ᠦᠪᠡᠷᠳᠡᠭᠡᠨ ᠵᠠᠰᠠᠬᠤ ᠤᠷᠤᠨ᠎ᠤ ᠤᠬᠠᠭᠤᠯᠤᠨ ᠲᠠᠢᠯᠪᠤᠷᠢᠯᠠᠬᠤ ᠪᠦᠯᠬᠦᠮ ᠡᠷᠢᠶᠡᠨ ᠬᠤᠳᠠ᠎ᠳᠤ ᠤᠬᠠᠭᠤᠯᠤᠨ ᠲᠠᠢᠯᠪᠤᠷᠢᠯᠠᠪᠠ
2021-08-09 10:28:41
ᠵᠣᠬᠢᠶᠠᠭ᠍ᠴᠢ᠄
ᠪᠢᠯᠢᠭ᠌ᠪᠡᠭᠠᠳᠤᠷ
ᠣᠩᠱᠢᠭ᠍ᠰᠠᠨ ᠣᠳᠠᠭ᠎ᠠ᠄
★★★☆☆

8 ᠰᠠᠷ᠎ᠠ᠎ᠶ᠋ᠢᠨ 4 ᠎ᠠᠴᠠ 5 ᠎ᠤ ᠡᠳᠦᠷ ᠪᠣᠯᠲᠠᠯ᠎ᠠ᠂ ᠦᠪᠡᠷᠳᠡᠭᠡᠨ ᠵᠠᠰᠠᠬᠤ ᠤᠷᠤᠨ᠎ᠤ ᠶᠡᠷᠦᠩᠬᠡᠢ ᠱᠦᠵᠢ ᠰᠢ᠎ᠶ᠋ᠢᠨ ᠫᠢᠡᠭ᠎ᠤᠨ 《7 · 1》 ᠎ᠤ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠰᠤᠷᠤᠯᠴᠠᠨ ᠲᠣᠭᠤᠱᠢᠯᠠᠭᠤᠯᠬᠤ ᠤᠬᠠᠭᠤᠯᠤᠨ ᠲᠠᠢᠯᠪᠤᠷᠢᠯᠠᠬᠤ ᠪᠦᠯᠬᠦᠮ᠎ᠤᠨ ᠭᠡᠱᠢᠭᠦᠨ᠂ ᠤᠯᠠᠭᠠᠨᠬᠠᠳᠠ ᠬᠤᠳᠠ᠎ᠶ᠋ᠢᠨ ᠨᠠᠮ᠎ᠤᠨ ᠬᠤᠷᠢᠶᠠᠨ᠎ᠤ ᠶᠠᠷᠢᠶ᠎ᠠ ᠲᠠᠢᠯᠤᠮᠵᠢ᠎ᠶ᠋ᠢᠨ ᠪᠦᠯᠬᠦᠮ᠎ᠤᠨ ᠲᠡᠳ᠋ ᠲᠠᠷᠤᠭ᠎ᠠ ᠡᠤ ᠳ᠋ᠦᠡᠭ ᠹᠸᠡᠭ ᠡᠷᠢᠶᠡᠨ ᠬᠤᠳᠠ᠎ᠶ᠋ᠢᠨ ᠪᠠᠢᠭᠤᠯᠭ᠎ᠠ ᠨᠢᠭᠡᠴᠢ᠂ ᠨᠡᠢᠭᠡᠮ ᠲᠤᠭᠤᠷᠢᠭ᠎ᠲᠤ ᠭᠦᠨᠵᠡᠭᠡᠢᠷᠡᠨ᠂ ᠦᠷᠭᠡᠨ ᠤᠯᠠᠨ ᠨᠠᠮ᠎ᠤᠨ ᠭᠡᠱᠢᠭᠦᠨ ᠺᠠᠳ᠋ᠷ ᠤᠯᠠᠨ ᠲᠦᠮᠡᠨ᠎ᠳᠤ ᠶᠡᠷᠦᠩᠬᠡᠢ ᠱᠦᠵᠢ ᠰᠢ᠎ᠶ᠋ᠢᠨ ᠫᠢᠡᠭ᠎ᠤᠨ 《7 · 1》 ᠎ᠤ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠤᠬᠠᠭᠤᠯᠤᠨ ᠲᠠᠢᠯᠪᠤᠷᠢᠯᠠᠵᠠᠢ᠃

ᠡᠷᠢᠶᠡᠨ ᠬᠤᠳᠠ᠎ᠶ᠋ᠢᠨ ᠵᠠᠰᠠᠭ ᠵᠠᠬᠢᠷᠭᠠᠨ᠎ᠤ ᠲᠦᠪ᠎ᠲᠤ ᠡᠤ ᠳ᠋ᠦᠡᠭ ᠹᠸᠡᠭ᠎ᠠᠴᠠ ᠡᠷᠢᠶᠡᠨ ᠬᠤᠳᠠ᠎ᠶ᠋ᠢᠨ ᠨᠠᠮ᠎ᠤᠨ ᠬᠤᠷᠢᠶᠠᠨ᠎ᠤ ᠠᠯᠪᠠᠨ ᠭᠡᠷ᠎ᠤᠨ ᠨᠠᠮ᠎ᠤᠨ ᠭᠡᠱᠢᠭᠦᠨ ᠺᠠᠳ᠋ᠷᠴᠤᠳ᠎ᠲᠤ ᠤᠬᠠᠭᠤᠯᠤᠨ ᠲᠠᠢᠯᠪᠤᠷᠢᠯᠠᠪᠠ᠃ ᠲᠡᠷᠡ ᠶᠡᠷᠦᠩᠬᠡᠢ ᠱᠦᠵᠢ ᠰᠢ᠎ᠶ᠋ᠢᠨ ᠫᠢᠡᠭ᠎ᠤᠨ 《7 · 1》 ᠎ᠤ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠭᠦᠨᠵᠡᠭᠡᠢ ᠤᠢᠯᠠᠭᠠᠵᠤ ᠡᠵᠡᠮᠱᠢᠬᠦ᠌᠎ᠶ᠋ᠢᠨ ᠠᠴᠢ ᠬᠤᠯᠪᠤᠭ᠍ᠳᠠᠯ᠂ ᠲᠤᠳᠤᠭᠠᠲᠤ ᠠᠭᠤᠯᠤᠭ᠍ᠳᠠᠬᠤᠨ᠂ ᠮᠦᠨ ᠴᠢᠨᠠᠷ ᠵᠡᠷᠭᠡ ᠲᠠᠯ᠎ᠠ᠎ᠠᠴᠠ ᠨᠠᠷᠢᠨ ᠭᠦᠨᠵᠡᠭᠡᠢ ᠶᠠᠷᠢᠵᠠᠢ᠃ ᠤᠬᠠᠭᠤᠯᠤᠨ ᠲᠠᠢᠯᠪᠤᠷᠢᠯᠠᠭ᠍ᠰᠠᠨ ᠠᠭᠤᠯᠭ᠎ᠠ᠎ᠨᠢ ᠪᠠᠶᠠᠯᠢᠭ᠂ ᠭᠤᠤᠯ ᠰᠡᠳᠦᠪ᠎ᠨᠢ ᠲᠤᠳᠤᠷᠬᠠᠢ᠂ ᠤᠯᠤᠰ ᠲᠦᠷᠦ᠎ᠶ᠋ᠢᠨ ᠦᠨᠳᠦᠷᠴᠡ᠎ᠲᠠᠢ ᠪᠦᠭᠡᠳ ᠪᠠᠰᠠ ᠤᠨᠤᠯ᠎ᠤᠨ ᠭᠦᠨᠴᠡ᠎ᠲᠠᠢ ᠪᠠᠢᠵᠤ᠂ ᠶᠡᠷᠦᠩᠬᠡᠢ ᠱᠦᠵᠢ ᠰᠢ᠎ᠶ᠋ᠢᠨ ᠫᠢᠡᠭ᠎ᠤᠨ 《7 · 1》 ᠎ᠤ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠭᠦᠨᠵᠡᠭᠡᠢ ᠤᠢᠯᠠᠭᠠᠵᠤ ᠡᠵᠡᠮᠱᠢᠬᠦ᠌᠎ᠳᠤ ᠮᠠᠰᠢ ᠴᠢᠬᠤᠯᠠ ᠬᠦᠳᠦᠯᠦᠮᠵᠢ᠎ᠶ᠋ᠢᠨ ᠦᠢᠯᠡᠳᠦᠯ᠎ᠲᠠᠢ ᠪᠤᠯᠵᠠᠢ᠃

ᠡᠷᠢᠶᠡᠨ ᠬᠤᠳᠠ᠎ᠶ᠋ᠢᠨ ᠨᠠᠮ᠎ᠤᠨ ᠬᠤᠷᠢᠶᠠᠨ᠎ᠤ ᠠᠯᠪᠠᠨ ᠭᠡᠷ᠎ᠤᠨ ᠠᠵᠢᠯᠳᠠᠨ ᠯᠢᠦ ᠳ᠋ᠠᠨ ᠤᠬᠠᠭᠤᠯᠤᠨ ᠲᠠᠢᠯᠪᠤᠷᠢᠯᠠᠬᠤ᠎ᠶ᠋ᠢ ᠰᠤᠨᠤᠰᠤᠭᠠᠳ᠂ ᠠᠭᠤᠤ ᠶᠡᠭᠡ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠨᠢᠭᠡᠨ ᠭᠡᠱᠢᠭᠦᠨ᠂ ᠬᠢᠯᠢ᠎ᠶ᠋ᠢᠨ ᠪᠤᠭᠤᠮᠳᠠ᠎ᠶ᠋ᠢᠨ ᠠᠯᠪᠠᠨ ᠠᠵᠢᠯᠳᠠᠨ ᠪᠤᠯᠤᠭ᠍ᠰᠠᠨ᠎ᠳᠠᠭᠠᠨ ᠮᠠᠰᠢ ᠤᠮᠤᠭ᠍ᠰᠢᠨ ᠵᠤᠷᠢᠭ᠍ᠵᠢᠵᠤ ᠪᠠᠢᠨ᠎ᠠ᠃ ᠬᠤᠢᠱᠢᠳᠠ ᠪᠢ ᠯᠠᠪᠳᠠᠢ ᠠᠭᠤᠤ ᠶᠡᠭᠡ ᠨᠠᠮ ᠪᠠᠢᠭᠤᠯᠬᠤ ᠵᠤᠷᠢᠭ ᠰᠠᠨᠠᠭ᠎ᠠ᠎ᠪᠠᠷ ᠡᠷᠴᠢ ᠬᠦᠴᠦᠨ ᠪᠤᠯᠭᠠᠵᠤ᠂ ᠲᠤᠬᠠᠢᠯᠠᠭ᠍ᠰᠠᠨ ᠠᠵᠢᠯ᠎ᠳᠠᠭᠠᠨ ᠱᠢᠮᠳᠠᠵᠤ᠂ ᠤᠷᠤᠭ᠍ᠰᠢᠯᠠᠨ ᠲᠠᠪᠱᠢᠵᠤ ᠬᠤᠱᠢᠭᠤᠴᠢ ᠪᠤᠯᠬᠤ᠎ᠪᠠᠷ ᠮᠡᠷᠡᠢᠨ᠎ᠡ ᠭᠡᠵᠤ ᠲᠤᠭ᠍ᠳᠤᠯᠤᠩᠬᠠᠨ ᠶᠠᠷᠢᠨ᠎ᠠ᠃

ᠤᠬᠠᠭᠤᠯᠤᠨ ᠲᠠᠢᠯᠪᠤᠷᠢᠯᠠᠵᠤ ᠲᠠᠭᠤᠰᠤᠭ᠍ᠰᠠᠨ᠎ᠤ ᠲᠠᠷᠠᠭ᠎ᠠ᠂ ᠡᠤ ᠳ᠋ᠦᠡᠭ ᠹᠸᠡᠭ ᠪᠠᠰᠠ ᠤᠯᠠᠨ᠎ᠤ ᠰᠡᠳᠭᠢᠯ ᠲᠠᠯᠪᠢᠵᠤ ᠪᠠᠢᠭ᠎ᠠ ᠠᠰᠠᠭᠤᠳᠠᠯ᠎ᠤᠨ ᠲᠤᠭᠤᠷᠢᠨ᠎ᠳᠤ ᠬᠠᠯᠠᠭᠤᠮᠰᠤᠭ᠎ᠢᠶᠠᠷ ᠶᠠᠷᠢᠶ᠎ᠠ ᠦᠷᠨᠢᠭᠦᠯᠵᠦ᠍᠂ ᠲᠡᠳᠡᠨ᠎ᠤ ᠲᠤᠷᠠᠳᠤᠭ᠍ᠰᠠᠨ ᠠᠰᠠᠭᠤᠯᠳᠠ᠎ᠶ᠋ᠢ ᠨᠢᠭᠡᠳ ᠨᠢᠭᠡ᠎ᠪᠠᠷ ᠬᠠᠷᠢᠭᠤᠯᠵᠤ ᠦᠭ᠌ᠴᠠᠢ᠃ ᠲᠡᠷᠡ᠂ ᠵᠠᠯᠠᠭᠤ ᠨᠠᠮ᠎ᠤᠨ ᠭᠡᠱᠢᠭᠦᠳ ᠪᠤᠯ ᠡᠬᠡ ᠤᠯᠤᠰ᠎ᠤᠨ ᠢᠷᠡᠭᠡᠳᠦᠢ᠂ ᠤᠯᠤᠰ ᠤᠷᠤᠨ᠎ᠤ ᠲᠤᠯᠭᠠᠭᠤᠷᠢ ᠮᠦᠨ ᠪᠤᠯᠬᠤᠷ ᠰᠤᠷᠴᠤ᠌ ᠤᠢ᠍ᠢᠯᠠᠭᠠᠵᠤ ᠡᠵᠡᠮᠱᠢᠵᠦ᠍ ᠬᠢᠬᠦ᠌ ᠲᠡᠭᠡᠷ᠎ᠡ ᠢᠯᠡᠭᠦᠭᠡᠨ ᠬᠦᠴᠤ᠌ ᠲᠠᠯᠪᠢᠵᠤ᠂ ᠦᠵᠡᠯᠳᠡ ᠲᠠᠨᠢᠯᠳᠠ᠎ᠪᠠᠨ ᠦᠨᠡᠨ ᠬᠦ᠌ ᠴᠢᠬᠤᠯᠠ ᠶᠠᠷᠢᠶᠠᠨ᠎ᠤ ᠵᠤᠷᠢᠭ ᠰᠠᠨᠠᠭ᠎ᠠ᠎ᠯᠤᠭ᠎ᠠ ᠨᠢᠭᠡᠳᠦᠭᠦᠯᠵᠦ᠍᠂ ᠤᠨᠤᠯ ᠰᠤᠷᠤᠯᠴᠠᠯᠭ᠎ᠠ᠎ᠪᠠᠷ ᠦᠪᠡᠷ᠎ᠢ᠎ᠪᠠᠨ ᠵᠡᠪᠰᠡᠭ᠌ᠯᠡᠵᠦ᠍᠂ ᠴᠢᠬᠤᠯᠠ ᠶᠠᠷᠢᠶᠠᠨ᠎ᠤ ᠵᠤᠷᠢᠭ ᠰᠠᠨᠠᠭ᠎ᠠ᠎ᠶ᠋ᠢ ᠰᠤᠷᠤᠯᠴᠠᠬᠤ᠎ᠶ᠋ᠢ ᠤᠳᠤᠬᠠᠨ᠎ᠤ ᠭᠤᠤᠯᠳᠠᠯᠭ᠎ᠠ᠎ᠲᠠᠢ ᠰᠤᠷᠤᠯᠴᠠᠯᠭ᠎ᠠ᠎ᠶ᠋ᠢᠨ ᠪᠠᠢᠷᠢᠨ᠎ᠳᠤ ᠲᠠᠯᠪᠢᠵᠤ᠂ ᠡᠭᠦᠨ᠎ᠢ᠎ᠪᠠᠨ ᠶᠡᠷᠦᠩᠬᠡᠢ ᠱᠦᠵᠢ ᠰᠢ᠎ᠶ᠋ᠢᠨ ᠫᠢᠡᠭ᠎ᠤᠨ ᠱᠢᠷᠢᠰ ᠴᠢᠬᠤᠯᠠ ᠶᠠᠷᠢᠶᠠᠨ᠎ᠤ ᠵᠤᠷᠢᠭ ᠰᠠᠨᠠᠭ᠎ᠠ᠎ᠯᠤᠭ᠎ᠠ ᠤᠶᠠᠯᠳᠤᠭᠤᠯᠤᠨ᠂ ᠭᠤᠤᠯᠳᠠᠯᠭ᠎ᠠ᠎ᠶ᠋ᠢ ᠤᠢ᠍ᠢᠯᠠᠭᠠᠬᠤ᠂ ᠮᠦᠨ ᠴᠢᠨᠠᠷ᠎ᠢ ᠤᠬᠠᠬᠤ᠎ᠪᠠᠷ ᠬᠦᠴᠦᠯᠡᠵᠦ᠍᠂ ᠦᠷᠭᠡᠨ ᠤᠯᠠᠨ ᠨᠠᠮ᠎ᠤᠨ ᠭᠡᠱᠢᠭᠦᠨ᠂ ᠺᠠᠳ᠋ᠷ ᠤᠯᠠᠨ ᠲᠦᠮᠡᠨ᠎ᠤ ᠤᠢ᠍ᠢᠯᠠᠭᠠᠨ ᠡᠵᠡᠮᠱᠢᠬᠦ᠌᠎ᠶ᠋ᠢ ᠠᠬᠢᠭᠤᠯᠬᠤ ᠬᠡᠷᠡᠭ᠌ᠲᠡᠢ ᠭᠡᠯ᠎ᠠ᠃

ᠶᠠᠷᠢᠯᠴᠠᠭ᠎ᠠ ᠲᠤᠮᠳᠠ᠂ ᠡᠤ ᠳ᠋ᠦᠡᠭ ᠹᠸᠡᠭ ᠪᠠᠰᠠ ᠨᠠᠮ᠎ᠤᠨ ᠭᠡᠱᠢᠭᠦᠨ ᠺᠠᠳ᠋ᠷᠴᠤᠳ ᠬᠡᠷᠬᠢᠨ ᠶᠡᠷᠦᠩᠬᠡᠢ ᠱᠦᠵᠢ ᠰᠢ᠎ᠶ᠋ᠢᠨ ᠫᠢᠡᠭ᠎ᠤᠨ 《7 · 1》 ᠎ᠤ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠰᠤᠷᠴᠤ᠌᠂ ᠤᠬᠠᠵᠤ᠂ ᠭᠦᠨᠵᠡᠭᠡᠢ ᠤᠢ᠍ᠢᠯᠠᠭᠠᠵᠤ ᠨᠡᠪᠲᠡᠷᠡᠳᠡᠯ᠎ᠠ ᠡᠵᠡᠮᠱᠢᠬᠦ᠌ ᠲᠤᠬᠠᠢ ᠰᠠᠨᠠᠯ ᠵᠦᠪᠯᠡᠯᠭᠡ᠎ᠪᠠᠨ ᠲᠡᠪᠱᠢᠭᠦᠯᠪᠡ᠃ ᠲᠡᠷᠡ ᠬᠡᠯᠡᠬᠦ᠌᠎ᠳᠡᠭᠡᠨ᠂ ᠶᠡᠷᠦᠩᠬᠡᠢ ᠱᠦᠵᠢ ᠰᠢ᠎ᠶ᠋ᠢᠨ ᠫᠢᠡᠭ᠎ᠤᠨ 《7 · 1》 ᠎ᠤ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠰᠤᠷᠤᠯᠴᠠᠬᠤ᠎ᠶ᠋ᠢ ᠨᠠᠮ᠎ᠤᠨ ᠲᠡᠤᠬᠡ᠎ᠶ᠋ᠢᠨ ᠰᠤᠷᠤᠯᠴᠠᠯᠭ᠎ᠠ ᠬᠦᠮᠦᠵᠢᠯ᠎ᠤᠨ ᠴᠢᠬᠤᠯᠠ ᠠᠭᠤᠯᠭ᠎ᠠ ᠪᠤᠯᠭᠠᠵᠤ᠂ ᠭᠦᠨᠵᠡᠭᠡᠢ ᠪᠤᠳᠠᠳᠠᠢ ᠬᠠᠳᠠᠩᠱᠢᠳᠠᠯ᠎ᠠ ᠰᠤᠷᠤᠯᠴᠠᠵᠤ᠂ ᠡᠭᠦᠨ᠎ᠤ ᠤᠯᠠᠮ᠎ᠢᠶᠠᠷ ᠨᠠᠮ᠎ᠤᠨ ᠲᠡᠤᠬᠡ᠎ᠶ᠋ᠢᠨ ᠰᠤᠷᠤᠯᠴᠠᠯᠭ᠎ᠠ ᠬᠦᠮᠦᠵᠢᠯ᠎ᠤᠨ ᠠᠭᠤᠯᠭ᠎ᠠ᠎ᠶ᠋ᠢ ᠪᠠᠶᠠᠯᠢᠬ᠍ᠵᠢᠭᠤᠯᠵᠤ᠂ ᠲᠤᠰᠭᠠᠢ ᠰᠡᠳᠦᠪᠳᠤ ᠵᠤᠬᠢᠶᠠᠨ ᠪᠠᠢᠭᠤᠯᠤᠯᠳᠠ᠎ᠶ᠋ᠢᠨ ᠠᠮᠢᠳᠤᠷᠠᠯ᠎ᠤᠨ ᠬᠤᠷᠠᠯ᠎ᠢ ᠦᠷᠨᠢᠭᠦᠯᠵᠦ᠍᠂ 《ᠪᠢ ᠤᠯᠠᠨ ᠲᠦᠮᠡᠨ᠎ᠳᠤ ᠪᠤᠳᠠᠳᠤ ᠶᠠᠪᠤᠳᠠᠯ ᠬᠢᠵᠦ᠍ ᠦᠭ᠌ᠭᠦᠨ᠎ᠡ》 ᠦᠢᠯᠡᠳᠦᠯᠭᠡ᠎ᠶ᠋ᠢᠨ ᠠᠵᠢᠯᠯᠠᠭ᠎ᠠ᠎ᠶ᠋ᠢ ᠪᠤᠳᠠᠳᠠᠢᠵᠢᠭᠤᠯᠤᠨ᠂ ᠨᠠᠮ᠎ᠤᠨ ᠭᠡᠱᠢᠭᠦᠨ ᠺᠠᠳ᠋ᠷᠴᠤᠳ᠎ᠤᠨ ᠨᠠᠮ᠎ᠤᠨ ᠲᠡᠤᠬᠡ᠎ᠶ᠋ᠢ ᠰᠤᠷᠤᠯᠴᠠᠨ ᠶᠤᠰᠤ ᠤᠴᠢᠷ᠎ᠢ ᠤᠢ᠍ᠢᠯᠠᠭᠠᠬᠤ᠂ ᠢᠳᠡᠬᠡᠯ ᠵᠤᠷᠢᠭ᠎ᠢᠶᠠᠨ ᠪᠠᠳᠤᠤᠡᠬᠠᠬᠤ᠂ ᠮᠤᠷᠠᠯ ᠰᠤᠷᠳᠠᠯ᠎ᠢᠶᠠᠨ ᠴᠢᠩᠭᠠᠤᠡᠬᠠᠬᠤ᠂ ᠦᠢᠯᠡᠳᠦᠯᠭᠡ᠎ᠶ᠋ᠢᠨ ᠴᠢᠳᠠᠪᠤᠷᠢ᠎ᠪᠠᠨ ᠲᠡᠭᠡᠭ᠌ᠰᠢᠯᠡᠭᠦᠯᠬᠦ᠌᠎ᠶ᠋ᠢ ᠠᠬᠢᠭᠤᠯᠤᠨ᠂ ᠨᠠᠮ᠎ᠤᠨ ᠲᠡᠤᠬᠡ᠎ᠶ᠋ᠢ ᠰᠤᠷᠤᠯᠴᠠᠵᠤ᠂ ᠵᠤᠷᠢᠭ ᠰᠠᠨᠠᠭ᠎ᠠ᠎ᠶ᠋ᠢ ᠤᠢ᠍ᠢᠯᠠᠭᠠᠨ᠂ ᠪᠤᠳᠠᠳᠤ ᠶᠠᠪᠤᠳᠠᠯ᠎ᠳᠤ ᠱᠢᠭᠤᠷᠬᠠᠢᠯᠠᠵᠤ᠂ ᠱᠢᠨ᠎ᠡ ᠪᠠᠢᠳᠠᠯ᠎ᠢ ᠨᠡᠭᠡᠭᠡᠬᠦ᠌ ᠬᠡᠷᠡᠭ᠌ᠲᠡᠢ᠃ ᠡᠭᠦᠨ᠎ᠤ ᠬᠠᠮᠳᠤ᠂ 《7 · 1》 ᠎ᠤ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠰᠤᠷᠤᠯᠴᠠᠬᠤ᠎ᠶ᠋ᠢ ᠨᠠᠮ᠎ᠤᠨ ᠲᠦᠪ ᠬᠤᠷᠢᠶᠠᠨ᠎ᠤ ᠡᠯ᠎ᠠ ᠲᠦᠷᠦᠯ᠎ᠤᠨ ᠱᠢᠢᠳᠪᠦᠷᠢ ᠪᠠᠢᠷᠢᠯᠠᠭᠤᠯᠤᠯᠳᠠ᠎ᠶ᠋ᠢ ᠲᠤᠭᠤᠱᠢᠯᠠᠭᠤᠯᠤᠨ ᠨᠠᠢᠳᠠᠪᠤᠷᠢᠵᠢᠭᠤᠯᠬᠤ᠂ ᠶᠡᠷᠦᠩᠬᠡᠢ ᠱᠦᠵᠢ ᠰᠢ᠎ᠶ᠋ᠢᠨ ᠫᠢᠡᠭ᠎ᠤᠨ ᠦᠪᠦᠷ ᠮᠤᠩᠭᠤᠯ᠎ᠳᠠᠬᠢ ᠴᠢᠬᠤᠯᠠ ᠶᠠᠷᠢᠶ᠎ᠠ᠎ᠶ᠋ᠢᠨ ᠵᠤᠷᠢᠭ ᠰᠠᠨᠠᠭ᠎ᠠ᠎ᠯᠤᠭ᠎ᠠ ᠨᠢᠭᠡᠳᠦᠭᠦᠯᠵᠦ᠍᠂ ᠢᠳᠡᠬᠡᠯ ᠵᠤᠷᠢᠭ ᠲᠡᠮᠡᠴᠡᠯ᠎ᠤᠨ ᠬᠦᠴᠤᠨ᠎ᠢᠶᠠᠨ ᠲᠠᠢᠴᠢᠯᠠᠵᠤ᠂ ᠵᠢᠪᠬᠤᠭ᠎ᠠ ᠲᠡᠭᠦᠯᠳᠡᠷ᠎ᠢᠶᠠᠷ ᠠᠮᠢ ᠠᠬᠤᠢ᠎ᠶ᠋ᠢ ᠤᠷᠢᠳ᠎ᠢᠶᠠᠷ ᠪᠤᠳᠤᠯᠬᠢᠯᠠᠵᠤ᠂ ᠪᠤᠬᠢᠷᠳᠤᠯ ᠦᠭᠡᠢ᠎ᠪᠠᠷ ᠬᠦᠭ᠌ᠵᠢᠭᠦᠯᠬᠦ᠌᠎ᠪᠠᠷ ᠵᠢᠯᠤᠭᠤᠳᠤᠮᠵᠢ ᠪᠤᠯᠭᠠᠭ᠍ᠰᠠᠨ ᠴᠢᠨᠠᠷ ᠰᠠᠢᠳᠠᠢ ᠬᠦᠭ᠌ᠵᠢᠯᠳᠡ᠎ᠶ᠋ᠢᠨ ᠱᠢᠨ᠎ᠡ ᠵᠠᠮ᠎ᠢᠶᠠᠷ ᠵᠠᠮᠨᠠᠵᠤ᠂ ᠦᠵᠡᠰᠭᠦᠯᠡᠩᠳᠤ ᠰᠠᠢᠬᠠᠨ ᠦᠪᠦᠷ ᠮᠤᠩᠭᠤᠯ᠎ᠢ ᠪᠦᠲᠦᠭᠡᠨ ᠪᠠᠢᠭᠤᠯᠵᠤ᠂ ᠠᠭᠤᠤ ᠶᠡᠭᠡ ᠲᠤᠮᠳᠠᠳᠤ᠎ᠶ᠋ᠢᠨ ᠵᠡᠭᠦᠳᠦ᠎ᠶ᠋ᠢ ᠬᠠᠮᠳᠤ᠎ᠪᠠᠷ ᠲᠡᠷᠭᠡᠯᠱᠢᠭᠦᠯᠬᠦ᠌᠎ᠳᠤ ᠬᠦᠴᠤᠨ ᠵᠢᠳᠬᠦᠯ᠎ᠢᠶᠠᠨ ᠡᠷᠭᠦᠭᠦ᠌ ᠬᠡᠷᠡᠭ᠌ᠲᠡᠢ ᠭᠡᠵᠤ ᠶᠠᠷᠢᠯ᠎ᠠ᠃

ᠡᠤ ᠳ᠋ᠦᠡᠭ ᠹᠸᠡᠭ ᠪᠠᠰᠠ ᠡᠷᠢᠶᠡᠨ ᠬᠤᠳᠠ᠎ᠶ᠋ᠢᠨ ᠬᠦᠬᠡ ᠨᠡᠢᠭᠡᠮ ᠲᠤᠭᠤᠷᠢᠭ᠎ᠤᠨ ᠨᠠᠮ᠎ᠤᠨ ᠭᠡᠱᠢᠭᠦᠳ᠎ᠲᠤ ᠮᠡᠳᠡᠭᠦᠯᠦᠯᠳᠡ ᠬᠢᠵᠦ᠍᠂ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠵᠠᠭᠤᠨ ᠵᠢᠯ᠎ᠤᠨ ᠲᠡᠮᠡᠴᠡᠯ᠎ᠤᠨ ᠭᠡᠷᠡᠯ ᠰᠠᠴᠤᠷᠠᠩᠭᠤᠢ ᠲᠡᠤᠬᠡᠨ ᠵᠠᠮᠨᠠᠯ᠂ ᠠᠭᠤᠤ ᠶᠡᠭᠡ ᠠᠮᠵᠢᠯᠳᠠ ᠪᠦᠲᠦᠮᠵᠢ᠂ ᠡᠷᠬᠢᠮ ᠨᠠᠨᠳᠢᠨ ᠲᠤᠷᠱᠢᠯᠭ᠎ᠠ ᠪᠠ ᠦᠢᠯᠡᠳᠦᠯᠭᠡ᠎ᠶ᠋ᠢᠨ ᠰᠠᠨᠠᠭᠤᠯᠤᠮᠵᠢ᠎ᠶ᠋ᠢ ᠪᠦᠬᠦ᠌ ᠲᠠᠯ᠎ᠠ᠎ᠠᠴᠠ ᠵᠠᠳᠠᠯᠵᠤ᠂ ᠠᠭᠤᠤ ᠶᠡᠭᠡ ᠨᠠᠮ ᠪᠠᠢᠭᠤᠯᠤᠭ᠍ᠰᠠᠨ ᠵᠤᠷᠢᠭ ᠰᠠᠨᠠᠭᠠᠨ᠎ᠤ ᠴᠠᠭ ᠦᠶ᠎ᠡ᠎ᠶ᠋ᠢᠨ ᠦᠨ᠎ᠡ ᠴᠡᠨ᠎ᠡ᠎ᠶ᠋ᠢ ᠶᠠᠷᠢᠵᠤ ᠦᠭ᠌ᠴᠠᠢ᠃

ᠡᠷᠢᠶᠡᠨ ᠬᠤᠳᠠ᠎ᠶ᠋ᠢᠨ ᠬᠦᠬᠡ ᠨᠡᠢᠭᠡᠮ ᠲᠤᠭᠤᠷᠢᠭ᠎ᠤᠨ ᠨᠠᠮ᠎ᠤᠨ ᠠᠵᠢᠯ᠎ᠤᠨ ᠵᠦᠪᠯᠡᠯ᠎ᠤᠨ ᠲᠡᠳ᠋ ᠱᠦᠵᠢ ᠵᠠᠩ ᡁᠢ ᠴᠸᠡᠭ᠄ 《ᠤᠬᠠᠭᠤᠯᠤᠨ ᠲᠠᠢᠯᠪᠤᠷᠢᠯᠠᠬᠤ᠎ᠶ᠋ᠢ ᠰᠤᠨᠤᠰᠤᠭᠠᠳ 〈7 · 1〉 ᠎ᠤ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠳᠤ ᠨᠡᠩ ᠬᠦᠨᠵᠡᠭᠡᠢ ᠲᠠᠨᠢᠯᠲᠠ᠎ᠲᠠᠢ ᠪᠤᠯᠵᠤ᠂ ᠬᠤᠢᠱᠢᠳᠠ᠎ᠶ᠋ᠢᠨ ᠠᠵᠢᠯ᠎ᠳᠠᠭᠠᠨ ᠴᠤ᠌ ᠨᠡᠩ ᠢᠳᠡᠭᠡᠯ᠎ᠲᠠᠢ ᠪᠤᠯᠤᠯ᠎ᠠ᠃ ᠬᠤᠢᠱᠢᠳᠠ ᠠᠷᠠᠳ ᠲᠦᠮᠡᠨ᠎ᠢ ᠲᠡᠭᠡᠳᠦᠯᠡᠬᠦ᠌ ᠬᠦᠭ᠌ᠵᠢᠯᠳᠡ᠎ᠶ᠋ᠢᠨ ᠦᠵᠡᠯᠳᠡ᠎ᠶ᠋ᠢ ᠦᠢᠯᠡᠳᠦᠯᠭᠡᠵᠢᠭᠦᠯᠵᠦ᠍᠂ ᠤᠯᠠᠨ ᠲᠦᠮᠡᠨ᠎ᠤ ᠲᠤᠰᠭᠠᠯ ᠴᠢᠩᠭ᠎ᠠ ᠪᠠᠢᠭ᠎ᠠ ᠵᠦᠢᠯ᠎ᠠᠴᠠ ᠭᠠᠷᠳᠠᠨ᠂ ᠨᠡᠢᠭᠡᠮ ᠲᠤᠭᠤᠷᠢᠭ᠎ᠤᠨ ᠦᠢᠯᠡᠴᠢᠯᠡᠭᠡ ᠪᠤᠯᠤᠨ ᠨᠡᠢᠭᠡᠮ ᠲᠤᠭᠤᠷᠢᠭ᠎ᠤᠨ ᠵᠠᠰᠠᠯᠳᠠ ᠵᠢᠴᠢ ᠦᠨᠳᠦᠰᠦᠨ ᠱᠠᠲᠤᠨ᠎ᠤ ᠵᠤᠬᠢᠶᠠᠨ ᠪᠠᠢᠭᠤᠯᠤᠯᠳᠠ᠎ᠶ᠋ᠢ ᠴᠢᠩᠭᠠᠤᠡᠬᠠᠬᠤ᠎ᠶ᠋ᠢ ᠠᠬᠢᠭᠤᠯᠵᠤ᠂ ᠰᠠᠭᠤᠭᠠᠯᠢ ᠲᠤᠭᠤᠷᠢᠭ᠎ᠤᠨ ᠤᠯᠠᠨ ᠲᠦᠮᠡᠨ᠎ᠳᠤ ᠰᠠᠢᠳᠤᠷ ᠦᠢᠯᠡᠴᠢᠯᠡᠵᠦ᠍᠂ ᠲᠡᠳᠡᠨ᠎ᠤ ᠵᠤᠯ ᠵᠢᠷᠭᠠᠯ᠎ᠤᠨ ᠲᠦᠷᠦᠭ᠌ᠳᠡᠯ᠂ ᠬᠦᠷᠳᠡᠮᠵᠢ᠎ᠶ᠋ᠢᠨ ᠲᠦᠷᠦᠭ᠌ᠳᠡᠯ ᠪᠠ ᠠᠮᠤᠷ ᠲᠦᠪᠱᠢᠨ᠎ᠤ ᠲᠦᠷᠦᠭ᠌ᠳᠡᠯ᠎ᠢ ᠲᠡᠭᠡᠭ᠌ᠰᠢᠯᠡᠭᠦᠯᠬᠦ᠌᠎ᠪᠠᠷ ᠴᠢᠷᠮᠠᠢᠨ ᠠᠵᠢᠯᠯᠠᠨ᠎ᠠ》 ᠭᠡᠯ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号