ᠨᠠᠮᠤᠷ᠎ᠤᠨ ᠤᠯᠠᠷᠢᠯ᠎ᠳᠤ ᠢᠳᠡᠬᠦ᠌ ᠵᠤᠬᠢᠰᠳᠠᠢ ᠢᠳᠡᠱᠢᠨ ᠨᠤᠭᠤᠭ᠎ᠠ᠎ᠨᠤᠭᠤᠳ
2021-08-23 10:26:20
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠨᠠᠮᠤᠷ ᠪᠤᠯᠪᠠᠯ ᠠᠭᠤᠷ ᠠᠮᠢᠰᠭᠤᠯ ᠮᠡᠳᠡᠭ᠌ᠳᠡᠮ᠎ᠡ ᠰᠡᠷᠢᠬᠦᠭᠡᠨ ᠪᠤᠯᠵᠤ᠂ ᠬᠦᠮᠦᠨ᠎ᠤ ᠪᠡᠶ᠎ᠡ᠎ᠶ᠋ᠢᠨ ᠱᠢᠨ᠎ᠡ ᠬᠠᠭᠤᠴᠢᠨ᠎ᠤ ᠰᠤᠯᠢᠯᠴᠠᠭ᠎ᠠ ᠤᠳᠠᠭᠠᠱᠢᠷᠠᠵᠤ᠂ ᠠᠮᠠᠷᠬᠠᠨ ᠬᠢᠮᠤᠷᠠᠳᠠᠭ᠃ ᠡᠬᠦᠨ᠎ᠠᠴᠠ ᠭᠠᠳᠠᠨ᠎ᠠ ᠪᠠᠰᠠ ᠨᠢᠭᠤᠷ᠎ᠤᠨ ᠠᠷᠠᠰᠤ ᠬᠠᠭᠤᠷᠠᠢᠱᠢᠬᠤ ᠪᠤᠶᠤ ᠬᠡᠳᠡᠰᠣ ᠡᠪᠡᠳᠴᠦ᠍ ᠰᠠᠭᠤᠯᠭᠠᠬᠤ ᠵᠡᠷᠬᠡ ᠦᠵᠡᠭ᠌ᠳᠡᠯ ᠢᠯᠡᠷᠡᠨ᠎ᠠ᠃ ᠢᠳᠡᠱᠢᠨ ᠨᠤᠭᠤᠭ᠎ᠠ᠎ᠨᠢ ᠬᠦᠮᠦᠨ᠎ᠤ ᠪᠡᠶ᠎ᠡ᠎ᠳᠤ ᠱᠢᠮ᠎ᠡ ᠲᠡᠵᠢᠭᠡᠯ ᠨᠦᠬᠦᠳᠡᠭ ᠮᠦᠷᠳᠡᠭᠡᠨ ᠵᠠᠷᠢᠮ ᠡᠪᠡᠳᠴᠢᠨ᠎ᠢ ᠵᠠᠰᠠᠬᠤ ᠤᠨᠴᠠᠭᠠᠢ ᠦᠢᠯᠡᠳᠦᠯ᠎ᠲᠠᠢ ᠪᠠᠢᠳᠠᠭ᠃


QQ图片20210823093348.png


1. ᠬᠢᠮᠤᠷᠠᠬᠤ᠎ᠠᠴᠠ ᠰᠡᠷᠬᠡᠢᠯᠡᠬᠦ᠄ ᠡᠱᠢᠨ ᠱᠢᠯᠦᠬᠡᠢ ᠨᠤᠭᠤᠭ᠎ᠠ ᠪᠠ ᠴᠡᠴᠡᠭ᠌ᠳᠣ ᠴᠠᠭᠠᠨ ᠨᠤᠭᠤᠭ᠎ᠠ᠎ᠨᠢ ᠬᠢᠮᠤᠷᠠᠬᠤ᠎ᠠᠴᠠ ᠰᠡᠷᠬᠡᠢᠯᠡᠬᠦ᠌ ᠮᠦᠷᠳᠡᠭᠡᠨ ᠴᠢᠰᠤᠨ ᠰᠤᠳᠠᠯ᠎ᠢ ᠴᠡᠪᠡᠷᠱᠢᠬᠦᠯᠳᠡᠭ᠃ ᠡᠱᠢᠨ ᠱᠢᠯᠦᠬᠡᠢ ᠨᠤᠭᠤᠭᠠᠨ᠎ᠤ ᠲᠤᠳᠤᠷᠠᠬᠢ ᠢᠤᠳ᠋᠎ᠤᠨ ᠠᠭᠤᠯᠤᠭ᠍ᠳᠠᠴᠠ᠎ᠨᠢ ᠦᠨᠳᠦᠷ ᠪᠠᠢᠵᠤ᠂ ᠬᠦᠮᠦᠨ᠎ᠤ ᠪᠡᠶ᠎ᠡ᠎ᠶ᠋ᠢᠨ ᠦᠨᠳᠦᠰᠦᠨ ᠰᠤᠯᠢᠯᠴᠠᠭ᠎ᠠ ᠪᠡ ᠪᠤᠢᠵᠢᠯᠳᠡ᠎ᠳᠤ ᠠᠱᠢᠭ᠍ᠳᠠᠢ᠃

2. ᠨᠢᠭᠤᠷ ᠲᠡᠬᠡᠷ᠎ᠡ ᠶᠠᠷ᠎ᠠ ᠭᠠᠷᠬᠤ᠎ᠠᠴᠠ ᠰᠡᠷᠬᠡᠢᠯᠡᠬᠦ᠄ ᠲᠦᠬᠦᠬᠡᠢ ᠨᠤᠭᠤᠭ᠎ᠠ᠎ᠶ᠋ᠢ ᠢᠯᠡᠬᠦᠦ ᠢᠳᠡᠪᠡᠯ ᠠᠷᠠᠰᠤᠨ᠎ᠳᠤ ᠤᠰᠤ ᠨᠦᠬᠦᠪᠦᠷᠢᠯᠡᠵᠤ᠂ ᠶᠠᠷ᠎ᠠ ᠭᠠᠷᠬᠤ᠎ᠠᠴᠠ ᠰᠡᠷᠬᠡᠢᠯᠡᠵᠤ ᠴᠢᠳᠠᠨ᠎ᠠ᠃ ᠭᠠᠱᠢᠭᠤᠨ ᠬᠡᠮᠬᠡ᠎ᠳᠤ ᠦᠮᠡᠨ᠎ᠠᠴᠠ ᠰᠡᠷᠬᠡᠢᠯᠡᠬᠦ᠌ ᠡᠯᠧᠮᠧᠨ᠋ᠲ ᠠᠭᠤᠯᠤᠭ᠍ᠳᠠᠵᠤ᠂ ᠪᠡᠶ᠎ᠡ᠎ᠳᠠᠬᠢ ᠬᠤᠤᠷᠳᠤ ᠡᠯᠧᠮᠧᠨ᠋ᠲ᠎ᠢ ᠠᠷᠢᠯᠭᠠᠬᠤ ᠣᠢᠯᠡᠳᠦᠯ᠎ᠲᠠᠢ ᠪᠠᠢᠳᠠᠭ᠃

3. ᠱᠢᠩᠭᠡᠭᠡᠯᠳᠡ ᠮᠠᠭᠤᠳᠠᠬᠤ᠎ᠠᠴᠠ ᠰᠡᠷᠬᠡᠢᠯᠡᠬᠦ᠄ ᠭᠤᠭᠤᠳ᠎ᠲᠤ ᠬᠤᠯᠤᠤᠪᠠᠩ᠎ᠤᠨ ᠡᠳ᠋᠂ ᠤᠭᠤᠷᠠᠭ᠂ ᠬᠦᠬᠦᠷᠳᠤ ᠨᠢᠬᠡᠳᠪᠤᠷᠢ ᠡᠯᠪᠡᠭ ᠠᠭᠤᠯᠤᠭ᠍ᠳᠠᠵᠤ᠂ ᠢᠳᠡᠬᠦ᠌ ᠲᠤᠷᠠᠱᠢᠯ᠎ᠢ ᠨᠡᠮᠡᠭ᠌ᠳᠡᠬᠦᠯᠳᠡᠭ᠃ ᠦᠨᠦᠷᠳᠤ ᠨᠤᠭᠤᠭ᠎ᠠ ᠢᠳᠡᠬᠦ᠌ ᠲᠤᠷᠠᠱᠢᠯ᠎ᠢ ᠰᠠᠢᠵᠢᠷᠠᠭᠤᠯᠵᠤ᠂ ᠱᠢᠩᠭᠡᠭᠡᠯᠳᠡ᠎ᠶ᠋ᠢ ᠠᠬᠢᠭᠤᠯᠬᠤ ᠵᠡᠷᠬᠡ ᠤᠢᠯᠡᠳᠦᠯ᠎ᠲᠠᠢ᠃ ᠵᠤᠬᠢᠬᠤ ᠬᠡᠮᠵᠢᠶᠡᠨ᠎ᠤ ᠦᠨᠦᠷᠳᠣ ᠨᠤᠭᠤᠭ᠎ᠠ ᠢᠳᠡᠬᠦ᠌᠎ᠨᠢ ᠬᠤᠳᠤᠭᠤᠳᠤ ᠡᠪᠡᠳᠬᠦ᠌᠎ᠶ᠋ᠢ ᠨᠠᠮᠳᠠᠭᠠᠬᠤ ᠦᠢᠯᠡᠳᠦᠯ᠎ᠲᠠᠢ᠃

4. ᠬᠠᠯᠠᠭᠤᠳᠠᠬᠤ᠎ᠠᠴᠠ ᠰᠡᠷᠬᠡᠢᠯᠡᠬᠦ᠄ ᠦᠷᠬᠡᠰᠦᠳᠣ ᠨᠤᠭᠤᠭ᠎ᠠ ᠢᠳᠡᠪᠡᠯ ᠵᠠᠪᠠᠵᠢ᠎ᠶ᠋ᠢᠨ ᠱᠢᠷᠬᠠᠯᠠᠭ᠎ᠠ᠂ ᠤᠷᠤᠭᠤᠯ᠎ᠤᠨ ᠦᠷᠪᠢᠰᠦᠯ᠂ ᠬᠡᠯᠡᠨ᠎ᠤ ᠦᠷᠪᠢᠰᠦᠯ ᠵᠡᠷᠬᠡ᠎ᠶ᠋ᠢ ᠰᠡᠷᠬᠡᠢᠯᠡᠳᠡᠭ᠃ ᠲᠦᠪᠡᠳ ᠬᠠᠰᠢ᠎ᠨᠢ ᠬᠠᠯᠠᠭᠤᠨ᠎ᠢ ᠲᠠᠭᠤᠵᠤ ᠬᠤᠤᠷ ᠲᠠᠢᠯᠬᠤ᠂ ᠤᠷᠤᠭᠤᠯ ᠠᠮᠠ ᠬᠠᠳᠠᠬᠤ᠂ ᠢᠳᠡᠭᠡᠨ᠎ᠤ ᠲᠤᠷᠠᠱᠢᠯ ᠮᠠᠭᠤᠳᠠᠬᠤ᠂ ᠠᠮᠠ ᠭᠠᠱᠢᠭᠤᠷᠠᠬᠤ ᠵᠡᠷᠬᠡ ᠡᠪᠡᠳᠴᠢᠨ᠎ᠢ ᠡᠳᠡᠬᠡᠬᠦ᠌ ᠤᠢᠯᠡᠳᠦᠯ᠎ᠲᠠᠢ᠃

5. ᠰᠡᠷᠢᠬᠦᠨ᠎ᠢ ᠲᠠᠭᠤᠬᠤ᠄ ᠨᠠᠮᠤᠷ᠎ᠤᠨ ᠲᠤᠮᠳᠠᠴᠢ᠎ᠪᠠᠷ ᠰᠡᠷᠢᠬᠦᠨ᠎ᠢ ᠲᠠᠭᠤᠬᠤ ᠴᠠᠭᠠᠨ ᠦᠩᠭᠡᠳᠣ ᠢᠳᠡᠱᠢᠨ ᠨᠤᠭᠤᠭ᠎ᠠ ᠢᠳᠡᠪᠡᠯ ᠵᠤᠬᠢᠨ᠎ᠠ᠃ ᠨᠠᠮᠤᠷ᠎ᠤᠨ ᠤᠯᠠᠷᠢᠯ᠎ᠳᠤ ᠬᠦᠮᠦᠨ ᠡᠷᠬᠡᠪᠰᠢ ᠲᠡᠯᠢᠬᠦᠦ ᠬᠤᠳᠤᠭᠤᠳᠤ᠎ᠪᠠᠨ ᠰᠠᠢᠳᠤᠷ ᠬᠠᠮᠠᠭᠠᠯᠠᠵᠤ ᠡᠪᠤᠯ᠎ᠤᠨ ᠤᠯᠠᠷᠢᠯ᠎ᠳᠤ ᠪᠡᠯᠡᠳᠭᠡᠯ ᠬᠢᠬᠦ᠌ ᠬᠡᠷᠡᠭ᠌ᠳᠡᠢ ᠪᠠᠢᠳᠠᠭ᠃

6. ᠦᠳᠡᠯᠬᠦ᠌᠎ᠠᠴᠠ ᠰᠡᠷᠬᠡᠢᠯᠡᠬᠦ᠄ ᠨᠠᠮᠤᠷ᠎ᠤᠨ ᠤᠯᠠᠷᠢᠯ᠎ᠳᠤ ᠱᠢᠬᠢᠷ ᠯᠤᠤᠪᠠᠩ᠎ᠠᠴᠠ ᠰᠠᠢᠨ ᠢᠳᠡᠭᠡᠨ ᠪᠠᠢᠳᠠᠭ ᠦᠬᠡᠢ᠃ ᠱᠢᠬᠢᠷ ᠯᠤᠤᠪᠠᠩ᠎ᠤᠨ ᠲᠤᠳᠤᠷᠠᠬᠢ ᠱᠢᠬᠢᠷ ᠯᠤᠤᠪᠠᠩ᠎ᠤᠨ ᠱᠦᠯᠳᠦ᠎ᠨᠢ ᠵᠢᠷᠦᠭᠡ ᠪᠡ ᠡᠯᠢᠭᠡᠨ ᠡᠪᠡᠳᠴᠢᠨ᠎ᠤ ᠲᠦᠭ᠌ᠰᠢᠬᠦᠷᠢ᠎ᠶ᠋ᠢ ᠪᠠᠭᠤᠷᠠᠭᠤᠯᠬᠤ ᠦᠢᠯᠡᠳᠦᠯ᠎ᠲᠠᠢ; ᠱᠢᠬᠢᠷ ᠯᠤᠤᠪᠠᠩ ᠪᠠᠰᠠ ᠠᠽᠤᠲ ᠬᠦᠴᠢᠯ᠎ᠤᠨ ᠲᠠᠪᠤᠰᠦ ᠬᠠᠨᠭ᠌ᠭᠠᠳᠠᠭ᠎ᠠᠴᠠ ᠬᠦᠮᠦᠨ᠎ᠤ ᠪᠡᠶ᠎ᠡ᠎ᠶ᠋ᠢᠨ ᠶᠡᠭᠡ ᠲᠠᠷᠢᠬᠢᠨ᠎ᠤ ᠴᠢᠰᠤᠨ᠎ᠤ ᠡᠷᠬᠢᠯᠳᠡ᠎ᠶ᠋ᠢ ᠨᠡᠮᠡᠭ᠌ᠳᠡᠬᠦᠯᠵᠤ᠂ ᠮᠡᠨᠡᠭ ᠡᠪᠡᠳᠴᠢᠨ ᠡᠬᠦᠰᠭᠦ᠎ᠶ᠋ᠢ ᠤᠳᠠᠭᠠᠱᠢᠷᠠᠭᠤᠯᠤᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号