7 ᠰᠠᠷ᠎ᠠ᠎ᠶ᠋ᠢᠨ ᠯᠦᠩ ᠱᠧᠩ ᠵᠤᠸᠠᠩ ᠡᠷᠲᠡᠨ᠎ᠤ ᠪᠠᠯᠭᠠᠰᠤ᠎ᠨᠢ ᠡᠷᠲᠡᠨ᠎ᠤ ᠲᠦᠷᠰᠤ ᠪᠠᠢᠳᠠᠯ ᠢᠶᠠᠷ ᠬᠦᠮᠦᠰ᠎ᠤᠨ ᠡᠮᠦᠨ᠎ᠠ ᠢᠯᠡᠷᠡᠵᠤ᠂ ᠲᠦᠷᠪᠡᠨ ᠵᠦᠭ ᠨᠠᠢᠮᠠᠨ ᠵᠤᠪᠬᠢᠰ᠎ᠤᠨ ᠵᠤᠴᠢᠳ᠎ᠢᠶᠠᠨ ᠤᠭ᠍ᠳᠤᠨ᠎ᠠ᠃ ᠤᠢᠷ᠎ᠠ᠎ᠳᠤ᠂ ᠹᠸᠡᠭ᠌ᠵᠧᠨ ᠬᠤᠳᠠ᠎ᠶ᠋ᠢᠨ ᠯᠦᠩ ᠱᠧᠩ ᠵᠤᠸᠠᠩ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠬᠥᠳᠡᠭᠡ ᠲᠣᠰᠭᠤᠨ᠎ᠤ ᠵᠢᠭᠤᠯᠴᠢᠯᠠᠯ ᠵᠢᠴᠢ ᠶᠧᠪᠡᠩ᠎ᠤᠨ ᠰᠣᠶᠣᠯ᠎ᠤᠨ ᠨᠠᠢᠷ᠎ᠤᠨ ᠡᠬᠢᠯᠡᠯᠲᠡ᠎ᠶ᠋ᠢᠨ ᠶᠣᠰᠣᠯᠠᠯ ᠹᠸᠡᠭ᠌ᠵᠧᠨ ᠬᠤᠳᠠ᠎ᠶ᠋ᠢᠨ ᠯᠦᠩ ᠱᠧᠩ ᠵᠤᠸᠠᠩ ᠪᠠᠯᠭᠠᠰᠤᠨ᠎ᠤ ᠮᠦᠽᠧᠢ᠎ᠶ᠋ᠢᠨ ᠠᠭᠤᠳᠠᠮ ᠲᠠᠯᠠᠪᠠᠢ᠎ᠳᠤ ᠶᠠᠪᠤᠭ᠍ᠳᠠᠪᠠ᠃
ᠲᠣᠰ ᠤᠳᠠᠭᠠᠨ᠎ᠤ ᠠᠵᠢᠯᠯᠠᠭ᠎ᠠ᠎ᠨᠢ 《ᠹᠧᠩᠵᠧᠨ᠎ᠤ ᠶᠧᠪᠡᠩ · ᠥᠪᠥᠷ ᠮᠣᠩᠭᠤᠯ᠎ᠤᠨ ᠦᠨᠦᠷ ᠠᠮᠲᠠ》 ᠪᠠᠷ ᠭᠤᠤᠯ ᠰᠡᠳᠦᠪ ᠪᠣᠯᠭᠠᠵᠤ᠂ ᠹᠸᠡᠭ᠌ᠵᠧᠨ᠎ᠤ ᠶᠧᠪᠡᠩ᠎ᠤᠨ ᠰᠣᠶᠣᠯ᠎ᠢ ᠤᠯᠠᠮ ᠨᠢᠭᠡ ᠠᠯᠬᠤᠮ ᠪᠠᠳᠠᠷᠠᠭᠠᠵᠤ᠂ ᠹᠸᠡᠭ᠌ᠵᠧᠨ᠎ᠤ ᠶᠧᠪᠡᠩ᠎ᠤᠨ ᠠᠵᠤ ᠦᠶ᠋ᠯᠡᠰ᠎ᠤᠨ ᠴᠢᠨᠠᠷ ᠰᠠᠢᠲᠠᠶ ᠬᠥᠭ᠌ᠵᠢᠯᠲᠡ᠎ᠶ᠋ᠢ ᠠᠬᠢᠭᠤᠯᠵᠤ᠂ ᠯᠦᠩ ᠱᠧᠩ ᠵᠤᠸᠠᠩ ᠡᠷᠲᠡᠨ᠎ᠤ ᠪᠠᠯᠭᠠᠰᠤᠨ᠎ᠤ ᠪᠣᠳᠠᠰ᠎ᠤᠨ ᠪᠤᠰᠤ ᠰᠣᠶᠣᠯ᠎ᠤᠨ ᠥᠪ᠎ᠤᠨ ᠰᠣᠶᠣᠯ᠎ᠢ ᠪᠠᠳᠠᠷᠠᠭᠤᠯᠵᠤ᠂ ᠡᠷᠲᠡᠨ᠎ᠤ ᠪᠠᠯᠭᠠᠰᠤᠨ᠎ᠤ ᠬᠥᠳᠡᠭᠡ ᠲᠣᠰᠭᠤᠨ᠎ᠤ ᠵᠢᠭᠤᠯᠴᠢᠯᠠᠯ᠎ᠢ ᠳᠠᠢᠴᠢᠯᠠᠵᠤ᠂ 《ᠹᠸᠡᠭ᠌ᠵᠧᠨ᠎ᠤ ᠶᠧᠪᠡᠩ》 ᠪᠠ 《ᠪᠣᠭᠤᠮᠲᠠ᠎ᠶ᠋ᠢᠨ ᠭᠠᠳᠠᠨᠠᠬᠢ ᠡᠷᠲᠡᠨ᠎ᠤ ᠪᠠᠯᠭᠠᠰᠤ》 ᠭᠡᠬᠦ᠌ ᠡᠨᠡ ᠬᠤᠶᠠᠷ ᠨᠡᠷ᠎ᠡ᠎ᠶ᠋ᠢᠨ ᠬᠠᠭᠤᠳᠠᠰᠤ᠎ᠶ᠋ᠢ ᠨᠠᠩ ᠦᠨ᠎ᠡ ᠴᠡᠨ᠎ᠡ᠎ᠲᠠᠢ᠂ ᠨᠠᠩ ᠨᠥᠯᠥᠭᠡᠯᠡᠬᠦ᠌ ᠬᠦᠴᠦᠨ᠎ᠲᠠᠢ ᠪᠣᠯᠭᠠᠬᠤ᠎ᠶ᠋ᠢ ᠵᠤᠷᠢᠵᠠᠢ᠃
ᠡᠬᠢᠯᠡᠯᠲᠡ᠎ᠶ᠋ᠢᠨ ᠶᠣᠰᠣᠯᠠᠯ᠎ᠤᠨ ᠲᠤᠬᠠᠢ᠎ᠶ᠋ᠢᠨ ᠲᠠᠯᠠᠪᠠᠢ᠎ᠳᠤ᠂ ᠤᠯᠠᠭᠠᠨ ᠳ᠋ᠧᠩᠯᠦ᠍ ᠤᠭ᠍ᠳᠠᠷᠭᠤᠢ᠎ᠳᠤ ᠡᠯᠭᠦᠭ᠌ᠳᠡᠵᠤ᠂ ᠰᠤᠯᠤᠩᠭᠠᠨ ᠦᠡᠭ᠌ᠭᠡ᠎ᠶ᠋ᠢᠨ ᠲᠤᠭ ᠲᠠᠯᠪᠠᠭ᠎ᠠ ᠰᠠᠯᠬᠢᠨ᠎ᠤ ᠠᠶ᠎ᠠ᠎ᠪᠠᠷ ᠨᠠᠮᠢᠷᠠᠵᠤ᠂ ᠲᠦᠷᠪᠡᠨ ᠵᠦᠭ ᠨᠠᠢᠮᠠᠨ ᠵᠣᠪᠬᠢᠰ᠎ᠠᠴᠠ ᠬᠦᠷᠦᠯᠴᠡᠨ ᠢᠷᠡᠭ᠌ᠰᠡᠨ 3 ᠲᠦᠮᠡ ᠭᠠᠷᠤᠢ ᠬᠦᠨᠳᠦᠲᠦ ᠵᠣᠴᠢᠳ᠂ ᠤᠯᠠᠨ ᠲᠦᠮᠡᠨ ᠠᠳᠡ ᠴᠤᠭ᠍ᠯᠠᠷᠠᠵᠤ᠂ ᠬᠥᠭ᠌ᠵᠢᠶᠡᠨ ᠨᠡᠷᠬᠢᠶᠠᠨ᠎ᠢᠶᠠᠷ ᠪᠢᠯᠬᠠᠨ᠎ᠠ᠃ ᠡᠬᠢᠯᠡᠯᠲᠡ᠎ᠶ᠋ᠢᠨ ᠶᠣᠰᠣᠯᠠᠯ᠎ᠨᠢ ᠬᠥᠷ ᠬᠥᠭ᠌ᠵᠢᠶᠡᠨ᠎ᠲᠠᠢ 《ᠯᠤᠤ ᠲᠣᠭ᠍ᠯᠠᠬᠤ》 ᠲᠣᠭ᠍ᠯᠠᠯᠲᠠ ᠳᠤᠮᠳᠠ ᠬᠥᠱᠢᠭᠡ᠎ᠪᠠᠨ ᠰᠡᠬᠦᠵᠦ᠍᠂ ᠳᠠᠷᠠᠭ᠎ᠠ᠎ᠨᠢ ᠶᠠᠩᠭᠠᠷ᠂ ᠨᠤᠤ ᠭᠧ ᠵᠡᠷᠭᠡ ᠭᠦᠨ ᠵᠤᠵᠠᠭᠠᠨ ᠣᠷᠣᠨ ᠨᠤᠲᠤᠭ᠎ᠤᠨ ᠣᠨᠴᠠᠯᠢᠭ᠎ᠲᠠᠢ ᠠᠷᠠᠳ᠎ᠤᠨ ᠤᠷᠠᠨ ᠰᠠᠢᠬᠠᠨ᠎ᠤ ᠲᠣᠭ᠍ᠯᠠᠯᠲᠠ ᠠᠷᠤ ᠠᠷᠤ᠎ᠠᠴᠠ᠎ᠪᠠᠨ ᠶᠠᠪᠤᠭ᠍ᠳᠠᠵᠤ᠂ ᠦᠵᠡᠭ᠌ᠴᠢᠳ᠎ᠤᠨ ᠬᠠᠷᠠᠭ᠎ᠠ ᠰᠤᠨᠤᠷ᠎ᠢ ᠪᠠᠶᠠᠰᠭᠠᠪᠠ; ᠲᠤᠬᠠᠶ᠎ᠶ᠋ᠢᠨ ᠲᠠᠯᠠᠪᠠᠶ᠎ᠳᠤ ᠲᠣᠰ ᠬᠤᠲᠠ᠎ᠶ᠋ᠢᠨ ᠶᠧᠪᠡᠩ᠎ᠤᠨ ᠠᠵᠤ ᠦᠶ᠋ᠯᠡᠰ᠎ᠤᠨ ᠱᠢᠷᠢᠰ ᠱᠢᠯᠭᠠᠷᠠᠭᠤᠯᠬᠤ ᠠᠵᠢᠯᠯᠠᠭ᠎ᠠ ᠳᠤᠮᠳᠠ ᠱᠢᠯᠭᠠᠷᠠᠭᠤᠯᠤᠭ᠍ᠰᠠᠨ 5 ᠲᠤᠰᠠᠭᠠᠷ ᠵᠦᠶ᠋ᠯ᠎ᠤᠨ ᠱᠠᠩᠨᠠᠯ᠂ 11 ᠱᠢᠯᠢᠳᠡᠭ ᠵᠠᠯᠭᠠᠮᠵᠢᠯᠠᠭ᠍ᠴᠢ᠎ᠶ᠋ᠢᠨ ᠱᠠᠩᠨᠠᠯ᠂ 8 ᠱᠢᠨ᠎ᠡ ᠦᠶ᠋ᠯᠡᠳᠬᠦᠨ᠎ᠤ ᠱᠢᠨ᠎ᠡ᠎ᠶ᠋ᠢ ᠡᠭᠦᠳᠦᠭ᠌ᠰᠡᠨ ᠱᠠᠩᠨᠠᠯ᠂ 4 ᠨᠡᠢᠭᠡᠮ᠎ᠳᠤ ᠬᠤᠪᠢ ᠨᠡᠮᠡᠷᠢ ᠦᠵᠡᠭᠦᠯᠦᠭ᠌ᠰᠡᠨ ᠱᠠᠩᠨᠠᠯ᠎ᠢ ᠭᠠᠷᠳᠠᠭᠤᠯᠪᠠ; ᠹᠧᠩᠵᠧᠨ ᠬᠤᠲᠠ᠎ᠶ᠋ᠢᠨ ᠨᠠᠮ᠎ᠤᠨ ᠬᠤᠷᠢᠶᠠᠨ᠎ᠤ ᠱᠦᠵᠢ ᠸᠠᠩ ᠵᠧᠨ ᠬᠠᠶ ᠹᠧᠩᠵᠧᠨ ᠬᠤᠲᠠ᠎ᠶ᠋ᠢᠨ ᠯᠦᠩ ᠱᠧᠩ ᠵᠤᠸᠠᠩ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠬᠥᠳᠡᠭᠡ ᠲᠣᠰᠭᠤᠨ᠎ᠤ ᠵᠢᠭᠤᠯᠴᠢᠯᠠᠯ ᠵᠢᠴᠢ ᠶᠧᠪᠡᠩ᠎ᠤᠨ ᠰᠣᠶᠣᠯ᠎ᠤᠨ ᠨᠠᠢᠷ ᠡᠬᠢᠯᠡᠭ᠌ᠰᠡᠨ᠎ᠢ ᠵᠠᠷᠯᠠᠪᠠ; ᠳᠠᠷᠠᠭ᠎ᠠ᠎ᠨᠢ᠂ ᠡᠬᠢᠯᠡᠯᠲᠡ᠎ᠶ᠋ᠢᠨ ᠶᠣᠰᠣᠯᠠᠯ᠎ᠤᠨ ᠤᠷᠠᠨ ᠰᠠᠢᠬᠠᠨ᠎ᠤ ᠲᠣᠭ᠍ᠯᠠᠯᠲᠠ ᠵᠠᠪᠤᠬ᠍ᠳᠠᠵᠤ᠂ ᠬᠠᠨ ᠤᠯᠤᠰ ᠲᠠᠩ ᠤᠯᠤᠰ᠎ᠤᠨ ᠡᠷᠲᠡᠨ᠎ᠤ ᠬᠥᠭ ᠠᠶᠠᠰ᠎ᠲᠠᠢ ᠡᠬᠢᠯᠡᠯᠲᠡ᠎ᠶ᠋ᠢᠨ ᠪᠥᠵᠢᠭ 《ᠲᠠᠩᠰᠤᠭ ᠰᠠᠢᠬᠠᠨ ᠶᠢᠷᠲᠢᠨᠴᠦ᠍ · ᠠᠮᠤᠷ ᠲᠠᠢᠢᠪᠤᠡᠭ ᠰᠠᠷ᠎ᠠ》 ᠪᠠᠷ ᠬᠥᠱᠢᠭᠡ᠎ᠪᠠᠨ ᠰᠡᠬᠦᠵᠦ᠍᠂ ᠵᠠᠯᠭᠠᠭᠠᠳ ᠪᠥᠵᠢᠭ 《ᠪᠠᠶᠠᠷ ᠬᠥᠷ᠎ᠲᠠᠢ᠎ᠪᠠᠷ ᠨᠢᠭᠡ ᠲᠠᠩᠬᠢᠮ᠎ᠳᠤ ᠴᠤᠭ᠍ᠯᠠᠷᠠᠶᠠ》᠂ ᠳᠠᠭᠤᠤ 《ᠹᠧᠩᠵᠧᠨ᠎ᠤ ᠳᠠᠭᠤᠤ》᠂ ᠪᠥᠵᠢᠭ 《ᠮᠢᠨᠦ᠍ ᠵᠥᠩᠨᠡᠯ᠎ᠢ ᠴᠢ ᠣᠯᠵᠤ ᠰᠣᠨᠣᠰᠤᠭ᠍ᠰᠠᠨ ᠦᠦ》 ᠵᠡᠷᠭᠡ ᠭᠤᠢᠳᠠ ᠰᠠᠢᠬᠠᠨ ᠲᠣᠭ᠍ᠯᠠᠯᠲᠠ᠎ᠨᠢ ᠦᠵᠡᠭ᠌ᠴᠢᠳ᠎ᠲᠤ ᠤᠨᠴᠠ ᠲᠠᠭᠠᠱᠢᠶᠠᠬ᠍ᠳᠠᠬ᠍ᠰᠠᠨ ᠃ ᠡᠬᠢᠯᠡᠯᠲᠡ᠎ᠶ᠋ᠢᠨ ᠶᠣᠰᠣᠯᠠᠯ ᠳᠡᠭᠡᠷ᠎ᠡ ᠪᠠᠰᠠ ᠬᠥᠳᠡᠭᠡ ᠲᠣᠰᠭᠤᠨ᠎ᠤ ᠵᠢᠭᠤᠯᠴᠢᠯᠠᠯ ᠪᠠ ᠲᠠᠷᠢᠶᠠᠯᠠᠩ᠎ᠤᠨ ᠲᠠᠭᠠᠯᠳᠠ ᠪᠦᠲᠦᠭᠡᠭ᠌ᠳᠡᠬᠦᠨ᠎ᠢ ᠳᠡᠯᠭᠡᠨ ᠦᠵᠡᠭᠦᠯᠬᠦ᠂ ᠬᠤᠷᠠᠯ᠎ᠳᠤ ᠣᠷᠣᠯᠴᠠᠭ᠍ᠰᠠᠨ ᠵᠣᠴᠢᠳ ᠮᠦᠽᠧᠢ᠂ ᠶᠧᠪᠡᠩ᠎ᠤᠨ ᠦᠢᠯᠡᠳᠭᠡᠯ᠎ᠤᠨ ᠭᠠᠵᠠᠷ᠎ᠢᠶᠠᠷ ᠲᠤᠭᠤᠷᠢᠨ ᠦᠵᠡᠬᠦ᠌ ᠵᠡᠷᠭᠡ ᠠᠵᠢᠯᠯᠠᠭ᠎ᠠ ᠦᠷᠨᠢᠭᠦᠯᠵᠠᠢ᠃
《ᠠᠵᠢᠯᠯᠠᠭ᠎ᠠ᠎ᠶ᠋ᠢ ᠥᠷᠨᠢᠭᠦᠯᠬᠦ᠌᠎ᠨᠢ ᠤᠯᠠᠨ ᠰᠠᠢᠢᠨ ᠲᠠᠯ᠎ᠠ᠎ᠲᠠᠢ᠂ ᠬᠥᠷ ᠬᠥᠭ᠌ᠵᠢᠶᠡᠨ᠎ᠲᠠᠢ ᠮᠥᠷᠲᠡᠭᠡᠨ ᠮᠠᠨ᠎ᠤ ᠠᠳᠡᠬᠢ ᠠᠷᠠᠯᠵᠢᠶ᠎ᠠ ᠬᠢᠵᠦ᠍ ᠪᠠᠢᠢᠭ᠎ᠠ ᠬᠥᠮᠦᠰ᠎ᠲᠤ ᠵᠣᠴᠢᠨ ᠠᠪᠴᠢᠷᠠᠵᠤ ᠥᠭ᠌ᠳᠡᠭ》 ᠭᠡᠵᠦ᠍ ᠹᠸᠡᠭ᠌ᠵᠧᠨ ᠬᠤᠳᠠ᠎ᠶ᠋ᠢᠨ ᠯᠦᠩ ᠱᠧᠩ ᠵᠤᠸᠠᠩ ᠪᠠᠯᠭᠠᠰᠤ᠎ᠶ᠋ᠢᠨ ᠰᠠᠨ ᠶᠢᠩ ᠹᠠᠩ ᠲᠣᠰᠭᠤᠨ᠎ᠤ ᠠᠷᠠᠳ ᠴᠠᠩ ᠰᠠᠨ ᠬᠤ᠌ ᠶᠠᠷᠢᠨ᠎ᠠ᠃
ᠲᠣᠰ ᠤᠳᠠᠭᠠᠨ᠎ᠤ ᠠᠵᠢᠯᠯᠠᠭ᠎ᠠ᠎ᠨᠢ 8 ᠰᠠᠷ᠎ᠠ᠎ᠶ᠋ᠢᠨ 2 ᠤᠨ ᠡᠳᠦᠷ ᠪᠣᠯᠲᠠᠯ᠎ᠠ ᠶᠠᠪᠤᠭ᠍ᠳᠠᠵᠤ᠂ ᠡᠨᠡ ᠬᠤᠭᠤᠴᠠᠭᠠᠨ᠎ᠳᠤ ᠪᠠᠰᠠ ᠺᠢᠨᠣ᠋ ᠭᠠᠷᠭᠠᠬᠤ᠂ ᠰᠢ ᠳᠠᠭᠤᠷᠢᠯᠢᠭ ᠳᠠᠭᠤᠯᠠᠬᠤ᠂ ᠪᠣᠳᠠᠰ᠎ᠤᠨ ᠪᠤᠰᠤ ᠰᠣᠶᠣᠯ᠎ᠤᠨ ᠥᠪ ᠵᠢᠴᠢ ᠠᠮᠲᠠᠲᠤ ᠢᠳᠡᠭᠡᠨ᠎ᠤ ᠦᠵᠡᠭᠦᠯᠭᠡ ᠵᠡᠷᠭᠡ ᠡᠯᠪᠡᠭ ᠪᠠᠶᠠᠯᠢᠭ ᠠᠭᠤᠯᠭ᠎ᠠ᠎ᠲᠠᠢ ᠠᠵᠢᠯᠯᠠᠭ᠎ᠠ ᠥᠷᠨᠢᠭᠦᠯᠦᠭ᠌ᠰᠡᠨ ᠪᠠᠢᠨ᠎ᠠ᠃

ᠠᠵᠢᠯᠯᠠᠭ᠎ᠠ᠎ᠶ᠋ᠢᠨ ᠠᠬᠤᠢ ᠲᠠᠯᠠᠪᠠᠢ
ᠲᠤᠰ ᠰᠤᠨᠢᠨ᠎ᠤ ᠰᠤᠷᠪᠤᠯᠵᠢᠯᠠᠬ᠍ᠴᠢ ᠬᠠᠢ ᠵᠢᠶᠦ᠋ᠨ ᠰᠡᠬᠦᠳᠡᠷᠯᠡᠪᠡ