《ᠶᠡᠷᠦᠩᠬᠡᠢ ᠱᠦᠵᠢ ᠰᠢ᠎ᠶ᠋ᠢᠨ ᠫᠢᠩ᠎ᠤᠨ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠭ᠍ᠰᠠᠨ 100 ᠵᠢᠯ᠎ᠤᠨ ᠤᠢ᠎ᠶ᠋ᠢ ᠪᠡᠯᠭᠡᠯᠡᠬᠦ᠌ ᠶᠡᠭᠡ ᠬᠤᠷᠠᠯ ᠳᠡᠭᠡᠷᠡᠬᠢ ᠴᠢᠬᠤᠯᠠ ᠶᠠᠷᠢᠶ᠎ᠠ᠎ᠨᠢ ᠮᠠᠨ᠎ᠤ ᠨᠠᠮ᠎ᠤᠨ ᠵᠠᠭᠤᠨ ᠵᠢᠯ᠎ᠤᠨ ᠲᠡᠮᠡᠴᠡᠯ᠎ᠤᠨ ᠭᠡᠷᠡᠯ ᠰᠠᠴᠤᠷᠠᠩᠭᠤᠢ ᠲᠡᠦᠬᠡᠨ ᠶᠠᠪᠤᠴᠠ᠎ᠶ᠋ᠢ ᠡᠷᠭᠢᠴᠡᠭᠦᠯᠵᠦ᠍᠂ ᠳᠤᠮᠳᠠᠳᠤ᠎ᠶ᠋ᠢᠨ ᠦᠨᠳᠦᠰᠦᠲᠡᠨ᠎ᠤ ᠠᠭᠤᠤ ᠶᠡᠭᠡ ᠰᠡᠷᠭᠦᠨ ᠮᠠᠨᠳᠤᠯᠲᠠ᠎ᠶ᠋ᠢᠨ ᠭᠡᠭᠡᠨ ᠰᠠᠷᠠᠭᠤᠯ ᠢᠷᠡᠭᠡᠳᠦᠢ᠎ᠶ᠋ᠢ ᠪᠠᠷᠠᠯᠠᠵᠠᠢ᠃ ᠶᠠᠷᠢᠶ᠎ᠠ᠎ᠳᠤ ᠠᠭᠤᠤ ᠶᠡᠭᠡ ᠨᠠᠮ ᠪᠠᠢᠭᠤᠯᠬᠤ ᠵᠣᠷᠢᠭ ᠰᠠᠨᠠᠭ᠎ᠠ᠎ᠶ᠋ᠢ ᠠᠩᠬ᠎ᠠ ᠤᠳᠠᠭ᠎ᠠ ᠳᠤᠷᠠᠳᠴᠤ᠌᠂ ᠲᠡᠦᠬᠡ᠎ᠪᠠᠷ ᠲᠤᠯᠢ ᠪᠣᠯᠭᠠᠬᠤ᠂ ᠢᠷᠡᠭᠡᠳᠦᠢ᠎ᠶ᠋ᠢ ᠨᠡᠭᠡᠭᠡᠬᠦ᠌᠎ᠳᠤ ᠡᠷᠬᠡᠪᠰᠢ ᠪᠠᠲᠤ ᠡᠵᠡᠮᠳᠡᠬᠦ᠌ 〈ᠶᠢᠰᠦᠨ ᠡᠷᠬᠡᠪᠰᠢ〉 ᠶ᠋ᠢᠨ ᠲᠤᠷᠱᠢᠯᠭ᠎ᠠ᠎ᠶ᠋ᠢᠨ ᠰᠡᠩᠬᠡᠷᠡᠭᠦᠯᠦᠯ ᠪᠣᠯᠤᠨ ᠦᠨᠳᠦᠰᠦᠨ ᠱᠠᠭᠠᠷᠳᠠᠯᠭ᠎ᠠ᠎ᠶ᠋ᠢ ᠱᠢᠰᠲ᠋ᠧᠮ᠎ᠲᠠᠢ ᠲᠣᠳᠣᠷᠬᠠᠢᠯᠠᠨ ᠥᠭᠦᠯᠡᠵᠦ᠍᠂ ᠱᠢᠨ᠎ᠡ ᠠᠶᠠᠨ ᠵᠠᠮ᠎ᠳᠠᠬᠢ ᠨᠠᠮ ᠪᠣᠯᠤᠨ ᠤᠯᠤᠰ᠎ᠤᠨ ᠡᠯ᠎ᠡ ᠵᠦᠢᠯ᠎ᠤᠨ ᠠᠵᠢᠯ ᠦᠢᠯᠡᠰ᠎ᠤᠨ ᠬᠥᠭ᠌ᠵᠢᠯᠲᠡ᠎ᠶ᠋ᠢᠨ ᠤᠷᠤᠭ᠍ᠰᠢᠯᠠᠬᠤ ᠴᠢᠭ᠌ᠯᠡᠯ᠎ᠢ ᠲᠣᠳᠣᠷᠬᠠᠢᠯᠠᠪᠠ》᠃ ᠣᠢᠷ᠎ᠠ᠎ᠳᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶᠠᠨ᠎ᠤ ᠨᠢᠭᠡᠳᠦᠮᠡᠯ ᠹᠷᠣᠨᠲ᠎ᠤᠨ ᠬᠡᠯᠲᠡᠰ᠎ᠤᠨ ᠪᠠᠢᠩᠭᠤ᠎ᠶ᠋ᠢᠨ ᠳᠡᠳ᠋ ᠳᠠᠷᠤᠭ᠎ᠠ᠂ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠬᠡᠷᠡᠭ ᠡᠷᠬᠢᠯᠡᠬᠦ᠌ ᠵᠥᠪᠯᠡᠯ᠎ᠤᠨ ᠨᠠᠮ᠎ᠤᠨ ᠤᠳᠤᠷᠢᠳᠭᠤ ᠳᠤᠭᠤᠢᠯᠠᠩ᠎ᠤᠨ ᠱᠦᠵᠢ ᠸᠠᠩ ᠵᠢᠶᠦ᠋ᠨ ᠰᠤᠷᠪᠤᠯᠵᠢᠯᠠᠭ᠍ᠴᠢ᠎ᠶ᠋ᠢᠨ ᠰᠤᠷᠪᠤᠯᠵᠢᠯᠠᠭ᠎ᠠ᠎ᠶ᠋ᠢ ᠬᠦᠯᠢᠶᠡᠬᠦ᠌᠎ᠳᠡᠭᠡᠨ ᠢᠩᠭᠢᠵᠤ ᠬᠡᠯᠡᠪᠡ᠃
ᠸᠠᠩ ᠵᠢᠶᠦ᠋ᠨ᠂ ᠶᠡᠷᠦᠩᠬᠡᠶ ᠱᠦᠵᠢ ᠰᠢ᠎ᠶ᠋ᠢᠨ ᠫᠢᠩ᠎ᠤᠨ 《7 · 1》 ᠤ ᠴᠢᠬᠤᠯᠠ ᠶᠠᠷᠢᠶ᠎ᠠ᠎ᠨᠢ ᠮᠠᠷᠺᠰ᠎ᠤᠨ ᠦᠵᠡᠯ᠎ᠤᠨ ᠦᠨᠡᠨ ᠶᠣᠰᠣᠨ᠎ᠤ ᠬᠡᠷᠡᠯ ᠭᠢᠯᠪᠠᠭ᠎ᠠ᠎ᠶ᠋ᠢ ᠰᠠᠴᠤᠷᠠᠭᠤᠯᠵᠤ᠂ ᠡᠷᠡᠰ ᠪᠠᠲᠤ ᠣᠭ ᠰᠠᠨᠠᠭ᠎ᠠ ᠡᠭᠦᠷᠭᠡ ᠬᠠᠷᠢᠭᠤᠴᠠᠯᠭ᠎ᠠ ᠪᠣᠯᠤᠨ ᠪᠠᠲᠤ ᠴᠢᠩᠭ᠎ᠠ ᠬᠠᠷᠢᠭᠤᠴᠠᠯᠭ᠎ᠠ ᠡᠭᠦᠷᠭᠡᠯᠡᠯ᠎ᠢ ᠲᠤᠭᠤᠱᠢᠯᠠᠭᠤᠯᠵᠤ᠂ ᠵᠠᠭᠤᠨ ᠵᠢᠯ᠎ᠤᠨ ᠲᠣᠮᠣ ᠨᠠᠮ᠎ᠤᠨ ᠭᠦᠨ ᠭᠦᠨᠵᠡᠭᠡᠶ ᠪᠠᠢᠯᠳᠤᠬᠤ ᠪᠣᠳᠣᠯᠭ᠎ᠠ᠎ᠶ᠋ᠢᠨ ᠦᠵᠡᠯ ᠰᠠᠨᠠᠭ᠎ᠠ᠂ ᠪᠠᠲᠤ ᠴᠢᠩᠭ᠎ᠠ ᠬᠠᠷᠢᠭᠤᠴᠠᠯᠭ᠎ᠠ ᠡᠭᠦᠷᠭᠡᠯᠡᠯ᠂ ᠠᠷᠠᠳ ᠲᠦᠮᠡᠨ᠎ᠤ ᠲᠥᠯᠥᠭᠡ ᠵᠢᠳᠬᠦᠬᠦ᠌ ᠴᠢᠩ ᠦᠨᠡᠨᠴᠢ ᠬᠠᠢᠷ᠎ᠠ ᠰᠡᠳᠭᠢᠯᠭᠡ᠎ᠶ᠋ᠢ ᠭᠦᠢᠴᠡᠳ ᠢᠯᠡᠷᠡᠭᠦᠯᠵᠦ᠍᠂ ᠨᠠᠮ᠎ᠤᠨ ᠪᠥᠬᠦ᠌ ᠤᠯᠤᠰ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠢ ᠪᠦᠯᠬᠦᠮᠳᠡᠭᠦᠯᠦᠨ ᠳᠠᠭᠠᠭᠤᠯᠵᠤ ᠨᠡᠢᠭᠡᠮ ᠵᠢᠷᠤᠮᠲᠦ ᠣᠳᠣᠬᠢᠴᠢᠯᠠᠭ᠍ᠰᠠᠨ ᠬᠦᠴᠦᠷᠬᠡᠭ ᠤᠯᠤᠰ᠎ᠢ ᠪᠥᠬᠦ᠌ ᠲᠠᠯ᠎ᠠ᠎ᠪᠠᠷ ᠪᠥᠲᠥᠭᠡᠨ ᠪᠠᠢᠭᠤᠯᠬᠤ᠂ ᠬᠤᠶᠠᠳᠤᠭᠠᠷ ᠵᠠᠭᠤᠨ ᠵᠢᠯ᠎ᠤᠨ ᠲᠡᠮᠡᠴᠡᠬᠦ᠌ ᠬᠠᠷᠠᠯᠲᠠ᠎ᠶ᠋ᠢ ᠪᠡᠶᠡᠯᠡᠭᠦᠯᠬᠦ᠌ ᠱᠢᠨ᠎ᠡ ᠱᠢᠯᠭᠠᠯᠲᠠ᠎ᠳᠤ ᠤᠷᠤᠯᠴᠠᠬᠤ ᠤᠯᠤᠰ ᠲᠥᠷᠥ᠎ᠶ᠋ᠢᠨ ᠲᠤᠩᠬᠠᠭ ᠮᠥᠨ᠂ ᠰᠢ᠎ᠶ᠋ᠢᠨ ᠫᠢᠩ᠎ᠤᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢᠭᠡᠮ ᠵᠢᠷᠤᠮ᠎ᠤᠨ ᠦᠵᠡᠯ ᠰᠠᠨᠠᠭᠠᠨ᠎ᠤ ᠬᠠᠮᠤᠭ᠎ᠤᠨ ᠱᠢᠨ᠎ᠡ ᠦᠷ᠎ᠡ ᠪᠦᠲᠦᠭᠡᠯ ᠮᠥᠨ ᠭᠡᠪᠠ᠃
ᠸᠠᠩ ᠵᠢᠶᠦ᠋ᠨ ᠶᠡᠷᠦᠩᠬᠡᠶ ᠱᠦᠵᠢ ᠰᠢ᠎ᠶ᠋ᠢᠨ ᠫᠢᠩ᠎ᠤᠨ 《7 · 1》 ᠤ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠬᠡᠷᠬᠢᠨ ᠭᠦᠨᠵᠡᠭᠡᠶ ᠰᠤᠷᠤᠯᠴᠠᠨ ᠣᠢᠯᠠᠭᠠᠵᠦ᠍ ᠲᠤᠭᠤᠱᠢᠯᠠᠭᠤᠯᠬᠤ ᠲᠤᠬᠠᠶ ᠶᠠᠷᠢᠬᠤ᠎ᠳᠠᠭᠠᠨ᠂ ᠰᠤᠷᠤᠯᠴᠠᠯᠭ᠎ᠠ᠎ᠶ᠋ᠢᠨ ᠦᠷ᠎ᠡ ᠪᠦᠲᠦᠮᠵᠢ᠎ᠶ᠋ᠢ ᠠᠵᠢᠯ᠎ᠤᠨ ᠬᠥᠳᠡᠯᠭᠡᠬᠦ᠌ ᠬᠦᠴᠦᠨ ᠪᠣᠯᠭᠠᠨ ᠬᠤᠪᠢᠷᠠᠭᠤᠯᠵᠤ᠂ ᠬᠤᠶᠠᠳᠤᠭᠠᠷ ᠵᠠᠭᠤᠨ ᠵᠢᠯ᠎ᠤᠨ ᠲᠡᠮᠡᠴᠡᠬᠦ᠌ ᠬᠠᠷᠠᠯᠲᠠ᠎ᠶ᠋ᠢᠨ ᠱᠢᠨ᠎ᠡ ᠠᠶᠠᠨ ᠵᠠᠮ᠎ᠢᠶᠠᠷ ᠵᠠᠮᠨᠠᠬᠤ᠎ᠳᠤ᠂ ᠰᠢ᠎ᠶ᠋ᠢᠨ ᠫᠢᠩ᠎ᠤᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠤᠳᠣᠯᠭ᠎ᠠ ᠪᠣᠯᠭᠠᠵᠤ᠂ ᠪᠥᠬᠦ᠌ ᠲᠠᠯ᠎ᠠ᠎ᠶ᠋ᠢᠨ ᠴᠢᠨᠠᠷᠲᠠᠶ᠂ ᠱᠢᠰᠲ᠋ᠧᠮᠲᠦ ᠴᠢᠨᠠᠷᠲᠠᠶ᠂ ᠪᠠᠷᠠᠯᠠᠯᠳᠤ ᠴᠢᠨᠠᠷᠲᠠᠶ᠂ ᠱᠢᠨᠵᠢᠯᠡᠬᠦ᠌ ᠤᠬᠠᠭᠠᠨᠴᠢ ᠴᠢᠨᠠᠷᠲᠠᠶ᠎ᠪᠠᠷ ᠦᠨᠳᠦᠰᠦᠲᠡᠨ᠎ᠤ ᠠᠵᠢᠯ᠎ᠢ ᠲᠥᠯᠥᠪᠵᠢᠭᠦᠯᠬᠦ᠌ ᠬᠡᠷᠡᠭ᠌ᠲᠡᠶ᠃ ᠨᠠᠮ᠎ᠤᠨ ᠦᠨᠳᠦᠰᠦᠲᠡᠨ᠎ᠤ ᠠᠵᠢᠯ᠎ᠳᠠᠬᠢ ᠲᠥᠪᠯᠡᠷᠡᠩᠭᠦᠶ ᠨᠢᠭᠡᠳᠦᠯᠲᠡᠶ ᠤᠳᠤᠷᠢᠳᠤᠯᠭ᠎ᠠ᠎ᠶ᠋ᠢ ᠢᠮᠠᠭ᠍ᠲᠠ ᠪᠠᠷᠢᠮᠲᠠᠯᠠᠵᠤ᠂ ᠲᠤᠭ ᠲᠡᠮᠳᠡᠭ ᠲᠣᠳᠣᠷᠬᠠᠶ᠎ᠪᠠᠷ ᠤᠯᠤᠰ ᠲᠥᠷᠥ᠎ᠶ᠋ᠢ ᠡᠷᠬᠢᠮᠯᠡᠵᠦ᠍᠂ 《ᠳᠥᠷᠪᠡᠨ ᠤᠬᠠᠮᠰᠠᠷ》 ᠢᠶᠠᠨ ᠴᠢᠩᠭᠠᠳᠭᠠᠨ᠂ 《ᠳᠥᠷᠪᠡᠨ ᠢᠲᠡᠭᠡᠯ》 ᠢᠶᠠᠨ ᠪᠠᠲᠤᠳᠭᠠᠨ᠂ 《ᠬᠤᠶᠠᠷ᠎ᠢ ᠬᠠᠮᠠᠭᠠᠯᠠᠬᠤ》 ᠶ᠋ᠢ ᠪᠡᠶᠡᠯᠡᠭᠦᠯᠵᠦ᠍᠂ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ᠎ᠪᠠᠷ ᠭᠤᠤᠯ ᠱᠤᠭᠤᠮ ᠪᠣᠯᠭᠠᠬᠤ᠎ᠶ᠋ᠢ ᠪᠠᠷᠢᠮᠲᠠᠯᠠᠵᠤ᠂ ᠱᠢᠨ᠎ᠡ ᠴᠠᠭ ᠦᠶ᠎ᠡ᠎ᠳᠤ ᠦᠨᠳᠦᠰᠦᠲᠡᠨ᠎ᠤ ᠠᠵᠢᠯ᠎ᠢ ᠪᠥᠬᠦ᠌ ᠲᠠᠯ᠎ᠠ᠎ᠪᠠᠷ ᠴᠢᠩᠭᠠᠳᠭᠠᠨ ᠰᠠᠢᠵᠢᠷᠠᠭᠤᠯᠵᠤ᠂ 《ᠳᠤᠮᠳᠠᠳᠤ᠎ᠶ᠋ᠢᠨ ᠦᠨᠳᠦᠰᠦᠲᠡᠨ ᠨᠢᠭᠡ ᠬᠡᠷ᠎ᠤᠨ ᠬᠥᠮᠦᠨ ᠮᠡᠲᠦ ᠳᠣᠲᠣᠨᠣ᠂ ᠰᠡᠳᠭᠢᠯ ᠨᠢᠭᠡᠳᠦᠨ ᠳᠤᠮᠳᠠᠳᠤ᠎ᠶ᠋ᠢᠨ ᠵᠡᠭᠦᠳᠦ᠎ᠪᠠᠨ ᠬᠠᠮᠲᠤ᠎ᠪᠠᠷ ᠲᠡᠷᠭᠡᠯᠱᠢᠭᠦᠯᠬᠦ᠌》 ᠳᠤ ᠢᠳᠡᠪᠬᠢᠲᠡᠶ ᠬᠤᠪᠢ ᠨᠡᠮᠡᠷᠢ ᠦᠵᠡᠭᠦᠯᠬᠦ᠌ ᠬᠡᠷᠡᠭ᠌ᠲᠡᠶ ᠬᠡᠵᠦ᠍ ᠢᠯᠡᠷᠬᠡᠢᠯᠡᠪᠡ᠃
ᠱᠢᠨ᠎ᠡ ᠭᠠᠷᠤᠭ᠎ᠠ ᠳᠡᠭᠡᠷ᠎ᠡ ᠵᠣᠭ᠍ᠰᠣᠵᠤ᠂ ᠱᠢᠨ᠎ᠡ ᠠᠶᠠᠨ᠎ᠳᠠᠭᠠᠨ ᠮᠣᠷᠳᠠᠮᠤᠢ᠃ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠬᠡᠷᠡᠭ ᠡᠷᠬᠢᠯᠡᠬᠦ᠌ ᠵᠥᠪᠯᠡᠯ᠎ᠤᠨ᠎ᠬᠢᠨ ᠪᠦᠬᠦ᠌ ᠣᠷᠣᠨ᠎ᠤ ᠦᠨᠳᠦᠰᠦᠲᠡᠨ᠎ᠤ ᠬᠡᠷᠡᠭ ᠡᠷᠬᠢᠯᠡᠬᠦ᠌ ᠵᠥᠪᠯᠡᠯ᠎ᠤᠨ ᠱᠢᠰᠲ᠋ᠧᠮ᠎ᠤᠨ ᠥᠷᠭᠡᠨ ᠤᠯᠠᠨ ᠨᠠᠮ᠎ᠤᠨ ᠭᠡᠱᠢᠭᠦᠨ ᠺᠠᠳ᠋ᠷᠴᠤᠳ᠎ᠢ ᠡᠷᠡᠰ ᠳᠠᠭᠠᠭᠤᠯᠵᠤ᠂ ᠶᠡᠷᠦᠩᠬᠡᠢ ᠱᠦᠵᠢ ᠰᠢ᠎ᠶ᠋ᠢᠨ ᠫᠢᠩ᠎ᠤᠨ 《7 · 1》 ᠤ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠨᠠᠷᠢᠨ ᠬᠢᠨᠠᠮᠠᠭᠠᠢ ᠰᠤᠷᠤᠯᠴᠠᠨ ᠲᠤᠭᠤᠱᠢᠯᠠᠭᠤᠯᠬᠤ᠎ᠶ᠋ᠢ ᠴᠢᠬᠤᠯᠠ ᠶᠡᠭᠡ ᠤᠯᠤᠰ ᠲᠦᠷᠦ᠎ᠶ᠋ᠢᠨ ᠡᠭᠦᠷᠭᠡ ᠪᠣᠯᠭᠠᠵᠤ᠂ 《ᠨᠢᠭᠡ ᠭᠤᠣᠯ ᠱᠤᠭᠤᠮ》 ᠢ ᠪᠠᠷᠢᠮᠲᠠᠯᠠᠬᠤ᠂ 《ᠬᠤᠶᠠᠷ ᠲᠦᠷᠢᠮ》 ᠢ ᠲᠤᠭᠤᠱᠢᠯᠠᠭᠤᠯᠬᠤ᠂ 《ᠭᠤᠷᠪᠠᠨ ᠵᠦᠢᠯ》 ᠤᠨ ᠭᠤᠣᠯᠳᠠᠯᠭ᠎ᠠ᠎ᠲᠠᠢ ᠠᠵᠢᠯ᠎ᠢ ᠰᠠᠢᠲᠤᠷ ᠠᠳᠭᠤᠬᠤ᠂ 《ᠲᠦᠷᠪᠡᠨ ᠵᠦᠢᠯ》 ᠤᠨ ᠪᠠᠲᠤᠯᠠᠭ᠎ᠠ᠎ᠶ᠋ᠢᠨ ᠲᠣᠭ᠍ᠲᠠᠴᠠ᠎ᠶ᠋ᠢ ᠰᠠᠢᠲᠤᠷ ᠪᠠᠢᠭᠤᠯᠬᠤ ᠰᠡᠳᠭᠢᠴᠡ ᠶᠣᠰᠣᠭᠠᠷ᠂ ᠲᠤᠭᠤᠱᠢᠯᠠᠭᠤᠯᠤᠨ ᠨᠠᠢᠳᠠᠪᠤᠷᠢᠵᠢᠭᠤᠯᠬᠤ ᠠᠵᠢᠯ᠎ᠢ ᠪᠣᠳᠠᠲᠠᠢ ᠰᠠᠢᠲᠤᠷ ᠠᠳᠭᠤᠨ᠎ᠠ᠃
ᠨᠢᠭᠡ᠂ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠡᠨᠡ ᠬᠦ᠌ ᠭᠤᠣᠯ ᠱᠤᠭᠤᠮ᠎ᠢ ᠪᠠᠲᠤ ᠡᠵᠡᠮᠳᠡᠨ᠎ᠡ᠃ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠪᠣᠯ ᠶᠡᠷᠦᠩᠬᠡᠶ ᠱᠦᠵᠢ ᠰᠢ᠎ᠶ᠋ᠢᠨ ᠫᠢᠩ᠎ᠤᠨ ᠨᠠᠮ᠎ᠤᠨ ᠦᠨᠳᠦᠰᠦᠲᠡᠨ᠎ᠤ ᠣᠨᠣᠯ᠎ᠢ ᠴᠠᠭ ᠦᠶ᠎ᠡ᠎ᠲᠠᠢ ᠵᠡᠷᠭᠡ᠎ᠪᠠᠷ ᠤᠷᠤᠭ᠍ᠰᠢᠯᠠᠭᠤᠯᠬᠤ ᠱᠢᠨ᠎ᠡ᠎ᠶ᠋ᠢ ᠡᠭᠦᠳᠦᠭ᠌ᠰᠡᠨ ᠬᠥᠭ᠌ᠵᠢᠯᠲᠡ ᠮᠥᠨ᠂ ᠮᠠᠷᠺᠰ᠎ᠤᠨ ᠦᠵᠡᠯ᠎ᠤᠨ ᠦᠨᠳᠦᠰᠦᠲᠡᠨ᠎ᠤ ᠣᠨᠣᠯ᠎ᠢ ᠳᠤᠮᠳᠠᠳᠤ ᠤᠯᠤᠰᠴᠢᠯᠠᠭ᠍ᠰᠠᠨ ᠬᠠᠮᠤᠭ᠎ᠤᠨ ᠱᠢᠨ᠎ᠡ ᠦᠷ᠎ᠡ ᠪᠦᠲᠦᠭᠡᠯ ᠮᠥᠨ᠂ ᠱᠢᠨ᠎ᠡ ᠴᠠᠭ ᠦᠶ᠎ᠡ᠎ᠶ᠋ᠢᠨ ᠦᠨᠳᠦᠰᠦᠲᠡᠨ᠎ᠤ ᠠᠵᠢᠯ᠎ᠤᠨ ᠦᠨᠳᠦᠰᠦᠨ ᠵᠢᠷᠤᠮᠯᠠᠯ ᠪᠠ ᠠᠵᠢᠯᠯᠠᠭᠠᠨ᠎ᠤ ᠵᠦᠭ᠌ᠯᠡᠭᠦᠷ ᠮᠥᠨ᠂ ᠦᠨᠳᠦᠰᠦᠲᠡᠨ᠎ᠤ ᠬᠡᠷᠡᠭ ᠡᠷᠭᠢᠯᠡᠬᠦ᠌ ᠵᠥᠪᠯᠡᠯ᠎ᠤᠨ ᠱᠢᠰᠲ᠋ᠧᠮ᠎ᠤᠨ ᠪᠣᠶ ᠪᠥᠬᠦᠶ ᠠᠵᠢᠯ᠎ᠤᠨ ᠵᠤᠷᠢᠯᠲᠠ ᠪᠠ ᠳᠤᠰᠤᠯᠲᠠ ᠮᠥᠨ᠂ ᠡᠨᠡ ᠬᠦ᠌ ᠭᠤᠤᠯ ᠱᠤᠭᠤᠮ᠎ᠢ ᠢᠮᠠᠭ᠍ᠲᠠ ᠦᠨᠳᠦᠰᠦᠲᠡᠨ᠎ᠤ ᠠᠵᠢᠯ᠎ᠤᠨ ᠪᠥᠬᠦ᠌ ᠶᠠᠪᠤᠴᠠ᠂ ᠡᠯ᠎ᠡ ᠭᠤᠭ᠍ᠴᠤᠭ᠎ᠠ᠎ᠳᠤ ᠲᠤᠭᠤᠱᠢᠯᠠᠭᠤᠯᠬᠤ᠎ᠶ᠋ᠢ ᠪᠠᠷᠢᠮᠲᠠᠯᠠᠨ᠎ᠠ᠃
ᠬᠤᠶᠠᠷ᠂ 《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠨᠢᠭᠡᠳᠦᠮᠡᠯ ᠹᠷᠣᠨᠲ᠎ᠤᠨ ᠠᠵᠢᠯ᠎ᠤᠨ ᠲᠦᠷᠢᠮ》 ᠪᠣᠯᠤᠨ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠪᠦᠯᠬᠦᠮᠳᠡᠯ ᠲᠠᠪᠱᠢᠯᠳᠠ᠎ᠶ᠋ᠢ ᠠᠬᠢᠭᠤᠯᠬᠤ ᠲᠦᠷᠢᠮ》 ᠢ ᠨᠠᠷᠢᠨ ᠬᠢᠨᠠᠮᠠᠭᠠᠢ ᠲᠤᠭᠤᠱᠢᠯᠠᠭᠤᠯᠤᠨ ᠨᠠᠢᠳᠠᠪᠤᠷᠢᠵᠢᠭᠤᠯᠤᠨ᠎ᠠ᠃ 《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠨᠢᠭᠡᠳᠦᠮᠡᠯ ᠹᠷᠣᠨᠲ᠎ᠤᠨ ᠠᠵᠢᠯ᠎ᠤᠨ ᠳᠦᠷᠢᠮ》 ᠨᠢ ᠦᠨᠳᠦᠰᠦᠲᠡᠨ᠎ᠤ ᠠᠵᠢᠯ᠂ ᠦᠨᠳᠦᠰᠦᠲᠡᠨ᠎ᠤ ᠬᠡᠷᠡᠭ ᠡᠷᠬᠢᠯᠡᠬᠦ᠌ ᠵᠦᠪᠯᠡᠯ᠎ᠤᠨ ᠠᠵᠢᠯ᠎ᠳᠤ ᠲᠣᠳᠣᠷᠬᠠᠢ ᠲᠣᠭ᠍ᠲᠠᠭᠠᠯ ᠭᠠᠷᠭᠠᠪᠠ᠃ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠪᠦᠯᠬᠦᠮᠳᠡᠯ ᠲᠠᠪᠱᠢᠯᠳᠠ᠎ᠶ᠋ᠢ ᠠᠬᠢᠭᠤᠯᠬᠤ ᠲᠦᠷᠢᠮ》 ᠪᠣᠯ ᠶᠡᠷᠦᠩᠬᠡᠢ ᠱᠦᠵᠢ ᠰᠢ᠎ᠶ᠋ᠢᠨ ᠫᠢᠩ᠎ᠤᠨ ᠦᠨᠳᠦᠰᠦᠲᠡᠨ᠎ᠤ ᠠᠵᠢᠯ᠎ᠤᠨ ᠲᠤᠬᠠᠢ ᠴᠢᠬᠤᠯᠠ ᠥᠭᠦᠯᠡᠯᠲᠡ᠎ᠶ᠋ᠢᠨ ᠵᠣᠷᠢᠭ ᠰᠠᠨᠠᠭ᠎ᠠ ᠪᠣᠯᠤᠨ ᠨᠠᠮ᠎ᠤᠨ ᠲᠥᠪ ᠬᠤᠷᠢᠶᠠᠨ᠎ᠤ ᠦᠨᠳᠦᠰᠦᠲᠡᠨ᠎ᠤ ᠠᠵᠢᠯ᠎ᠤᠨ ᠲᠤᠬᠠᠢ ᠴᠢᠬᠤᠯᠠ ᠶᠡᠭᠡ ᠱᠢᠢᠳᠪᠦᠷᠢᠲᠦ ᠪᠤᠳᠤᠯᠭ᠎ᠠ ᠪᠠᠢᠷᠢᠯᠠᠭᠤᠯᠤᠯᠲᠠ᠎ᠶ᠋ᠢ ᠲᠤᠭᠤᠱᠢᠯᠠᠭᠤᠯᠤᠨ ᠨᠠᠢᠳᠠᠪᠤᠷᠢᠵᠢᠭᠤᠯᠬᠤ ᠴᠢᠬᠤᠯᠠ ᠠᠷᠭ᠎ᠠ ᠬᠡᠮᠵᠢᠶ᠎ᠠ ᠪᠠᠢᠵᠤ᠂ ᠮᠠᠨ᠎ᠤ ᠣᠷᠣᠨ᠎ᠤ ᠦᠨᠳᠦᠰᠦᠲᠡᠨ᠎ᠤ ᠠᠵᠢᠯ᠎ᠢ ᠰᠠᠢᠲᠤᠷ ᠬᠢᠬᠦ᠂ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ᠎ᠳᠤ ᠬᠠᠤᠯᠢᠵᠢᠯ᠎ᠤᠨ ᠪᠠᠲᠤᠯᠠᠭ᠎ᠠ ᠬᠠᠩᠭᠠᠪᠠ᠃ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠬᠡᠷᠡᠭ ᠡᠷᠭᠢᠯᠡᠬᠦ᠌ ᠵᠥᠪᠯᠡᠯ ᠨᠢᠭᠡᠳᠦᠯᠲᠡᠶ ᠲᠥᠯᠥᠪᠯᠡᠨ ᠵᠣᠬᠢᠴᠠᠭᠤᠯᠬᠤ ᠦᠶᠯᠡᠳᠦᠯ᠎ᠢᠶᠠᠨ ᠭᠦᠢᠴᠡᠳ ᠪᠠᠳᠠᠷᠠᠭᠤᠯᠵᠤ᠂ ᠨᠠᠩ ᠪᠣᠳᠠᠲᠠᠶ᠎ᠶ᠋ᠢ ᠡᠷᠬᠢᠮᠯᠡᠭ᠌ᠰᠡᠨ᠂ ᠬᠡᠷᠡᠭ᠌ᠵᠢᠬᠦᠯᠦᠬᠦᠱᠢᠲᠡᠢ᠂ ᠬᠠᠨᠳᠤᠯᠭᠠᠲᠤ ᠴᠢᠨᠠᠷᠲᠠᠶ ᠠᠷᠭ᠎ᠠ ᠬᠡᠮᠵᠢᠶ᠎ᠡ ᠠᠪᠬᠤ᠎ᠪᠠᠷ ᠳᠠᠮᠵᠢᠭᠤᠯᠤᠨ᠂ ᠪᠥᠬᠦ᠌ ᠣᠷᠣᠨ᠎ᠤ ᠡᠯ᠎ᠡ ᠭᠠᠵᠠᠷ ᠣᠷᠣᠨ᠂ ᠡᠯ᠎ᠡ ᠰᠠᠯᠠᠭ᠎ᠠ ᠮᠥᠴᠢᠷ᠎ᠤᠨ 《ᠬᠤᠶᠠᠷ ᠲᠦᠷᠢᠮ》 ᠢ ᠲᠤᠭᠤᠱᠢᠯᠠᠭᠤᠯᠤᠨ ᠨᠠᠢᠳᠠᠪᠤᠷᠢᠵᠢᠭᠤᠯᠬᠤ ᠠᠵᠢᠯ᠎ᠢ ᠭᠦᠨᠵᠡᠭᠡᠢᠷᠡᠭᠦᠯᠦᠨ ᠪᠣᠳᠠᠲᠠᠢᠵᠢᠭᠤᠯᠵᠤ᠂ ᠮᠠᠨ᠎ᠤ ᠣᠷᠣᠨ᠎ᠤ ᠦᠨᠳᠦᠰᠦᠲᠡᠨ᠎ᠤ ᠪᠦᠯᠬᠦᠮᠳᠡᠯ ᠳᠠᠪᠱᠢᠯᠲᠠ᠎ᠶ᠋ᠢᠨ ᠦᠢᠯᠡᠰ᠎ᠤᠨ ᠱᠢᠨ᠎ᠡ᠎ᠶ᠋ᠢ ᠡᠭᠦᠳᠬᠦ᠌ ᠬᠥᠭ᠌ᠵᠢᠯᠲᠡ᠎ᠶ᠋ᠢ ᠲᠠᠰᠤᠷᠠᠯᠲᠠ ᠥᠬᠡᠶ ᠠᠬᠢᠭᠤᠯᠤᠨ᠎ᠠ᠃
ᠭᠤᠷᠪᠠ᠂ 《ᠭᠤᠷᠪᠠᠨ ᠵᠦᠢᠯ》 ᠤᠨ ᠠᠵᠢᠯ᠎ᠢ ᠭᠤᠣᠯᠳᠠᠯᠭ᠎ᠠ ᠪᠣᠯᠭᠠᠨ ᠰᠠᠢᠲᠤᠷ ᠠᠳᠭᠤᠨ᠎ᠠ᠃ ᠨᠢᠭᠡ᠎ᠳᠤ᠂ ᠤᠯᠤᠰ ᠲᠦᠷᠦ᠎ᠶ᠋ᠢᠨ ᠵᠣᠭ᠍ᠰᠣᠴᠠ᠎ᠪᠠᠨ ᠳᠡᠭᠡᠭ᠌ᠰᠢᠯᠡᠭᠦᠯᠵᠦ᠍᠂ ᠶᠡᠷᠦᠩᠬᠡᠢ ᠱᠦᠵᠢ ᠰᠢ᠎ᠶ᠋ᠢᠨ ᠫᠢᠩ᠎ᠤᠨ 《7 · 1》 ᠤ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠂ ᠦᠨᠳᠦᠰᠦᠲᠡᠨ᠎ᠤ ᠠᠵᠢᠯ᠎ᠤᠨ ᠲᠤᠬᠠᠢ ᠴᠢᠬᠤᠯᠠ ᠥᠭᠦᠯᠡᠯᠲᠡ ᠪᠣᠯᠤᠨ ᠥᠪᠥᠷ ᠮᠣᠩᠭᠤᠯ᠎ᠤᠨ ᠲᠤᠬᠠᠢ ᠴᠢᠬᠤᠯᠠ ᠶᠠᠷᠢᠶ᠎ᠠ ᠴᠢᠬᠤᠯᠠ ᠵᠢᠭᠠᠪᠤᠷᠢ ᠴᠣᠬᠤᠯᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠭᠦᠨᠵᠡᠭᠡᠢ ᠰᠤᠷᠤᠯᠴᠠᠨ ᠣᠢᠯᠠᠭᠠᠬᠤ᠎ᠶ᠋ᠢ ᠴᠥᠬᠦᠷᠡᠰᠢ ᠦᠭᠡᠢ ᠪᠠᠢᠩᠭᠤ ᠠᠳᠭᠤᠬᠤ ᠴᠢᠬᠤᠯᠠ ᠶᠡᠭᠡ ᠤᠯᠤᠰ ᠲᠦᠷᠦ᠎ᠶ᠋ᠢᠨ ᠡᠭᠦᠷᠭᠡ ᠪᠣᠯᠭᠠᠨ᠎ᠠ᠃ ᠶᠡᠷᠦᠩᠬᠡᠢ ᠱᠦᠵᠢ ᠰᠢ᠎ᠶ᠋ᠢᠨ ᠫᠢᠩ᠎ᠤᠨ ᠴᠢᠬᠤᠯᠠ ᠶᠠᠷᠢᠶᠠᠨ᠎ᠤ ᠵᠣᠷᠢᠭ ᠰᠠᠨᠠᠭᠠᠨ᠎ᠤ ᠮᠥᠨ ᠴᠢᠨᠠᠷ ᠪᠣᠯᠤᠨ ᠪᠠᠶᠠᠯᠢᠭ ᠠᠭᠤᠯᠤᠭ᠍ᠳᠠᠬᠤᠨ᠎ᠢ ᠭᠦᠨᠵᠡᠭᠡᠢ ᠤᠢ᠍ᠢᠯᠠᠭᠠᠨ ᠡᠵᠡᠮᠱᠢᠵᠦ᠍᠂ ᠨᠠᠮ᠎ᠤᠨ ᠦᠨᠳᠦᠰᠦᠲᠡᠨ᠎ᠤ ᠠᠵᠢᠯ᠎ᠤᠨ ᠱᠢᠨ᠎ᠡ᠎ᠶ᠋ᠢ ᠡᠭᠦᠳᠬᠦ᠌ ᠤᠨᠤᠯ᠎ᠢᠶᠠᠷ ᠦᠨᠡᠨ ᠬᠦ᠌ ᠲᠠᠷᠢᠬᠢ ᠲᠣᠯᠣᠭᠠᠢ᠎ᠪᠠᠨ ᠵᠡᠪᠰᠡᠭ᠌ᠯᠡᠵᠦ᠍᠂ ᠦᠢᠯᠡᠳᠦᠯᠭᠡ᠎ᠪᠠᠨ ᠵᠢᠯᠤᠭᠤᠳᠤᠭᠤᠯᠤᠨ᠂ ᠠᠵᠢᠯ᠎ᠢᠶᠠᠨ ᠠᠬᠢᠭᠤᠯᠤᠨ᠎ᠠ᠃ ᠬᠤᠶᠠᠷ᠎ᠲᠤ᠌᠂ ᠤᠯᠤᠰ ᠲᠦᠷᠦ᠎ᠪᠠᠷ ᠬᠦᠲᠦᠯᠦᠨ ᠳᠠᠭᠠᠭᠤᠯᠬᠤ᠎ᠶ᠋ᠢ ᠪᠠᠷᠢᠮᠲᠠᠯᠠᠵᠤ᠂ ᠲᠥᠪ᠎ᠤᠨ ᠲᠣᠭᠤᠷᠢᠨ ᠪᠠᠢᠴᠠᠭᠠᠵᠤ ᠬᠠᠷᠢᠭᠤ ᠲᠤᠰᠭᠠᠭ᠍ᠰᠠᠨ ᠰᠠᠨᠠᠯ᠎ᠢᠶᠠᠷ ᠴᠡᠭ᠌ᠴᠡᠯᠡᠨ ᠰᠠᠢᠵᠢᠷᠠᠭᠤᠯᠬᠤ ᠠᠵᠢᠯ᠎ᠢ ᠨᠠᠢᠳᠠᠪᠤᠷᠢᠵᠢᠭᠤᠯᠬᠤ᠎ᠶ᠋ᠢ ᠴᠢᠩᠭ᠎ᠠ ᠨᠠᠷᠢᠯᠢᠭ ᠪᠣᠳᠠᠲᠠᠢ ᠠᠳᠭᠤᠵᠤ᠂ ᠨᠠᠮ᠎ᠤᠨ ᠦᠨᠳᠦᠰᠦᠲᠡᠨ᠎ᠤ ᠲᠦᠷᠦ᠎ᠶ᠋ᠢᠨ ᠪᠤᠳᠤᠯᠭ᠎ᠠ᠎ᠶ᠋ᠢ ᠪᠦᠬᠦ᠌ ᠲᠠᠯ᠎ᠠ᠎ᠪᠠᠷ ᠣᠨᠣᠪᠴᠢᠲᠠᠢ ᠲᠤᠭᠤᠱᠢᠯᠠᠭᠤᠯᠤᠨ ᠨᠠᠢᠳᠠᠪᠤᠷᠢᠵᠢᠭᠤᠯᠵᠦ᠍᠂ ᠦᠵᠡᠯ ᠰᠠᠨᠠᠭ᠎ᠠ ᠲᠠᠨᠢᠯᠲᠠ ᠪᠠ ᠠᠵᠢᠯ᠎ᠤᠨ ᠦᠢᠯᠡᠳᠦᠯᠭᠡ ᠳᠤᠮᠳᠠᠬᠢ ᠵᠦᠷᠢᠶ᠎ᠡ᠎ᠶ᠋ᠢ ᠡᠷᠡᠰ ᠵᠠᠯᠠᠷᠠᠭᠤᠯᠤᠨ᠂ ᠴᠡᠭ᠌ᠴᠡᠯᠡᠨ ᠰᠠᠢᠵᠢᠷᠠᠭᠤᠯᠬᠤ ᠠᠵᠢᠯ᠎ᠢ ᠨᠠᠷᠢᠨ ᠬᠢᠨᠠᠮᠠᠭᠠᠢ ᠰᠠᠢᠲᠤᠷ ᠬᠢᠵᠦ᠍᠂ ᠦᠨᠡᠨ ᠪᠣᠳᠠᠲᠠᠢ ᠦᠷ᠎ᠡ ᠪᠦᠲᠦᠮᠵᠢ ᠤᠯᠬᠤ᠎ᠶ᠋ᠢ ᠪᠠᠲᠤᠯᠠᠨ᠎ᠠ᠃ ᠭᠤᠷᠪᠠ᠎ᠳᠤ᠂ ᠠᠷᠭ᠎ᠠ ᠮᠠᠶᠢᠭ᠎ᠤᠨ ᠠᠴᠢᠶᠠᠯᠠᠪᠤᠷᠢ᠎ᠶ᠋ᠢᠨ ᠱᠢᠨ᠎ᠡ᠎ᠶ᠋ᠢ ᠡᠭᠦᠳᠴᠦ᠍᠂ ᠦᠨᠳᠦᠰᠦᠲᠡᠨ᠎ᠤ ᠪᠦᠯᠬᠦᠮᠳᠡᠯ ᠳᠠᠪᠱᠢᠯᠲᠠ᠎ᠶ᠋ᠢ ᠡᠭᠦᠳᠦᠨ ᠪᠠᠢᠭᠤᠯᠬᠤ ᠠᠵᠢᠯ᠎ᠢ ᠥᠷᠭᠡᠨ ᠳᠡᠯᠭᠡᠷ ᠭᠦᠨ ᠭᠦᠨᠵᠡᠭᠡᠶ ᠤᠳᠠᠭᠠᠨ ᠳᠠᠭᠠᠭᠠᠮᠠᠭᠠᠶ ᠥᠷᠨᠢᠭᠦᠯᠦᠨ᠎ᠡ᠃ ᠡᠭᠦᠳᠦᠨ ᠪᠠᠢᠭᠤᠯᠬᠤ ᠠᠵᠢᠯ ᠥᠷᠨᠢᠭᠦᠯᠬᠦ᠌᠎ᠶ᠋ᠢ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ᠎ᠶ᠋ᠢᠨ ᠴᠢᠬᠤᠯᠠ ᠭᠠᠷᠳᠠᠴᠠ ᠪᠣᠯᠭᠠᠨ᠂ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠪᠦᠯᠬᠦᠮᠳᠡᠯ ᠳᠠᠪᠱᠢᠯᠲᠠ᠎ᠶ᠋ᠢ ᠡᠭᠦᠳᠦᠨ ᠪᠠᠢᠭᠤᠯᠬᠤ ᠬᠥᠭ᠌ᠵᠢᠯᠲᠡ᠎ᠶ᠋ᠢᠨ ᠲᠥᠯᠥᠪᠵᠢᠭᠦᠯᠭᠡ》 ᠶ᠋ᠢ ᠨᠠᠢᠷᠠᠭᠤᠯᠤᠨ ᠵᠣᠬᠢᠶᠠᠬᠤ ᠪᠠ ᠰᠠᠢᠲᠤᠷ ᠨᠠᠢᠳᠠᠪᠤᠷᠢᠵᠢᠭᠤᠯᠵᠤ᠂ ᠪᠦᠬᠦ᠌ ᠣᠷᠣᠨ᠎ᠤ ᠡᠯ᠎ᠡ ᠭᠠᠵᠠᠷ ᠣᠷᠣᠨ᠂ ᠡᠯ᠎ᠡ ᠰᠠᠯᠠᠭ᠎ᠠ ᠮᠥᠴᠢᠷ᠎ᠤᠨ ᠪᠣᠳᠠᠲᠠᠶ᠎ᠲᠠᠢ᠎ᠪᠠᠨ ᠤᠶᠠᠯᠳᠤᠭᠤᠯᠤᠨ ᠦᠨᠳᠦᠰᠦᠲᠡᠨ᠎ᠤ ᠪᠦᠯᠬᠦᠮᠳᠡᠯ ᠳᠠᠪᠱᠢᠯᠲᠠ᠎ᠶ᠋ᠢ ᠡᠭᠦᠳᠦᠨ ᠪᠠᠢᠭᠤᠯᠬᠤ ᠠᠷᠭ᠎ᠠ ᠪᠠ ᠠᠴᠢᠶᠠᠯᠠᠪᠤᠷᠢ᠎ᠶ᠋ᠢᠨ ᠱᠢᠨ᠎ᠡ᠎ᠶ᠋ᠢ ᠡᠭᠦᠳᠬᠦ᠌᠎ᠶ᠋ᠢ ᠵᠢᠯᠣᠭᠤᠳᠴᠤ᠌᠂ ᠡᠭᠦᠳᠦᠨ ᠪᠠᠢᠭᠤᠯᠬᠤ ᠠᠭᠤᠯᠭ᠎ᠠ᠎ᠶ᠋ᠢ ᠪᠠᠶᠠᠯᠢᠭ᠍ᠵᠢᠭᠤᠯᠤᠨ᠂ ᠪᠦᠬᠦ᠌ ᠣᠷᠣᠨ᠎ᠤ ᠦᠨᠳᠦᠰᠦᠲᠡᠨ᠎ᠤ ᠪᠦᠯᠬᠦᠮᠳᠡᠯ ᠳᠠᠪᠱᠢᠯᠲᠠ᠎ᠶ᠋ᠢ ᠡᠭᠦᠳᠦᠨ ᠪᠠᠢᠭᠤᠯᠬᠤ ᠠᠵᠢᠯ᠎ᠤᠨ ᠪᠣᠳᠠᠲᠤ ᠦᠷ᠎ᠡ ᠪᠦᠲᠦᠮᠵᠢ ᠪᠠ ᠲᠦᠪᠱᠢᠨ᠎ᠢ ᠳᠡᠭᠡᠭ᠌ᠰᠢᠯᠡᠭᠦᠯᠦᠨ᠎ᠡ᠃
ᠳᠥᠷᠪᠡ᠂ 《ᠲᠦᠷᠪᠡᠨ ᠵᠦᠢᠯ》 ᠤᠨ ᠪᠠᠲᠤᠯᠠᠭ᠎ᠠ᠎ᠶ᠋ᠢᠨ ᠲᠣᠭ᠍ᠲᠠᠴᠠ᠎ᠶ᠋ᠢ ᠪᠠᠢᠭᠤᠯᠤᠨ ᠲᠡᠭᠦᠯᠳᠡᠷᠵᠢᠭᠦᠯᠦᠨ᠎ᠡ᠃ ᠨᠢᠭᠡ᠎ᠳᠤ᠂ ᠦᠨᠳᠦᠰᠦᠲᠡᠨ᠎ᠤ ᠬᠡᠷᠡᠭ ᠡᠷᠬᠢᠯᠡᠬᠦ᠌ ᠵᠥᠪᠯᠡᠯ᠎ᠤᠨ ᠭᠡᠱᠢᠭᠦᠳ᠎ᠤᠨ ᠠᠵᠢᠯ᠎ᠤᠨ ᠲᠣᠭ᠍ᠲᠠᠴᠠ᠎ᠶ᠋ᠢ ᠪᠠᠢᠭᠤᠯᠤᠨ ᠲᠡᠭᠦᠯᠳᠡᠷᠵᠢᠭᠦᠯᠦᠨ᠎ᠡ᠃ ᠦᠨᠳᠦᠰᠦᠲᠡᠨ᠎ᠤ ᠬᠡᠷᠡᠭ ᠡᠷᠭᠢᠯᠡᠬᠦ᠌ ᠵᠥᠪᠯᠡᠯ᠎ᠤᠨ ᠭᠡᠱᠢᠭᠦᠨ ᠨᠢᠬᠡᠴᠢ᠎ᠶ᠋ᠢᠨ ᠠᠵᠢᠯ᠎ᠤᠨ ᠲᠤᠱᠢᠶᠠᠯ ᠬᠠᠷᠢᠭᠤᠴᠠᠯᠭ᠎ᠠ᠂ ᠭᠡᠱᠢᠭᠦᠨ᠎ᠤ ᠲᠦᠷᠢᠮ᠎ᠤᠨ ᠠᠵᠢᠯ᠎ᠤᠨ ᠲᠦᠷᠢᠮ᠎ᠳᠤ ᠪᠥᠬᠦ᠌ ᠲᠠᠯ᠎ᠠ᠎ᠪᠠᠷ ᠵᠠᠰᠠᠪᠤᠷᠢ ᠣᠷᠣᠭᠤᠯᠤᠨ᠎ᠠ᠃ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠬᠡᠷᠡᠭ ᠡᠷᠭᠢᠯᠡᠬᠦ᠌ ᠵᠥᠪᠯᠡᠯ᠎ᠤᠨ ᠭᠡᠱᠢᠭᠦᠳ᠎ᠤᠨ ᠪᠥᠬᠦᠳᠡ ᠬᠤᠷᠠᠯ᠎ᠢ ᠬᠤᠷᠠᠯᠳᠤᠭᠤᠯᠵᠤ᠂ ᠡᠯ᠎ᠡ ᠭᠡᠱᠢᠭᠦᠨ ᠨᠢᠭᠡᠴᠢ᠎ᠶ᠋ᠢᠨ ᠡᠭᠦᠷᠭᠡ ᠬᠠᠷᠢᠭᠤᠴᠠᠯᠭ᠎ᠠ᠎ᠪᠠᠨ ᠭᠦᠢᠴᠡᠳᠭᠡᠨ᠂ ᠱᠢᠨ᠎ᠡ ᠴᠠᠭ ᠦᠶ᠎ᠡ᠎ᠶ᠋ᠢᠨ ᠦᠨᠳᠦᠰᠦᠲᠡᠨ᠎ᠤ ᠠᠵᠢᠯ᠎ᠢ ᠬᠦᠴᠦ᠎ᠪᠠᠨ ᠬᠠᠮᠲᠤᠳᠭᠠᠨ ᠰᠠᠢᠲᠤᠷ ᠬᠢᠬᠦ᠌᠎ᠳᠤ ᠱᠠᠭᠠᠷᠳᠠᠯᠭ᠎ᠠ ᠳᠤᠷᠠᠳᠴᠤ᠌᠂ ᠡᠭᠦᠷᠭᠡ ᠬᠠᠷᠢᠭᠤᠴᠠᠯᠭ᠎ᠠ᠎ᠪᠠᠨ ᠲᠣᠳᠣᠷᠬᠠᠢᠯᠠᠨ᠂ ᠪᠠᠢᠪᠠᠰᠤ ᠵᠣᠬᠢᠬᠤ ᠦᠢᠯᠡᠳᠦᠯ᠎ᠢᠶᠠᠨ ᠦᠨᠡᠨ ᠬᠦ᠌ ᠪᠠᠳᠠᠷᠠᠭᠤᠯᠵᠤ᠂ ᠱᠢᠨ᠎ᠡ ᠴᠠᠭ ᠦᠶ᠎ᠡ᠎ᠳᠤ ᠦᠨᠳᠦᠰᠦᠲᠡᠨ᠎ᠤ ᠠᠵᠢᠯ᠎ᠢ ᠰᠠᠢᠲᠤᠷ ᠬᠢᠬᠦ᠌ ᠬᠦᠴᠦᠷᠬᠡᠭ ᠶᠡᠭᠡ ᠨᠡᠢᠯᠡᠮᠡᠯ ᠬᠦᠴᠦᠨ᠎ᠢ ᠨᠢᠭ᠍ᠲᠠᠷᠠᠭᠤᠯᠤᠨ᠎ᠠ᠃ ᠬᠤᠶᠠᠷ᠎ᠲᠤ᠌᠂ ᠦᠨᠳᠦᠰᠦᠲᠡᠨ᠎ᠤ ᠠᠵᠢᠯ᠎ᠢ ᠬᠢᠨᠠᠨ ᠱᠢᠯᠭᠠᠵᠤ ᠦᠨᠡᠯᠡᠬᠦ᠌ ᠲᠣᠭ᠍ᠲᠠᠴᠠ᠎ᠶ᠋ᠢ ᠪᠠᠢᠭᠤᠯᠤᠨ ᠲᠡᠭᠦᠯᠳᠡᠷᠵᠢᠭᠦᠯᠦᠨ᠎ᠡ᠃ ᠬᠢᠨᠠᠨ ᠱᠢᠯᠭᠠᠵᠤ ᠦᠨᠡᠯᠡᠬᠦ᠌ ᠡᠨᠡ ᠬᠦ᠌ ᠳᠣᠬᠢᠭᠤᠷ ᠪᠠ ᠳᠣᠬᠢᠶᠠᠨ ᠳ᠋ᠧᠩ᠎ᠢ ᠭᠦᠢᠴᠡᠳ ᠰᠠᠢᠲᠤᠷ ᠬᠡᠷᠡᠭ᠌ᠯᠡᠵᠦ᠍᠂ ᠦᠨᠳᠦᠰᠦᠲᠡᠨ᠎ᠤ ᠠᠵᠢᠯ᠎ᠢ ᠬᠢᠨᠠᠨ ᠱᠢᠯᠭᠠᠬᠤ ᠡᠨᠡ ᠬᠦ᠌ ᠵᠥᠭᠡᠯᠡᠨ ᠭᠦᠢᠴᠡᠳᠭᠡᠯ ᠲᠤᠭ᠎ᠠ᠎ᠪᠠᠷ ᠴᠢᠩᠭ᠎ᠠ ᠬᠢᠵᠠᠭᠠᠷᠯᠠᠯ ᠪᠣᠯᠭᠠᠨ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶᠠᠨ᠎ᠤ ᠵᠣᠬᠢᠶᠠᠨ ᠪᠠᠢᠭᠤᠯᠬᠤ ᠬᠡᠯᠲᠡᠰ᠂ ᠨᠢᠭᠡᠳᠦᠮᠡᠯ ᠹᠷᠣᠨᠲ᠎ᠤᠨ ᠬᠡᠯᠲᠡᠰ᠎ᠲᠠᠢ ᠬᠠᠮᠵᠢᠯᠴᠠᠨ᠂ ᠨᠢᠭᠡᠨ ᠢᠵᠢ ᠱᠢᠨᠵᠢᠯᠡᠬᠦ᠌ ᠤᠬᠠᠭᠠᠨᠴᠢ ᠪᠦᠲᠦᠮᠵᠢᠲᠡᠶ ᠬᠢᠨᠠᠨ ᠱᠢᠯᠭᠠᠬᠤ ᠭᠦᠢᠴᠡᠳᠭᠡᠯ ᠲᠤᠭ᠎ᠠ᠎ᠶ᠋ᠢ ᠪᠠᠢᠭᠤᠯᠬᠤ᠎ᠪᠠᠷ ᠳᠠᠮᠵᠢᠨ᠂ ᠪᠤᠰᠤᠳᠴᠢ᠂ ᠲᠥᠪ ᠭᠤᠣᠯᠴᠢ᠂ ᠣᠨᠣᠪᠴᠢᠲᠠᠶ᠎ᠪᠠᠷ ᠡᠯ᠎ᠡ ᠭᠠᠵᠠᠷ ᠣᠷᠣᠨ᠂ ᠡᠯ᠎ᠡ ᠰᠠᠯᠠᠭ᠎ᠠ ᠮᠥᠴᠢᠷ᠎ᠤᠨ ᠦᠨᠳᠦᠰᠦᠲᠡᠨ᠎ᠤ ᠠᠵᠢᠯ᠎ᠢ ᠦᠨᠡᠯᠡᠨ᠎ᠡ᠃ ᠭᠤᠷᠪᠠ᠎ᠳᠤ᠂ ᠦᠨᠳᠦᠰᠦᠲᠡᠨ᠎ᠤ ᠪᠦᠯᠬᠦᠮᠳᠡᠯ ᠳᠠᠪᠱᠢᠯᠲᠠ᠎ᠶ᠋ᠢ ᠡᠭᠦᠳᠦᠨ ᠪᠠᠢᠭᠤᠯᠬᠤ᠎ᠶ᠋ᠢ ᠦᠨᠡᠯᠡᠨ ᠵᠢᠱ᠌ᠢᠵᠦ᠍ ᠮᠠᠭᠠᠳᠯᠠᠨ ᠲᠣᠭ᠍ᠲᠠᠭᠠᠬᠤ ᠲᠣᠭ᠍ᠲᠠᠴᠠ᠎ᠶ᠋ᠢ ᠪᠠᠢᠭᠤᠯᠤᠨ ᠪᠦᠷᠢᠨᠱᠢᠭᠦᠯᠦᠨ᠎ᠡ᠃ ᠤᠯᠤᠰ᠂ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠪᠦᠯᠬᠦᠮᠳᠡᠯ ᠳᠠᠪᠱᠢᠯᠲᠠ᠎ᠶ᠋ᠢᠨ ᠵᠢᠱ᠌ᠢᠶ᠎ᠡ ᠦᠵᠡᠭᠦᠯᠬᠦ᠌ ᠲᠣᠭᠤᠷᠢᠭ᠎ᠤᠨ ᠵᠢᠱ᠌ᠢᠶ᠎ᠡ ᠦᠵᠡᠭᠦᠯᠬᠦ᠌ ᠨᠢᠭᠡᠴᠢ᠎ᠶ᠋ᠢ ᠱᠢᠯᠭᠠᠨ ᠲᠣᠭ᠍ᠲᠠᠭᠠᠬᠤ ᠪᠠᠷᠢᠮᠵᠢᠶ᠎ᠠ ᠪᠠ ᠱᠢᠯᠭᠠᠨ ᠲᠣᠭ᠍ᠲᠠᠭᠠᠬᠤ ᠠᠷᠭ᠎ᠠ᠎ᠶ᠋ᠢ ᠴᠢᠩᠭ᠎ᠠ ᠬᠡᠷᠡᠭ᠌ᠵᠢᠭᠦᠯᠵᠦ᠍᠂ ᠬᠥᠳᠡᠯᠦᠩᠭᠦᠶ ᠬᠠᠮᠢᠶᠠᠷᠤᠯᠲᠠ᠎ᠶ᠋ᠢᠨ ᠳᠦᠷᠢᠮ᠎ᠢ ᠪᠠᠢᠭᠤᠯᠤᠨ᠎ᠠ᠃ ᠠᠢᠮᠠᠭ ᠬᠤᠲᠠ ᠬᠤᠱᠢᠭᠤ ᠱᠢᠶᠠᠨ᠎ᠤ ᠪᠥᠬᠦ᠌ ᠤᠯᠤᠰ᠂ ᠪᠥᠬᠦ᠌ ᠣᠷᠣᠨ᠎ᠤ ᠦᠨᠳᠦᠰᠦᠲᠡᠨ᠎ᠤ ᠪᠦᠯᠬᠦᠮᠳᠡᠯ ᠳᠠᠪᠱᠢᠯᠲᠠ᠎ᠶ᠋ᠢᠨ ᠵᠢᠱ᠌ᠢᠶ᠎ᠡ ᠦᠵᠡᠭᠦᠯᠬᠦ᠌ ᠣᠷᠣᠨ᠎ᠤ ᠵᠢᠱ᠌ᠢᠶ᠎ᠡ ᠦᠵᠡᠭᠦᠯᠬᠦ᠌ ᠨᠢᠭᠡᠴᠢ᠎ᠶ᠋ᠢᠨ ᠤᠯᠤᠰ ᠲᠥᠷᠥ᠎ᠶ᠋ᠢᠨ ᠪᠣᠭᠤᠮᠲᠠ ᠪᠠ ᠬᠢᠨᠠᠨ ᠲᠣᠭ᠍ᠲᠠᠭᠠᠬᠤ ᠪᠣᠭᠤᠮᠲᠠ᠎ᠶ᠋ᠢ ᠰᠠᠢᠲᠤᠷ ᠡᠵᠡᠮᠳᠡᠵᠦ᠍᠂ ᠡᠷᠬᠡ ᠲᠡᠭ᠌ᠰᠢ ᠲᠥᠪ ᠭᠤᠤᠯᠴᠢ᠂ ᠱᠢᠨᠵᠢᠯᠡᠬᠦ᠌ ᠤᠬᠠᠭᠠᠨᠴᠢ ᠵᠦᠶ ᠵᠣᠬᠢᠰᠲᠠᠶ ᠪᠠᠢᠬᠤ᠎ᠶ᠋ᠢ ᠪᠡᠶᠡᠯᠡᠭᠦᠯᠦᠨ᠎ᠡ᠃ ᠳᠥᠷᠪᠡ᠎ᠳᠤ᠂ ᠦᠨᠳᠦᠰᠦᠲᠡᠨ᠎ᠤ ᠬᠠᠤᠯᠢ ᠲᠣᠭ᠍ᠲᠠᠭᠠᠯ ᠲᠥᠷᠥ᠎ᠶ᠋ᠢᠨ ᠪᠣᠳᠣᠯᠭ᠎ᠠ᠎ᠶ᠋ᠢ ᠲᠤᠭᠤᠱᠢᠯᠠᠭᠤᠯᠤᠨ ᠬᠡᠷᠡᠭ᠌ᠵᠢᠭᠦᠯᠦᠭ᠌ᠰᠡᠨ ᠪᠠᠢᠳᠠᠯ᠎ᠳᠤ ᠬᠢᠨᠠᠯᠲᠠ ᠲᠠᠯᠪᠢᠵᠤ ᠪᠠᠢᠴᠠᠭᠠᠬᠤ ᠲᠣᠭ᠍ᠲᠠᠴᠠ᠎ᠶ᠋ᠢ ᠪᠠᠢᠭᠤᠯᠤᠨ ᠪᠦᠷᠢᠨᠱᠢᠭᠦᠯᠦᠨ᠎ᠡ᠃ ᠥᠪᠡᠷᠲᠡᠭᠡᠨ ᠵᠠᠰᠠᠬᠤ ᠣᠷᠣᠨ᠎ᠤ ᠬᠤᠯᠪᠣᠭ᠍ᠳᠠᠯ ᠪᠥᠬᠦᠶ ᠰᠠᠯᠠᠭ᠎ᠠ ᠮᠥᠴᠢᠷ᠎ᠯᠦᠭᠡ ᠨᠢᠭ᠍ᠲᠠ ᠬᠠᠮᠲᠤᠷᠠᠯᠴᠠᠵᠤ᠂ ᠬᠢᠨᠠᠯᠲᠠ ᠳᠡᠯᠪᠢᠨ ᠪᠠᠢᠴᠠᠭᠠᠬᠤ ᠡᠷᠴᠢᠮ᠎ᠢᠶᠠᠨ ᠴᠢᠩᠭᠠᠷᠠᠭᠤᠯᠤᠨ᠂ ᠪᠣᠯᠵᠣᠨ ᠶᠠᠷᠢᠯᠴᠠᠬᠤ᠂ ᠰᠠᠨᠠᠭᠤᠯᠬᠤ᠂ ᠮᠡᠳᠡᠭ᠌ᠳᠡᠬᠦ᠂ ᠬᠠᠷᠢᠭᠤᠴᠠᠯᠭ᠎ᠠ ᠲᠤᠯᠭᠠᠬᠤ ᠵᠡᠷᠭᠡ ᠠᠷᠭ᠎ᠠ ᠪᠠᠷᠢᠯ᠎ᠢ ᠰᠠᠢᠲᠤᠷ ᠬᠡᠷᠡᠭ᠌ᠯᠡᠨ᠂ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ᠎ᠢ ᠱᠠᠯᠠᠪᠲᠠᠭᠤᠯᠤᠨ ᠦᠵᠡᠯ ᠰᠠᠨᠠᠭᠠᠨ᠎ᠤ ᠤᠬᠠᠮᠰᠠᠷ ᠪᠠ ᠦᠢᠯᠡ ᠠᠵᠢᠯᠯᠠᠭ᠎ᠠ᠎ᠶ᠋ᠢᠨ ᠤᠬᠠᠮᠰᠠᠷ᠎ᠢ᠎ᠨᠢ ᠴᠢᠩᠭᠠᠷᠠᠭᠤᠯᠤᠨ᠂ ᠨᠠᠮ᠎ᠤᠨ ᠦᠨᠳᠦᠰᠦᠲᠡᠨ᠎ᠤ ᠳᠤᠬᠠᠢ ᠲᠥᠷᠥ᠎ᠶ᠋ᠢᠨ ᠪᠣᠳᠣᠯᠭ᠎ᠠ᠎ᠶ᠋ᠢᠨ ᠬᠤᠯᠪᠣᠭ᠍ᠳᠠᠯ ᠪᠥᠬᠦᠶ ᠬᠠᠤᠯᠢ ᠲᠣᠭ᠍ᠲᠠᠭᠠᠯ ᠪᠠ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ᠂ ᠵᠠᠰᠠᠭ᠎ᠤᠨ ᠣᠷᠳᠣᠨ᠎ᠤ ᠱᠢᠢᠳᠪᠦᠷᠢᠲᠦ ᠪᠣᠳᠣᠯᠭ᠎ᠠ᠎ᠶ᠋ᠢᠨ ᠪᠠᠢᠷᠢᠯᠠᠭᠤᠯᠤᠯᠲᠠ᠎ᠶ᠋ᠢ ᠨᠠᠢᠳᠠᠪᠤᠷᠢᠵᠢᠭᠤᠯᠤᠨ ᠪᠣᠳᠠᠲᠠᠢᠵᠢᠭᠤᠯᠬᠤ᠎ᠶ᠋ᠢ ᠦᠨᠡᠨ ᠬᠦ᠌ ᠪᠠᠲᠤᠯᠠᠵᠤ᠂ 《ᠵᠢᠱ᠌ᠢᠶᠡᠴᠢ ᠥᠪᠡᠷᠲᠡᠭᠡᠨ ᠵᠠᠰᠠᠬᠤ ᠣᠷᠣᠨ》 ᠤ ᠡᠷᠬᠢᠮ ᠳᠡᠭᠡᠳᠦ ᠢᠷᠠᠭᠤ ᠠᠯᠳᠠᠷ᠎ᠢ ᠡᠷᠡᠰ ᠬᠠᠮᠠᠭᠠᠯᠠᠨ᠎ᠠ᠃