ᠪᠠᠶᠠᠷ᠎ᠤᠨ 《ᠮᠤᠩᠭᠤᠯ ᠭᠠᠵᠠᠷ᠎ᠤᠨ ᠳᠠᠲᠠᠯᠠᠭ᠎ᠠ》 ᠱᠢᠨ᠎ᠡ ᠨᠤᠮ ᠬᠡᠪᠯᠡᠭ᠌ᠳᠡᠪᠡ
2021-08-04 11:22:30
ᠵᠣᠬᠢᠶᠠᠭ᠍ᠴᠢ᠄
ᠨᠠᠷᠠᠨᠴᠢᠮᠡᠭ
ᠣᠩᠱᠢᠭ᠍ᠰᠠᠨ ᠣᠳᠠᠭ᠎ᠠ᠄
★★★☆☆

ᠠᠵᠢᠯ ᠮᠡᠷᠭᠡᠵᠢᠯ᠎ᠤᠨ ᠬᠦᠷᠢᠶᠡᠨ᠎ᠳᠤ ᠤᠳᠤᠨ ᠰᠤᠳᠤᠨ ᠪᠤᠯᠵᠤ ᠴᠤᠯᠭᠤᠷᠠᠭ᠍ᠰᠠᠨ ᠬᠦᠮᠦᠰ᠎ᠤᠨ ᠦᠢᠯᠡᠰ᠎ᠤᠨ ᠮᠥᠷ ᠪᠢᠳᠡᠨ᠎ᠳᠤ ᠡᠷᠳᠡᠮ᠎ᠤᠨ ᠨᠤᠶᠠᠨ ᠤᠷᠭᠢᠯ᠎ᠳᠤ ᠮᠠᠴᠤᠬ᠍ᠰᠠᠨ ᠡᠷᠡᠮᠡᠭᠡᠢ ᠵᠤᠷᠢᠭ᠂ ᠤᠶᠤᠨ ᠪᠢᠯᠢᠭ᠎ᠢᠶᠠᠷ ᠰᠡᠭᠡᠭᠡᠷᠡᠵᠦ᠍ ᠭᠡᠭᠡᠷᠡᠭ᠌ᠰᠡᠨ ᠠᠪᠢᠶᠠᠰ ᠪᠢᠯᠢᠭ᠎ᠤᠨ ᠥᠪᠡᠷᠮᠢᠴᠡ ᠨᠦᠯᠦᠭᠡᠯᠡᠬᠦ᠌ ᠬᠦᠴᠦᠨ᠂ ᠰᠡᠳᠭᠢᠯ᠎ᠤᠨ ᠬᠦᠴᠦᠨ ᠤᠯᠭᠤᠬᠤ᠎ᠨᠢ ᠮᠠᠷᠭᠤᠰᠢ ᠦᠭᠡᠢ᠃

ᠦᠨᠳᠦᠰᠦᠲᠡᠨ᠎ᠤ ᠵᠢᠷᠤᠭ᠍ᠲᠤ ᠰᠡᠳᠬᠦᠯ᠎ᠤᠨ ᠬᠤᠷᠢᠶᠠᠨ᠎ᠤ ᠳᠡᠭᠡᠳᠦ ᠳᠡᠰ᠎ᠤᠨ ᠰᠤᠷᠪᠤᠯᠵᠢᠯᠠᠭ᠍ᠴᠢ ᠠᠭ᠍ᠰᠠᠨ ᠪᠠᠶᠠᠷ ᠭᠤᠸᠠᠢ᠎ᠶ᠋ᠢᠨ ᠲᠤᠭᠤᠷᠪᠢᠭ᠍ᠰᠠᠨ 《ᠮᠤᠩᠭᠤᠯ ᠭᠠᠵᠠᠷ᠎ᠤᠨ ᠳᠠᠲᠠᠯᠠᠭ᠎ᠠ》 ᠪᠤᠯ ᠪᠢᠳᠡᠨ᠎ᠳᠤ ᠶᠠᠭ ᠡᠢᠮᠦᠷᠬᠦᠦ ᠬᠦᠷᠲᠡᠭᠡᠯ ᠤᠯᠭᠤᠬᠤ ᠱᠢᠨ᠎ᠡ ᠤᠷᠠᠨ ᠪᠦᠲᠦᠭᠡᠯ ᠪᠤᠯᠬᠤ ᠶᠤᠮ᠃ ᠡᠨᠡ ᠬᠦ᠌ ᠬᠢᠲᠡᠳ ᠬᠡᠯᠡᠨ᠎ᠤ ᠬᠡᠪᠯᠡᠯ᠎ᠤᠨ ᠨᠠᠢᠷᠠᠭᠤᠯᠤᠯ᠎ᠤᠨ ᠲᠡᠭᠦᠪᠦᠷᠢ᠎ᠶ᠋ᠢ ᠲᠦᠷᠦᠭᠦᠬᠡᠨ ᠦᠨᠳᠦᠰᠦᠲᠡᠨ᠎ᠤ ᠬᠡᠪᠯᠡᠯ᠎ᠤᠨ ᠬᠤᠷᠢᠶᠠᠨ᠎ᠠᠴᠠ ᠬᠡᠪᠯᠡᠨ ᠳᠠᠷᠬᠠᠭᠠᠪᠠ᠃ ᠡᠨᠡ ᠨᠤᠮ ᠪᠤᠯ ᠬᠦᠮᠦᠨ᠎ᠤ ᠳᠤᠰᠭᠠᠢ ᠰᠤᠷᠪᠤᠯᠵᠢᠯᠠᠭ᠎ᠠ ᠮᠠᠶᠢᠭ᠎ᠤᠨ ᠪᠠᠷᠢᠮᠲᠠᠲᠤ ᠨᠠᠢᠷᠠᠭᠤᠯᠤᠯ᠎ᠤᠨ ᠪᠦᠲᠦᠭᠡᠯ ᠪᠤᠯᠤᠨ᠎ᠠ᠂ ᠤᠳᠤ ᠦᠶ᠎ᠡ᠎ᠶ᠋ᠢᠨ ᠰᠤᠶᠤᠯ ᠤᠷᠠᠯᠢᠭ᠎ᠤᠨ ᠡᠲᠡᠭᠡᠳ᠎ᠲᠤ ᠨᠡᠷ᠎ᠡ ᠠᠯᠳᠠᠷᠲᠡᠢ 21 ᠬᠦᠮᠦᠨ᠎ᠢ ᠰᠤᠩᠭᠤᠨ᠂ ᠰᠤᠷᠪᠤᠯᠵᠢᠯᠠᠭ᠎ᠠ᠂ ᠤᠷᠤᠭᠤᠯᠤᠨ ᠲᠤᠭᠠᠴᠢᠬᠤ ᠤᠷᠤᠭᠤᠯᠤᠨ ᠦᠭᠦᠯᠡᠬᠦ᠂ ᠡᠷᠬᠢᠴᠡᠭᠦᠯᠦᠯ ᠵᠡᠷᠭᠡ ᠬᠡᠯᠪᠡᠷᠢ᠎ᠪᠠᠷ ᠲᠡᠳᠡᠨ᠎ᠤ ᠦᠩᠭᠡᠷᠡᠯᠲᠡ ᠪᠠ ᠵᠤᠬᠢᠶᠠᠯ ᠪᠦᠲᠦᠭᠡᠯ᠂ ᠲᠡᠷᠡᠴᠢᠯᠡᠨ ᠬᠤᠪᠢ ᠬᠦᠮᠦᠨ᠎ᠤ ᠪᠠᠶᠠᠯᠢᠭ ᠠᠮᠢᠳᠤᠷᠠᠯ᠎ᠤᠨ ᠨᠠᠷᠢᠨ ᠵᠦᠢᠯᠡᠰ᠎ᠢ ᠲᠠᠨᠢᠯᠴᠠᠭᠤᠯᠤᠭ᠍ᠰᠠᠨ ᠪᠠᠢᠨ᠎ᠠ᠃ ᠨᠤᠮ᠎ᠳᠤ ᠵᠤᠬᠢᠶᠠᠯᠴᠢ ᠮᠠᠯᠴᠢᠨᠬᠦᠦ᠂ ᠯᠢ ᠵᠦᠨ᠂ ᠱᠢᠯᠦᠭ᠌ᠴᠢ ᠨᠢᠤ ᠬᠠᠨ᠂ ᠤᠷᠴᠢᠭᠤᠯᠭ᠎ᠠ᠎ᠶ᠋ᠢᠨ ᠡᠷᠲᠡᠮᠲᠡᠨ᠂ ᠵᠤᠬᠢᠶᠠᠯᠴᠢ ᠱᠢᠶᠤᠤ ᠴᠢᠶᠠᠨ ᠵᠡᠷᠭᠡ ᠠᠯᠳᠠᠷ ᠬᠦᠨᠳᠦᠲᠡᠢ ᠬᠦᠮᠦᠰ ᠪᠠᠭ᠍ᠲᠠᠭ᠍ᠰᠠᠨ᠎ᠠᠴᠠ ᠭᠠᠳᠠᠨ᠎ᠠ᠂ 《ᠬᠦᠳᠡᠭᠡ ᠲᠠᠯ᠎ᠠ᠎ᠳᠤ ᠮᠥᠩᠬᠡ᠎ᠶ᠋ᠢᠨ ᠨᠠᠷᠠ ᠰᠠᠴᠤᠷᠠᠨ ᠮᠠᠨᠳᠤᠯ᠎ᠠ》 ᠭᠡᠬᠦ᠌ ᠳᠠᠭᠤᠤ᠎ᠶ᠋ᠢᠨ ᠦᠭᠡ ᠵᠤᠬᠢᠶᠠᠭ᠍ᠴᠢ ᠮᠡᠯᠴᠢᠭ᠂ ᠬᠠᠭᠤᠴᠢᠨ ᠪᠡᠭᠡᠵᠢᠩ ᠬᠤᠲᠠ᠎ᠶ᠋ᠢᠨ ᠠᠷᠠᠳ᠎ᠤᠨ ᠵᠠᠩ ᠵᠠᠩᠱᠢᠯ᠎ᠢ ᠵᠢᠷᠤᠵᠤ ᠪᠦᠲᠦᠭᠡᠬᠦ᠌᠎ᠪᠠᠷ᠎ᠢᠶᠠᠨ ᠤᠨᠴᠠᠯᠠᠭ᠍ᠳᠠᠭ᠍ᠰᠠᠨ ᠵᠢᠷᠤᠭ᠍ᠴᠢᠨ ᠴᠧᠨ ᡁᠢ ᠨᠦᠩ᠂ ᠴᠢ ᠪᠠᠢ ᠱ᠌ᠢ᠎ᠲᠠᠢ ᠠᠳᠠᠯᠢ ᠴᠠᠭ ᠦᠶ᠎ᠡ᠎ᠶ᠋ᠢᠨ ᠵᠢᠷᠤᠭ᠍ᠴᠢᠨ ᠬᠤ᠌ ᠫᠧᠢ ᠾᠧᠩ᠂ ᠠᠷᠠᠳ᠎ᠤᠨ ᠵᠤᠭᠤᠰ᠎ᠢ ᠵᠢᠷᠤᠵᠤ ᠲᠦᠯᠦᠪᠯᠡᠭ᠌ᠰᠡᠨ ᠤᠷᠠᠯᠢᠭ᠎ᠤᠨ ᠳᠠᠷᠬᠠᠨ ᠾᠧᠦ ᠢ ᠮᠢᠨ ᠨᠠᠷ ᠪᠠᠢᠯᠴᠠᠵᠤ᠂ ᠮᠥᠨ ᠤᠷᠲᠤ᠎ᠶ᠋ᠢᠨ ᠳᠠᠭᠤᠴᠢᠨ ᠠᠯᠲᠠᠨᠴᠡᠴᠡᠭ᠂ ᠨᠠᠢᠷᠠᠯ ᠳᠠᠭᠤᠤ᠎ᠶ᠋ᠢᠨ ᠤᠳᠤᠷᠢᠳᠤᠭᠠᠴᠢ ᠶᠠᠯᠦᠨᠭᠡᠷᠡᠯ᠂ ᠨᠠᠷᠡᠳᠤ ᠲᠤᠭ᠍ᠯᠠᠭ᠍ᠴᠢ ᠪᠠᠰᠠᠩᠵᠡᠪ ᠵᠢᠴᠢ 《ᠤᠳᠭ᠎ᠠ ᠤᠷᠠᠯᠢᠭ᠎ᠤᠨ ᠳᠠᠪᠴᠠᠩ᠎ᠳᠠᠬᠢ ᠭᠤᠷᠪᠠᠨ ᠭᠠᠷᠮᠠᠭᠠᠢ》 ᠬᠡᠮᠡᠨ ᠠᠯᠳᠠᠷᠱᠢᠬ᠍ᠰᠠᠨ ᠲᠡᠭ᠌ᠷᠢ᠂ ᠴᠤᠭ᠂ ᠪᠤᠷᠵᠢᠭᠢᠨ ᠶᠤᠸᠠᠨ ᠶᠧ᠎ᠲᠠᠢ ᠠᠩᠬ᠎ᠠ ᠤᠴᠠᠷᠠᠭ᠍ᠰᠠᠨ ᠲᠡᠮᠲᠡᠭ᠌ᠯᠡᠯ ᠵᠡᠷᠭᠡ ᠤᠷᠤᠵᠠᠢ᠃

ᠵᠤᠬᠢᠶᠠᠭ᠍ᠴᠢ᠎ᠶ᠋ᠢᠨ ᠦᠭᠡ᠎ᠶ᠋ᠢ ᠡᠱᠢᠯᠡᠪᠡᠯ᠂ ᠡᠨᠡ ᠬᠦ᠌ ᠪᠠᠷᠢᠮᠲᠠᠲᠤ ᠨᠠᠢᠷᠠᠭᠤᠯᠤᠯ᠎ᠤᠨ ᠲᠡᠭᠦᠪᠦᠷᠢ ᠪᠤᠯ ᠶᠠᠭ ᠪᠠᠢᠱᠢᠩ᠎ᠤᠨ ᠭᠠᠳᠠᠷ ᠬᠡᠯᠪᠡᠷᠢ᠎ᠨᠢ ᠤᠷᠠᠨ ᠵᠤᠬᠢᠶᠠᠯ᠎ᠤᠨ᠎ᠬᠢ᠂ ᠪᠠᠷᠢᠵᠤ ᠭᠠᠷᠭᠠᠭ᠍ᠰᠠᠨ ᠲᠤᠭᠤᠰᠭ᠎ᠠ ᠸᠠᠭᠠᠷ ᠨᠢᠭᠡ ᠪᠦᠷᠢ᠎ᠨᠢ ᠬᠠᠷᠢᠨ ᠪᠤᠳᠠᠲᠠᠢ᠂ ᠪᠠᠷᠢᠮᠲᠠᠲᠤ ᠲᠡᠮᠲᠡᠭ᠌ᠯᠡᠯ ᠪᠤᠯᠬᠤ ᠶᠤᠮ᠃ ᠲᠡᠭᠦᠪᠦᠷᠢ᠎ᠳᠤ ᠤᠷᠤᠭ᠍ᠰᠠᠨ 21 ᠬᠦᠮᠦᠨ᠎ᠤ ᠤᠯᠠᠩᠬᠢ᠎ᠲᠠᠢ᠎ᠨᠢ ᠵᠤᠬᠢᠶᠠᠭ᠍ᠴᠢ ᠦᠪᠠᠷ᠎ᠢᠶᠠᠨ ᠤᠴᠠᠷᠠᠵᠤ᠂ ᠮᠥᠨ ᠵᠠᠷᠢᠮᠠᠳ᠎ᠤᠨ ᠬᠢᠨᠢ ᠰᠠᠳᠤᠨ ᠲᠦᠷᠦᠯ᠎ᠲᠠᠢ ᠠᠭᠤᠯᠵᠠᠨ ᠤᠷᠢᠳ ᠬᠤᠵᠢᠳ ᠰᠤᠷᠪᠤᠯᠵᠢᠯᠠᠭ᠍ᠰᠠᠨ ᠭᠡᠳᠡᠭ᠃ ᠠᠳᠡᠬᠢ ᠵᠠᠷᠢᠮ ᠪᠦᠲᠦᠭᠡᠯ᠎ᠢ ᠤᠤᠯ᠎ᠨᠢ ᠨᠡᠢᠲᠡᠯᠡᠭ᠌ᠰᠡᠨ ᠭᠡᠳᠡᠭ ᠴᠤ᠌ ᠲᠤᠰ ᠲᠡᠭᠦᠪᠦᠷᠢ᠎ᠳᠤ ᠤᠷᠤᠭᠤᠯᠬᠤ᠎ᠳᠠᠭᠠᠨ ᠪᠦᠬᠦ᠌ ᠵᠤᠬᠢᠶᠠᠯ᠎ᠢ ᠴᠦᠮ ᠦᠨᠦᠳᠦᠷ᠎ᠤᠨ ᠬᠠᠷᠠᠭᠠᠰᠤ᠎ᠠᠴᠠ ᠳᠠᠬᠢᠨ ᠱᠢᠨᠵᠢᠯᠡᠵᠦ᠍᠂ ᠬᠠᠮᠤᠭ᠎ᠤᠨ ᠱᠢᠨ᠎ᠡ ᠮᠡᠳᠡᠭᠡ ᠵᠠᠩᠭᠢ᠎ᠶ᠋ᠢ ᠨᠦᠭᠦᠪᠦᠷᠢᠯᠡᠨ᠂ ᠵᠤᠬᠢᠶᠠᠮᠵᠢ ᠨᠠᠢᠷᠠᠯᠭ᠎ᠠ᠎ᠶ᠋ᠢ ᠳᠠᠬᠢᠨ ᠲᠤᠬᠢᠷᠠᠭᠤᠯᠵᠤ ᠲᠡᠭᠦᠯᠳᠡᠷᠵᠢᠭᠦᠯᠦᠭ᠌ᠰᠡᠨ᠎ᠢᠶᠠᠷ᠎ᠢᠶᠠᠨ ᠴᠣ᠌ ᠱᠢᠨ᠎ᠡ ᠪᠦᠲᠦᠭᠡᠯ ᠪᠤᠯᠤᠭ᠍ᠰᠠᠨ ᠪᠠᠢᠵᠠᠢ᠃

ᠲᠤᠰ ᠨᠤᠮ᠎ᠢ ᠤᠷᠪᠠᠭᠤᠯᠬᠤ᠎ᠳᠤ᠂ ᠵᠤᠬᠢᠶᠠᠯ ᠪᠦᠷᠢ᠎ᠶ᠋ᠢᠨ ᠡᠬᠢᠨ᠎ᠳᠠᠬᠢ ᠵᠤᠬᠢᠶᠠᠭ᠍ᠴᠢ᠎ᠶ᠋ᠢᠨ ᠡᠬᠡ ᠨᠤᠤᠷᠠᠭ᠎ᠤᠨ ᠬᠠᠭᠤᠯᠪᠤᠷᠢ ᠬᠠᠷᠠᠭᠠᠨ᠎ᠳᠤ ᠢᠯᠡᠭᠡᠨ ᠲᠤᠳᠤᠷᠠᠵᠤ᠂ ᠦᠪᠠᠷᠮᠢᠴᠡ ᠳᠦᠰᠦᠪᠯᠡᠯ ᠲᠡᠳᠦᠢ ᠦᠭᠡᠢ᠂ ᠡᠨᠡ ᠬᠦ᠌ ᠱᠢᠨ᠎ᠡ ᠨᠤᠮ᠎ᠤᠨ ᠬᠢᠨᠢ 《ᠨᠢᠳᠦ》᠂ 《ᠴᠢᠮᠦᠭᠡ》 ᠪᠤᠯᠵᠤ ᠲᠤᠳᠤᠷᠠᠨ᠎ᠠ᠃ ᠡᠨᠡ᠎ᠨᠢ ᠵᠤᠬᠢᠶᠠᠭ᠍ᠴᠢ᠎ᠶ᠋ᠢᠨ ᠡᠳᠡᠭᠡᠷ ᠠᠯᠳᠠᠷᠲᠠᠢ ᠬᠦᠮᠦᠰ᠎ᠤᠨ ᠤᠯᠠ ᠮᠦᠷ᠎ᠢ ᠮᠥᠷᠲᠡᠵᠦ᠍᠂ ᠲᠡᠳᠡᠨ᠎ᠤ ᠤᠯᠠᠨ᠎ᠠᠴᠠ ᠴᠤᠯᠭᠤᠷᠠᠭ᠍ᠰᠠᠨ᠂ ᠤᠨᠴᠠᠯᠠᠭ᠍ᠳᠠᠭ᠍ᠰᠠᠨ ᠲᠠᠯ᠎ᠠ᠂ ᠠᠯᠢ ᠨᠢᠭᠡ ᠪᠤᠶᠤ ᠬᠡᠳᠦ ᠬᠡᠳᠦᠨ ᠬᠦᠷᠢᠶᠡᠨ᠎ᠳᠤ ᠦᠵᠡᠭᠦᠯᠦᠭ᠌ᠰᠡᠨ ᠭᠠᠪᠢᠶ᠎ᠠ ᠵᠢᠳᠬᠦᠯ᠂ ᠴᠠᠭ ᠦᠶ᠎ᠡ᠎ᠶ᠋ᠢᠨ ᠪᠡᠯᠭᠡ ᠲᠡᠮᠲᠡᠭ ᠪᠤᠯᠵᠤ ᠦᠯᠡᠳᠡᠭ᠌ᠰᠡᠨ ᠡᠭᠦᠳᠦᠨ ᠪᠦᠲᠦᠭᠡᠯᠲᠡ ᠪᠤᠶᠦ᠍ ᠡᠷᠳᠡᠮ ᠱᠢᠨᠵᠢᠯᠡᠭᠡ᠂ ᠠᠵᠢᠯ ᠦᠢᠯᠡᠰ᠎ᠤᠨ ᠦᠪᠠᠷᠮᠢᠴᠡ ᠦᠷ᠎ᠡ ᠪᠦᠲᠦᠭᠡᠯ ᠵᠡᠷᠭᠡ᠎ᠶ᠋ᠢᠨ ᠬᠢᠨᠢ ᠳᠤᠬᠠᠢ ᠪᠤᠳᠠᠲᠤ ᠲᠡᠮᠲᠡᠭ᠌ᠯᠡᠯ ᠪᠤᠯᠵᠤ ᠦᠯᠡᠳᠡᠵᠡᠢ᠃

ᠪᠠᠶᠠᠷ ᠭᠤᠸᠠᠢ᠎ᠶ᠋ᠢᠨ 25 ᠎ᠳᠠᠬᠢ ᠳᠤᠰᠭᠠᠢ ᠪᠦᠲᠦᠭᠡᠯ ᠪᠤᠯᠤᠭ᠍ᠰᠠᠨ ᠡᠨᠡ ᠬᠦ᠌ ᠱᠢᠨ᠎ᠡ ᠨᠤᠮ᠎ᠨᠢ ᠤᠩᠱᠢᠪᠤᠷᠢᠲᠤ ᠴᠢᠨᠠᠷ ᠪᠠ ᠲᠡᠦᠬᠡᠨ ᠮᠠᠲ᠋ᠧᠷᠢᠶᠠᠯ᠎ᠤᠨ ᠱᠢᠨᠵᠢ᠎ᠪᠠᠷ ᠢᠯᠡᠷᠬᠡᠢ᠂ ᠮᠤᠩᠭᠤᠯ ᠦᠨᠳᠦᠰᠦᠲᠡᠨ᠎ᠤ ᠡᠳᠡᠭᠡᠷ ᠠᠯᠳᠠᠷᠲᠤ ᠬᠦᠮᠦᠰ᠎ᠤᠨ ᠳᠤᠬᠠᠢ ᠤᠷᠠᠨ ᠵᠤᠬᠢᠶᠠᠯ᠎ᠤᠨ ᠮᠠᠶᠢᠭ᠎ᠤᠨ ᠳᠠᠬᠢᠨ ᠢᠯᠡᠷᠡᠭᠦᠯᠦᠯ ᠪᠤᠯᠬᠤ ᠶᠤᠮ᠃ ᠨᠡᠢᠲᠡ 20 ᠲᠦᠮᠡᠨ ᠦᠰᠦᠭ᠎ᠲᠠᠢ᠂ ᠨᠠᠷᠢᠯᠢᠭ ᠪᠠᠷᠯᠠᠭ᠍ᠰᠠᠨ ᠬᠡᠪ᠎ᠤᠨ ᠨᠤᠮ ᠪᠤᠯᠤᠨ᠎ᠠ᠃ ᠨᠤᠮ᠎ᠤᠨ ᠬᠠᠭᠤᠳᠠᠰᠤ᠎ᠶ᠋ᠢ ᠤᠷᠪᠠᠭᠤᠯᠤᠨ ᠠᠮᠲᠠᠷᠬᠠᠬᠤᠶ᠎ᠠ ᠤᠢ ᠪᠢᠯᠢᠭ᠎ᠤᠨ ᠤᠴᠢ ᠪᠠᠳᠠᠷᠠᠨ᠂ ᠤᠳᠭ᠎ᠠ ᠤᠶᠠᠩᠭ᠎ᠠ᠎ᠶ᠋ᠢᠨ ᠱᠢᠳᠢ ᠤᠷᠤᠱᠢᠵᠤ᠂ 《ᠦᠨᠡᠨ ᠬᠦᠮᠦᠨ ᠦᠨᠡᠨ ᠶᠠᠪᠤᠳᠠᠯ᠎ᠤᠨ ᠤᠷᠠᠨ ᠵᠤᠬᠢᠶᠠᠯ᠂ ᠨᠠᠢᠷᠠᠭᠤᠯᠤᠯ᠎ᠤᠨ ᠮᠠᠶᠢᠭ᠎ᠤᠨ ᠰᠤᠨᠢᠨ ᠮᠡᠳᠡᠭᠡᠨ᠎ᠤ ᠬᠦᠮᠦᠰ᠎ᠤᠨ ᠦᠯᠢᠭᠡᠷ》 ᠎ᠢ ᠤᠩᠱᠢᠭ᠍ᠴᠢ ᠲᠡ ᠪᠦᠬᠦᠨ᠎ᠳᠤ ᠬᠦᠦᠷᠨᠢᠬᠦ᠌ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号