ᠤᠢ᠍ᠢᠷ᠎ᠠ᠎ᠶ᠋ᠢᠨ ᠵᠢᠯ᠎ᠳᠤ᠂ ᠮᠠᠨ᠎ᠤ ᠤᠷᠤᠨ ᠤᠯᠠᠮᠵᠢᠯᠠᠯᠳᠤ ᠴᠠᠭᠠᠨ ᠢᠳᠡᠭᠡᠨ᠎ᠤ ᠠᠵᠤ ᠦᠢᠯᠡᠰ᠎ᠤᠨ ᠬᠦᠭ᠌ᠵᠢᠯᠳᠡ᠎ᠶ᠋ᠢ ᠲᠠᠬᠡᠳᠤ ᠬᠡᠮᠵᠢᠶ᠎ᠠ᠎ᠪᠠᠷ ᠴᠢᠬᠤᠯᠠᠴᠢᠯᠠᠬ᠍ᠰᠡᠨᠠᠴᠠ 《ᠪᠤᠯᠪᠠᠰᠤᠷᠠᠭᠤᠯᠬᠤ ᠶᠠᠪᠤᠴᠠ᠎ᠨᠢ ᠲᠦᠷᠢᠮᠵᠢᠯ ᠦᠬᠡᠢ᠂ ᠦᠢᠯᠡᠳᠬᠦᠨ᠎ᠨᠢ ᠪᠤᠭᠤᠳᠠᠯ ᠪᠠᠭ᠍ᠯᠠᠭ᠎ᠠ ᠦᠭᠡᠢ᠂ ᠲᠦᠷᠦᠯ ᠲᠡᠮᠲᠡᠭ᠎ᠤᠨ ᠤᠬᠠᠮᠰᠠᠷ᠎ᠢᠶᠠᠷ ᠲᠤᠲᠠᠮᠠᠭ᠂ ᠪᠤᠷᠤᠯᠠᠭᠤᠯᠭ᠎ᠠ᠎ᠶ᠋ᠢᠨ ᠠᠷᠭ᠎ᠠ ᠵᠠᠮ ᠢᠪᠴᠦᠦ᠂ ᠱᠢᠯᠭᠠᠨ ᠪᠠᠢᠴᠠᠭᠠᠵᠤ ᠬᠢᠨᠠᠨ ᠡᠵᠡᠮᠱᠢᠬᠦ᠌᠎ᠳᠤ ᠬᠦᠴᠢᠷᠳᠠᠢ》 ᠪᠠᠢᠭ᠍ᠰᠠᠨ ᠪᠠᠢᠳᠠᠯ᠎ᠢ ᠦᠨᠳᠦᠰᠦᠨ᠎ᠳᠡᠭᠡᠨ ᠬᠤᠪᠢᠷᠠᠭᠤᠯᠪᠠ᠃ ᠤᠳᠤ ᠪᠦᠬᠦ᠌ ᠤᠷᠤᠨ᠎ᠳᠤ ᠢᠳᠡᠭᠡᠨ᠎ᠤ ᠦᠢᠯᠡᠳᠪᠤᠷᠢᠯᠡᠯ᠎ᠤᠨ ᠵᠥᠪᠱᠢᠶᠡᠷᠡᠯ᠎ᠤᠨ ᠦᠨᠡᠮᠯᠡᠯ᠎ᠲᠠᠢ ᠤᠯᠠᠮᠵᠢᠯᠠᠯᠳᠤ ᠴᠠᠭᠠᠨ ᠢᠳᠡᠭᠡᠨ ᠪᠤᠯᠪᠠᠰᠤᠷᠠᠭᠤᠯᠬᠤ 26 ᠠᠵᠤ ᠠᠬᠤᠢᠯᠠᠯ᠂ ᠳᠠᠩᠰᠠᠯᠠᠭᠤᠯᠤᠭ᠍ᠰᠠᠨ ᠤᠯᠠᠮᠵᠢᠯᠠᠯᠳᠤ ᠴᠠᠭᠠᠨ ᠢᠳᠡᠭᠡᠨ ᠪᠤᠯᠪᠠᠰᠤᠷᠠᠭᠤᠯᠬᠤ 1268 ᠦᠢᠯᠡᠳᠭᠡᠯ᠎ᠤᠨ ᠭᠠᠵᠠᠷ᠎ᠲᠠᠢ ᠪᠣᠯᠵᠣ᠂ ᠤᠯᠠᠮᠵᠢᠯᠠᠯᠳᠤ ᠴᠠᠭᠠᠨ ᠢᠳᠡᠭᠡᠨ᠎ᠤ ᠠᠵᠤ ᠦᠢᠯᠡᠰ᠎ᠤᠨ ᠵᠢᠯ᠎ᠤᠨ ᠦᠢᠯᠡᠳᠬᠦᠨ᠎ᠤ ᠥᠷᠲᠡᠭ 15 ᠳ᠋ᠦᠩᠱᠢᠭᠤᠷ ᠲᠥᠭᠦᠷᠢᠭ᠎ᠢ ᠲᠠᠪᠠᠵᠤ ᠪᠠᠢᠨ᠎ᠠ᠃
ᠪᠠᠷᠠᠭᠤᠨ ᠦᠵᠦᠮᠦᠴᠢᠨ ᠬᠤᠱᠢᠭᠤᠨ᠎ᠤ ᠪᠠᠯᠭᠠᠷᠭᠤᠤᠯ ᠪᠠᠯᠭᠠᠰᠤ᠎ᠶ᠋ᠢᠨ ᠠᠷᠢᠭᠤᠨ ᠰᠠᠭᠠᠯᠢ ᠴᠠᠭᠠᠨ ᠢᠳᠡᠭᠡᠨ᠎ᠤ ᠬᠢᠵᠠᠭᠠᠷᠲᠤ ᠺᠤᠮᠫᠠᠨᠢ ᠦᠩᠬᠡᠷᠡᠭ᠌ᠰᠡᠨ᠎ᠳᠤ ᠵᠦᠪᠬᠡᠨ ᠤᠯᠠᠮᠵᠢᠯᠠᠯᠳᠤ ᠴᠠᠭᠠᠨ ᠢᠳᠡᠭᠡᠨ ᠪᠤᠯᠪᠠᠰᠤᠷᠠᠭᠤᠯᠬᠤ ᠵᠢᠵᠢᠭ᠌ᠬᠡᠨ ᠦᠢᠯᠡᠳᠭᠡᠯ᠎ᠤᠨ ᠭᠠᠵᠠᠷ ᠪᠠᠢᠭ᠍ᠰᠠᠨ ᠶᠤᠮ᠃ 2011 ᠤᠨ᠎ᠤ ᠦᠶᠡᠰ 《ᠰᠠᠭᠠᠯᠢ》 ᠬᠡᠮᠡᠬᠦ᠌ ᠴᠠᠭᠠᠨ ᠢᠳᠡᠭᠡᠨ᠎ᠤ ᠳᠡᠯᠭᠡᠭᠦᠷ ᠯᠡ ᠪᠠᠢᠵᠤ᠂ ᠡᠳᠤᠷ᠎ᠲᠤ ᠰᠠᠶᠢ 300 ᠭᠠᠷᠤᠢ ᠵᠢᠩ ᠰᠦ ᠪᠤᠯᠪᠠᠰᠤᠷᠠᠭᠤᠯᠵᠤ ᠪᠠᠢᠵᠠᠢ᠃ 《ᠦᠪᠡᠷᠳᠡᠭᠡᠨ ᠵᠠᠰᠠᠬᠤ ᠤᠷᠤᠨ ᠵᠢᠴᠢ ᠠᠢᠮᠠᠭ ᠬᠤᠱᠢᠭᠤᠨ᠎ᠤ ᠴᠠᠭᠠᠨ ᠢᠳᠡᠭᠡᠨ᠎ᠤ ᠦᠢᠯᠡᠰ᠎ᠢ ᠬᠦᠭ᠌ᠵᠢᠬᠦᠯᠬᠦ᠌ ᠲᠦᠷᠦ᠎ᠶ᠋ᠢᠨ ᠪᠤᠳᠤᠯᠭ᠎ᠠ᠎ᠶ᠋ᠢᠨ ᠳᠡᠮᠵᠢᠯᠭᠡ᠎ᠪᠠᠷ᠂ 2020 ᠤᠨ ᠪᠤᠯᠬᠤ᠎ᠳᠤ ᠮᠠᠨ᠎ᠤ ᠴᠠᠭᠠᠨ ᠢᠳᠡᠭᠡᠨ᠎ᠤ ᠳᠡᠯᠭᠡᠭᠦᠷ ᠳᠡᠰ ᠳᠡᠪᠱᠢᠵᠦ᠍᠂ ᠲᠠᠸᠠᠷ᠎ᠤᠨ ᠲᠡᠮᠲᠡᠭ ᠲᠠᠩᠰᠠᠯᠠᠭᠤᠯᠤᠨ ᠺᠤᠮᠫᠠᠨᠢ ᠪᠠᠢᠭᠤᠯᠤᠨ ᠬᠡᠪᠴᠢᠶᠡᠵᠢᠬᠦᠯᠵᠦ᠍᠂ ᠤᠳᠤ ᠡᠳᠦᠷ᠎ᠲᠤ 3000 ᠵᠢᠩ ᠰᠦ ᠪᠤᠯᠪᠠᠰᠤᠷᠠᠭᠤᠯᠵᠤ ᠪᠠᠢᠨ᠎ᠠ》 ᠬᠡᠵᠤ ᠠᠷᠢᠭᠤᠨ ᠰᠠᠭᠠᠯᠢ ᠴᠠᠭᠠᠨ ᠢᠳᠡᠭᠡᠨ᠎ᠤ ᠬᠢᠵᠠᠭᠠᠷᠲᠤ ᠺᠤᠮᠫᠠᠨᠢ᠎ᠶ᠋ᠢᠨ ᠬᠦᠢᠴᠡᠳᠭᠡᠬᠦ᠌ ᠲᠠᠭᠠᠭᠠᠮᠠᠯ ᠨᠠᠷᠠᠨᠳᠤᠶᠠᠭ᠎ᠠ ᠶᠠᠷᠢᠨ᠎ᠠ᠃ ᠲᠠᠬᠦᠨ᠎ᠤ ᠬᠡᠯᠡᠬᠦ᠌᠎ᠪᠠᠷ᠂ ᠺᠤᠮᠫᠠᠨᠢ᠎ᠨᠢ ᠤᠳᠤ ᠰᠠᠭᠠᠯᠢ᠎ᠶ᠋ᠢᠨ ᠦᠨᠢᠶ᠎ᠡ ᠮᠠᠯᠵᠢᠬᠤ ᠪᠠ ᠴᠠᠭᠠᠨ ᠢᠳᠡᠭᠡᠨ ᠪᠤᠯᠪᠠᠰᠤᠷᠠᠭᠤᠯᠬᠤ᠂ ᠱᠢᠨ᠎ᠡ ᠪᠦᠲᠦᠭᠡᠭ᠌ᠳᠡᠬᠦᠨ ᠰᠤᠳᠤᠯᠤᠨ ᠬᠢᠬᠦ᠂ ᠵᠠᠬ᠎ᠠ ᠲᠠᠯᠬᠡᠬᠦᠷ᠎ᠲᠤ ᠭᠠᠷᠭᠠᠬᠤ ᠵᠡᠷᠭᠡ ᠠᠵᠤ ᠦᠢᠯᠡᠰ᠎ᠤᠨ ᠭᠤᠭ᠍ᠴᠤᠭ᠎ᠠ᠎ᠶ᠋ᠢ ᠪᠦᠷᠢᠯᠳᠦᠭᠦᠯᠦᠨ᠂ 10 ᠪᠠᠢᠡᠭ᠌ᠭᠤ᠎ᠶ᠋ᠢᠨ ᠠᠵᠢᠯᠴᠢᠨ᠎ᠲᠠᠢ ᠪᠦᠭᠡᠳ ᠵᠢᠯ ᠤᠨ ᠪᠤᠷᠤᠯᠠᠭᠤᠯᠭ᠎ᠠ᠎ᠶ᠋ᠢᠨ ᠤᠷᠤᠯᠭ᠎ᠠ 220 ᠲᠦᠮᠡᠨ ᠲᠦᠭᠦᠷᠢᠭ᠎ᠲᠤ ᠬᠦᠷᠴᠦ᠍᠂ ᠵᠢᠯ᠎ᠳᠤ 80 ᠲᠦᠮᠡᠨ ᠲᠦᠭᠦᠷᠢᠭ᠎ᠤᠨ ᠴᠡᠪᠡᠷ ᠤᠷᠤᠯᠭ᠎ᠠ ᠤᠯᠵᠤ ᠪᠠᠢᠨ᠎ᠠ ᠬᠡᠵᠡᠢ᠃
ᠮᠠᠨ᠎ᠤ ᠤᠷᠤᠨ᠎ᠳᠤ ᠠᠷᠢᠭᠤᠨ ᠰᠠᠭᠠᠯᠢ ᠴᠠᠭᠠᠨ ᠢᠳᠡᠭᠡᠨ᠎ᠤ ᠬᠢᠵᠠᠭᠠᠷᠲᠤ ᠺᠤᠮᠫᠠᠨᠢ᠎ᠶ᠋ᠢᠨ ᠨᠠᠷᠠᠨᠳᠤᠶᠠᠭ᠎ᠠ᠎ᠲᠠᠢ ᠠᠳᠠᠯᠢ᠎ᠪᠠᠷ ᠤᠯᠠᠮᠵᠢᠯᠠᠯᠲᠤ ᠴᠠᠭᠠᠨ ᠢᠳᠡᠭᠡᠨ᠎ᠤ ᠦᠢᠯᠡᠰ ᠡᠷᠬᠢᠯᠡᠵᠤ ᠪᠠᠢᠭ᠎ᠠ ᠮᠠᠯᠴᠢᠳ ᠶᠠᠪᠤᠬᠤ ᠲᠤᠳᠤᠮ ᠤᠯᠠᠱᠢᠷᠡᠵᠦ᠍ ᠪᠤᠢ᠃ ᠭᠡᠪᠡᠴᠦ᠍ ᠦᠩᠬᠡᠷᠡᠭ᠌ᠰᠡᠨ᠎ᠳᠤ ᠲᠡᠳᠡᠨ᠎ᠤ ᠤᠯᠠᠩᠬᠢ᠎ᠨᠢ ᠪᠦᠷ ᠭᠡᠷ ᠪᠦᠯᠢ᠎ᠶ᠋ᠢᠨ ᠵᠢᠵᠢᠭ ᠦᠢᠯᠡᠳᠭᠡᠯ᠎ᠤᠨ ᠬᠡᠯᠪᠡᠷᠢ᠎ᠪᠠᠷ ᠡᠵᠡᠩᠨᠡᠵᠤ᠂ ᠤᠯᠠᠮᠵᠢᠯᠠᠯᠲᠤ ᠴᠠᠭᠠᠨ ᠢᠳᠡᠭᠡᠨ᠎ᠤ ᠦᠢᠯᠡᠰ᠎ᠢᠶᠠᠨ ᠪᠠᠷᠢᠮᠵᠢᠶᠠᠵᠢᠭᠤᠯᠬᠤ᠂ ᠡᠷᠴᠢᠮᠵᠢᠬᠦᠯᠬᠦ᠌ ᠪᠠ ᠲᠦᠷᠦᠯ ᠲᠡᠮᠲᠡᠭ᠌ᠵᠢᠭᠦᠯᠬᠦ᠌ ᠲᠠᠨᠢᠯᠳᠠ᠎ᠪᠠᠷ ᠲᠦᠢᠯ᠎ᠤᠨ ᠲᠤᠳᠠᠮᠠᠭ ᠪᠠᠢᠵᠠᠢ᠃ ᠡᠨᠡ ᠬᠦ᠌ ᠪᠠᠢᠳᠠᠯ᠎ᠳᠤ ᠴᠢᠭ᠌ᠯᠡᠭᠦᠯᠦᠨ ᠥᠪᠡᠷᠲᠡᠭᠡᠨ ᠵᠠᠰᠠᠬᠤ ᠣᠷᠣᠨ᠎ᠠᠴᠠ ᠤᠢ᠍ᠢᠷ᠎ᠠ᠎ᠶ᠋ᠢᠨ ᠵᠢᠯ᠎ᠳᠤ 《ᠪᠦᠬᠦ᠌ ᠤᠷᠤᠨ᠎ᠤ ᠤᠯᠠᠮᠵᠢᠯᠠᠯᠲᠤ ᠴᠠᠭᠠᠨ ᠢᠳᠡᠭᠡᠨ᠎ᠤ ᠠᠵᠤ ᠦᠢᠯᠡᠰ᠎ᠤᠨ ᠬᠦᠭ᠌ᠵᠢᠯᠲᠡ᠎ᠶ᠋ᠢ ᠠᠬᠢᠭᠤᠯᠬᠤ ᠠᠷᠭ᠎ᠠ ᠬᠡᠮᠵᠢᠶ᠎ᠡ᠎ᠨᠦᠭᠦᠳ᠎ᠤᠨ ᠲᠤᠬᠠᠢ ᠮᠡᠳᠡᠭ᠌ᠳᠡᠯ》 ᠢ ᠳᠠᠷᠤᠮᠠᠯᠯᠠᠨ ᠲᠠᠷᠬᠠᠭᠠᠵᠤ᠂ 《ᠤᠯᠠᠮᠵᠢᠯᠠᠯᠲᠤ ᠴᠠᠭᠠᠨ ᠢᠳᠡᠭᠡᠨ᠎ᠤ ᠠᠵᠤ ᠦᠢᠯᠡᠰ᠎ᠤᠨ ᠬᠦᠭ᠌ᠵᠢᠯᠲᠡ᠎ᠶ᠋ᠢ ᠠᠬᠢᠭᠤᠯᠬᠤ ᠲᠤᠰᠭᠠᠢ ᠲᠦᠷᠦᠯ᠎ᠤᠨ ᠠᠵᠢᠯᠯᠠᠭᠠᠨ᠎ᠤ ᠲᠦᠰᠦᠯ》 ᠲᠤᠭ᠍ᠲᠠᠭᠠᠨ᠂ ᠤᠯᠠᠮᠵᠢᠯᠠᠯᠲᠤ ᠴᠠᠭᠠᠨ ᠢᠳᠡᠭᠡᠨ᠎ᠤ ᠠᠵᠤ ᠦᠢᠯᠡᠰ᠎ᠢ ᠠᠬᠢᠭᠤᠯᠬᠤ ᠤᠯᠠᠨ ᠵᠦᠢᠯ᠎ᠤᠨ ᠪᠤᠳᠠᠲᠠᠢ ᠠᠷᠭ᠎ᠠ ᠬᠡᠮᠵᠢᠶ᠎ᠡ᠎ᠶ᠋ᠢ ᠬᠡᠷᠡᠭ᠌ᠵᠢᠭᠦᠯᠵᠦ᠍᠂ ᠲᠦᠷᠦ᠎ᠶ᠋ᠢᠨ ᠪᠤᠳᠤᠯᠭ᠎ᠠ᠎ᠶ᠋ᠢᠨ ᠳᠡᠮᠵᠢᠯᠭᠡ᠎ᠶ᠋ᠢᠨ ᠡᠷᠴᠢᠮ᠎ᠢᠶᠠᠨ ᠤᠷᠢᠳᠤ ᠭᠠᠷᠤᠭ᠎ᠠ ᠦᠭᠡᠢ ᠴᠢᠩᠭᠠᠷᠠᠭᠤᠯᠪᠠ᠃ ᠦᠪᠡᠷᠳᠡᠭᠡᠨ ᠵᠠᠰᠠᠬᠤ ᠤᠷᠤᠨ᠎ᠤ ᠤᠯᠠᠮᠵᠢᠯᠠᠯᠲᠤ ᠴᠠᠭᠠᠨ ᠢᠳᠡᠭᠡᠨ᠎ᠤ ᠠᠵᠤ ᠦᠢᠯᠡᠰ᠎ᠤᠨ ᠬᠦᠭ᠌ᠵᠢᠯᠲᠡ᠎ᠶ᠋ᠢ ᠠᠬᠢᠭᠤᠯᠬᠤ ᠲᠤᠰᠭᠠᠢ ᠠᠵᠢᠯᠯᠠᠬᠤ ᠲᠤᠭᠤᠢ᠍ᠢᠯᠠᠩ᠎ᠤᠨ ᠠᠯᠪᠠᠨ ᠭᠡᠷ᠎ᠤᠨ ᠳᠡᠳ᠋ ᠡᠷᠬᠢᠯᠡᠭ᠌ᠴᠢ ᠵᠠᠩ ᠬᠤᠤ᠎ᠶ᠋ᠢᠨ ᠬᠡᠯᠡᠬᠦ᠌᠎ᠪᠠᠷ᠂ ᠪᠦᠬᠦ᠌ ᠤᠷᠤᠨ᠎ᠤ ᠡᠯ᠎ᠠ ᠭᠠᠵᠠᠷ᠎ᠤᠨ᠎ᠬᠢᠨ ᠡᠭᠦᠷᠭᠡ ᠴᠢᠳᠠᠪᠬᠢ᠎ᠶ᠋ᠢᠨ ᠦᠢᠯᠡᠳᠤᠯ᠎ᠢᠶᠠᠨ ᠭᠦᠢᠴᠡᠳ ᠪᠠᠳᠠᠷᠠᠭᠤᠯᠵᠤ᠂ ᠤᠯᠠᠮᠵᠢᠯᠠᠯᠲᠤ ᠴᠠᠭᠠᠨ ᠢᠳᠡᠭᠡᠨ᠎ᠤ ᠤᠯᠠᠮᠵᠢᠯᠠᠯᠲᠤ ᠲᠦᠭᠦᠬᠡᠶ ᠮᠠᠲ᠋ᠧᠷᠢᠶᠠᠯ᠂ ᠤᠯᠠᠮᠵᠢᠯᠠᠯᠲᠤ ᠭᠠᠷ ᠤᠷᠠᠯᠠᠯ᠂ ᠤᠯᠠᠮᠵᠢᠯᠠᠯᠲᠤ ᠪᠤᠯᠪᠠᠰᠤᠷᠠᠭᠤᠯᠬᠤ ᠠᠷᠭ᠎ᠠ ᠬᠡᠯᠪᠡᠷᠢ᠎ᠶ᠋ᠢᠨ 《ᠭᠤᠷᠪᠠᠨ ᠤᠯᠠᠮᠵᠢᠯᠠᠯᠳᠤ》 ᠶ᠋ᠢᠨ ᠣᠨᠴᠠᠯᠢᠭ᠎ᠢ ᠡᠷᠡᠰ ᠪᠠᠷᠢᠮᠲᠠᠯᠠᠨ᠂ ᠲᠥᠷᠥ᠎ᠶ᠋ᠢᠨ ᠪᠣᠳᠣᠯᠭ᠎ᠠ᠎ᠪᠠᠷ ᠲᠡᠮᠵᠢᠬᠦ᠂ ᠪᠠᠯᠠ ᠮᠥᠩᠭᠦ᠎ᠪᠠᠷ ᠨᠥᠬᠦᠪᠥᠷᠢᠯᠡᠬᠦ᠂ ᠪᠡᠯᠡᠳᠭᠡᠮᠵᠢ ᠲᠥᠬᠦᠭᠡᠷᠦᠮᠵᠢ᠎ᠶ᠋ᠢ ᠰᠠᠢᠵᠢᠷᠠᠭᠤᠯᠬᠤ᠂ ᠱᠢᠯᠭᠠᠨ ᠪᠠᠢᠴᠠᠭᠠᠯᠲᠠ ᠬᠢᠨᠠᠨ ᠬᠡᠮᠵᠢᠯᠲᠡ᠎ᠶ᠋ᠢ ᠴᠢᠩᠭᠠᠳᠭᠠᠬᠤ ᠵᠡᠷᠭᠡ ᠠᠯᠢ ᠣᠯᠠᠨ ᠠᠷᠭ᠎ᠠ ᠬᠡᠮᠵᠢᠶ᠎ᠡ᠎ᠪᠠᠷ ᠪᠠᠷᠢᠮᠵᠢᠶ᠎ᠠ᠎ᠶ᠋ᠢᠨ ᠱᠢᠰᠲ᠋ᠧᠮ᠎ᠢ ᠲᠡᠭᠦᠯᠳᠡᠷᠵᠢᠭᠦᠯᠵᠦ᠍᠂ ᠶᠠᠰᠤ ᠴᠢᠨᠠᠷ᠎ᠤᠨ ᠬᠠᠮᠢᠶᠠᠷᠤᠯᠲᠠ᠎ᠶ᠋ᠢᠨ ᠲᠦᠪᠱᠢᠨ᠎ᠢ ᠳᠡᠭᠡᠭ᠌ᠰᠢᠯᠡᠭᠦᠯᠤᠨ ᠣᠷᠣᠨ ᠪᠦᠰᠡ᠎ᠶ᠋ᠢᠨ ᠨᠡᠢᠲᠡ᠎ᠶ᠋ᠢᠨ ᠬᠡᠷᠡᠭ᠌ᠯᠡᠭᠡᠨ᠎ᠤ ᠲᠥᠷᠥᠯ ᠲᠡᠮᠳᠡᠭ᠎ᠢ ᠬᠦᠴᠦᠯᠡᠨ ᠴᠣᠭ᠍ᠴᠠᠯᠠᠵᠤ᠂ ᠤᠯᠠᠮᠵᠢᠯᠠᠯᠲᠤ ᠴᠠᠭᠠᠨ ᠢᠳᠡᠭᠡᠨ᠎ᠤ ᠪᠠᠷᠢᠮᠵᠢᠶᠠᠵᠢᠭ᠍ᠰᠠᠨ᠂ ᠡᠷᠴᠢᠮᠵᠢᠭ᠌ᠰᠡᠨ᠂ ᠲᠥᠷᠥᠯ ᠲᠡᠮᠳᠡᠭ᠌ᠵᠢᠭ᠌ᠰᠡᠨ ᠬᠥᠭ᠌ᠵᠢᠯᠲᠡ᠎ᠶ᠋ᠢ ᠠᠬᠢᠭᠤᠯᠤᠭ᠍ᠰᠠᠨ ᠪᠠᠢᠨ᠎ᠠ ᠬᠡᠵᠡᠢ᠃ ᠠᠷᠢᠭᠤᠨ ᠰᠠᠭᠠᠯᠢ ᠴᠠᠭᠠᠨ ᠢᠳᠡᠭᠡᠨ᠎ᠤ ᠬᠢᠵᠠᠭᠠᠷᠲᠤ ᠺᠤᠮᠫᠠᠨᠢ ᠪᠤᠯ ᠶᠠᠭ ᠡᠨᠡ ᠬᠦ᠌ ᠶᠠᠪᠤᠴᠠ᠎ᠳᠤ ᠬᠦᠭ᠌ᠵᠢᠨ ᠬᠡᠪᠴᠢᠶᠠᠵᠢᠭ᠍ᠰᠡᠨ ᠨᠠᠢᠳᠡᠯᠢᠭ ᠠᠵᠤ ᠠᠬᠤᠢ᠍ᠢᠯᠠᠯ ᠪᠤᠯᠬᠤ ᠶᠤᠮ᠃
ᠡᠨᠡ ᠵᠢᠯ ᠥᠪᠡᠷᠲᠡᠭᠡᠨ ᠵᠠᠰᠠᠬᠤ ᠣᠷᠣᠨ᠎ᠠᠴᠠ 3000 ᠲᠦᠮᠡᠨ ᠲᠥᠭᠦᠷᠢᠭ᠎ᠤᠨ ᠲᠤᠰᠭᠠᠢ ᠪᠡᠯᠡ ᠮᠦᠡᠭ᠌ᠭᠦ ᠪᠠᠭᠤᠯᠭᠠᠵᠤ᠂ ᠭᠤᠤᠯᠳᠠᠭᠤ ᠤᠯᠠᠮᠵᠢᠯᠠᠯᠲᠤ ᠴᠠᠭᠠᠨ ᠢᠳᠡᠭᠡᠨ᠎ᠤ ᠣᠶᠤᠨᠴᠢ ᠪᠤᠷᠤᠯᠠᠭᠤᠯᠭ᠎ᠠ᠎ᠶ᠋ᠢᠨ ᠮᠠᠱᠢᠨ ᠬᠤᠳᠠᠯᠳᠤᠨ ᠠᠪᠬᠤ᠂ ᠤᠯᠠᠮᠵᠢᠯᠠᠯᠲᠤ ᠴᠠᠭᠠᠨ ᠢᠳᠡᠭᠡᠨ᠎ᠢ ᠪᠣᠷᠣᠯᠠᠭᠤᠯᠬᠤ ᠬᠤᠱᠢᠭᠤᠴᠢ ᠳᠡᠯᠭᠡᠭᠦᠷ ᠪᠠᠢᠭᠤᠯᠬᠤ᠂ ᠮᠠᠯᠵᠢᠬᠤ ᠣᠷᠣᠨ᠎ᠤ ᠣᠳᠣᠬᠢᠴᠢᠯᠠᠯᠳᠠ᠎ᠶ᠋ᠢᠨ ᠲᠤᠷᠱᠢᠯᠲᠠ᠎ᠶ᠋ᠢᠨ ᠬᠤᠱᠢᠭᠤᠨ᠎ᠤ ᠤᠯᠠᠮᠵᠢᠯᠠᠯᠲᠤ ᠴᠠᠭᠠᠨ ᠢᠳᠡᠭᠡᠨ᠎ᠤ ᠠᠵᠤ ᠦᠢᠯᠡᠰ᠎ᠤᠨ ᠬᠥᠭ᠌ᠵᠢᠯᠲᠡ᠎ᠶ᠋ᠢ ᠳᠡᠮᠵᠢᠬᠦ᠌ ᠵᠡᠷᠬᠡ᠎ᠳᠤ ᠬᠡᠷᠡᠭ᠌ᠯᠡᠵᠤ ᠪᠠᠢᠨ᠎ᠠ᠃ ᠡᠬᠦᠨ᠎ᠤ ᠬᠠᠮᠳᠤ ᠦᠪᠡᠷᠳᠡᠭᠡᠨ ᠵᠠᠰᠠᠬᠤ ᠤᠷᠤᠨ᠎ᠤ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ᠎ᠶ᠋ᠢᠨ ᠲᠣᠪᠴᠢᠶ᠎ᠠ᠎ᠠᠴᠠ ᠪᠠᠰᠠ ᠤᠯᠠᠮᠵᠢᠯᠠᠯᠳᠤ ᠴᠠᠭᠠᠨ ᠢᠳᠡᠭᠡᠨ ᠪᠤᠯᠪᠠᠰᠤᠷᠠᠭᠤᠯᠬᠤ ᠲᠦᠷᠦᠬᠦᠤ ᠪᠦᠯᠦᠭ᠎ᠤᠨ ᠲᠤᠷᠱᠢᠯᠳᠠ᠎ᠶ᠋ᠢᠨ ᠴᠡᠭ᠎ᠤᠨ ᠦᠢᠯᠡᠳᠭᠡᠯ᠎ᠤᠨ ᠭᠠᠵᠠᠷ᠎ᠲᠤ 20 ᠱᠢᠷᠢᠰ᠎ᠤᠨ 108 ᠵᠦᠢᠯ᠎ᠤᠨ ᠱᠢᠨ᠎ᠠ ᠬᠡᠪ ᠬᠡᠷᠡᠭ᠌ᠰᠡᠯ ᠬᠠᠨᠭ᠌ᠭᠠᠨ᠂ ᠲᠦᠷᠦᠬᠦᠤ ᠪᠦᠯᠦᠭ᠎ᠤᠨ ᠲᠤᠷᠱᠢᠯᠲᠠ ᠬᠢᠵᠦ᠍ ᠵᠢᠱ᠌ᠢᠶ᠎ᠡ ᠦᠵᠡᠭᠦᠯᠬᠦ᠌ 160 ᠨᠢᠬᠡᠴᠢ᠎ᠳᠤ ᠲᠦᠷᠦ᠎ᠶ᠋ᠢᠨ ᠪᠤᠳᠤᠯᠭ᠎ᠠ᠎ᠶ᠋ᠢᠨ ᠨᠦᠬᠦᠪᠤᠷᠢ ᠤᠯᠭᠤᠬᠤ ᠵᠡᠷᠬᠡ ᠠᠵᠢᠯ᠎ᠢᠶᠠᠨ ᠭᠠᠷᠳᠠᠨ ᠬᠢᠵᠤ ᠡᠬᠢᠯᠡᠭ᠌ᠰᠡᠨ᠎ᠢᠶᠠᠷ ᠪᠠᠷᠠᠬᠤ ᠦᠬᠡᠢ ᠢᠳᠡᠭᠡᠨ᠎ᠤ ᠠᠮᠤᠷ ᠲᠦᠪᠱᠢᠨ᠎ᠤ ᠬᠤᠷᠢᠭ᠎ᠠ ᠱᠤᠭᠤᠮ᠎ᠢ ᠪᠠᠳᠤᠯᠠᠵᠤ᠂ ᠪᠦᠬᠦ᠌ ᠤᠷᠤᠨ᠎ᠤ ᠪᠤᠢ ᠪᠦᠬᠦᠢ ᠴᠠᠭᠠᠨ ᠢᠳᠡᠭᠡᠨ ᠪᠤᠯᠪᠠᠰᠤᠷᠠᠭᠤᠯᠬᠤ ᠦᠢᠯᠡᠳᠭᠡᠯ᠎ᠤᠨ ᠭᠠᠵᠠᠷ᠎ᠢ ᠬᠠᠮᠤᠷᠤᠭ᠍ᠰᠠᠨ ᠨᠡᠢᠳᠡ 4000 ᠪᠦᠯᠦᠭ ᠤᠳᠠᠭ᠎ᠠ᠎ᠶ᠋ᠢᠨ ᠤᠯᠠᠮᠵᠢᠯᠠᠯᠳᠤ ᠴᠠᠭᠠᠨ ᠢᠳᠡᠭᠡᠨ᠎ᠢ ᠱᠢᠯᠭᠠᠨ ᠪᠠᠢᠴᠠᠭᠠᠵᠤ ᠬᠢᠨᠠᠨ ᠬᠡᠮᠵᠢᠬᠦ᠌ ᠠᠵᠢᠯ᠎ᠢᠶᠠᠨ ᠡᠬᠢᠯᠡᠬᠦᠯᠪᠠ᠃ ᠡᠬᠦᠨ᠎ᠳᠤ ᠠᠢᠮᠠᠭ ᠬᠤᠳᠠ᠎ᠶ᠋ᠢᠨ ᠱᠢᠯᠭᠠᠨ ᠪᠠᠢᠴᠠᠭᠠᠯᠲᠠ ᠬᠢᠨᠠᠨ ᠬᠡᠮᠵᠢᠯᠲᠡ᠎ᠶ᠋ᠢᠨ ᠪᠠᠢᠭᠤᠯᠤᠮᠵᠢ᠎ᠳᠤ ᠨᠠᠢᠳᠠᠵᠤ ᠪᠠᠢᠭᠠᠳ 3000 ᠪᠦᠯᠦᠭ ᠤᠳᠠᠭ᠎ᠠ᠎ᠶ᠋ᠢᠨ ᠤᠯᠠᠮᠵᠢᠯᠠᠯᠳᠤ ᠴᠠᠭᠠᠨ ᠢᠳᠡᠭᠡᠨ᠎ᠳᠤ ᠶᠡᠷᠤᠳᠡ᠎ᠶ᠋ᠢᠨ ᠱᠢᠯᠭᠠᠨ ᠪᠠᠢᠴᠠᠭᠠᠯᠳᠠ ᠬᠢᠵᠤ᠂ ᠦᠯᠡᠳᠡᠭ᠌ᠰᠡᠨ 1000 ᠪᠦᠯᠦᠭ ᠤᠳᠠᠭ᠎ᠠ᠎ᠳᠤ ᠴᠠᠭᠠᠨ ᠢᠳᠡᠭᠡᠨ᠎ᠤ ᠦᠢᠯᠡᠳᠬᠦᠨ᠎ᠤ ᠪᠦᠬᠦ᠌ ᠠᠵᠤ ᠦᠢᠯᠡᠰ᠎ᠤᠨ ᠬᠡᠯᠬᠢᠶ᠎ᠡ᠎ᠶ᠋ᠢᠨ ᠱᠢᠯᠭᠠᠨ ᠪᠠᠢᠴᠠᠭᠠᠯᠳᠠ᠂ ᠶᠠᠰᠤ ᠴᠢᠨᠠᠷ᠎ᠤᠨ ᠠᠮᠤᠷ ᠲᠦᠪᠱᠢᠨ᠎ᠤ ᠱᠢᠯᠭᠠᠨ ᠪᠠᠢᠴᠠᠭᠠᠯᠳᠠ ᠵᠢᠴᠢ ᠱᠢᠮ᠎ᠠ ᠲᠠᠵᠢᠬᠡᠯ᠎ᠤᠨ ᠪᠦᠷᠢᠯᠳᠦᠬᠦᠨ᠎ᠤ ᠱᠢᠯᠭᠠᠨ ᠪᠠᠢᠴᠠᠭᠠᠯᠳᠠ ᠬᠢᠬᠦ᠌ ᠪᠤᠯᠤᠨ᠎ᠠ᠃
《ᠤᠯᠠᠮᠵᠢᠯᠠᠯᠲᠤ ᠴᠠᠭᠠᠨ ᠢᠳᠡᠭᠡᠨ᠎ᠤ ᠠᠵᠤ ᠦᠢᠯᠡᠰ ᠪᠣᠯ ᠮᠠᠨ᠎ᠤ ᠤᠷᠤᠨ᠎ᠤ ᠣᠨᠴᠠᠯᠢᠭ᠍ᠲᠤ ᠠᠵᠤ ᠦᠢᠯᠡᠰ ᠮᠦᠨ᠂ ᠲᠤᠰ ᠤᠳᠠᠭ᠎ᠠ᠎ᠶ᠋ᠢᠨ ᠪᠠᠭᠤᠯᠭᠠᠭ᠍ᠰᠠᠨ 3000 ᠲᠦᠮᠡᠨ ᠲᠥᠭᠦᠷᠢᠭ᠎ᠤᠨ ᠲᠤᠰᠭᠠᠢ ᠪᠡᠯᠡ ᠮᠥᠩᠭᠦ᠎ᠨᠢ ᠪᠦᠬᠦ᠌ ᠤᠷᠤᠨ᠎ᠤ ᠤᠯᠠᠮᠵᠢᠯᠠᠯᠲᠤ ᠴᠠᠭᠠᠨ ᠢᠳᠡᠭᠡᠨ᠎ᠤ ᠠᠵᠤ ᠦᠢᠯᠡᠰ᠎ᠤᠨ ᠬᠥᠭ᠌ᠵᠢᠯᠲᠡ᠎ᠳᠤ ᠱᠢᠨ᠎ᠡ ᠬᠥᠳᠡᠯᠭᠡᠬᠦ᠌ ᠬᠦᠴᠦᠨ ᠨᠡᠮᠡᠷᠢᠯᠡᠬᠦ᠌᠎ᠨᠢ ᠯᠠᠪᠳᠠᠢ》 ᠬᠡᠵᠤ ᠵᠠᠩ ᠬᠤᠤ ᠢᠳᠡᠬᠡᠯ ᠲᠠᠬᠦᠯᠳᠡᠷ ᠶᠠᠷᠢᠵᠠᠢ᠃ ᠤᠳᠤ ᠮᠠᠨ᠎ᠤ ᠤᠷᠤᠨ᠎ᠤ ᠤᠯᠠᠮᠵᠢᠯᠠᠯᠳᠤ ᠴᠠᠭᠠᠨ ᠢᠳᠡᠭᠡᠨ᠎ᠤ ᠠᠵᠤ ᠦᠢᠯᠡᠰ᠎ᠤᠨ ᠵᠢᠯ᠎ᠤᠨ ᠲᠦᠭᠦᠬᠡᠢ ᠰᠦ ᠪᠤᠯᠪᠠᠰᠤᠷᠠᠭᠤᠯᠬᠤ ᠬᠡᠮᠵᠢᠶ᠎ᠠ 16 ᠲᠦᠮᠡᠨ ᠳᠤᠨ᠎ᠳᠤ ᠬᠦᠷᠴᠦ᠍᠂ ᠵᠢᠱ᠌ᠢᠯᠳᠠ᠎ᠪᠠᠷ 2 — 3 ᠵᠢᠯ᠎ᠤᠨ ᠲᠠᠷᠠᠭ᠎ᠠ᠂ ᠮᠠᠨ᠎ᠤ ᠤᠷᠤᠨ᠎ᠤ ᠤᠯᠠᠮᠵᠢᠯᠠᠯᠳᠤ ᠴᠠᠭᠠᠨ ᠢᠳᠡᠭᠡᠨ᠎ᠤ ᠠᠵᠤ ᠦᠢᠯᠡᠰ᠎ᠤᠨ ᠵᠢᠯ᠎ᠤᠨ ᠦᠢᠯᠡᠳᠬᠦᠨ᠎ᠤ ᠦᠷᠳᠡᠭ 30 ᠳ᠋ᠦᠩᠱᠢᠭᠤᠷ ᠲᠦᠬᠦᠷᠢᠭ᠎ᠢ ᠲᠠᠪᠠᠵᠤ᠂ ᠠᠵᠢᠯ ᠤᠯᠭᠤᠬᠤ ᠬᠦᠮᠦᠨ᠎ᠤ ᠲᠤᠭ᠎ᠠ᠎ᠨᠢ ᠤᠳᠤ᠎ᠶ᠋ᠢᠨ 4000 ᠭᠠᠷᠤᠢ ᠬᠦᠮᠦᠨ᠎ᠠᠴᠠ ᠨᠡᠮᠡᠭ᠌ᠳᠡᠬᠡᠳ ᠲᠦᠮᠡᠨ ᠬᠦᠮᠦᠨ᠎ᠢ ᠲᠠᠪᠠᠭ᠍ᠤ ᠪᠤᠯᠤᠨ᠎ᠠ᠃