ᠤᠳᠠᠭᠠᠨ ᠰᠠᠭᠤᠵᠤ ᠠᠵᠢᠯᠯᠠᠭ᠍ᠰᠠᠳ ᠳᠠᠪᠤᠨ ᠳᠠᠯ᠎ᠠ᠎ᠪᠠᠷ ᠤᠷᠢᠳᠴᠢᠯᠠᠨ ᠰᠡᠷᠭᠡᠢᠯᠡᠭᠡᠷᠡᠢ
2021-08-16 16:14:01
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠤᠷᠳᠤ ᠬᠤᠭᠤᠴᠠᠭ᠎ᠠ᠎ᠪᠠᠷ ᠱᠢᠷᠡᠭᠡ ᠡᠯᠢᠬᠡᠳᠡᠨ ᠤᠳᠠᠭᠠᠨ ᠰᠠᠭᠤᠵᠤ ᠠᠵᠢᠯᠯᠠᠳᠠᠬ ᠬᠦᠮᠦᠰ ᠬᠡᠷᠪᠡ ᠦᠪᠡᠷ᠎ᠤᠨ ᠪᠡᠶ᠎ᠠ᠎ᠶ᠋ᠢᠨ᠎ᠢᠶᠠᠨ ᠡᠷᠡᠬᠦᠯ ᠬᠠᠮᠠᠭᠠᠯᠠᠯ᠎ᠤᠨ ᠲᠠᠯ᠎ᠠ᠎ᠪᠠᠷ ᠠᠩᠬᠠᠷᠬᠤ ᠦᠬᠡᠢ ᠪᠤᠯ ᠳᠠᠪᠤᠨ ᠵᠦᠢᠯ᠎ᠤᠨ ᠡᠪᠡᠳᠴᠢᠨ᠎ᠳᠤ ᠠᠮᠠᠷᠬᠠᠨ ᠨᠡᠷᠪᠡᠭ᠌ᠳᠡᠳᠡᠭ᠃


QQ图片20210816115724.png


1᠂ ᠠᠷᠤᠬ ᠶᠠᠰᠤ᠂ ᠪᠤᠯᠴᠢᠩ᠎ᠤᠨ ᠡᠪᠡᠳᠴᠢᠨ᠄ ᠤᠷᠳᠤ ᠬᠤᠭᠤᠴᠠᠭ᠎ᠠ᠎ᠪᠠᠷ ᠱᠢᠷᠡᠭᠡ ᠡᠯᠢᠬᠡᠳᠡᠨ ᠳᠤᠯᠤᠭᠠᠢ ᠪᠦᠬᠦ᠋ᠢᠨ ᠠᠵᠢᠯᠯᠠᠪᠠᠯ ᠬᠦᠵᠦᠬᠦᠨ᠎ᠤ ᠭᠡᠰᠡᠭ᠎ᠤᠨ ᠴᠢᠰᠤᠨ᠎ᠤ ᠪᠤᠴᠠᠯᠳᠠ᠎ᠨᠢ ᠬᠠᠷᠱᠢᠯᠠᠬ᠍ᠳᠠᠵᠤ᠂ ᠭᠡᠰᠡᠭ ᠪᠤᠯᠴᠢᠩ᠎ᠤᠨ ᠠᠵᠢᠯᠯᠠᠭ᠎ᠠ᠎ᠨᠢ ᠬᠡᠳᠤᠷᠡᠵᠤ᠂ ᠪᠠᠰᠠ ᠤᠳᠠᠭᠠᠨ ᠰᠠᠭᠤᠭᠠᠳ ᠬᠦᠯ᠎ᠤᠨ ᠭᠡᠰᠡᠭ᠎ᠤᠨ ᠬᠦᠳᠡᠯᠬᠡᠬᠡᠨ ᠪᠠᠭᠠᠰᠭᠤ ᠵᠡᠷᠭᠡ᠎ᠠᠴᠠ ᠪᠤᠯᠵᠤ ᠬᠦᠵᠦᠬᠦᠨ ᠶᠠᠰᠤᠨ᠎ᠤ ᠮᠦᠭᠡᠷᠰᠤ ᠵᠤᠵᠠᠭᠠᠷᠠᠬᠤ ᠵᠡᠷᠭᠡ ᠡᠪᠡᠳᠴᠢᠨ ᠡᠬᠦᠰᠭᠡᠨ᠎ᠡ᠃

2᠂ ᠵᠢᠷᠤᠬᠡᠨ ᠰᠤᠳᠠᠯ᠎ᠤᠨ ᠡᠪᠡᠳᠴᠢᠨ᠄ ᠤᠷᠳᠤ ᠬᠤᠭᠤᠴᠠᠭ᠎ᠠ᠎ᠪᠠᠷ ᠱᠢᠷᠡᠭᠡ ᠡᠯᠢᠬᠡᠳᠡᠨ ᠠᠵᠢᠯᠯᠠᠪᠠᠯ ᠬᠦᠳᠡᠯᠬᠡᠬᠡᠨ ᠪᠠᠭᠠᠰᠴᠤ᠌᠂ ᠪᠦᠬᠦ᠌ ᠪᠡᠶ᠎ᠠ᠎ᠶ᠋ᠢᠨ ᠪᠤᠯᠴᠢᠩ᠎ᠤᠨ ᠠᠪᠴᠢᠯᠳᠠ᠎ᠠᠴᠠ ᠪᠤᠯᠵᠤ ᠬᠢᠯᠭᠠᠰᠤᠨ ᠰᠤᠳᠠᠯ᠎ᠤᠨ ᠴᠢᠰᠤᠨ᠎ᠤ ᠡᠷᠬᠢᠯᠳᠡ ᠬᠠᠷᠱᠢᠯᠠᠬ᠍ᠳᠠᠵᠤ᠂ ᠯᠤᠬ᠍ᠰᠢᠭᠤᠨ ᠰᠤᠳᠠᠯ᠎ᠤᠨ ᠬᠠᠳᠠᠭᠤᠷᠠᠯ᠂ ᠴᠢᠰᠤᠨ ᠳᠠᠷᠤᠯᠳᠠ ᠦᠨᠳᠤᠷ᠂ ᠲᠢᠳᠢᠮ ᠵᠢᠷᠤᠬᠡᠨ ᠡᠪᠡᠳᠴᠢᠨ ᠪᠤᠯᠤᠨ ᠳᠠᠷᠢᠬᠢᠨ᠎ᠤ ᠴᠢᠰᠤᠨ ᠪᠦᠯᠤᠩᠨᠡᠯ ᠵᠡᠷᠭᠡ ᠡᠪᠡᠳᠴᠢᠨ᠎ᠢ ᠡᠬᠦᠰᠭᠡᠬᠦ᠌ ᠠᠶᠤᠯᠳᠡᠢ᠃

3᠂ ᠱᠢᠩᠭᠡᠬᠡᠯᠳᠡ᠎ᠶ᠋ᠢᠨ ᠵᠠᠮ᠎ᠤᠨ ᠡᠪᠡᠳᠴᠢᠨ᠄ ᠦᠷᠬᠦᠯᠵᠢ ᠤᠷᠳᠤ ᠬᠤᠭᠤᠴᠠᠭ᠎ᠠ᠎ᠪᠠᠷ ᠰᠠᠭᠤᠳᠠᠬ ᠬᠦᠮᠦᠨ᠎ᠤ ᠬᠤᠳᠤᠭᠤᠳᠤ ᠭᠡᠳᠡᠰᠤᠨ᠎ᠤ ᠬᠦᠷᠪᠡᠯᠵᠡᠯᠳᠡ᠎ᠶ᠋ᠢᠨ ᠴᠢᠳᠠᠪᠦᠷᠢ ᠳᠤᠷᠤᠬ᠍ᠰᠢᠯᠠᠵᠤ ᠱᠢᠩᠭᠡᠭᠡᠯᠳᠡ ᠮᠠᠭᠤᠳᠠᠬᠤ᠂ ᠬᠤᠷᠭᠤᠰᠤᠯᠠᠬᠤ᠂ ᠤᠳᠠᠭᠠᠨ ᠴᠢᠨᠠᠷᠳᠡᠢ ᠬᠤᠳᠤᠭᠤᠳᠤᠨ ᠦᠷᠪᠢᠰᠤᠯ ᠪᠤᠶᠤ ᠱᠠᠮᠪᠠᠷᠠᠮ ᠵᠡᠷᠭᠡ ᠡᠪᠡᠳᠴᠢᠨ᠎ᠳᠤ ᠨᠡᠷᠪᠡᠭ᠌ᠳᠡᠬᠦ᠌᠎ᠨᠢ ᠠᠮᠠᠷᠬᠠᠨ ᠪᠠᠢᠳᠠᠬ᠃

4᠂ ᠠᠮᠢᠰᠭᠤᠯ᠎ᠤᠨ ᠵᠠᠮ᠎ᠤᠨ ᠡᠪᠡᠳᠴᠢᠨ᠄ ᠦᠷᠬᠦᠯᠵᠢ ᠤᠷᠳᠤ ᠬᠤᠭᠤᠴᠠᠭ᠎ᠠ᠎ᠪᠠᠷ ᠦᠷᠤᠬᠡᠨ᠎ᠳᠤ ᠠᠵᠢᠯᠯᠠᠭᠠᠳ ᠨᠠᠷᠠᠨ᠎ᠤ ᠬᠡᠷᠡᠯ᠎ᠢ ᠳᠡᠮᠡᠢ ᠦᠵᠡᠬᠦ᠌ ᠦᠬᠡᠢ᠂ ᠱᠢᠨ᠎ᠠ ᠰᠤᠷᠭᠤᠬ ᠠᠭᠤᠷ ᠠᠮᠢᠰᠭᠤᠯ᠎ᠢ ᠠᠮᠢᠰᠭᠤᠯᠯᠠᠬᠤ᠎ᠨᠢ ᠪᠠᠭ᠎ᠠ ᠪᠤᠯᠪᠠᠯ ᠠᠭᠤᠰᠭᠢᠨ᠎ᠤ ᠠᠮᠢᠰᠭᠤᠯ᠎ᠤᠨ ᠪᠠᠭ᠍ᠳᠠᠭᠠᠮᠵᠢ ᠪᠠᠭᠠᠰᠭᠤ ᠮᠦᠷᠳᠡᠭᠡᠨ ᠠᠮᠢᠰᠭᠤᠯ᠎ᠤᠨ ᠡᠷᠭᠡᠳᠡᠨ᠎ᠤ ᠴᠢᠳᠠᠪᠦᠷᠢ ᠬᠠᠷᠢᠴᠠᠩᠭᠤᠢ᠎ᠪᠠᠷ ᠪᠠᠭᠤᠷᠠᠨ᠎ᠠ᠃ ᠬᠢᠮᠦᠷᠠᠭ᠎ᠠ᠂ ᠰᠠᠯᠪᠦᠷᠢ ᠮᠦᠭᠡᠷᠰᠤᠨ ᠬᠤᠭᠤᠯᠠᠢ᠎ᠶ᠋ᠢᠨ ᠦᠷᠪᠢᠰᠤᠯ ᠵᠡᠷᠭᠡ ᠠᠮᠢᠰᠭᠤᠯ᠎ᠤᠨ ᠱᠢᠰᠲ᠋ᠧᠮ᠎ᠤᠨ ᠡᠪᠡᠳᠴᠢᠨ᠎ᠳᠤ ᠠᠮᠠᠷᠬᠠᠨ ᠨᠡᠷᠪᠡᠭ᠌ᠳᠡᠬᠦ᠌ ᠠᠶᠤᠯᠳᠠᠢ᠃

5᠂ ᠮᠡᠳᠡᠷᠡᠯ᠎ᠤᠨ ᠡᠪᠡᠳᠴᠢᠨ᠄ ᠱᠢᠷᠡᠭᠡ ᠡᠯᠢᠭᠡᠳᠡᠨ ᠠᠵᠢᠯᠯᠠᠬᠤ᠎ᠨᠢ ᠭᠤᠤᠯᠳᠠᠭᠤ ᠳᠠᠷᠢᠬᠢᠨ᠎ᠤ ᠬᠦᠳᠡᠯᠮᠦᠷᠢ ᠬᠢᠬᠦ᠌ ᠬᠦᠮᠦᠰ ᠪᠤᠯᠬᠤᠷ ᠶᠡᠭᠡ ᠳᠠᠷᠢᠬᠢᠨ᠎ᠳᠤ ᠴᠢᠰᠤ ᠪᠤᠯᠤᠨ ᠬᠦᠴᠢᠯᠳᠦ᠋ᠷᠦᠭ᠌ᠴᠢ᠎ᠶ᠋ᠢᠨ ᠬᠠᠨᠭ᠌ᠭᠠᠯᠭ᠎ᠠ ᠬᠦᠢᠴᠡᠳ ᠪᠠᠢᠬᠤ ᠬᠡᠷᠡᠭ᠌ᠳᠡᠢ᠃ ᠤᠳᠠᠭᠠᠨ ᠰᠠᠭᠤᠵᠤ᠂ ᠤᠷᠳᠤ ᠬᠤᠭᠤᠴᠠᠭ᠎ᠠ᠎ᠪᠠᠷ ᠠᠵᠢᠯᠯᠠᠪᠠᠯ ᠶᠡᠭᠡ ᠳᠠᠷᠢᠬᠢᠨ᠎ᠤ ᠴᠢᠰᠤᠨ᠎ᠤ ᠬᠠᠨᠭ᠌ᠭᠠᠯᠭ᠎ᠠ ᠬᠦᠷᠦᠯᠴᠡᠬᠦ᠌ ᠦᠬᠡᠢ ᠪᠤᠯᠵᠤ᠂ ᠳᠤᠯᠤᠭᠠᠢ ᠡᠷᠬᠢᠵᠤ ᠴᠢᠨᠤᠷᠡᠵᠤ ᠡᠪᠡᠳᠬᠦ᠂ ᠬᠠᠷᠠᠭ᠎ᠠ ᠪᠠᠯᠠᠷᠠᠬᠤ ᠵᠡᠷᠭᠡ ᠢᠯᠡᠷᠡᠯ ᠭᠠᠷᠴᠤ᠌᠂ ᠴᠢᠨᠠᠬ᠍ᠰᠢᠯᠠᠪᠠᠯ ᠮᠡᠳᠡᠷᠡᠯ ᠮᠠᠭᠤᠳᠠᠵᠤ᠂ ᠨᠦᠢᠷ ᠬᠤᠯᠵᠢᠬᠤ ᠬᠡᠮ ᠢᠯᠡᠷᠡᠨ᠎ᠠ᠃

ᠡᠳᠡᠭᠡᠷ ᠳᠠᠪᠤᠨ ᠵᠦᠢᠯ᠎ᠤᠨ ᠡᠪᠡᠳᠴᠢᠨ ᠪᠤᠯ ᠴᠦᠮ ᠬᠦᠳᠡᠯᠬᠡᠬᠡᠨ ᠪᠠᠭᠠᠰᠤᠬ᠍ᠰᠠᠨ᠎ᠠᠴᠠ ᠪᠤᠯᠤᠭ᠍ᠰᠠᠨ ᠶᠤᠮ᠃

ᠡᠨᠡ ᠳᠠᠪᠤᠨ ᠵᠦᠢᠯ᠎ᠤᠨ ᠡᠪᠡᠳᠴᠢᠨ᠎ᠢ ᠠᠷᠭᠠᠴᠠᠭᠠᠬᠤ ᠠᠷᠭ᠎ᠠ ᠭᠡᠪᠡᠯ ᠳᠠᠷᠤᠢ ᠬᠦᠳᠡᠯᠬᠡᠬᠡᠨ ᠢᠯᠡᠬᠦᠦ ᠬᠢᠨ᠎ᠠ᠃ ᠵᠢᠱ᠌ᠢᠶᠡᠯᠡᠪᠡᠯ ᠨᠢᠭᠡ ᠴᠠᠬ ᠬᠠᠭᠠᠰ᠎ᠠᠴᠠ ᠬᠤᠶᠠᠷ ᠴᠠᠬ ᠰᠠᠭᠤᠵᠤ ᠠᠵᠢᠯᠯᠠᠬ᠍ᠰᠠᠨ᠎ᠤ ᠳᠠᠷᠠᠭ᠎ᠠ ᠵᠠᠪᠰᠠᠷᠯᠠᠵᠤ᠂ ᠪᠡᠶ᠎ᠠ᠎ᠶ᠋ᠢᠨ ᠳᠠᠮᠢᠷ᠎ᠤᠨ ᠬᠦᠳᠡᠯᠬᠡᠬᠡᠨ ᠬᠢᠨ᠎ᠠ᠃

ᠬᠡᠷᠪᠡ ᠡᠢᠮᠤ ᠨᠦᠬᠦᠴᠡᠯ ᠦᠬᠡᠢ ᠪᠤᠯ ᠦᠷᠤᠬᠡ ᠳᠤᠳᠤᠷ᠎ᠠ᠎ᠪᠠᠨ ᠨᠠᠭᠠᠰᠢ ᠴᠠᠭᠠᠰᠢ ᠶᠠᠪᠤᠵᠤ᠂ ᠬᠦᠯ ᠭᠠᠷ᠎ᠢᠶᠠᠨ ᠵᠢᠭᠢᠯᠬᠡᠵᠤ᠂ ᠳᠤᠯᠤᠭᠠᠢ᠎ᠪᠠᠨ ᠳᠡᠭᠡᠭ᠌ᠰᠢ ᠳᠤᠷᠤᠬ᠍ᠰᠢ᠂ ᠵᠡᠬᠦᠨᠰᠢ ᠪᠠᠷᠠᠭᠤᠨᠰᠢ ᠬᠦᠳᠡᠯᠭᠡᠵᠤ ᠪᠤᠯᠪᠠᠰᠤᠷᠠᠵᠤ ᠪᠤᠯᠤᠨ᠎ᠠ᠃ ᠡᠬᠦᠨ᠎ᠤ ᠳᠠᠭᠠᠤ᠎ᠳᠤ ᠠᠵᠢᠯᠯᠠᠬᠤ᠎ᠳᠠᠭᠠᠨ ᠪᠡᠶ᠎ᠠ᠎ᠶ᠋ᠢᠨ ᠬᠡᠯᠪᠡᠷᠢ᠎ᠪᠠᠨ ᠦᠷᠬᠦᠯᠵᠢ ᠬᠤᠪᠢᠷᠠᠭᠤᠯᠵᠤ ᠪᠠᠢᠪᠠᠯ ᠰᠠᠢᠨ᠃ ᠡᠳᠡᠭᠡᠷ᠎ᠨᠢ ᠴᠢᠰᠤᠨ᠎ᠤ ᠡᠷᠬᠢᠯᠳᠡ᠎ᠶ᠋ᠢ ᠰᠠᠢᠵᠢᠷᠠᠭᠤᠯᠵᠤ᠂ ᠦᠷᠬᠦᠯᠵᠢ ᠬᠦᠴᠤᠯᠡᠳᠡᠭ ᠪᠤᠯᠴᠢᠩ᠎ᠳᠤ ᠦᠭ᠌ᠭᠦ ᠳᠠᠷᠤᠯᠳᠠ᠎ᠶ᠋ᠢ ᠪᠠᠭᠠᠰᠭᠠᠭᠠᠳ ᠳᠡᠭᠡᠷ᠎ᠠ ᠶᠠᠷᠢᠬ᠍ᠰᠠᠨ ᠡᠪᠡᠳᠴᠢᠨ ᠡᠮᠭᠡᠭ᠎ᠢ ᠡᠬᠦᠰᠭᠡᠬᠦ᠌᠎ᠠᠴᠠ ᠵᠠᠢᠯᠠᠰᠭᠢᠵᠤ ᠴᠢᠳᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号