᠢᠶᠠᠨ ᠭᠦᠢᠴᠡᠳ ᠪᠠᠳᠠᠷᠠᠭᠤᠯᠵᠤ᠂ ᠦᠨᠳᠦᠰᠦᠨ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ᠎ᠶ᠋ᠢ ᠪᠦᠬᠦ᠌ ᠲᠠᠯ᠎ᠠ᠎ᠶ᠋ᠢ ᠶᠡᠷᠦᠩᠬᠡᠢᠯᠡᠨ ᠡᠵᠡᠮᠳᠡᠬᠦ᠂ ᠰᠡᠳᠭᠢᠯ ᠨᠢᠭᠡᠳᠤᠨ ᠬᠦᠴᠦ᠎ᠪᠠᠨ ᠬᠠᠮᠲᠤᠳᠭᠠᠬᠤ ᠪᠠᠲᠤ ᠴᠢᠩᠭ᠎ᠠ ᠲᠠᠢᠴᠢᠨ ᠪᠠᠬᠢᠯᠡᠯᠲᠡ ᠪᠣᠯᠭᠠᠪᠠ᠃ ᠣᠳᠣᠬᠠᠨ᠎ᠤ ᠱᠢᠨ᠎ᠡ ᠲᠢᠲᠢᠮᠯᠢᠭ ᠠᠭᠤᠰᠭᠢᠨ ᠦᠷᠪᠢᠰᠦᠯ᠎ᠤᠨ ᠬᠢᠵᠢᠭ᠎ᠤᠨ ᠪᠠᠢᠳᠠᠯ᠎ᠤᠨ ᠡᠮᠦᠨ᠎ᠡ᠂ ᠡᠵᠡᠨ᠎ᠡ ᠪᠣᠭᠤᠮᠲᠠ᠎ᠶ᠋ᠢᠨ᠎ᠬᠢᠨ ᠬᠢᠯᠢ᠎ᠶ᠋ᠢᠨ ᠳᠣᠲᠣᠨ᠎ᠠ ᠭᠠᠳᠠᠨᠠᠬᠢ ᠬᠢᠵᠢᠭ᠎ᠤᠨ ᠪᠠᠢᠳᠠᠯ᠎ᠤᠨ ᠵᠠᠳᠠᠯᠤᠯᠲᠠ ᠮᠠᠭᠠᠳᠯᠠᠯᠲᠠ᠎ᠪᠠᠨ ᠴᠢᠩᠭᠠᠳᠭᠠᠵᠤ᠂ ᠪᠣᠭᠤᠮᠲᠠ᠎ᠶ᠋ᠢᠨ ᠪᠣᠳᠠᠲᠤ ᠪᠠᠢᠳᠠᠯ᠎ᠲᠠᠢ᠎ᠪᠠᠨ ᠤᠶᠠᠯᠳᠤᠭᠤᠯᠤᠨ ᠬᠡᠷᠡᠭ᠌ᠵᠢᠭᠦᠯᠬᠦ᠌ ᠠᠷᠭ᠎ᠠ ᠬᠡᠮᠵᠢᠶ᠎ᠡ᠎ᠪᠠᠨ ᠨᠠᠷᠢᠯᠢᠬ᠍ᠵᠢᠭᠤᠯᠤᠨ ᠲᠣᠭ᠍ᠲᠠᠭᠠᠵᠤ᠂ ᠬᠤᠯᠪᠣᠭᠠᠯᠠᠨ ᠰᠡᠷᠭᠡᠢᠯᠡᠵᠦ᠍ ᠬᠤᠯᠪᠣᠭᠠᠯᠠᠨ ᠡᠵᠡᠮᠳᠡᠬᠦ᠌᠎ᠶ᠋ᠢ ᠴᠢᠩᠭᠠᠳᠭᠠᠵᠤ᠂ ᠪᠢᠲᠡᠭᠦᠮᠵᠢᠯᠡᠭ᠌ᠰᠡᠨ ᠬᠠᠮᠢᠶᠠᠷᠤᠯᠲᠠ᠎ᠶ᠋ᠢ ᠪᠣᠳᠠᠲᠠᠶ᠎ᠳᠤ ᠨᠠᠢᠳᠠᠪᠤᠷᠢᠵᠢᠭᠤᠯᠵᠤ᠂ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌ ᠠᠵᠢᠯ᠎ᠢ ᠪᠥᠬᠦ᠌ ᠬᠦᠴᠦᠨ᠎ᠢᠶᠠᠷ᠎ᠢᠶᠠᠨ ᠰᠠᠢᠲᠤᠷ ᠬᠢᠵᠦ᠍᠂ ᠨᠠᠮ ᠪᠣᠯᠤᠨ ᠤᠯᠤᠰ᠎ᠤᠨ ᠬᠦᠰᠡᠯ ᠨᠠᠢᠳᠠᠯᠭ᠎ᠠ᠎ᠶ᠋ᠢ ᠬᠥᠰᠡᠷᠳᠡᠭᠦᠯᠦᠯ ᠥᠬᠡᠶ᠎ᠪᠠᠷ ᠡᠬᠡ ᠤᠯᠤᠰ᠎ᠤᠨ ᠤᠮᠠᠷᠠᠲᠤ᠎ᠶ᠋ᠢᠨ ᠠᠮᠤᠷ ᠲᠣᠭ᠍ᠲᠠᠭᠤᠨ᠎ᠤ ᠬᠠᠯᠬᠠᠪᠴᠢ᠎ᠶ᠋ᠢ ᠪᠠᠲᠤ ᠴᠣᠭ᠍ᠴᠠᠯᠠᠬᠤ᠎ᠳᠤ ᠬᠦᠴᠦᠨ ᠴᠢᠳᠠᠯ᠎ᠢᠶᠠᠨ ᠨᠠᠮᠠᠷᠢᠯᠠᠨ᠎ᠠ᠃

ᠨᠠᠮ᠎ᠤᠨ ᠶᠡᠷᠦᠩᠬᠡᠢ ᠡᠭᠦᠷ᠎ᠤᠨ ᠱᠦᠵᠢ ᠬᠤᠸᠠᠩ ᠸᠧᠢ ᠳ᠋ᠦᠩ᠄ 《7 ᠰᠠᠷ᠎ᠠ᠎ᠶ᠋ᠢᠨ 1 ᠎ᠤ ᠡᠳᠦᠷ᠂ ᠪᠢ ᠪᠦᠬᠦ᠌ ᠤᠯᠤᠰ᠎ᠤᠨ ᠲᠡᠷᠢᠭᠦᠨ᠎ᠤ ᠦᠨᠳᠦᠰᠦᠨ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠲᠥᠯᠥᠭᠡᠯᠡᠭ᠌ᠴᠢ᠎ᠶ᠋ᠢᠨ ᠬᠤᠪᠢ᠎ᠪᠠᠷ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠭ᠍ᠰᠠᠨ 100 ᠵᠢᠯ᠎ᠤᠨ ᠤᠢ᠎ᠶ᠋ᠢ ᠪᠡᠯᠭᠡᠯᠡᠬᠦ᠌ ᠶᠡᠭᠡ ᠬᠤᠷᠠᠯ᠎ᠳᠤ ᠣᠷᠣᠯᠴᠠᠵᠤ᠂ ᠶᠡᠷᠦᠩᠬᠡᠢ ᠱᠦᠵᠢ ᠰᠢ᠎ᠶ᠋ᠢᠨ ᠫᠢᠩ᠎ᠤᠨ ᠨᠠᠮ ᠪᠠᠢᠭᠤᠯᠤᠬ᠍ᠰᠠᠨ ᠠᠭᠤᠤ ᠶᠡᠭᠡ ᠵᠣᠷᠢᠭ ᠰᠠᠨᠠᠭ᠎ᠠ᠎ᠶ᠋ᠢ ᠠᠩᠬ᠎ᠠ ᠤᠳᠠᠭ᠎ᠠ ᠲᠣᠳᠣᠷᠬᠠᠢᠯᠠᠨ ᠥᠭᠦᠯᠡᠭ᠌ᠰᠡᠨ᠎ᠢ ᠰᠣᠨᠣᠰᠪᠠ᠃ ᠦᠨᠳᠦᠰᠦᠨ ᠱᠠᠲᠤᠨ᠎ᠤ ᠨᠠᠮ᠎ᠤᠨ ᠶᠡᠷᠦᠩᠬᠡᠢ ᠡᠭᠦᠷ᠎ᠤᠨ ᠱᠦᠵᠢ ᠪᠣᠯᠤᠭ᠍ᠰᠠᠨ᠎ᠤ ᠬᠤᠪᠢ᠎ᠳᠤ᠂ ᠨᠠᠮ ᠪᠠᠢᠭᠤᠯᠤᠬ᠍ᠰᠠᠨ ᠠᠭᠤᠤ ᠶᠡᠭᠡ ᠵᠣᠷᠢᠭ ᠰᠠᠨᠠᠭ᠎ᠠ᠎ᠶ᠋ᠢ ᠪᠠᠳᠠᠷᠠᠭᠤᠯᠬᠤ᠎ᠳᠤ᠂ ᠶᠡᠷᠦᠩᠬᠡᠢ ᠱᠦᠵᠢ᠎ᠶ᠋ᠢᠨ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠨᠠᠷᠢᠨ ᠬᠢᠨᠠᠮᠠᠭᠠᠢ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠨᠠᠮ᠎ᠤᠨ ᠲᠡᠦᠬᠡ᠎ᠶ᠋ᠢᠨ ᠰᠤᠷᠤᠯᠴᠠᠯᠭ᠎ᠠ ᠬᠥᠮᠦᠵᠢᠯ ᠪᠣᠯᠤᠨ 〈ᠪᠢ ᠤᠯᠠᠨ ᠲᠦᠮᠡᠨ᠎ᠳᠤ ᠪᠣᠳᠠᠲᠠᠢ ᠶᠠᠪᠤᠳᠠᠯ ᠬᠢᠵᠦ᠍ ᠥᠭ᠌ᠭᠦ〉 ᠱᠢᠷᠢᠰ ᠠᠵᠢᠯᠯᠠᠭ᠎ᠠ᠎ᠶ᠋ᠢ ᠯᠠᠪᠳᠠᠭᠤᠨ ᠪᠠᠲᠤᠲᠠᠢ ᠥᠷᠨᠢᠭᠦᠯᠵᠦ᠍᠂ 〈ᠲᠦᠷᠪᠡᠨ ᠬᠦᠴᠦᠷᠬᠡᠭ ᠨᠠᠮ᠎ᠤᠨ ᠡᠭᠦᠷ〉 ᠎ᠤᠨ ᠪᠠᠢᠭᠤᠯᠤᠯᠲᠠ᠎ᠶ᠋ᠢ ᠦᠷᠭᠦᠯᠵᠢᠯᠡᠨ ᠪᠠᠬᠢᠵᠢᠭᠦᠯᠵᠦ᠍᠂ 〈ᠲᠣᠣᠷᠠᠢ᠎ᠶ᠋ᠢᠨ ᠤᠯᠢᠶᠠᠰᠤ〉 ᠨᠠᠮ᠎ᠤᠨ ᠪᠠᠢᠭᠤᠯᠤᠯᠲᠠ᠎ᠶ᠋ᠢᠨ ᠲᠦᠷᠦᠯ ᠲᠡᠮᠳᠡᠭ᠎ᠢ ᠴᠣᠭ᠍ᠴᠠᠯᠠᠨ᠎ᠠ᠃ ᠪᠣᠭᠤᠮᠲᠠ᠎ᠶ᠋ᠢᠨ ᠬᠢᠵᠢᠭ᠎ᠤᠨ ᠪᠠᠢᠳᠠᠯ᠎ᠢ ᠰᠡᠷᠭᠡᠢᠯᠡᠬᠦ᠌ ᠱᠤᠭᠤᠮ᠎ᠢ ᠢᠮᠠᠭ᠍ᠲᠠ ᠪᠠᠲᠤ ᠴᠣᠭ᠍ᠴᠠᠯᠠᠵᠤ᠂ ᠠᠷᠠᠳ ᠣᠯᠠᠨ᠎ᠤ ᠠᠮᠢ ᠨᠠᠰᠤᠨ᠎ᠤ ᠠᠮᠤᠷ ᠲᠦᠪᠱᠢᠨ ᠪᠠ ᠪᠡᠶ᠎ᠡ ᠮᠠᠬᠠᠪᠣᠳ᠎ᠤᠨ ᠡᠷᠡᠭᠦᠯ ᠮᠡᠨᠳᠦ᠎ᠶ᠋ᠢ ᠡᠷᠡᠰ ᠬᠠᠮᠠᠭᠠᠯᠠᠵᠤ᠂ ᠠᠵᠤ ᠦᠢᠯᠡᠰ᠎ᠤᠨ ᠬᠡᠯᠬᠢᠶ᠎ᠡ᠂ ᠬᠠᠩᠭᠠᠯᠭ᠎ᠠ᠎ᠶ᠋ᠢᠨ ᠬᠡᠯᠬᠢᠶ᠎ᠡ᠎ᠶ᠋ᠢᠨ ᠲᠣᠭ᠍ᠲᠠᠭᠤᠨ᠎ᠢ ᠪᠠᠲᠤᠯᠠᠵᠤ᠂ ᠠᠷᠢᠭᠤᠨ ᠴᠢᠬᠡᠴᠢ ᠪᠣᠭᠤᠮᠲᠠ᠎ᠶ᠋ᠢᠨ ᠪᠥᠲᠥᠭᠡᠨ ᠪᠠᠢᠭᠤᠯᠤᠯᠲᠠ᠎ᠶ᠋ᠢ ᠦᠷᠭᠦᠯᠵᠢᠯᠡᠨ ᠭᠦᠨᠵᠡᠭᠡᠢᠷᠡᠭᠦᠯᠵᠦ᠍᠂ ᠱᠢᠨ᠎ᠠ ᠵᠢᠳᠬᠦᠯ ᠴᠢᠷᠮᠠᠢᠯᠭ᠎ᠠ ᠭᠠᠷᠭᠠᠬᠤ ᠵᠤᠷᠢᠭ ᠰᠠᠨᠠᠭ᠎ᠠ ᠡᠪᠤᠷᠯᠠᠵᠤ ᠨᠠᠮ ᠪᠠᠢᠭᠤᠯᠤᠬ᠍ᠰᠠᠨ ᠠᠭᠤᠤ ᠶᠡᠭᠡ ᠵᠣᠷᠢᠭ ᠰᠠᠨᠠᠭ᠎ᠠ᠎ᠶ᠋ᠢ ᠡᠭᠦᠷᠢᠳᠡ ᠵᠠᠯᠭᠠᠮᠵᠢᠯᠠᠵᠤ ᠪᠠᠳᠠᠷᠠᠭᠤᠯᠤᠨ ᠳᠡᠯᠭᠡᠷᠡᠭᠦᠯᠦᠨ᠎ᠡ》 ᠭᠡᠯ᠎ᠠ᠃

ᠬᠢᠨᠠᠯᠳᠠ ᠬᠠᠮᠢᠶᠠᠷᠤᠯᠲᠠ᠎ᠶ᠋ᠢᠨ ᠬᠤᠶᠠᠳᠤᠭᠠᠷ ᠰᠠᠯᠠᠭᠠᠨ᠎ᠤ ᠨᠠᠮ᠎ᠤᠨ ᠭᠡᠱᠢᠭᠦᠨ ᠸᠠᠩ ᠱᠢᠨ ᠢᠦᠢ᠄ 《ᠨᠠᠮ ᠪᠠᠢᠭᠤᠯᠤᠬ᠍ᠰᠠᠨ ᠠᠭᠤᠤ ᠶᠡᠭᠡ ᠵᠣᠷᠢᠭ ᠰᠠᠨᠠᠭ᠎ᠠ ᠪᠣᠯ ᠨᠠᠮ᠎ᠤᠨ ᠠᠭᠤᠤ ᠶᠡᠭᠡ ᠦᠢᠯᠡᠳᠦᠯᠭᠡ᠎ᠠᠴᠠ ᠪᠤᠢ ᠪᠣᠯᠤᠭ᠍ᠰᠠᠨ ᠤᠶᠤᠨ ᠰᠠᠨᠠᠭᠠᠨ᠎ᠤ ᠴᠠᠳᠢᠭ᠂ ᠮᠠᠨ᠎ᠤ ᠡᠪ ᠬᠠᠮᠲᠤᠴᠤᠳ᠎ᠤᠨ ᠤᠶᠤᠨ ᠰᠠᠨᠠᠭᠠᠨ᠎ᠤ ᠡᠬᠢ ᠰᠤᠷᠪᠤᠯᠵᠢ᠂ ᠡᠪ ᠬᠠᠮᠲᠤᠴᠤᠳ᠎ᠤᠨ ᠵᠣᠷᠢᠭ ᠰᠠᠨᠠᠭᠠᠨ᠎ᠤ ᠳᠡᠭᠡᠳᠦ ᠬᠡᠮᠵᠢᠶᠡᠨ᠎ᠤ ᠪᠤᠯᠪᠠᠰᠤᠷᠠᠯ ᠮᠥᠨ᠃ ᠪᠣᠭᠤᠮᠲᠠ᠎ᠶ᠋ᠢᠨ ᠨᠢᠭᠡᠨ ᠠᠵᠢᠯᠳᠠᠨ ᠪᠣᠯᠤᠭ᠍ᠰᠠᠨ᠎ᠤ ᠬᠤᠪᠢ᠎ᠳᠤ᠂ ᠨᠠᠮ ᠪᠠᠢᠭᠤᠯᠤᠬ᠍ᠰᠠᠨ ᠠᠭᠤᠤ ᠶᠡᠭᠡ ᠵᠣᠷᠢᠭ ᠰᠠᠨᠠᠭ᠎ᠠ᠎ᠶ᠋ᠢ ᠰᠠᠢᠲᠤᠷ ᠰᠤᠷᠤᠯᠴᠠᠨ ᠣᠢᠯᠠᠭᠠᠵᠤ᠂ ᠨᠠᠮ ᠪᠠᠢᠭᠤᠯᠤᠬ᠍ᠰᠠᠨ ᠠᠭᠤᠤ ᠶᠡᠭᠡ ᠵᠣᠷᠢᠭ ᠰᠠᠨᠠᠭ᠎ᠠ᠎ᠪᠠᠷ ᠢᠲᠡᠭᠡᠯ ᠵᠣᠷᠢᠭ᠎ᠢᠶᠠᠨ ᠪᠠᠲᠤᠳᠭᠠᠵᠤ᠂ ᠵᠠᠩ ᠴᠢᠨᠠᠷ᠎ᠢᠶᠠᠨ ᠳᠠᠪᠲᠠᠨ ᠪᠣᠯᠪᠠᠰᠤᠷᠠᠭᠤᠯᠵᠤ᠂ ᠤᠶᠤᠨ ᠤᠬᠠᠭᠠᠨ᠎ᠢᠶᠠᠨ ᠰᠡᠩᠬᠡᠷᠡᠭᠦᠯᠵᠦ᠍᠂ ᠨᠠᠮ ᠪᠠᠢᠭᠤᠯᠤᠬ᠍ᠰᠠᠨ ᠠᠭᠤᠤ ᠶᠡᠭᠡ ᠵᠣᠷᠢᠭ ᠰᠠᠨᠠᠭ᠎ᠠ᠎ᠶ᠋ᠢ ᠡᠬᠦᠷᠢᠳᠠ ᠵᠠᠯᠭᠠᠮᠵᠢᠯᠠᠨ ᠪᠠᠳᠠᠷᠠᠭᠤᠯᠤᠨ᠎ᠠ; ᠦᠨᠳᠦᠰᠦᠨ ᠱᠠᠲᠤᠨ᠎ᠤ ᠨᠠᠮ᠎ᠤᠨ ᠭᠡᠱᠢᠭᠦᠨ ᠪᠣᠯᠤᠭ᠍ᠰᠠᠨ᠎ᠤ ᠬᠤᠪᠢ᠎ᠳᠤ᠂ ᠨᠠᠮ ᠪᠠᠢᠭᠤᠯᠤᠬ᠍ᠰᠠᠨ ᠠᠭᠤᠤ ᠶᠡᠭᠡ ᠵᠣᠷᠢᠭ ᠰᠠᠨᠠᠭ᠎ᠠ᠎ᠪᠠᠷ ᠥᠪᠡᠷ᠎ᠢ᠎ᠪᠠᠨ ᠬᠡᠮᠵᠢᠬᠦ᠌ ᠬᠡᠮᠵᠢᠭᠦᠷ ᠪᠣᠯᠭᠠᠵᠤ᠂ ᠤᠬᠠᠮᠰᠠᠷ᠎ᠠᠴᠠ᠎ᠪᠠᠨ ᠱᠢᠯᠢᠳᠡᠭ ᠨᠠᠮ᠎ᠤᠨ ᠭᠡᠱᠢᠭᠦᠨ᠎ᠲᠠᠢ ᠪᠠᠷᠢᠮᠵᠢᠶᠠᠯᠠᠨ ᠬᠠᠷᠭᠤᠭᠤᠯᠵᠤ᠂ ᠬᠦᠷᠦᠯᠴᠡᠬᠦ᠌ ᠥᠬᠡᠶ ᠲᠠᠯ᠎ᠠ᠎ᠪᠠᠨ ᠡᠷᠢᠵᠦ᠍᠂ ᠥᠪᠡᠷ᠎ᠢ᠎ᠪᠠᠨ ᠲᠡᠭᠦᠯᠳᠡᠷᠵᠢᠭᠦᠯᠵᠦ᠍᠂ ᠥᠪᠡᠷ᠎ᠢ᠎ᠪᠠᠨ ᠥᠭᠡᠷᠡᠴᠢᠯᠡᠵᠦ᠍᠂ ᠥᠪᠡᠷ᠎ᠢ᠎ᠪᠠᠨ ᠪᠣᠯᠪᠠᠰᠤᠷᠠᠭᠤᠯᠵᠤ᠂ ᠨᠠᠮᠴᠢ ᠴᠢᠨᠠᠷ᠎ᠤᠨ ᠪᠣᠯᠪᠠᠰᠤᠷᠠᠯ ᠪᠣᠯᠤᠨ ᠲᠤᠬᠠᠢᠯᠠᠭ᠍ᠰᠠᠨ ᠠᠵᠢᠯ᠎ᠢ ᠵᠡᠷᠭᠡ᠎ᠪᠠᠷ ᠳᠡᠭᠡᠭ᠌ᠰᠢᠯᠡᠭᠦᠯᠵᠤ᠂ ᠬᠠᠷᠢᠯᠴᠠᠨ ᠠᠬᠢᠭᠤᠯᠬᠤ᠎ᠶ᠋ᠢ ᠴᠢᠬᠤᠯᠠᠴᠢᠯᠠᠵᠤ᠂ ᠪᠣᠭᠤᠮᠲᠠ᠎ᠶ᠋ᠢᠨ ᠪᠥᠲᠥᠭᠡᠨ ᠪᠠᠢᠭᠤᠯᠤᠯᠲᠠ᠎ᠶ᠋ᠢᠨ ᠱᠢᠨ᠎ᠡ ᠠᠶᠠᠨ᠎ᠳᠤ ᠤᠶᠤᠨ ᠤᠬᠠᠭᠠᠨ ᠬᠦᠴᠦᠨ ᠴᠢᠳᠠᠯ᠎ᠢᠶᠠᠨ ᠨᠠᠮᠠᠷᠢᠯᠠᠨ᠎ᠠ》 ᠭᠡᠵᠤ ᠬᠠᠷᠠᠯᠳᠠ ᠵᠤᠷᠢᠭ᠎ᠢᠶᠠᠨ ᠲᠤᠳᠤᠷᠠᠭᠤᠯᠤᠨ᠎ᠠ᠃

ᠬᠢᠨᠠᠯᠳᠠ ᠬᠠᠮᠢᠶᠠᠷᠤᠯᠳᠠ᠎ᠶ᠋ᠢᠨ ᠨᠢᠭᠡᠳᠦᠭᠡᠷ ᠰᠠᠯᠠᠭᠠᠨ᠎ᠤ ᠠᠵᠢᠯᠲᠠᠨ ᠹᠠᠨ ᠱᠢᠩ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠭ᠍ᠰᠠᠨ 100 ᠵᠢᠯ᠎ᠤᠨ ᠤᠢ᠎ᠶ᠋ᠢ ᠪᠡᠯᠭᠡᠯᠡᠬᠦ᠌ ᠶᠡᠭᠡ ᠬᠤᠷᠠᠯ᠎ᠤᠨ ᠲᠤᠬᠠᠶ᠎ᠶ᠋ᠢᠨ ᠡᠳᠦᠷ᠎ᠤᠨ ᠱᠢᠭᠤᠳ ᠨᠡᠪᠲᠡᠷᠡᠭᠦᠯᠭᠡ᠎ᠶ᠋ᠢ ᠭᠥᠯᠢᠶᠡᠨ ᠠᠪᠴᠤ᠌ ᠦᠵᠡᠭ᠌ᠰᠡᠨ ᠪᠠᠢᠳᠠᠯ᠎ᠢ ᠡᠷᠭᠢᠴᠡᠭᠦᠯᠬᠦ᠌᠎ᠪᠠᠷ ᠳᠣᠭ᠍ᠳᠣᠯᠤᠭ᠍ᠰᠠᠨ ᠰᠡᠳᠭᠢᠯᠭᠡ᠎ᠪᠠᠨ ᠳᠠᠷᠤᠵᠤ ᠶᠠᠳᠠᠨ᠎ᠠ᠃ ᠲᠡᠷᠡ᠄ 《ᠡᠨᠡ 100 ᠭᠠᠷᠤᠢ ᠵᠢᠯ᠎ᠤᠨ ᠲᠤᠷᠰᠢ ᠳᠤᠮᠳᠠᠳᠤ ᠤᠯᠤᠰ᠎ᠤᠨ ᠡᠪ ᠬᠠᠮᠲᠤ ᠨᠠᠮ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠵᠣᠷᠢᠭ᠍ᠲᠠᠢ ᠦᠢᠯᠡᠳᠦᠯᠭᠡᠵᠢᠭᠦᠯᠵᠦ᠍᠂ ᠳᠤᠮᠳᠠᠳᠤ ᠤᠯᠤᠰ᠎ᠤᠨ ᠠᠷᠠᠳ ᠲᠦᠮᠡᠨ᠎ᠢ ᠪᠦᠯᠬᠦᠮᠳᠡᠭᠦᠯᠦᠨ ᠳᠠᠭᠠᠭᠤᠯᠵᠤ ᠠᠭᠤᠤ ᠶᠡᠭᠡ ᠵᠠᠮ᠎ᠢ ᠨᠡᠭᠡᠭᠡᠵᠦ᠍᠂ ᠠᠭᠤᠤ ᠶᠡᠭᠡ ᠦᠢᠯᠡᠰ᠎ᠢ ᠪᠠᠢᠭᠤᠯᠵᠤ᠂ ᠠᠭᠤᠤ ᠶᠡᠭᠡ ᠵᠣᠷᠢᠭ ᠰᠠᠨᠠᠭ᠎ᠠ᠎ᠶ᠋ᠢ ᠴᠣᠭ᠍ᠴᠠᠯᠠᠵᠤ᠂ ᠳᠤᠮᠳᠠᠳᠤ᠎ᠶ᠋ᠢᠨ ᠦᠨᠳᠦᠰᠦᠲᠡᠨ᠎ᠤ ᠬᠥᠭ᠌ᠵᠢᠯᠲᠡ᠎ᠶ᠋ᠢᠨ ᠲᠡᠦᠬᠡ ᠪᠠ ᠬᠥᠮᠦᠨ ᠲᠥᠷᠥᠯᠬᠢᠲᠡᠨ᠎ᠤ ᠨᠡᠢᠭᠡᠮ᠎ᠤᠨ ᠳᠠᠪᠱᠢᠯᠲᠠ᠎ᠶ᠋ᠢᠨ ᠲᠡᠦᠬᠡᠨ᠎ᠳᠤ ᠢᠷᠠᠭᠤ ᠭᠠᠢᠬᠠᠮᠱᠢᠭ᠍ᠲᠤ ᠬᠠᠭᠤᠳᠠᠰᠤ᠎ᠶ᠋ᠢ ᠪᠢᠴᠢᠭ᠌ᠯᠡᠭ᠌ᠰᠡᠨ ᠶᠤᠮ᠃ ᠱᠢᠭᠤᠳ ᠨᠡᠪᠲᠡᠷᠡᠭᠦᠯᠭᠡ᠎ᠶ᠋ᠢ ᠦᠵᠡᠭᠡᠳ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠱᠢᠭᠦᠨ ᠪᠣᠯᠬᠤ᠎ᠶ᠋ᠢ ᠬᠦᠰᠡᠯ᠎ᠠ᠃ ᠡᠨᠡ ᠬᠦ᠌ ᠨᠡᠯᠦᠭᠡᠷ ᠠᠭᠤᠳᠠᠮ ᠭᠤᠪᠢ ᠨᠤᠲᠤᠭ᠎ᠲᠤ᠌᠂ ᠨᠠᠮ᠎ᠤᠨ ᠬᠡᠷᠡᠯ ᠭᠢᠯᠪᠠᠭ᠎ᠠ ᠨᠠᠮᠠᠶ᠋ᠢ ᠵᠢᠯᠣᠭᠤᠳᠤᠨ ᠢᠳᠡᠪᠬᠢᠲᠡᠢ ᠠᠵᠢᠯᠯᠠᠭᠤᠯᠵᠤ᠂ ᠵᠠᠯᠠᠭᠤ ᠨᠠᠰᠤ᠎ᠪᠠᠨ ᠵᠣᠷᠢᠭᠤᠯᠵᠤ᠂ ᠤᠯᠤᠰ᠎ᠤᠨ ᠡᠭᠦᠳᠡ᠎ᠪᠠᠨ ᠰᠠᠬᠢᠨ ᠬᠠᠮᠠᠭᠠᠯᠠᠬᠤ᠎ᠶ᠋ᠢᠨ ᠠᠴᠢ ᠬᠤᠯᠪᠣᠭ᠍ᠳᠠᠯ ᠪᠣᠯᠤᠨ ᠢᠷᠠᠭᠤ ᠠᠯᠳᠠᠷ᠎ᠢ ᠲᠠᠨᠢᠭᠤᠯᠪᠠ᠃ ᠪᠢ ᠡᠨᠡ ᠬᠦ᠌ ᠢᠷᠠᠭᠤ ᠠᠯᠳᠠᠷ᠎ᠢᠶᠠᠨ ᠨᠠᠨᠳᠢᠩᠨᠠᠵᠤ᠂ ᠡᠭᠦᠷᠭᠡ ᠬᠠᠷᠢᠭᠤᠴᠠᠯᠭ᠎ᠠ᠎ᠪᠠᠨ ᠬᠢᠴᠢᠶᠡᠩᠭᠦ᠋ᠢᠯᠡᠨ ᠰᠠᠬᠢᠵᠤ᠂ ᠦᠨᠡᠨᠴᠢ ᠱᠢᠳᠤᠷᠭᠤ᠎ᠪᠠᠷ ᠬᠠᠷᠢᠭᠤᠴᠠᠯᠭ᠎ᠠ᠎ᠪᠠᠨ ᠡᠭᠦᠷᠭᠡᠯᠡᠵᠦ᠍᠂ ᠨᠠᠮ ᠪᠣᠯᠤᠨ ᠠᠷᠠᠳ ᠲᠦᠮᠡᠨ᠎ᠤ ᠢᠲᠡᠭᠡᠯ ᠨᠠᠢᠳᠠᠯᠭ᠎ᠠ᠎ᠶ᠋ᠢ ᠬᠥᠰᠡᠷᠳᠡᠭᠦᠯᠬᠦ᠌ ᠦᠭᠡᠢ!》 ᠭᠡᠵᠤ ᠵᠤᠷᠢᠭ᠎ᠢᠶᠠᠨ ᠢᠯᠡᠳᠭᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号