ᠰᠠᠭᠤᠭᠠᠯᠢ ᠠᠷᠠᠳ᠎ᠤᠨ ᠤᠴᠢᠷ᠎ᠲᠤ ᠦᠪᠠᠷ᠎ᠤᠨ᠎ᠢᠶᠠᠨ ᠤᠴᠢᠷ ᠱᠢᠭ᠋ ᠬᠠᠨᠳᠤᠨ᠎ᠠ
2021-09-15 11:17:48
ᠵᠣᠬᠢᠶᠠᠭ᠍ᠴᠢ᠄
ᠬᠤᠸᠠᠩ ᠹᠦ᠋ ᠮᠧᠢ ᠱᠢᠶᠠᠨ ᠭᠦᠸᠧ ᠢᠦᠢ
ᠣᠩᠱᠢᠭ᠍ᠰᠠᠨ ᠣᠳᠠᠭ᠎ᠠ᠄
★★★☆☆

— ᠦᠪᠡᠷᠳᠡᠭᠡᠨ ᠵᠠᠰᠠᠬᠤ ᠤᠷᠤᠨ᠎ᠤ ᠱᠢᠯᠢᠳᠡᠭ ᠨᠠᠮ᠎ᠤᠨ ᠠᠵᠢᠯᠲᠠᠨ ᠭᠤᠤ ᠱᠢᠤᠸᠠᠢ ᠴᠢᠨ᠎ᠢ ᠲᠠᠮᠳᠡᠭ᠌ᠯᠡᠪᠠ

ᠦᠷᠯᠦᠭᠡ ᠡᠷᠲᠡ ᠠᠵᠢᠯᠯᠠᠬᠤ ᠴᠠᠭ ᠠᠷᠠᠢ ᠪᠣᠯᠤᠭᠠᠳᠤᠢ᠎ᠪᠠᠷ ᠤᠯᠠᠭᠠᠨᠴᠠᠪ ᠬᠤᠳᠠ᠎ᠶ᠋ᠢᠨ ᠵᠢᠨᠢᠩ ᠲᠣᠭᠤᠷᠢᠭ᠎ᠤᠨ ᠴᠢᠤᠸᠠᠨ ᠱᠠᠨ ᠵᠡᠭᠡᠯᠢ ᠭᠤᠳᠤᠮᠵᠢ᠎ᠶ᠋ᠢᠨ ᠴᠠᠬᠠᠷ ᠨᠡᠢᠭᠡᠮ ᠲᠣᠭᠤᠷᠢᠭ᠎ᠤᠨ ᠨᠠᠮ᠎ᠤᠨ ᠶᠡᠷᠦᠩᠬᠡᠢ ᠡᠭᠦᠷ᠎ᠤᠨ ᠱᠦᠵᠢ ᠭᠤᠤ ᠱᠢᠤᠸᠠᠢ ᠴᠢᠨ ᠰᠠᠭᠤᠭᠠᠯᠢ ᠠᠷᠠᠳ ᠶᠠᠩ ᡁᠢ ᠶᠦᠩ᠎ᠳᠤ 《ᠬᠠᠱᠢᠭ᠍ᠳᠠᠪᠠ》᠃ ᠤᠤᠯ᠎ᠨᠢ᠂ ᠨᠡᠢᠭᠡᠮ ᠲᠣᠭᠤᠷᠢᠭ᠎ᠤᠨ ᠬᠠᠷᠢᠶᠠᠨ᠎ᠳᠠᠬᠢ ᠴᠢᠤᠸᠠᠨ ᠱᠠᠨ ᠰᠠᠭᠤᠭᠠᠯᠢ ᠲᠣᠭᠤᠷᠢᠭ᠎ᠲᠤ ᠤᠰᠤ ᠭᠤᠭᠤᠵᠢᠭ᠍ᠰᠠᠨ᠎ᠠᠴᠠ ᠬᠠᠯᠠᠭᠤᠨ ᠰᠡᠳᠭᠢᠯᠳᠤ ᠰᠠᠭᠤᠭᠠᠯᠢ ᠠᠷᠠᠳ ᠶᠠᠩ ᡁᠢ ᠶᠦᠩ ᠰᠠᠭᠤᠭᠠᠯᠢ ᠲᠣᠭᠤᠷᠢᠭ᠎ᠤᠨ ᠤᠯᠠᠨ ᠲᠦᠮᠡᠨ᠎ᠢ ᠳᠠᠢᠴᠢᠯᠠᠨ ᠪᠡᠯᠡ ᠮᠥᠩᠭᠦ᠌ ᠴᠤᠭ᠍ᠯᠠᠭᠤᠯᠤᠨ ᠰᠡᠯᠪᠢᠨ ᠵᠠᠰᠠᠭ᠍ᠰᠠᠨ ᠪᠠᠢᠵᠠᠢ᠃ ᠲᠡᠷᠡ ᠦᠨᠦᠳᠦᠷ ᠭᠤᠤ ᠱᠢᠤᠸᠠᠢ ᠴᠢᠨ᠎ᠢ ᠡᠷᠢᠵᠦ᠍ ᠢᠷᠡᠭ᠌ᠰᠡᠨ᠎ᠨᠢ ᠪᠡᠯᠡ ᠮᠥᠩᠭᠦ᠌ ᠴᠤᠭ᠍ᠯᠠᠭᠤᠯᠤᠭ᠍ᠰᠠᠨ ᠵᠢᠴᠢ ᠰᠡᠯᠪᠢᠨ ᠵᠠᠰᠠᠭ᠍ᠰᠠᠨ ᠪᠠᠢᠳᠠᠯ᠎ᠢᠶᠠᠨ ᠰᠠᠭᠤᠭᠠᠯᠢ ᠲᠣᠭᠤᠷᠢᠭ᠎ᠤᠨ ᠨᠠᠢᠵᠠ᠎ᠶ᠋ᠢᠨ ᠲᠤᠭᠤᠷᠢᠭ᠎ᠲᠤ ᠵᠠᠷᠯᠠᠨ ᠨᠡᠢᠲᠡᠯᠡᠬᠦ᠌᠎ᠶ᠋ᠢᠨ ᠲᠥᠯᠥᠭᠡ ᠪᠠᠢᠯ᠎ᠠ᠃

《ᠮᠢᠨᠦ᠍ ᠡᠳᠦᠷ ᠪᠦᠷᠢ᠎ᠶ᠋ᠢᠨ ᠬᠠᠮᠤᠭ᠎ᠤᠨ ᠤᠯᠠᠨ ᠬᠢᠳᠡᠭ ᠠᠵᠢᠯ ᠪᠣᠯ ᠳᠠᠷᠤᠢ ᠡᠷᠢᠵᠦ᠍ ᠢᠷᠡᠭ᠌ᠰᠡᠨ ᠤᠯᠠᠨ ᠲᠦᠮᠡᠨ᠎ᠢ ᠬᠦᠯᠢᠶᠡᠨ ᠠᠪᠬᠤ ᠶᠠᠪᠤᠳᠠᠯ ᠪᠣᠯᠤᠨ᠎ᠠ》᠃ ᠡᠨᠡ ᠵᠢᠯ 36 ᠨᠠᠰᠤᠲᠠᠢ ᠭᠤᠤ ᠱᠢᠤᠸᠠᠢ ᠴᠢᠨ ᠤᠴᠢᠷ ᠶᠠᠪᠤᠳᠠᠯ᠎ᠳᠤ ᠪᠤᠱᠢᠭᠤ ᠱᠠᠯᠠᠮᠠᠭᠠᠢ ᠪᠠᠢᠵᠤ᠂ ᠪᠦᠬᠦ᠋ᠢᠯᠡ ᠨᠡᠢᠭᠡᠮ ᠲᠣᠭᠤᠷᠢᠭ᠎ᠤᠨ᠎ᠢᠶᠠᠨ ᠭᠤᠤᠯᠯᠠᠬᠤ ᠬᠦᠴᠦᠨ ᠪᠣᠯᠤᠨ᠎ᠠ᠃ 2021 ᠣᠨ᠎ᠳᠤ᠂ ᠭᠤᠤ ᠱᠢᠤᠸᠠᠢ ᠴᠢᠨ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠱᠢᠯᠢᠳᠡᠭ ᠨᠠᠮ᠎ᠤᠨ ᠠᠵᠢᠯᠳᠠᠨ》 ᠎ᠢᠶᠠᠷ ᠦᠨᠡᠯᠡᠭ᠌ᠳᠡᠵᠠᠢ᠃ ᠲᠡᠷᠡ᠄ 《ᠨᠡᠢᠭᠡᠮ ᠲᠣᠭᠤᠷᠢᠭ᠎ᠨᠢ ᠤᠯᠠᠮᠵᠢᠯᠠᠯᠲᠤ ᠰᠠᠭᠤᠭᠠᠯᠢ ᠠᠷᠠᠳ᠎ᠤᠨ ᠵᠥᠪᠯᠡᠯ᠎ᠲᠠᠢ ᠠᠳᠠᠯᠢ ᠦᠭᠡᠢ ᠪᠣᠯᠵᠠᠢ᠃ ᠤᠳᠤ᠎ᠶ᠋ᠢᠨ ᠨᠡᠢᠭᠡᠮ ᠲᠣᠭᠤᠷᠢᠭ᠎ᠤᠨ ᠠᠵᠢᠯ ᠡᠯ᠎ᠡ ᠲᠠᠯ᠎ᠠ᠎ᠲᠠᠢ ᠪᠦᠷ ᠬᠤᠯᠪᠣᠭ᠍ᠳᠠᠵᠤ᠂ ᠶᠡᠭᠡ᠎ᠠᠴᠠ ᠠᠷᠠᠳ᠎ᠤᠨ ᠶᠠᠪᠤᠳᠠᠯ᠂ ᠨᠠᠭᠠᠳᠤ ᠵᠠᠬ᠎ᠠ᠎ᠶ᠋ᠢᠨ ᠠᠮᠢᠳᠤᠷᠠᠯ᠎ᠤᠨ ᠪᠠᠲᠤᠯᠠᠭ᠎ᠠ᠂ ᠪᠠᠭ᠎ᠠ᠎ᠠᠴᠠ ᠰᠠᠭᠤᠭᠠᠯᠢ ᠠᠷᠠᠳ᠎ᠤᠨ ᠡᠳᠦᠷ ᠲᠤᠳᠤᠮ᠎ᠤᠨ ᠠᠵᠢᠯᠯᠠᠭ᠎ᠠ᠎ᠶ᠋ᠢ ᠵᠣᠬᠢᠶᠠᠨ ᠪᠠᠢᠭᠤᠯᠬᠤ ᠵᠡᠷᠭᠡ᠎ᠶ᠋ᠢ ᠪᠦᠷ ᠬᠠᠮᠤᠷᠳᠠᠭ᠃ ᠭᠡᠷ ᠪᠦᠯᠢ᠎ᠶ᠋ᠢᠨ ᠪᠦᠷᠢᠯᠳᠦᠬᠦᠨ ᠨᠢᠭᠡᠪᠦᠷᠢ᠎ᠶ᠋ᠢᠨ ᠶᠡᠭᠡ ᠪᠠᠭ᠎ᠠ ᠠᠯᠢᠪᠠ ᠤᠴᠢᠷ᠎ᠲᠤ ᠴᠥᠮ ᠬᠠᠷᠢᠭᠤᠴᠠᠬᠤ ᠴᠢᠬᠤᠯᠠ᠎ᠲᠠᠢ ᠭᠡᠵᠦ᠍ ᠬᠡᠯᠡᠵᠦ᠍ ᠪᠣᠯᠤᠨ᠎ᠠ》 ᠬᠡᠵᠤ ᠪᠠᠢᠯ᠎ᠠ᠃


QQ截图20210915103332.png


ᠭᠤᠤ ᠱᠢᠤᠸᠠᠢ ᠴᠢᠨ (ᠪᠠᠷᠠᠭᠤᠨᠳᠡᠬᠢ) ᠨᠡᠢᠬᠡᠮ ᠲᠤᠭᠤᠷᠢᠬ᠎ᠤᠨ ᠰᠠᠭᠤᠭᠠᠯᠢ ᠠᠷᠡᠳ᠎ᠲᠤ ᠦᠢᠯᠡᠴᠢᠯᠡᠵᠤ ᠪᠠᠢᠭ᠎ᠠ᠎ᠨᠢ

 

ᠴᠠᠬᠠᠷ ᠨᠡᠢᠭᠡᠮ ᠲᠣᠭᠤᠷᠢᠭ᠎ᠨᠢ ᠵᠢᠨᠢᠩ ᠱᠢᠨ᠎ᠡ ᠲᠣᠭᠤᠷᠢᠭ᠎ᠲᠤ ᠪᠠᠢᠷᠢᠯᠠᠵᠤ᠂ 3.2 ᠲᠡᠭ᠌ᠰᠢ ᠳᠥᠷᠪᠡᠯᠵᠢᠨ ᠺᠢᠯᠤᠮᠧᠲᠷ ᠲᠠᠯᠠᠪᠠᠢ᠎ᠲᠠᠢ᠂ 2097 ᠡᠷᠦᠬᠡ 5454 ᠪᠠᠢᠩᠭᠤ ᠰᠠᠭᠤᠭ᠎ᠠ ᠬᠥᠮᠦᠨ ᠠᠮᠠ᠎ᠲᠠᠢ᠂ ᠲᠤᠭᠤᠷᠢᠭ᠎ᠲᠤ ᠬᠠᠷᠢᠶᠠᠯᠠᠭ᠍ᠲᠠᠬᠤ ᠨᠢᠬᠡᠴᠢ 36 ᠪᠠᠢᠵᠤ᠂ 2016 ᠣᠨ᠎ᠤ 7 ᠰᠠᠷ᠎ᠠ᠎ᠳᠤ 《ᠥᠪᠡᠷᠲᠡᠭᠡᠨ ᠵᠠᠰᠠᠬᠤ ᠣᠷᠣᠨ᠎ᠤ ᠲᠡᠷᠢᠭᠦᠨ᠎ᠤ ᠦᠨᠳᠦᠰᠦᠨ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ》 ᠎ᠪᠠᠷ ᠦᠨᠡᠯᠡᠭ᠌ᠳᠡᠪᠡ᠃

《ᠳᠥᠷᠪᠡᠨ ᠬᠦᠴᠦᠨ》 ᠎ᠤ ᠠᠵᠢᠯᠯᠠᠬᠤ ᠠᠷᠭ᠎ᠠ᠎ᠨᠢ ᠰᠠᠭᠤᠭᠠᠯᠢ ᠲᠣᠭᠤᠷᠢᠭ᠎ᠤᠨ ᠵᠠᠰᠠᠯᠲᠠ᠎ᠶ᠋ᠢᠨ ᠲᠦᠪᠱᠢᠨ᠎ᠢ ᠳᠡᠭᠡᠭ᠌ᠰᠢᠯᠡᠭᠦᠯᠪᠡ

ᠴᠠᠬᠠᠷ ᠨᠡᠢᠭᠡᠮ ᠲᠣᠭᠤᠷᠢᠭ᠎ᠲᠤ ᠬᠦᠷᠬᠦ᠌᠎ᠳᠤ 《ᠴᠢᠤᠸᠠᠨ ᠱᠠᠨ ᠵᠡᠭᠡᠯᠢ ᠭᠤᠳᠤᠮᠵᠢ᠎ᠶ᠋ᠢᠨ 2021 ᠣᠨ᠎ᠤ ᠲᠦᠷᠦᠭᠦᠦ ᠤᠯᠠᠷᠢᠯ᠎ᠤᠨ ᠠᠳᠠᠯ ᠠᠬᠤᠶ᠎ᠶ᠋ᠢᠨ  ᠦᠢᠯᠡᠴᠢᠯᠡᠭᠡᠨ᠎ᠤ ᠶᠠᠰᠤ ᠴᠢᠨᠠᠷ᠎ᠢ ᠱᠢᠯᠭᠠᠨ ᠦᠨᠡᠯᠡᠭ᠌ᠰᠡᠨ ᠦᠷ᠎ᠡ ᠳ᠋ᠦᠩ᠎ᠤᠨ ᠨᠡᠢᠲᠡᠯᠡᠯ》 ᠲᠤᠷᠠᠢᠨ ᠬᠠᠷᠠᠭ᠍ᠳᠠᠵᠤ᠂ ᠴᠠᠬᠠᠷ ᠨᠡᠢᠭᠡᠮ ᠲᠣᠭᠤᠷᠢᠭ᠎ᠤᠨ ᠬᠠᠷᠢᠶᠠᠯᠠᠭ᠍ᠳᠠᠵᠤ ᠪᠦᠬᠦᠢ ᠵᠡᠭᠡᠯᠢ ᠭᠤᠳᠤᠮᠵᠢ᠎ᠶ᠋ᠢᠨ ᠪᠦᠬᠦ᠋ᠢᠯᠡ ᠠᠳᠠᠯ ᠠᠬᠤᠶ᠎ᠶ᠋ᠢᠨ ᠨᠢᠭᠡᠴᠢ᠎ᠶ᠋ᠢᠨ ᠤᠯᠤᠬ᠍ᠰᠠᠨ ᠬᠤᠪᠢ᠎ᠶ᠋ᠢ ᠨᠡᠢᠳᠡᠯᠡᠵᠦ᠍ ᠪᠠᠢᠪᠠ᠃

ᠡᠨᠡ ᠪᠣᠯ ᠴᠠᠬᠠᠷ ᠨᠡᠢᠭᠡᠮ ᠲᠣᠭᠤᠷᠢᠭ᠎ᠤᠨ ᠰᠠᠭᠤᠭᠠᠯᠢ ᠠᠷᠠᠳ᠎ᠤᠨ ᠵᠣᠯ ᠵᠢᠷᠭᠠᠯᠲᠤ ᠲᠥᠷᠥᠭ᠌ᠳᠡᠯ᠎ᠢ ᠨᠡᠮᠡᠭ᠌ᠳᠡᠭᠦᠯᠬᠦ᠌ ᠨᠢᠭᠡ  ᠵᠦᠢᠯ᠎ᠤᠨ ᠪᠣᠳᠠᠲᠠᠶ ᠠᠷᠭ᠎ᠠ ᠬᠡᠮᠵᠢᠶ᠎ᠡ ᠪᠣᠯᠤᠨ᠎ᠠ᠃ 2021 ᠣᠨ᠎ᠳᠤ᠂ ᠨᠠᠮ᠎ᠤᠨ ᠪᠠᠢᠭᠤᠯᠤᠯᠲᠠ᠎ᠪᠠᠷ ᠰᠠᠭᠤᠭᠠᠯᠢ ᠲᠣᠭᠤᠷᠢᠭ᠎ᠤᠨ ᠵᠠᠰᠠᠯᠲᠠ᠎ᠶ᠋ᠢ ᠬᠥᠲᠥᠯᠥᠨ ᠳᠠᠭᠠᠭᠤᠯᠬᠤ᠎ᠶ᠋ᠢ ᠠᠬᠢᠭᠤᠯᠵᠤ᠂ ᠠᠳᠠᠯ ᠠᠬᠤᠶ᠎ᠶ᠋ᠢᠨ ᠬᠠᠮᠢᠶᠠᠷᠤᠯᠲᠠ᠎ᠶ᠋ᠢᠨ ᠬᠦᠴᠢᠷ ᠠᠰᠠᠭᠤᠳᠠᠯ᠎ᠢ ᠱᠢᠢᠳᠪᠦᠷᠢᠯᠡᠨ᠂ ᠨᠡᠢᠭᠡᠮ ᠲᠣᠭᠤᠷᠢᠭ᠎ᠤᠨ ᠵᠠᠰᠠᠯᠲᠠ᠎ᠶ᠋ᠢᠨ ᠠᠵᠢᠯ᠎ᠢ ᠴᠢᠩᠭᠠᠳᠭᠠᠨ ᠰᠠᠢᠵᠢᠷᠠᠭᠤᠯᠬᠤ᠎ᠶ᠋ᠢᠨ ᠲᠥᠯᠥᠭᠡ᠂ ᠴᠢᠤᠸᠠᠨ ᠱᠠᠨ ᠵᠡᠭᠡᠯᠢ ᠭᠤᠳᠤᠮᠵᠢ᠎ᠶ᠋ᠢᠨ ᠴᠠᠬᠠᠷ ᠨᠡᠢᠭᠡᠮ ᠲᠣᠭᠤᠷᠢᠭ᠎ᠤᠨ ᠨᠠᠮ᠎ᠤᠨ ᠶᠡᠷᠦᠩᠬᠡᠶ ᠡᠭᠦᠷ᠎ᠨᠢ 《ᠳᠥᠷᠪᠡᠨ ᠬᠦᠴᠦᠨ》 ᠎ᠤ ᠠᠵᠢᠯᠯᠠᠬᠤ ᠠᠷᠭ᠎ᠠ᠎ᠶ᠋ᠢ ᠰᠦᠪᠡᠭ᠌ᠴᠢᠯᠡᠵᠦ᠍᠂ ᠦᠢᠯᠡᠴᠢᠯᠡᠭᠡᠨ᠎ᠤ ᠲᠦᠪᠱᠢᠨ᠎ᠢᠶᠠᠨ ᠳᠡᠭᠡᠭ᠌ᠰᠢᠯᠡᠭᠦᠯᠦᠨ᠂ ᠰᠠᠭᠤᠭᠠᠯᠢ ᠠᠷᠠᠳ᠎ᠤᠨ ᠬᠦᠷᠲᠡᠮᠵᠢ᠎ᠶ᠋ᠢᠨ ᠲᠥᠷᠥᠭ᠌ᠳᠡᠯ ᠪᠠ ᠵᠣᠯ ᠵᠢᠷᠭᠠᠯᠲᠤ ᠲᠥᠷᠥᠭ᠌ᠳᠡᠯ᠎ᠢ ᠳᠡᠭᠡᠭ᠌ᠰᠢᠯᠡᠭᠦᠯᠵᠠᠢ᠃

《ᠳᠥᠷᠪᠡᠨ ᠬᠦᠴᠦᠨ》 ᠭᠡᠳᠡᠭ᠎ᠨᠢ ᠲᠣᠰ ᠲᠣᠰ᠄ 《ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠳᠠᠢᠴᠢᠨ ᠬᠦᠴᠦᠨ᠎ᠢ ᠨᠢᠭ᠍ᠲᠠᠷᠠᠭᠤᠯᠤᠨ᠎ᠠ》᠂ ᠡᠨᠡ᠎ᠨᠢ 《ᠨᠡᠢᠭᠡᠮ ᠲᠣᠭᠤᠷᠢᠭ᠎ᠤᠨ ᠨᠠᠮ᠎ᠤᠨ ᠶᠡᠷᠦᠩᠬᠡᠢ ᠡᠭᠦᠷ + ᠰᠠᠭᠤᠭᠠᠯᠢ ᠲᠣᠭᠤᠷᠢᠭ᠎ᠤᠨ ᠨᠠᠮ᠎ᠤᠨ ᠡᠭᠦᠷ + ᠰᠠᠭᠤᠭ᠎ᠠ ᠠᠰᠠᠷ᠎ᠤᠨ ᠨᠠᠮ᠎ᠤᠨ ᠪᠠᠭ᠎ᠠ ᠳᠤᠭᠤᠢ᠍ᠢᠯᠠᠩ + ᠨᠠᠮ᠎ᠤᠨ ᠭᠡᠱᠢᠭᠦᠨ᠎ᠤ ᠭᠤᠤᠯᠳᠠᠯᠭᠠᠲᠤ ᠡᠷᠦᠬᠡ》 ᠎ᠶ᠋ᠢᠨ ᠰᠠᠭᠤᠭᠠᠯᠢ ᠲᠣᠭᠤᠷᠢᠭ᠎ᠤᠨ ᠵᠣᠬᠢᠶᠠᠨ ᠪᠠᠢᠭᠤᠯᠤᠯᠲᠠ᠎ᠶ᠋ᠢᠨ ᠰᠦᠯᠵᠢᠶᠡᠨ᠎ᠤ ᠪᠦᠲᠦᠴᠡ ᠪᠠᠢᠷᠢᠱᠢᠯ᠎ᠢ ᠪᠦᠷᠢᠯᠳᠦᠭᠦᠯᠵᠦ᠍᠂ ᠨᠠᠮ᠎ᠤᠨ ᠪᠠᠢᠭᠤᠯᠤᠯᠲᠠ᠎ᠶ᠋ᠢ ᠬᠡᠷ᠎ᠤᠨ ᠡᠭᠦᠳᠡᠨ᠎ᠳᠤ ᠬᠦᠷᠲᠡᠯ᠎ᠡ ᠥᠷᠭᠡᠳᠭᠡᠬᠦ᠌᠎ᠶ᠋ᠢ ᠵᠢᠭᠠᠵᠤ ᠪᠣᠶ; 《ᠰᠠᠭᠤᠭᠠᠯᠢ ᠠᠷᠠᠳ᠎ᠤᠨ ᠥᠪᠡᠷᠲᠡᠭᠡᠨ ᠵᠠᠰᠠᠬᠤ ᠬᠦᠴᠦᠨ᠎ᠢ ᠴᠢᠩᠭᠠᠷᠠᠭᠤᠯᠤᠨ᠎ᠠ》᠂ ᠡᠨᠡ᠎ᠨᠢ ᠬᠠᠷᠢᠶ᠎ᠠ ᠠᠰᠠᠷ᠎ᠤᠨ ᠤᠷᠤᠴᠠ᠎ᠳᠤ 《ᠭᠤᠷᠪᠠᠨ ᠳᠠᠷᠤᠭ᠎ᠠ ᠳᠥᠷᠪᠡᠨ ᠭᠡᠱᠢᠭᠦᠨ》 (ᠲᠤᠤᠷᠵᠢᠯ ᠭᠡᠰᠡᠭ᠎ᠤᠨ ᠳᠠᠷᠤᠭ᠎ᠠ᠂ ᠰᠠᠭᠤᠭ᠎ᠠ ᠠᠰᠠᠷ᠎ᠤᠨ ᠳᠠᠷᠤᠭ᠎ᠠ᠂ ᠤᠷᠤᠴᠠ᠎ᠶ᠋ᠢᠨ ᠳᠠᠷᠤᠭ᠎ᠠ᠂ ᠡᠷᠡᠭᠦᠯ ᠬᠠᠮᠠᠭᠠᠯᠠᠭ᠍ᠴᠢ᠂ ᠡᠶᠡᠳᠡᠭᠦᠯᠦᠭ᠌ᠴᠢ᠂ ᠬᠢᠨᠠᠭ᠍ᠴᠢ᠂ ᠠᠮᠤᠷ᠎ᠢ ᠬᠠᠮᠠᠭᠠᠯᠠᠭ᠍ᠴᠢ) ᠎ᠢ ᠲᠤᠬᠢᠷᠠᠭᠤᠯᠵᠤ᠂ ᠰᠠᠭᠤᠭᠠᠯᠢ ᠲᠣᠭᠤᠷᠢᠭ᠎ᠤᠨ ᠵᠠᠰᠠᠯᠲᠠ᠎ᠶ᠋ᠢ 《ᠤᠯᠠᠨ ᠲᠦᠮᠡᠨ᠎ᠢ ᠣᠷᠣᠯᠠᠨ ᠡᠵᠡᠨ ᠮᠡᠳᠡᠵᠦ᠍》 ᠪᠠᠢᠭ᠍ᠰᠠᠨ᠎ᠠᠴᠠ 《ᠤᠯᠠᠨ ᠲᠦᠮᠡᠨ ᠡᠵᠡᠨ ᠮᠡᠳᠡᠬᠦ᠌》 ᠪᠤᠯᠭᠠᠨ ᠬᠤᠪᠢᠷᠠᠭᠤᠯᠬᠤ᠎ᠶ᠋ᠢ ᠬᠡᠯᠡᠨ᠎ᠡ; 《ᠣᠯᠠᠨ ᠡᠱᠢᠲᠦ ᠣᠷᠣᠯᠴᠠᠬᠤ ᠬᠦᠴᠦᠨ᠎ᠢ ᠳᠥᠯᠭᠢᠨ ᠠᠬᠢᠭᠤᠯᠤᠨ᠎ᠠ》᠂ ᠡᠨᠡ᠎ᠨᠢ ᠨᠡᠢᠭᠡᠮ ᠲᠣᠭᠤᠷᠢᠭ᠎ᠤᠨ ᠨᠠᠮ᠎ᠤᠨ ᠵᠣᠬᠢᠶᠠᠨ ᠪᠠᠢᠭᠤᠯᠤᠯᠲᠠ ᠲᠠᠭᠠᠭᠤᠯᠵᠤ᠂ ᠰᠠᠭᠤᠭᠠᠯᠢ ᠠᠷᠠᠳ᠎ᠤᠨ ᠵᠥᠪᠯᠡᠯ᠂ ᠠᠳᠠᠯ ᠠᠬᠤᠶ᠎ᠶ᠋ᠢᠨ ᠺᠣᠮᠫᠠᠨᠢ᠂ ᠰᠠᠭᠤᠭᠠᠯᠢ ᠲᠣᠭᠤᠷᠢᠭ᠎ᠤᠨ ᠠᠷᠠᠳ ᠬᠠᠮᠲᠤ᠎ᠪᠠᠷ ᠰᠠᠭᠤᠭᠠᠯᠢ ᠲᠣᠭᠤᠷᠢᠭ᠎ᠤᠨ ᠵᠠᠰᠠᠯᠲᠠ᠎ᠳᠤ ᠣᠷᠣᠯᠴᠠᠵᠤ᠂ ᠨᠡᠢᠭᠡᠮ ᠲᠣᠭᠤᠷᠢᠭ᠎ᠤᠨ ᠠᠳᠠᠯ ᠠᠬᠤᠶ᠎ᠶ᠋ᠢᠨ ᠬᠠᠮᠢᠶᠠᠷᠤᠯᠲᠠ᠎ᠶ᠋ᠢᠨ ᠨᠠᠮ᠎ᠤᠨ ᠪᠠᠢᠭᠤᠯᠤᠯᠲᠠ᠎ᠶ᠋ᠢᠨ ᠬᠠᠮᠲᠤᠷᠠᠨ ᠪᠠᠢᠭᠤᠯᠬᠤ ᠱᠢᠨ᠎ᠡ ᠪᠠᠢᠭᠤᠯᠤᠮᠵᠢ᠎ᠶ᠋ᠢ ᠪᠦᠷᠢᠯᠳᠦᠬᠦᠯᠬᠦ᠌᠎ᠶ᠋ᠢ ᠵᠢᠭᠠᠨ᠎ᠠ; 《ᠰᠠᠢᠨ ᠳᠤᠷ᠎ᠠ᠎ᠶ᠋ᠢᠨ ᠦᠢᠯᠡᠴᠢᠯᠡᠭᠡᠨ᠎ᠤ ᠬᠦᠴᠦᠨ᠎ᠢ ᠳᠠᠢᠴᠢᠯᠠᠨ᠎ᠠ》᠂ ᠡᠨᠡ᠎ᠨᠢ ᠨᠠᠮ᠎ᠤᠨ ᠭᠡᠱᠢᠭᠦᠨ ᠲᠠᠭᠠᠭᠤᠯᠬᠤ᠂ ᠭᠤᠤᠯᠯᠠᠭ᠍ᠴᠢ ᠬᠦᠴᠦᠨ ᠣᠷᠣᠯᠴᠠᠬᠤ᠂ ᠬᠠᠮᠲᠤ᠎ᠪᠠᠷ ᠪᠠᠢᠭᠤᠯᠬᠤ ᠨᠢᠭᠡᠴᠢ᠎ᠠᠴᠠ ᠲᠡᠳᠬᠦᠬᠦ᠂ 《ᠲᠣᠤᠷᠵᠢᠭᠤᠯᠤᠭ᠍ᠰᠠᠨ ᠬᠠᠮᠢᠶᠠᠷᠤᠯᠲᠠ᠂ ᠪᠦᠯᠬᠦᠮ ᠮᠠᠶᠢᠭ᠎ᠤᠨ ᠦᠢᠯᠡᠴᠢᠯᠡᠭᠡ》 ᠎ᠶ᠋ᠢᠨ ᠠᠵᠢᠯ᠎ᠤᠨ ᠵᠠᠭ᠍ᠪᠤᠷ᠎ᠢ ᠬᠡᠷᠡᠭ᠌ᠵᠢᠭᠦᠯᠵᠦ᠍᠂ ᠱᠢᠨ᠎ᠡ ᠴᠠᠭ ᠦᠶ᠎ᠡ᠎ᠶ᠋ᠢᠨ ᠪᠣᠯᠪᠠᠰᠤᠨ᠎ᠤ ᠦᠢᠯᠡᠳᠦᠯᠭᠡ᠎ᠶ᠋ᠢᠨ ᠥᠷᠲᠡᠭᠡ᠎ᠳᠤ ᠲᠦᠱᠢᠭ᠌ᠯᠡᠵᠦ᠍᠂ ᠰᠠᠢᠨ ᠳᠤᠷ᠎ᠠ᠎ᠶ᠋ᠢᠨ ᠦᠢᠯᠡᠴᠢᠯᠡᠭᠡᠨ᠎ᠤ ᠲᠥᠷᠥᠯ ᠵᠦᠢᠯ᠎ᠢ ᠨᠡᠢᠲᠡᠯᠡᠬᠦ᠌ ᠬᠡᠯᠪᠡᠷᠢ᠎ᠪᠠᠷ᠂ ᠰᠠᠭᠤᠭᠠᠯᠢ ᠲᠣᠭᠤᠷᠢᠭ᠎ᠤᠨ ᠠᠵᠢᠯ᠎ᠤᠨ ᠪᠠᠢᠷᠢ᠎ᠳᠤ ᠪᠠᠢᠭ᠎ᠠ ᠨᠠᠮ᠎ᠤᠨ ᠭᠡᠱᠢᠭᠦᠨ 《8 ᠴᠠᠭ᠎ᠠᠴᠠ ᠭᠠᠳᠠᠨᠠᠬᠢ》 ᠴᠠᠭ᠎ᠢ ᠠᠱᠢᠭ᠍ᠯᠠᠨ ᠰᠠᠭᠤᠭᠠᠯᠢ ᠲᠣᠭᠤᠷᠢᠭ᠎ᠤᠨ ᠵᠠᠰᠠᠯᠲᠠ᠎ᠳᠤ ᠣᠷᠣᠯᠴᠠᠵᠤ᠂ ᠬᠠᠷᠢᠶ᠎ᠠ ᠲᠣᠭᠤᠷᠢᠭ᠎ᠤᠨ ᠰᠠᠭᠤᠭᠠᠯᠢ ᠠᠷᠠᠳ᠎ᠢ ᠳᠠᠢᠴᠢᠯᠠᠨ ᠰᠠᠭᠤᠭᠠᠯᠢ ᠲᠣᠭᠤᠷᠢᠭ᠎ᠤᠨ ᠰᠠᠢᠨ ᠳᠤᠷ᠎ᠠ᠎ᠶ᠋ᠢᠨ  ᠦᠢᠯᠡᠴᠢᠯᠡᠭᠡ᠎ᠳᠤ ᠣᠷᠣᠯᠴᠠᠭᠤᠯᠬᠤ᠎ᠶ᠋ᠢ ᠬᠡᠯᠡᠨ᠎ᠡ᠃

《ᠳᠥᠷᠪᠡᠨ ᠬᠦᠴᠦᠨ》 ᠎ᠤ ᠠᠵᠢᠯᠯᠠᠬᠤ ᠠᠷᠭ᠎ᠠ᠎ᠶ᠋ᠢ ᠬᠡᠷᠡᠭ᠌ᠵᠢᠭᠦᠯᠦᠭ᠌ᠰᠡᠨ᠎ᠨᠢ ᠰᠠᠭᠤᠭᠠᠯᠢ ᠠᠷᠠᠳ᠎ᠲᠤ ᠶᠡᠭᠡ᠎ᠪᠠᠷ ᠬᠦᠷᠢᠶᠡᠯᠡᠭ᠌ᠳᠡᠪᠡ᠃ 2021 ᠣᠨ᠎ᠤ ᠡᠬᠢ᠎ᠪᠠᠷ᠂ ᠨᠡᠢᠭᠡᠮ ᠲᠣᠭᠤᠷᠢᠭ᠎ᠤᠨ ᠬᠠᠷᠢᠶᠠᠨ᠎ᠳᠠᠬᠢ ᠬᠤᠲᠠ᠎ᠶ᠋ᠢᠨ ᠨᠠᠮ᠎ᠤᠨ ᠬᠤᠷᠢᠶ᠎ᠠ᠎ᠶ᠋ᠢᠨ ᠨᠡᠢᠲᠡ᠎ᠶ᠋ᠢᠨ ᠪᠠᠢᠷᠢ᠎ᠶ᠋ᠢᠨ ᠰᠠᠭᠤᠭᠠᠯᠢ ᠲᠣᠭᠤᠷᠢᠭ᠎ᠲᠤ ᠱᠢᠨ᠎ᠡ ᠠᠳᠠᠯ ᠠᠬᠤᠶ᠎ᠶ᠋ᠢᠨ ᠺᠤᠮᠫᠠᠨᠢ᠎ᠶ᠋ᠢ ᠣᠷᠣᠭᠤᠯᠬᠤ ᠴᠢᠬᠤᠯᠠᠲᠠᠶ ᠪᠣᠯᠪᠠ᠃ ᠨᠡᠢᠭᠡᠮ ᠲᠣᠭᠤᠷᠢᠭ᠎ᠤᠨ᠎ᠬᠢᠨ ᠰᠠᠭᠤᠭᠠᠯᠢ ᠠᠷᠠᠳ᠎ᠤᠨ ᠲᠥᠯᠦᠭᠡᠯᠡᠭ᠌ᠴᠢ ᠵᠢᠴᠢ 《ᠭᠤᠷᠪᠠᠨ ᠳᠠᠷᠤᠭ᠎ᠠ ᠳᠥᠷᠪᠡᠨ ᠭᠡᠱᠢᠭᠦᠨ》 ᠎ᠢ ᠵᠣᠬᠢᠶᠠᠨ ᠪᠠᠢᠭᠤᠯᠤᠨ ᠬᠤᠷᠠᠯᠳᠤᠵᠦ᠍᠂ ᠨᠡᠢᠭᠡᠮ ᠨᠡᠢᠳᠡ᠎ᠠᠴᠠ ᠭᠤᠷᠪᠠᠨ ᠠᠳᠠᠯ ᠠᠬᠤᠶ᠎ᠶ᠋ᠢᠨ ᠺᠣᠮᠫᠠᠨᠢ᠎ᠶ᠋ᠢ ᠢᠯᠡ᠎ᠪᠠᠷ ᠤᠷᠢᠨ᠂ ᠰᠠᠭᠤᠭᠠᠯᠢ ᠠᠷᠠᠳ᠎ᠢᠶᠠᠷ ᠰᠤᠩᠭᠤᠭᠤᠯᠪᠠ᠃ ᠬᠤᠷᠠᠯ᠎ᠤᠨ ᠲᠤᠬᠠᠶ᠎ᠶ᠋ᠢᠨ ᠲᠠᠯᠠᠪᠤᠷ᠎ᠲᠤ᠌᠂ ᠭᠤᠷᠪᠠᠨ ᠠᠳᠠᠯ ᠠᠬᠤᠶ᠎ᠶ᠋ᠢᠨ ᠺᠣᠮᠫᠠᠨᠢ᠎ᠨᠢ ᠰᠠᠭᠤᠭᠠᠯᠢ ᠠᠷᠠᠳ᠎ᠲᠤ ᠡᠭᠡᠯᠵᠢᠯᠡᠨ ᠲᠠᠨᠢᠯᠴᠠᠭᠤᠯᠵᠤ᠂ ᠰᠠᠭᠤᠭᠠᠯᠢ ᠠᠷᠠᠳ᠎ᠤᠨ ᠠᠰᠠᠭᠤᠯᠲᠠ᠎ᠶ᠋ᠢ ᠬᠠᠷᠢᠭᠤᠯᠵᠤ᠂ ᠡᠴᠦᠰ᠎ᠲᠡᠭᠡᠨ ᠨᠢᠭᠡ ᠠᠳᠠᠯ ᠠᠬᠤᠶ᠎ᠶ᠋ᠢᠨ ᠺᠣᠮᠫᠠᠨᠢ᠎ᠶ᠋ᠢ ᠰᠣᠩᠭᠤᠨ ᠲᠣᠭ᠍ᠲᠠᠭᠠᠭ᠍ᠰᠠᠨ ᠪᠠᠢᠨ᠎ᠠ᠃ 《ᠣᠳᠣ ᠪᠣᠯᠲᠠᠯ᠎ᠠ᠂ ᠰᠠᠭᠤᠭᠠᠯᠢ ᠠᠷᠠᠳ ᠮᠠᠰᠢ ᠬᠠᠨᠤᠮᠵᠢᠳᠠᠢ ᠪᠠᠢᠵᠤ᠂ ᠰᠠᠭᠤᠭᠠᠯᠢ ᠠᠷᠠᠳ ᠪᠣᠯᠤᠨ ᠠᠳᠠᠯ ᠠᠬᠤᠶ᠎ᠶ᠋ᠢᠨ ᠺᠤᠮᠫᠠᠨᠢ᠎ᠶ᠋ᠢᠨ ᠬᠤᠭᠤᠷᠤᠨᠳᠤᠬᠢ ᠵᠥᠷᠢᠴᠡᠯ ᠪᠠᠭᠠᠰᠴᠤ᠌᠂ ᠠᠳᠠᠯ ᠠᠬᠤᠶ᠎ᠶ᠋ᠢᠨ ᠵᠠᠷᠤᠳᠠᠯ᠎ᠢᠶᠠᠨ ᠴᠥᠮ ᠰᠠᠨᠠᠭᠠᠴᠢᠯᠠᠭ᠎ᠠ᠎ᠠᠴᠠ᠎ᠪᠠᠨ ᠲᠤᠱᠢᠶᠠᠬᠤ ᠪᠤᠯᠵᠠᠢ》 ᠭᠡᠵᠦ᠍ ᠭᠤᠤ ᠱᠢᠤᠸᠠᠢ ᠴᠢᠨ ᠬᠡᠯᠡᠵᠦ᠍ ᠪᠠᠢᠯ᠎ᠠ᠃

ᠴᠠᠬᠠᠷ ᠨᠡᠢᠭᠡᠮ ᠲᠣᠭᠤᠷᠢᠭ᠎ᠤᠨ ᠰᠠᠭᠤᠭᠠᠯᠢ ᠠᠷᠠᠳ᠎ᠤᠨ ᠵᠥᠪᠯᠡᠯ᠎ᠤᠨ ᠳᠡᠳ᠋ ᠡᠷᠬᠢᠯᠡᠭ᠌ᠴᠢ ᠱᠢᠶᠧ ᠹᠠᠩ᠄ 《ᠭᠤᠤ ᠱᠦᠵᠢ ᠨᠠᠮ᠎ᠤᠨ ᠪᠠᠢᠭᠤᠯᠤᠯᠲᠠ᠎ᠪᠠᠷ ᠦᠨᠳᠦᠰᠦᠨ ᠱᠠᠲᠤᠨ᠎ᠤ ᠵᠠᠰᠠᠯᠲᠠ ᠪᠠ ᠰᠠᠭᠤᠭᠠᠯᠢ ᠲᠣᠭᠤᠷᠢᠭ᠎ᠤᠨ ᠬᠠᠮᠢᠶᠠᠷᠤᠯᠲᠠ᠎ᠶ᠋ᠢ ᠬᠦᠳᠦᠯᠥᠨ ᠳᠠᠭᠠᠭᠤᠯᠬᠤ ᠶᠠᠪᠤᠴᠠ᠎ᠳᠤ ᠪᠡᠶ᠎ᠡ᠎ᠪᠠᠷ᠎ᠢᠶᠠᠨ ᠣᠷᠣᠯᠴᠠᠵᠤ᠂ ᠠᠷᠠᠳ ᠲᠦᠮᠡᠨ᠎ᠳᠤ ᠦᠢᠯᠡᠴᠢᠯᠡᠬᠦ᠌ ᠡᠮᠦᠨ᠎ᠡ ᠹᠷᠣᠨᠲ᠎ᠲᠤ ᠠᠵᠢᠯᠯᠠᠭ᠍ᠰᠠᠭᠠᠷ ᠢᠷᠡᠵᠠᠢ᠃ ᠲᠡᠷᠡ ᠰᠠᠭᠤᠭᠠᠯᠢ ᠲᠣᠭᠤᠷᠢᠭ᠎ᠤᠨ ᠨᠠᠮ᠎ᠤᠨ ᠡᠭᠦᠷ᠎ᠢ ᠵᠣᠬᠢᠶᠠᠨ ᠪᠠᠢᠭᠤᠯᠤᠭ᠍ᠰᠠᠨ᠎ᠤ ᠲᠠᠷᠠᠭ᠎ᠠ᠂ 〈ᠭᠤᠷᠪᠠᠨ ᠳᠠᠷᠤᠭ᠎ᠠ ᠲᠦᠷᠪᠡᠨ ᠭᠡᠱᠢᠭᠦᠨ〉 ᠎᠂ ᠦᠮᠴᠢᠳᠡᠨ᠎ᠤ ᠵᠦᠪᠯᠡᠯ᠂ ᠠᠳᠠᠯ ᠠᠬᠤᠶ᠎ᠶ᠋ᠢᠨ ᠺᠣᠮᠫᠠᠨᠢ᠎ᠶ᠋ᠢ ᠤᠯᠠᠨᠳᠠ ᠴᠤᠭ᠍ᠯᠠᠭᠤᠯᠤᠨ ᠵᠦᠪᠳᠡᠯᠴᠡᠵᠦ᠍᠂ ᠲᠡᠭᠦᠨ᠎ᠤ ᠡᠶᠡᠳᠡᠭᠦᠯᠭᠡ᠎ᠪᠠᠷ ᠮᠠᠰᠢ ᠤᠯᠠᠨ ᠰᠠᠭᠤᠭᠠᠯᠢ ᠠᠷᠠᠳ᠎ᠤᠨ ᠵᠥᠷᠢᠴᠡᠯ ᠨᠠᠮᠳᠠᠵᠤ᠂ ᠮᠠᠰᠢ ᠤᠯᠠᠨ ᠠᠰᠠᠭᠤᠳᠠᠯ᠎ᠢ ᠴᠠᠭ ᠲᠤᠬᠠᠶ᠎ᠳᠤᠨᠢ  ᠱᠢᠢᠳᠪᠦᠷᠢᠯᠡᠵᠠᠢ》 ᠭᠡᠵᠦ᠍ ᠪᠠᠢᠯ᠎ᠠ᠃

ᠪᠣᠳᠠᠲᠤ ᠠᠵᠢᠯᠯᠠᠭ᠎ᠠ᠎ᠪᠠᠷ᠎ᠢᠶᠠᠨ ᠰᠠᠭᠤᠭᠠᠯᠢ ᠠᠷᠠᠳ᠎ᠤᠨ ᠬᠦᠴᠢᠷᠳᠡᠯ᠎ᠢ ᠱᠢᠢᠳᠪᠦᠷᠢᠯᠡᠪᠡ

《ᠰᠠᠭᠤᠭᠠᠯᠢ ᠠᠷᠠᠳ᠎ᠢᠶᠠᠷ ᠦᠪᠡᠷ᠎ᠤᠨ᠎ᠬᠢ᠎ᠪᠠᠨ ᠮᠡᠳᠡᠷᠡᠭᠦᠯᠬᠦ᠌᠎ᠳᠤ ᠵᠥᠪᠬᠡᠨ ᠬᠤᠷᠠᠯ ᠬᠢᠵᠦ᠍᠂ ᠲᠡᠳᠡᠨ᠎ᠤ ᠡᠷᠢᠵᠦ᠍ ᠢᠷᠡᠬᠦ᠌᠎ᠶ᠋ᠢ ᠬᠦᠯᠢᠶᠡᠭᠡᠳ ᠪᠤᠯᠳᠠᠭ ᠪᠢᠰᠢ》᠃ ᠭᠤᠤ ᠱᠢᠤᠸᠠᠢ ᠴᠢᠨ᠄ 《ᠴᠠᠬᠠᠷ ᠨᠡᠢᠭᠡᠮ ᠲᠣᠭᠤᠷᠢᠭ᠎ᠲᠤ ᠠᠩᠬ᠎ᠠ ᠢᠷᠡᠬᠦ᠌᠎ᠳᠤ ᠪᠢ ᠶᠠᠮᠠᠷ ᠴᠤ᠌ ᠤᠯᠠᠨ ᠲᠦᠮᠡᠨ᠎ᠤ ᠠᠵᠢᠯ᠎ᠤᠨ ᠲᠤᠷᠱᠢᠯᠭ᠎ᠠ ᠪᠠᠢᠭ᠍ᠰᠠᠨ ᠦᠭᠡᠢ᠃ ᠠᠬᠠᠮᠠᠳ ᠱᠦᠵᠢ ᠴᠧᠨ ᠱᠦ᠍ ᠱᠢᠨ ᠨᠠᠳᠠ᠎ᠳᠤ ᠮᠠᠰᠢ ᠶᠡᠭᠡ ᠨᠥᠯᠥᠭᠡ ᠦᠵᠡᠭᠦᠯᠵᠡᠢ᠂ ᠲᠡᠷᠡ ᠦᠷᠭᠦᠯᠵᠢ ᠦᠳᠡᠰᠢ ᠤᠷᠤᠢ᠎ᠶ᠋ᠢᠨ ᠴᠢᠯᠦᠭᠡ᠎ᠪᠠᠷ ᠨᠠᠮᠠᠶ᠋ᠢ ᠳᠠᠭᠠᠭᠤᠯᠵᠤ ᠰᠠᠭᠤᠭᠠᠯᠢ ᠠᠷᠠᠳ᠎ᠤᠨ ᠡᠷᠦᠭᠡ᠎ᠳᠤ ᠬᠦᠷᠴᠦ᠍ ᠪᠠᠢᠳᠠᠯ ᠤᠢ᠍ᠢᠯᠠᠭᠠᠳᠠᠭ᠃ ᠰᠠᠭᠤᠭᠠᠯᠢ ᠲᠤᠭᠤᠷᠢᠭ᠎ᠲᠤ ᠲᠡᠭᠦᠨ᠎ᠢ ᠲᠠᠨᠢᠬᠤ ᠦᠭᠡᠢ ᠬᠦᠮᠦᠨ ᠪᠠᠷᠤᠭ ᠪᠠᠢᠬᠤ ᠦᠭᠡᠢ᠂ ᠪᠦᠷ ᠲᠡᠭᠦᠨ᠎ᠲᠠᠢ ᠮᠡᠨᠳᠦᠴᠢᠯᠡᠨ᠎ᠡ᠃ ᠠᠯᠢ ᠨᠢᠭᠡᠨ ᠡᠷᠦᠬᠡ᠎ᠪᠠᠷ ᠣᠷᠣᠬᠤ ᠦᠶᠡᠰ ᠲᠡᠷᠡ ᠨᠠᠳᠠ᠎ᠳᠤ ᠲᠡᠷᠡ ᠡᠷᠦᠬᠡ᠎ᠶ᠋ᠢᠨ ᠪᠠᠢᠳᠠᠯ᠎ᠢ ᠶᠠᠷᠢᠵᠤ ᠥᠭ᠌ᠳᠡᠭ᠃ ᠬᠠᠷᠢᠶ᠎ᠠ ᠲᠤᠭᠤᠷᠢᠭ᠎ᠤᠨ ᠡᠷᠦᠬᠡ ᠪᠦᠷᠢ᠎ᠶ᠋ᠢᠨ ᠪᠠᠢᠳᠠᠯ᠎ᠢ ᠲᠡᠷᠡ ᠪᠦᠷ ᠰᠠᠢᠨ ᠣᠢᠯᠠᠭᠠᠨ᠎ᠠ᠃ ᠲᠡᠭᠡᠬᠦᠯᠡᠷ ᠪᠢ ᠴᠤ᠌ ᠲᠡᠭᠦᠨ᠎ᠲᠠᠢ ᠠᠳᠠᠯᠢᠬᠠᠨ ᠱᠦᠵᠢ ᠪᠤᠯᠬᠤ ᠰᠠᠨ ᠭᠡᠵᠦ᠍ ᠪᠤᠳᠤᠳᠠᠭ ᠪᠠᠢᠭ᠍ᠰᠠᠨ》 ᠭᠡᠵᠦ᠍ ᠶᠠᠷᠢᠯ᠎ᠠ᠃

2020 ᠣᠨ᠎ᠳᠤ᠂ ᠱᠢᠶᠧ ᠶᠦᠩ ᠪᠣᠯᠤᠨ ᠮᠠ ᠯᠢᠩ ᠡᠷ᠎ᠡ ᠡᠮ᠎ᠡ ᠬᠤᠶᠠᠭᠤᠯᠠ ᠬᠡᠦᠬᠡᠳ᠎ᠢᠶᠠᠨ ᠰᠤᠷᠭᠠᠭᠤᠯᠢ᠎ᠳᠤ ᠰᠠᠭᠤᠯᠭᠠᠬᠤ᠎ᠶ᠋ᠢᠨ ᠲᠦᠯᠦᠭᠡ ᠬᠢᠨᠠᠨ ᠪᠤᠳᠤᠬᠤ ᠲᠣᠪᠴᠢᠶᠠᠨ᠎ᠤ ᠰᠠᠭᠤᠭᠠᠯᠢ ᠲᠤᠭᠤᠷᠢᠭ᠎ᠠᠴᠠ ᠬᠡᠷ ᠲᠦᠷᠢᠶᠡᠰᠦᠯᠡᠵᠡᠶ᠃ ᠵᠢᠯ᠎ᠤᠨ ᠡᠴᠦᠰ᠎ᠲᠤ᠌᠂ ᠮᠠ ᠯᠢᠩ ᠭᠡᠨᠡᠳᠲᠡ ᠡᠪᠡᠳᠴᠢᠯᠡᠵᠦ᠍᠂ ᠮᠡᠰᠡ ᠵᠠᠰᠠᠯ ᠬᠢᠭᠡᠳ ᠠᠮᠢ ᠨᠠᠰᠤᠨ᠎ᠤ ᠠᠶᠤᠯ᠎ᠠᠴᠠ ᠮᠤᠯᠲᠤᠷᠠᠭ᠍ᠰᠠᠨ ᠪᠤᠯᠪᠠᠴᠤ᠌ ᠡᠷᠡᠭᠦᠯᠵᠢᠬᠦ᠌ ᠵᠠᠷᠤᠳᠠᠯ᠎ᠨᠢ ᠮᠠᠰᠢ ᠦᠨᠳᠦᠷ ᠪᠠᠢᠵᠤ᠂ ᠡᠨᠡ ᠬᠦ᠌ ᠶᠡᠷᠦ᠎ᠠᠴᠠ᠎ᠪᠠᠨ ᠴᠢᠨᠡᠭᠡᠯᠢᠭ ᠪᠤᠰᠤ ᠭᠡᠷ ᠪᠦᠯᠢ᠎ᠳᠤ ᠨᠡᠩ ᠶᠡᠭᠡ ᠲᠠᠷᠤᠭᠠᠰᠤ ᠪᠤᠯᠪᠠ᠃ ᠭᠡᠬᠦ᠌᠎ᠳᠡᠭᠡᠨ ᠲᠡᠳᠡᠨ᠎ᠤ ᠡᠷᠦᠬᠡ ᠠᠮᠠ᠎ᠶ᠋ᠢᠨ ᠲᠠᠩᠰᠠ᠎ᠨᠢ ᠴᠠᠬᠠᠷ ᠪᠠᠷᠠᠭᠤᠨ ᠭᠠᠷᠤᠨ ᠡᠮᠦᠨᠡᠲᠦ ᠬᠤᠱᠢᠭᠤᠨ᠎ᠳᠤ ᠬᠠᠷᠢᠶᠠᠯᠠᠭ᠍ᠳᠠᠵᠤ᠂ ᠡᠮ ᠡᠮᠨᠡᠯᠭᠡ᠎ᠶ᠋ᠢᠨ ᠳᠠᠭᠠᠳᠭᠠᠯ᠂ ᠨᠠᠭᠠᠳᠤ ᠵᠠᠬ᠎ᠠ᠎ᠶ᠋ᠢᠨ ᠠᠮᠢᠳᠤᠷᠠᠯ᠎ᠤᠨ ᠪᠠᠲᠤᠯᠠᠭ᠎ᠠ ᠵᠡᠷᠭᠡ ᠲᠠᠯ᠎ᠠ᠎ᠪᠠᠷ ᠤᠷᠤᠨ ᠪᠦᠰᠡ ᠰᠤᠨᠳᠠᠯᠠᠬᠤ ᠬᠦᠴᠢᠷᠳᠡᠯ ᠣᠷᠣᠱᠢᠵᠤ ᠪᠠᠢᠪᠠ᠃ ᠭᠤᠤ ᠱᠢᠤᠸᠠᠢ ᠴᠢᠨ ᠲᠡᠳᠡᠨ᠎ᠤ ᠪᠣᠳᠠᠲᠤ ᠪᠠᠢᠳᠠᠯ᠎ᠢ ᠣᠢᠯᠠᠭᠠᠭ᠍ᠰᠠᠨ᠎ᠤ ᠳᠠᠷᠠᠭ᠎ᠠ ᠲᠡᠷᠡ ᠳᠠᠷᠤᠶ᠎ᠳᠤᠨᠢ ᠲᠡᠳᠡᠨ᠎ᠳᠤ ᠲᠦᠷ ᠴᠠᠭ᠎ᠤᠨ ᠠᠪᠤᠷᠠᠨ ᠲᠤᠰᠠᠯᠠᠯᠲᠠ ᠭᠤᠶᠤᠴᠢᠯᠠᠵᠦ᠍ ᠦᠭ᠌ᠴᠡᠢ᠃ ᠰᠡᠭᠦᠯᠡᠷ᠎ᠨᠢ ᠪᠠᠰᠠ ᠬᠠᠷᠢᠶ᠎ᠠ ᠲᠤᠭᠤᠷᠢᠭ᠎ᠤᠨ᠎ᠢᠶᠠᠨ ᠠᠵᠤ ᠠᠬᠤᠢᠯᠠᠯ᠎ᠲᠠᠢ ᠬᠠᠷᠢᠯᠴᠠᠵᠤ ᠬᠠᠨᠳᠢᠪ ᠴᠤᠭ᠍ᠯᠠᠭᠤᠯᠵᠤ ᠦᠭ᠌ᠪᠡ᠃ 《ᠪᠢ ᠬᠠᠪᠰᠤᠷᠴᠤ᠌ ᠲᠡᠢᠯᠳᠡᠭ ᠯᠠ ᠶᠤᠮ ᠪᠣᠯ ᠴᠢᠳᠠᠯ᠎ᠤᠨ᠎ᠢᠶᠠᠨ ᠬᠢᠷᠢ᠎ᠪᠠᠷ ᠲᠡᠳᠡᠨ᠎ᠳᠤ ᠬᠠᠪᠰᠤᠷᠤᠯᠭ᠎ᠠ ᠦᠵᠡᠭᠦᠯᠦᠨ᠎ᠡ》 ᠭᠡᠵᠦ᠍ ᠭᠤᠤ ᠱᠢᠤᠸᠠᠢ ᠴᠢᠨ ᠬᠡᠯᠡᠨ᠎ᠡ᠃

2021 ᠣᠨ᠎ᠤ 6 ᠰᠠᠷ᠎ᠠ᠎ᠶ᠋ᠢᠨ 7 ᠎ᠤ ᠡᠳᠦᠷ᠂ ᠱᠢᠶᠧ ᠶᠦᠩ᠎ᠤᠨ᠎ᠬᠢᠨ ᠭᠤᠤ ᠱᠢᠤᠸᠠᠢ ᠴᠢᠨ᠎ᠳᠤ ᠬᠡᠮᠡᠷᠯᠢᠭ ᠲᠤᠭ ᠬᠦᠷᠭᠡᠬᠦ᠌᠎ᠶ᠋ᠢᠨ᠎ᠢᠶᠠᠨ ᠳᠠᠭᠠᠤ᠄ 《ᠭᠤᠤ ᠱᠦᠵᠢ ᠪᠢᠳᠡᠨ᠎ᠢ ᠮᠠᠰᠢ ᠬᠠᠷᠠᠭᠠᠯᠵᠠᠳᠠᠭ᠂ ᠲᠡᠷᠡ ᠪᠢᠳᠡᠨ᠎ᠤ ᠬᠦᠴᠢᠷᠳᠡᠯ᠎ᠢ ᠮᠡᠳᠡᠨ᠎ᠡ᠂ ᠵᠠᠪ ᠴᠢᠯᠦᠭᠡ ᠤᠯᠳᠠᠭ᠍ᠰᠠᠭᠠᠷ ᠯᠠ ᠪᠢᠳᠡᠨ᠎ᠢ ᠡᠷᠬᠢᠨ ᠦᠵᠡᠵᠦ᠍᠂ ᠪᠢᠳᠡᠨ᠎ᠳᠤ ᠠᠮᠢᠳᠤᠷᠠᠯ᠎ᠤᠨ ᠢᠲᠡᠭᠡᠯ ᠵᠤᠷᠢᠭ ᠣᠯᠭᠤᠭ᠍ᠰᠠᠨ》 ᠭᠡᠵᠦ᠍ ᠲᠤᠭ᠍ᠳᠤᠯᠤᠩᠬᠠᠨ ᠶᠠᠷᠢᠵᠦ᠍ ᠪᠢᠯᠡ᠃

ᠬᠡᠮᠡᠷᠯᠢᠭ ᠲᠤᠭ ᠪᠣᠯᠤᠨ ᠢᠷᠠᠭᠤ ᠠᠯᠳᠠᠷ᠎ᠨᠢ ᠭᠤᠤ ᠱᠢᠤᠸᠠᠢ ᠴᠢᠨ᠎ᠳᠤ ᠳᠠᠷᠤᠯᠲᠠ᠎ᠲᠠᠢ ᠰᠠᠨᠠᠬ᠍ᠳᠠᠬ᠍ᠰᠠᠨ ᠴᠤ᠌ ᠨᠡᠩ ᠶᠡᠭᠡ ᠬᠥᠳᠡᠯᠭᠡᠬᠦ᠌ ᠬᠦᠴᠦᠨ ᠤᠨᠳᠤᠷᠴᠤ᠌ ᠪᠠᠢᠯ᠎ᠠ᠃ ᠲᠡᠷᠡ᠄ 《ᠣᠳᠣ ᠰᠠᠭᠤᠭᠠᠯᠢ ᠠᠷᠠᠳ᠎ᠤᠨ ᠠᠵᠢᠯ᠎ᠳᠤ ᠡᠳᠦᠷ ᠢᠷᠡᠬᠦᠶ᠎ᠡ ᠳᠠᠳᠮᠠᠭᠠᠶ ᠪᠣᠯᠵᠠᠶ᠃ ᠭᠡᠪᠡᠴᠦ᠍ ᠶᠠᠭᠤ ᠬᠢᠭ᠌ᠰᠡᠨ ᠴᠦ᠍ ᠨᠢᠭᠡᠯᠡ ᠵᠣᠷᠢᠯᠲᠠ᠎ᠲᠠᠢ ᠪᠠᠢᠳᠠᠭ᠂ ᠲᠠᠷᠤᠢ ᠵᠠᠪᠠᠯ ᠣᠯᠠᠨ ᠲᠦᠮᠡᠨ᠎ᠤ ᠵᠣᠭ᠍ᠰᠣᠴᠠ᠎ᠠᠴᠠ ᠠᠰᠠᠭᠤᠳᠠᠯ᠎ᠳᠤ ᠬᠠᠨᠳᠤᠵᠤ᠂ ᠵᠠᠪᠠᠯ ᠣᠯᠠᠨ ᠲᠦᠮᠡᠨ᠎ᠤ ᠠᠱᠢᠭ ᠲᠤᠰᠠ᠎ᠶ᠋ᠢ ᠲᠡᠷᠢᠭᠦᠨ ᠪᠠᠢᠷᠢᠨ᠎ᠳᠤ ᠲᠠᠯᠪᠢᠵᠤ᠂ ᠰᠠᠭᠤᠭᠠᠯᠢ ᠠᠷᠠᠳ᠎ᠢ ᠥᠪᠡᠷ᠎ᠤᠨ ᠭᠡᠷ᠎ᠤᠨ᠎ᠢᠶᠠᠨ ᠬᠥᠮᠦᠨ ᠱᠢᠭ ᠪᠤᠳᠤᠨ᠂ ᠰᠠᠭᠤᠭᠠᠯᠢ ᠠᠷᠠᠳ᠎ᠤᠨ ᠤᠴᠢᠷ᠎ᠢ ᠥᠪᠡᠷ᠎ᠤᠨ ᠭᠡᠷ᠎ᠤᠨ᠎ᠢᠶᠠᠨ ᠤᠴᠢᠷ ᠱᠢᠭ᠋ ᠪᠤᠳᠤᠬᠤ ᠬᠡᠷᠡᠭ᠌ᠲᠡᠶ᠂ ᠢᠡᠭ᠌ᠭᠢᠮᠡᠨᠵᠢᠨ ᠰᠠᠭᠤᠭᠠᠯᠢ ᠠᠷᠠᠳ ᠰᠠᠶᠢ ᠴᠢᠮ᠎ᠠ᠎ᠶ᠋ᠢ ᠮᠡᠳᠡᠷᠡᠬᠦ᠌ ᠪᠤᠯᠤᠨ᠎ᠠ》 ᠭᠡᠵᠦ᠍ ᠶᠠᠷᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号