ᠰᠡᠴᠡᠨ᠄ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠥᠰᠥᠭ ᠪᠢᠴᠢᠭ᠎ᠢ ᠰᠠᠢᠲᠤᠷ ᠰᠤᠷᠤᠯᠴᠠᠬᠤ᠎ᠨᠢ ᠰᠤᠷᠤᠭ᠍ᠴᠢᠳ᠎ᠢ ᠨᠠᠩ ᠥᠷᠭᠡᠨ ᠳᠡᠯᠭᠡᠷ ᠬᠥᠭ᠌ᠵᠢᠯᠲᠡ᠎ᠶ᠋ᠢᠨ ᠲᠠᠪᠴᠠᠩ᠎ᠲᠠᠢ ᠪᠣᠯᠭᠠᠵᠤ ᠴᠢᠳᠠᠨ᠎ᠠ
2021-08-31 09:45:41
ᠵᠣᠬᠢᠶᠠᠭ᠍ᠴᠢ᠄
​ ᠬᠤᠤ ᠪᠢᠶᠤᠤ
ᠣᠩᠱᠢᠭ᠍ᠰᠠᠨ ᠣᠳᠠᠭ᠎ᠠ᠄
★★★☆☆

ᠣᠢᠷ᠎ᠠ᠎ᠶ᠋ᠢᠨ ᠨᠢᠭᠡ ᠬᠤᠭᠤᠴᠠᠭᠠᠨ᠎ᠳᠤ᠂ ᠦᠬᠠᠢ ᠬᠤᠲᠠ᠎ᠶ᠋ᠢᠨ ᠮᠤᠩᠭᠤᠯ ᠦᠨᠳᠦᠰᠦᠲᠡᠨ᠎ᠤ ᠰᠤᠷᠭᠠᠭᠤᠯᠢ᠎ᠶ᠋ᠢᠨ ᠵᠠᠬᠢᠷᠤᠯ ᠰᠡᠴᠡᠨ ᠣᠨᠴᠠᠭᠠᠶ ᠶᠠᠭᠠᠷᠠᠯᠲᠠᠶ ᠠᠵᠢᠯᠯᠠᠨ᠎ᠠ᠃ ᠰᠤᠷᠭᠠᠭᠤᠯᠢ ᠡᠬᠢᠯᠡᠬᠦ᠌ ᠣᠢᠷᠠᠳᠴᠤ᠌᠂ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠂ ᠱᠢᠨ᠎ᠡ᠎ᠪᠠᠷ ᠠᠵᠢᠯ᠎ᠳᠤ ᠭᠠᠷᠤᠬ᠍ᠰᠠᠨ ᠪᠠᠭ᠍ᠰᠢ᠎ᠳᠤ ᠪᠤᠯᠪᠠᠰᠤᠷᠠᠯ ᠬᠦᠷᠳᠡᠭᠡᠬᠦ᠂ ᠭᠡᠷ᠎ᠤᠨ ᠠᠬᠠᠮᠠᠳ᠎ᠲᠠᠢ ᠶᠠᠷᠢᠯᠴᠠᠭ᠎ᠠ ᠬᠢᠬᠦ᠌ ᠵᠡᠷᠭᠡ ᠠᠵᠢᠯ᠎ᠨᠢ ᠲᠡᠭᠦᠨ᠎ᠤ ᠡᠳᠦᠷ ᠳᠤᠳᠤᠮ᠎ᠤᠨ ᠠᠵᠢᠯ᠎ᠢ ᠡᠳᠡᠭᠡᠳ ᠶᠠᠭᠠᠷᠠᠯᠳᠠᠢ ᠪᠤᠯᠭᠠᠯ᠎ᠠ᠃ ᠰᠤᠷᠤᠭ᠍ᠴᠢᠳ᠎ᠲᠤ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠲᠤᠷ ᠡᠵᠡᠮᠱᠢᠭᠦᠯᠵᠦ᠍᠂ ᠥᠪᠡᠷ᠎ᠢ᠎ᠪᠠᠨ ᠨᠡᠩ ᠲᠦᠷᠭᠡᠨ᠎ᠢᠶᠠᠷ ᠳᠡᠭᠡᠭ᠌ᠰᠢᠯᠡᠭᠦᠯᠬᠦ᠌᠎ᠶ᠋ᠢᠨ ᠲᠥᠯᠥᠭᠡ᠂ ᠬᠡᠳᠦᠶ ᠵᠦᠳᠡᠷᠡᠭ᠌ᠰᠡᠨ ᠴᠦ᠍ ᠤᠳᠭ᠎ᠠ ᠠᠭᠤᠯᠭ᠎ᠠ᠎ᠲᠠᠢ ᠰᠠᠨᠠᠬ᠍ᠳᠠᠵᠤ ᠪᠠᠢᠯ᠎ᠠ᠃ 

《ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠲᠦᠭᠡᠮᠡᠯᠵᠢᠯᠲᠡ᠎ᠶ᠋ᠢᠨ ᠬᠡᠮᠵᠢᠶ᠎ᠡ ᠪᠠ ᠬᠡᠷᠡᠭ᠌ᠯᠡᠯᠲᠡ᠎ᠶ᠋ᠢᠨ ᠬᠡᠪᠴᠢᠶ᠎ᠡ᠎ᠨᠢ ᠥᠷᠭᠡᠨ ᠪᠤᠯᠬᠤ ᠲᠤᠳᠤᠮ ᠡᠭᠦᠷᠭᠡᠯᠡᠵᠦ᠍ ᠪᠠᠢᠭ᠎ᠠ ᠮᠡᠳᠡᠯᠭᠡ ᠮᠡᠳᠡᠭᠡ ᠵᠠᠩᠭᠢ᠎ᠨᠢ ᠴᠦ᠍ ᠨᠡᠩ ᠪᠠᠶᠠᠯᠢᠭ ᠪᠤᠯᠤᠨ᠎ᠠ᠃ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠲᠤᠷ ᠰᠤᠷᠴᠤ᠌ ᠰᠠᠢᠲᠤᠷ ᠬᠡᠷᠡᠭ᠌ᠯᠡᠪᠡᠯ᠂ ᠰᠤᠷᠤᠯᠴᠠᠯᠭ᠎ᠠ ᠪᠠ ᠠᠵᠢᠯ᠎ᠤᠨ ᠲᠠᠯ᠎ᠠ᠎ᠪᠠᠷ ᠨᠡᠩ ᠤᠯᠠᠨ ᠰᠣᠩᠭᠤᠯᠲᠠ᠎ᠲᠠᠢ ᠪᠣᠯᠬᠤ᠎ᠪᠠᠷ ᠪᠠᠷᠠᠬᠤ ᠦᠭᠡᠢ ᠪᠠᠰᠠ ᠬᠥᠮᠦᠨ ᠬᠥᠮᠦᠨ᠎ᠤ ᠬᠤᠭᠤᠷᠣᠨᠳᠣᠬᠢ ᠰᠣᠯᠢᠯᠴᠠᠭ᠎ᠠ ᠶᠠᠪᠤᠯᠴᠠᠭ᠎ᠠ᠎ᠳᠤ ᠠᠱᠢᠭ᠍ᠲᠠᠶ ᠪᠠᠢᠵᠤ᠂ ᠬᠥᠮᠦᠨ᠎ᠤ ᠠᠮᠢᠳᠤᠷᠠᠯ᠎ᠢ ᠨᠡᠩ ᠥᠷᠭᠡᠨ ᠠᠭᠤᠳᠠᠮ ᠲᠠᠪᠴᠠᠩ᠎ᠲᠠᠢ ᠪᠣᠯᠭᠠᠵᠤ ᠴᠢᠳᠠᠨ᠎ᠠ》 ᠭᠡᠵᠦ᠍ ᠰᠡᠴᠡᠨ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠲᠤᠷ ᠰᠤᠷᠬᠤ ᠲᠠᠯ᠎ᠠ᠎ᠪᠠᠷ ᠭᠦᠨᠵᠡᠭᠡᠢ ᠣᠢᠯᠠᠭᠠᠯᠲᠠ᠎ᠲᠠᠢ ᠪᠠᠢᠯ᠎ᠠ᠃ ᠲᠡᠭᠦᠨ᠎ᠤ ᠦᠵᠡᠬᠦ᠌᠎ᠪᠠᠷ᠂ ᠦᠭᠡ ᠬᠡᠯᠡ ᠨᠡᠪᠲᠡᠷᠡᠯᠴᠡᠬᠦ᠌ ᠪᠣᠯ ᠬᠥᠮᠦᠨ ᠬᠥᠮᠦᠨ᠎ᠤ ᠬᠤᠭᠤᠷᠣᠨᠳᠣᠬᠢ ᠨᠡᠪᠲᠡᠷᠡᠯᠴᠡᠭᠡ᠎ᠶ᠋ᠢᠨ ᠴᠢᠬᠤᠯᠠ ᠭᠤᠭ᠍ᠴᠤᠭ᠎ᠠ ᠪᠤᠯᠤᠨ᠎ᠠ᠂ ᠦᠭᠡ ᠬᠡᠯᠡ ᠨᠡᠪᠲᠡᠷᠡᠯᠴᠡᠬᠦ᠌ ᠦᠭᠡᠢ ᠪᠣᠯ ᠰᠠᠨᠠᠯ ᠪᠤᠳᠤᠯ᠎ᠢᠶᠠᠨ ᠤᠯᠤᠯᠴᠠᠬᠤ᠎ᠳᠤ ᠪᠡᠷᠬᠡ᠂ ᠰᠠᠨᠠᠯ ᠪᠤᠳᠤᠯ᠎ᠢᠶᠠᠨ ᠤᠯᠤᠯᠴᠠᠬᠤ ᠦᠭᠡᠢ ᠪᠣᠯ ᠣᠢᠯᠠᠭᠠᠯᠴᠠᠬᠤ᠎ᠳᠤ ᠪᠡᠷᠬᠡ᠂ ᠨᠡᠩ ᠴᠦ᠍ ᠬᠠᠮᠳᠤ᠎ᠶ᠋ᠢᠨ ᠲᠠᠨᠢᠯᠲᠠ᠎ᠶ᠋ᠢ ᠪᠦᠷᠢᠯᠳᠦᠭᠦᠯᠵᠦ᠍ ᠴᠢᠳᠠᠬᠤ ᠦᠭᠡᠢ᠃ 

1996 ᠣᠨ᠎ᠳᠤ᠂ ᠰᠡᠴᠡᠠ ᠤᠷᠳᠤᠰ ᠬᠤᠳᠠ᠎ᠠᠴᠠ  ᠦᠬᠠᠢ ᠬᠤᠳᠠ᠎ᠳᠤ ᠢᠷᠡᠵᠦ᠍ ᠠᠵᠢᠯᠯᠠᠪᠠ᠃ ᠪᠠᠭ᠎ᠠ᠎ᠠᠴᠠ᠎ᠪᠠᠨ ᠦᠨᠳᠦᠰᠦᠲᠡᠨ᠎ᠤ ᠦᠭᠡ ᠬᠡᠯᠡ᠎ᠪᠠᠷ ᠬᠢᠴᠢᠶᠡᠯᠯᠡᠵᠤ ᠪᠠᠢᠭ᠍ᠰᠠᠨ ᠪᠣᠯᠬᠤᠷ᠂  ᠠᠩᠬ᠎ᠠ ᠠᠵᠢᠯ᠎ᠳᠤ ᠭᠠᠷᠬᠤ ᠦᠶ᠎ᠡ᠎ᠳᠤ ᠬᠥᠮᠦᠨ᠎ᠲᠠᠢ ᠶᠠᠷᠢᠯᠴᠠᠬᠤ ᠪᠠ ᠠᠯᠪᠠᠨ ᠠᠵᠢᠯ᠎ᠤᠨ ᠵᠣᠬᠢᠶᠠᠨ ᠪᠢᠴᠢᠯᠭᠡ᠎ᠶ᠋ᠢᠨ ᠲᠠᠯ᠎ᠠ᠎ᠪᠠᠷ ᠮᠠᠰᠢ ᠣᠯᠠᠨ ᠬᠦᠴᠢᠷᠳᠡᠯ᠎ᠳᠤ ᠲᠤᠯᠭᠠᠷᠠᠵᠤ ᠪᠠᠢᠵᠠᠢ᠃ ᠲᠡᠷᠡ ᠦᠶ᠎ᠡ᠎ᠠᠴᠠ ᠡᠬᠢᠯᠡᠨ ᠰᠡᠴᠡᠨ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠴᠢᠬᠤᠯᠠ ᠴᠢᠨᠠᠷ᠎ᠢ ᠲᠠᠨᠢᠵᠤ᠂ ᠠᠵᠢᠯ᠎ᠤᠨ ᠴᠢᠯᠥᠭᠡ ᠵᠠᠪ᠎ᠢᠶᠠᠷ᠎ᠢᠶᠠᠨ ᠴᠢᠷᠮᠠᠢᠨ ᠰᠤᠷᠤᠯᠴᠠᠬᠤ ᠪᠤᠯᠪᠠ᠃ ᠡᠭᠦᠨ᠎ᠠᠴᠠ ᠭᠠᠳᠠᠨ᠎ᠠ᠂ ᠪᠠᠰᠠ ᠶᠡᠭᠡ ᠬᠡᠮᠵᠢᠶᠡᠨ᠎ᠤ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢᠶᠠᠷ ᠬᠡᠪᠯᠡᠭ᠌ᠰᠡᠨ ᠨᠤᠮ ᠪᠢᠴᠢᠭ ᠬᠤᠳᠠᠯᠳᠤᠨ ᠠᠪᠴᠤ᠌ ᠤᠩᠱᠢᠨ᠂ ᠬᠠᠷᠠᠭ᠎ᠠ᠎ᠪᠠᠨ ᠲᠠᠰᠤᠷᠠᠯᠲᠠ ᠦᠭᠡᠢ ᠥᠷᠭᠡᠳᠭᠡᠵᠦ᠍᠂ ᠦᠵᠡᠯ ᠰᠠᠨᠠᠭ᠎ᠠ ᠲᠠᠨᠢᠯᠲᠠ᠎ᠪᠠᠨ ᠳᠡᠭᠡᠭ᠌ᠰᠢᠯᠡᠭᠦᠯᠦᠨ᠂ ᠮᠡᠳᠡᠯᠭᠡ᠎ᠪᠠᠨ ᠪᠠᠶᠠᠯᠢᠭ᠍ᠵᠢᠭᠤᠯᠵᠤ᠂ ᠲᠤᠬᠠᠢᠯᠠᠭ᠍ᠰᠠᠨ ᠠᠵᠢᠯ᠎ᠤᠨ ᠬᠢᠷᠢ ᠲᠦᠪᠱᠢᠨ᠎ᠢᠶᠠᠨ ᠳᠡᠭᠡᠭ᠌ᠰᠢᠯᠡᠭᠦᠯᠵᠡᠢ᠃ 

ᠡᠳᠡᠭᠡᠷ ᠵᠢᠯ᠎ᠤᠳ᠎ᠲᠤ᠌᠂ ᠬᠠᠢᠷᠤᠪ᠎ᠤᠨ ᠲᠤᠬᠤᠢ ᠲᠣᠭᠤᠷᠢᠭ᠎ᠤᠨ ᠰᠣᠶᠣᠯ ᠵᠢᠭᠤᠯᠴᠢᠯᠠᠯ ᠪᠡᠶ᠎ᠡ᠎ᠶ᠋ᠢᠨ ᠲᠠᠮᠢᠷ᠎ᠤᠨ ᠲᠤᠪᠴᠢᠶ᠎ᠠ᠎ᠠᠴᠠ ᠦᠬᠠᠢ ᠬᠤᠳᠠ᠎ᠶ᠋ᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠨᠡᠢᠭᠡᠮᠯᠢᠭ᠎ᠲᠤ ᠠᠵᠢᠯ ᠱᠢᠯᠵᠢᠨ᠂ ᠲᠠᠬᠢᠭᠠᠳ ᠦᠬᠠᠢ ᠬᠤᠳᠠ᠎ᠶ᠋ᠢᠨ ᠮᠣᠩᠭᠤᠯ ᠦᠨᠳᠦᠰᠦᠲᠡᠨ᠎ᠤ ᠰᠤᠷᠭᠠᠭᠤᠯᠢ᠎ᠶ᠋ᠢᠨ ᠵᠠᠬᠢᠷᠤᠯ᠎ᠢᠶᠠᠷ ᠠᠵᠢᠯᠯᠠᠬᠤ᠎ᠳᠠᠭᠠᠨ᠂ ᠰᠡᠴᠡᠨ᠂ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠡᠵᠡᠮᠱᠢᠭ᠌ᠰᠡᠨ᠎ᠠᠴᠠ ᠤᠯᠠᠨ ᠠᠱᠢᠭ ᠬᠦᠷᠳᠡᠪᠡ ᠭᠡᠵᠦ᠍ ᠤᠯᠵᠠᠭᠤᠷᠬᠠᠨ᠎ᠠ᠃ ᠤᠳᠤᠬᠠᠨ᠎ᠳᠤ ᠲᠡᠷᠡ ᠨᠤᠮ ᠤᠩᠱᠢᠬᠤ᠎ᠶ᠋ᠢ ᠪᠠᠷᠢᠮᠳᠠᠯᠠᠬᠤ ᠤᠢᠯᠠᠭᠠᠭ᠍ᠳᠠᠬᠤᠨ᠎ᠢᠶᠠᠨ ᠰᠤᠷᠭᠠᠨ ᠬᠦᠮᠦᠵᠢᠯ ᠵᠢᠭᠠᠨ ᠰᠤᠷᠭᠠᠯᠳᠠ᠎ᠶ᠋ᠢᠨ ᠬᠠᠮᠢᠶᠠᠷᠤᠯᠳᠠ ᠲᠤᠮᠳᠠ᠎ᠪᠠᠨ ᠠᠭᠤᠰᠭᠠᠨ᠎ᠠ᠃ ᠰᠤᠷᠭᠠᠭᠤᠯᠢ᠎ᠳᠠᠭᠠᠨ 《ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ ᠴᠣᠭ᠍ᠴᠠ᠎ᠶ᠋ᠢᠨ ᠤᠬᠠᠮᠰᠠᠷ᠎ᠢ ᠪᠠᠲᠤ ᠴᠤᠭ᠍ᠴᠠᠯᠠᠬᠤ ᠤᠩᠱᠢᠯᠭ᠎ᠠ᠎ᠶ᠋ᠢᠨ ᠥᠷᠥᠭᠡ》 ᠭᠠᠷᠭᠠᠵᠤ᠂ ᠰᠠᠷᠠᠭᠤᠯ ᠲᠤᠬᠢᠯᠢᠭ ᠡᠨᠡ ᠦᠷᠦᠭᠡ᠎ᠨᠢ ᠰᠤᠷᠤᠭ᠍ᠴᠢᠳ᠎ᠤᠨ ᠬᠢᠴᠢᠶᠡᠯ᠎ᠤᠨ ᠭᠠᠳᠠᠨᠠᠬᠢ ᠴᠠᠭ᠎ᠤᠨ 《ᠰᠡᠯᠡᠬᠦᠴᠡᠯ᠎ᠤᠨ ᠭᠠᠵᠠᠷ》 ᠪᠤᠯᠤᠭ᠍ᠰᠠᠨ ᠪᠠᠢᠳᠠᠭ᠃ ᠠᠳᠡ᠂ ᠬᠤᠪᠢᠰᠭᠠᠯ᠎ᠤᠨ ᠰᠣᠩᠭᠤᠳᠠᠭ ᠪᠦᠳᠦᠭᠡᠯ᠂ ᠤᠯᠠᠮᠵᠢᠯᠠᠯᠲᠤ ᠰᠣᠶᠣᠯ ᠵᠡᠷᠭᠡ ᠨᠣᠮ ᠪᠢᠴᠢᠭ᠎ᠢ ᠨᠤᠮ᠎ᠤᠨ ᠲᠠᠯᠪᠢᠭᠤᠷ᠎ᠲᠤ ᠲᠦᠬᠦᠷᠡᠩ ᠲᠠᠯᠪᠢᠭᠠᠰᠤᠲᠠᠢ᠃ 《ᠤᠩᠱᠢᠯᠭ᠎ᠠ᠎ᠪᠠᠷ ᠳᠠᠮᠵᠢᠨ᠂ ᠰᠤᠷᠤᠭ᠍ᠴᠢᠳ ᠬᠡᠯᠡ ᠪᠢᠴᠢᠭ᠎ᠤᠨ ᠪᠣᠯᠪᠠᠰᠤᠷᠠᠯ᠎ᠢᠶᠠᠨ ᠳᠡᠭᠡᠭ᠌ᠰᠢᠯᠡᠭᠦᠯᠵᠦ᠍᠂ ᠮᠡᠳᠡᠯᠭᠡ᠎ᠶ᠋ᠢᠨ ᠬᠡᠪᠴᠢᠶ᠎ᠡ᠎ᠪᠠᠨ ᠦᠷᠭᠡᠳᠭᠡᠬᠦ᠌᠎ᠶ᠋ᠢᠨ ᠤᠯᠠᠮ᠎ᠢᠶᠠᠷ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠨᠠᠩ ᠰᠠᠢᠲᠤᠷ ᠰᠤᠷᠤᠯᠴᠠᠵᠤ᠂ ᠨᠢᠭᠡᠳᠦᠯᠲᠡᠶ ᠨᠠᠢᠷᠠᠭᠤᠯᠤᠭ᠍ᠰᠠᠨ ᠵᠢᠭᠠᠬᠤ ᠮᠠᠲ᠋ᠧᠷᠢᠶᠠᠯ᠎ᠤᠨ ᠠᠭᠤᠯᠭ᠎ᠠ᠎ᠶ᠋ᠢ ᠨᠠᠩ ᠰᠠᠢᠲᠤᠷ ᠡᠵᠡᠮᠱᠢᠵᠦ᠍᠂ ᠱᠢᠨᠵᠢᠯᠡᠬᠦ᠌ ᠤᠬᠠᠭᠠᠨ ᠰᠣᠶᠣᠯ ᠮᠡᠳᠡᠯᠭᠡ᠎ᠶ᠋ᠢ ᠨᠠᠩ ᠥᠷᠭᠡᠨ ᠳᠡᠯᠭᠡᠷ ᠭᠦᠨᠵᠡᠭᠡᠶ ᠰᠤᠷᠤᠯᠴᠠᠵᠤ ᠴᠢᠳᠠᠨ᠎ᠠ》 ᠭᠡᠵᠦ᠍ ᠰᠡᠴᠡᠨ ᠶᠠᠷᠢᠨ᠎ᠠ᠃ ᠡᠭᠦᠨ᠎ᠤ ᠬᠠᠮᠲᠤ᠌᠂ ᠤᠷᠠᠨ ᠪᠢᠴᠢᠯᠭᠡ᠎ᠶ᠋ᠢᠨ ᠬᠢᠴᠢᠶᠡᠯ ᠨᠡᠭᠡᠭᠡᠭ᠌ᠰᠡᠨ ᠪᠥᠭᠡᠳ ᠦᠷᠭᠦᠯᠵᠢ᠎ᠶ᠋ᠢᠨ ᠴᠢᠨᠠᠷᠲᠠᠶ ᠱᠢᠯᠦᠭ᠎ᠤᠨ ᠤᠷᠤᠯᠳᠤᠭᠠᠨ᠂ ᠥᠯᠢᠭᠡᠷ᠎ᠤᠨ ᠤᠷᠤᠯᠳᠤᠭᠠᠨ ᠵᠡᠷᠭᠡ ᠤᠷᠤᠯᠳᠤᠭᠠᠨ ᠮᠦᠷᠦᠢᠴᠡᠭᠡᠨ ᠥᠷᠨᠢᠭᠦᠯᠵᠦ᠍᠂ ᠰᠤᠷᠤᠭ᠍ᠴᠢᠳ᠎ᠤᠨ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠥᠰᠥᠭ ᠪᠢᠴᠢᠭ᠎ᠢ ᠰᠠᠢᠲᠤᠷ ᠰᠤᠷᠤᠯᠴᠠᠬᠤ ᠬᠠᠯᠠᠭᠤᠨ ᠰᠡᠳᠭᠢᠯᠭᠡ᠎ᠶ᠋ᠢ ᠤᠯᠠᠮ ᠨᠢᠭᠡ ᠠᠯᠬᠤᠮ ᠬᠥᠭ᠌ᠵᠢᠭᠡᠪᠡ᠃ 《ᠤᠯᠤᠰ᠎ᠤᠨ ᠨᠢᠭᠡᠳᠦᠯᠲᠡᠶ ᠨᠠᠢᠷᠠᠭᠤᠯᠤᠭ᠍ᠰᠠᠨ ᠵᠢᠭᠠᠬᠤ ᠮᠠᠲ᠋ᠧᠷᠢᠶᠠᠯ ᠪᠠ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠥᠰᠥᠭ ᠪᠢᠴᠢᠭ᠎ᠤᠨ ᠵᠢᠭᠠᠨ ᠰᠤᠷᠭᠠᠯᠲᠠ᠎ᠶ᠋ᠢ ᠬᠡᠷᠡᠭ᠌ᠵᠢᠭᠦᠯᠬᠦ᠌᠎ᠪᠠᠷ ᠳᠡᠮᠵᠢᠨ᠂ ᠰᠤᠷᠤᠭ᠍ᠴᠢᠳ᠎ᠤᠨ ᠢᠯᠡᠳᠭᠡᠬᠦ᠌ ᠴᠢᠳᠠᠪᠤᠷᠢ ᠪᠠ ᠢᠯᠡᠷᠡᠭᠦᠯᠬᠦ᠌ ᠴᠢᠳᠠᠪᠤᠷᠢ ᠢᠯᠡᠳᠲᠡ ᠳᠡᠭᠡᠭ᠌ᠰᠢᠯᠡᠵᠦ᠍᠂ ᠰᠤᠷᠤᠭ᠍ᠴᠢᠳ ᠴᠤ᠌ ᠨᠠᠩ ᠢᠲᠡᠭᠡᠯ᠎ᠲᠠᠢ ᠪᠣᠯᠪᠠ》 ᠭᠡᠵᠦ᠍ ᠰᠡᠴᠡᠨ ᠶᠠᠷᠢᠵᠦ᠍ ᠪᠠᠢᠯ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠢᠶ᠎ᠡ ᠪᠦᠬᠦᠢ ᠰᠣᠨᠢᠨ
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号