《ᠦᠨᠳᠦᠰᠦᠲᠡᠨ᠎ᠨᠦᠭᠦᠳ᠎ᠤᠨ ᠳᠤᠮᠳᠠᠳᠤ᠎ᠶ᠋ᠢᠨ ᠦᠨᠳᠦᠰᠦᠲᠡᠨ᠎ᠤ ᠶᠡᠭᠡ ᠭᠡᠷ ᠪᠦᠯᠢ᠎ᠳᠤ ᠠᠨᠠᠷ᠎ᠤᠨ ᠦᠷ᠎ᠡ ᠱᠢᠭ ᠨᠢᠭ᠍ᠲᠠᠷᠠᠨ ᠪᠦᠯᠬᠦᠮᠳᠡᠬᠦ᠌᠎ᠶ᠋ᠢ ᠠᠬᠢᠭᠤᠯᠬᠤ ᠬᠡᠷᠡᠭ᠌ᠳᠠᠢ》᠃
ᠤᠪ ᠤᠯᠠᠭᠠᠨ ᠠᠨᠠᠷ᠎ᠨᠢ ᠡᠷᠲᠡᠨ᠎ᠠᠴᠠ ᠠᠪᠤᠭᠠᠳ ᠶᠡᠷᠦ᠎ᠨᠢ ᠵᠣᠯ ᠵᠢᠷᠭᠠᠯ᠎ᠤᠨ ᠪᠡᠯᠭᠡᠳᠡᠯ ᠪᠤᠯᠤᠨ᠎ᠠ᠃ ᠰᠤᠪᠤᠳ ᠮᠠᠨ᠎ᠤ ᠮᠡᠲᠦ ᠠᠨᠠᠷ᠎ᠤᠨ ᠦᠷᠡᠨᠦᠭᠦᠳ ᠨᠢᠭᠡ ᠳᠤᠤᠷ᠎ᠠ ᠪᠥᠭᠡᠮᠨᠡᠷᠡᠵᠦ᠍᠂ ᠡᠶ᠎ᠡ ᠵᠤᠬᠢᠴᠠᠯ᠎ᠲᠠᠢ ᠤᠷᠤᠱᠢᠵᠤ ᠪᠠᠢᠬᠤ᠎ᠶ᠋ᠢᠨ ᠱᠢᠯᠳᠠᠭᠠᠨ᠎ᠨᠢ ᠳᠡᠳᠡ ᠱᠢᠮ᠎ᠡ ᠲᠡᠵᠢᠭᠡᠯ᠎ᠢ ᠲᠡᠭ᠌ᠰᠢᠬᠡᠨ ᠬᠤᠪᠢᠶᠠᠯᠴᠠᠵᠤ᠂ ᠲᠡᠩᠴᠡᠭᠦᠷᠢᠲᠡᠶ ᠦᠰᠦᠨ ᠪᠤᠢᠵᠢᠵᠤ ᠴᠢᠳᠠᠳᠠᠭ᠎ᠠᠴᠠ ᠪᠤᠯᠵᠠᠢ᠃ ᠡᠨᠡ᠎ᠨᠢ ᠶᠠᠭ ᠮᠠᠨ᠎ᠤ 56 ᠦᠨᠳᠦᠰᠦᠲᠡᠨ᠎ᠢᠶᠠᠷ ᠪᠦᠷᠢᠯᠳᠦᠭ᠌ᠰᠡᠨ ᠳᠤᠮᠳᠠᠳᠤ᠎ᠶ᠋ᠢᠨ ᠦᠨᠳᠦᠰᠦᠲᠡᠨ᠎ᠤ ᠶᠡᠭᠡ ᠭᠡᠷ ᠪᠦᠯᠢ᠎ᠲᠠᠢ ᠠᠳᠠᠯᠢ᠎ᠪᠠᠷ᠂ ᠳᠤᠤᠭᠠᠷᠪᠠᠯ ᠲᠠᠭᠤ ᠨᠢᠭᠡᠲᠡᠢ᠂ ᠳᠤᠭ᠍ᠲᠤᠷᠪᠠᠯ ᠬᠦᠴᠦ᠍ ᠨᠢᠭᠡᠲᠡᠢ ᠪᠠᠢᠵᠤ᠂ ᠦᠨᠳᠦᠰᠦᠲᠡᠨ᠎ᠤ ᠰᠡᠷᠭᠦᠨ ᠮᠠᠨᠳᠤᠯᠲᠠ᠎ᠶ᠋ᠢᠨ ᠰᠠᠢᠨ ᠰᠠᠢᠬᠠᠨ ᠢᠷᠡᠭᠡᠳᠦᠢ ᠵᠦᠭ ᠬᠠᠮᠲᠤ᠎ᠪᠠᠷ ᠤᠷᠤᠭ᠍ᠰᠢᠯᠠᠵᠤ ᠪᠠᠢᠨ᠎ᠠ᠃ ᠦᠨᠳᠦᠰᠦᠲᠡᠨ᠎ᠤ ᠪᠦᠯᠬᠦᠮᠳᠡᠯ ᠨᠥᠬᠦᠷᠯᠡᠯ ᠪᠣᠯ ᠳᠤᠮᠳᠠᠳᠤ᠎ᠶ᠋ᠢᠨ ᠦᠨᠳᠦᠰᠦᠲᠡᠨ᠎ᠤ ᠠᠮᠢ ᠨᠠᠰᠤ᠂ ᠬᠦᠴᠦᠨ ᠴᠢᠳᠠᠯ᠂ ᠬᠦᠰᠡᠯ ᠡᠷᠡᠮᠡᠯᠵᠡᠯ ᠮᠥᠨ ᠭᠡᠳᠡᠭ᠎ᠢ ᠡᠨᠡ ᠬᠦ᠌ ᠤᠷᠠᠨ ᠳᠦᠷᠰᠦᠯᠡᠯ᠎ᠢᠶᠠᠷ ᠠᠮᠢᠳᠤᠯᠢᠭ ᠳᠤᠰᠭᠠᠭ᠍ᠰᠠᠨ ᠪᠠᠢᠨ᠎ᠠ᠃ ᠦᠨᠳᠦᠰᠦᠲᠡᠨ᠎ᠨᠦᠭᠦᠳ᠎ᠤᠨ ᠠᠷᠠᠳ ᠲᠦᠮᠡᠨ ᠴᠥᠮ ᠦᠨᠳᠦᠰᠦᠲᠡᠨ᠎ᠤ ᠪᠦᠯᠬᠦᠮᠳᠡᠯ᠎ᠢ ᠨᠢᠳᠦ᠎ᠪᠠᠨ ᠬᠠᠢᠷᠠᠯᠠᠬᠤ ᠱᠢᠭ᠋᠎ᠢᠶᠠᠷ ᠬᠠᠢᠷᠠᠯᠠᠨ ᠬᠠᠮᠠᠭᠠᠯᠠᠵᠤ᠂ ᠥᠪᠡᠷ᠎ᠤᠨ ᠠᠮᠢ ᠨᠠᠰᠤ᠎ᠪᠠᠨ ᠨᠠᠨᠳᠢᠩᠨᠠᠬᠤ ᠱᠢᠭ᠋᠎ᠢᠶᠠᠷ ᠨᠠᠨᠳᠢᠩᠨᠠᠬᠤ ᠬᠡᠷᠡᠭ᠌ᠲᠡᠢ᠃
ᠦᠨᠳᠦᠰᠦᠲᠡᠨ᠎ᠤ ᠪᠦᠯᠬᠦᠮᠳᠡᠯ᠎ᠨᠢ ᠨᠡᠷᠡᠨ᠎ᠤ ᠭᠡᠷᠡᠯ᠂ ᠠᠭᠠᠷ ᠪᠠ ᠤᠰᠤ ᠮᠡᠲᠦ᠍᠂ ᠦᠯᠦ᠍ ᠮᠡᠳᠡᠬᠦ᠌ ᠪᠠᠢᠳᠠᠯ ᠳᠤᠤᠷ᠎ᠠ ᠬᠦᠮᠦᠰ᠎ᠲᠤ ᠠᠱᠢᠭ ᠬᠦᠷᠳᠡᠭᠡᠵᠤ᠂ ᠬᠡᠷᠪᠡ ᠦᠭᠡᠢ ᠪᠤᠯᠴᠢᠬᠠᠪᠠᠯ ᠬᠦᠮᠦᠰ ᠣᠷᠣᠱᠢᠨ ᠲᠣᠭ᠍ᠲᠠᠨᠢᠵᠤ ᠴᠢᠳᠠᠬᠤ ᠦᠭᠡᠢ ᠪᠤᠯᠤᠨ᠎ᠠ᠃ ᠦᠨᠳᠦᠰᠦᠲᠡᠨ᠎ᠤ ᠪᠦᠯᠬᠦᠮᠳᠡᠯ᠎ᠤᠨ ᠠᠮᠢᠵᠢᠷᠠᠯ᠎ᠤᠨ ᠬᠦᠴᠦᠨ᠎ᠨᠢ ᠦᠢᠯᠡᠳᠦᠯᠭᠡ᠎ᠳᠤ ᠪᠠᠢᠳᠠᠭ᠂ ᠳᠤᠮᠳᠠᠳᠤ᠎ᠶ᠋ᠢᠨ ᠦᠨᠳᠦᠰᠦᠲᠡᠨ᠎ᠤ ᠶᠡᠭᠡ ᠭᠡᠷ ᠪᠦᠯᠢ᠎ᠶ᠋ᠢᠨ ᠪᠦᠷᠢᠯᠳᠦᠬᠦᠨ ᠨᠢᠭᠡ ᠪᠦᠷᠢ ᠰᠡᠳᠭᠢᠯ ᠲᠠᠯᠪᠢᠨ ᠬᠠᠮᠠᠭᠠᠯᠠᠵᠤ ᠪᠡᠶ᠎ᠡ᠎ᠪᠠᠷ᠎ᠢᠶᠠᠨ ᠴᠢᠷᠮᠠᠢᠨ ᠬᠢᠬᠦ᠌ ᠴᠢᠬᠤᠯᠠᠳᠠᠢ᠃ ᠤᠷᠳᠤ ᠬᠤᠭᠤᠴᠠᠭᠠᠨ᠎ᠤ ᠲᠤᠷᠰᠢ᠂ ᠦᠨᠳᠦᠰᠦᠲᠡᠨ᠎ᠨᠦᠭᠦᠳ᠎ᠤᠨ ᠠᠷᠠᠳ ᠲᠦᠮᠡᠨ ᠰᠡᠳᠭᠢᠯ ᠵᠢᠷᠦᠬᠡ᠎ᠪᠠᠨ ᠬᠤᠯᠪᠣᠵᠤ᠂ ᠬᠠᠮᠲᠤ᠎ᠪᠠᠷ ᠪᠦᠯᠬᠦᠮᠳᠡᠨ ᠲᠡᠮᠡᠴᠡᠬᠦ᠂ ᠬᠠᠮᠲᠤ᠎ᠪᠠᠷ ᠴᠡᠴᠡᠭ᠌ᠯᠡᠨ ᠬᠥᠭ᠌ᠵᠢᠬᠦ᠌ ᠰᠦᠷ ᠳᠠᠯᠠᠢᠴᠠᠲᠠᠢ ᠬᠦᠴᠦᠨ᠎ᠢ ᠨᠢᠭ᠍ᠲᠠᠷᠠᠭᠤᠯᠵᠤ᠂ ᠨᠢᠭᠡᠳᠦᠭᠡᠷ ᠵᠠᠭᠤᠨ ᠵᠢᠯ᠎ᠤᠨ ᠲᠡᠮᠡᠴᠡᠬᠦ᠌ ᠬᠠᠷᠠᠯᠲᠠ᠎ᠶ᠋ᠢ ᠪᠡᠶᠡᠯᠡᠭᠦᠯᠵᠦ᠍᠂ ᠳᠤᠮᠳᠠᠳᠤ᠎ᠶ᠋ᠢᠨ ᠦᠨᠳᠦᠰᠦᠲᠡᠨ᠎ᠤ ᠶᠡᠭᠡ ᠭᠡᠷ ᠪᠦᠯᠢ ᠰᠠᠢᠨ ᠰᠠᠢᠬᠠᠨ ᠠᠮᠢᠳᠤᠷᠠᠯ᠎ᠲᠠᠢ ᠪᠣᠯᠵᠠᠢ᠃ ᠨᠡᠢᠭᠡᠮ ᠵᠢᠷᠤᠮᠳᠤ ᠣᠳᠣᠬᠢᠴᠢᠯᠠᠭ᠍ᠰᠠᠨ ᠤᠯᠤᠰ᠎ᠢ ᠪᠦᠬᠦ᠌ ᠲᠠᠯ᠎ᠠ᠎ᠪᠠᠷ ᠪᠦᠳᠦᠭᠡᠨ ᠪᠠᠢᠭᠤᠯᠬᠤ ᠱᠢᠨ᠎ᠡ ᠠᠶᠠᠨ᠎ᠳᠤ᠂ ᠨᠢᠭᠡ ᠦᠨᠳᠦᠰᠦᠲᠡᠨ᠎ᠢ ᠴᠦ᠍ ᠣᠷᠬᠢᠭ᠍ᠳᠠᠭᠤᠯᠵᠤ ᠪᠣᠯᠬᠤ ᠦᠭᠡᠢ᠂ ᠦᠨᠳᠦᠰᠦᠲᠡᠨ᠎ᠨᠦᠭᠦᠳ᠎ᠤᠨ ᠠᠷᠠᠳ ᠲᠦᠮᠡᠨ ᠰᠡᠳᠭᠢᠯ ᠵᠢᠷᠦᠬᠡ᠎ᠪᠠᠨ ᠬᠤᠯᠪᠣᠵᠤ᠂ ᠪᠦᠯᠬᠦᠮᠳᠡᠨ ᠲᠡᠮᠡᠴᠡᠪᠡᠯ ᠯᠠᠪᠲᠠᠢ ᠳᠤᠮᠳᠠᠳᠤ᠎ᠶ᠋ᠢᠨ ᠦᠨᠳᠦᠰᠦᠲᠡᠨ᠎ᠤ ᠰᠠᠢᠨ ᠰᠠᠢᠬᠠᠨ ᠢᠷᠡᠭᠡᠳᠦᠢ᠎ᠶ᠋ᠢ ᠬᠠᠮᠲᠤ᠎ᠪᠠᠷ ᠴᠣᠭ᠍ᠴᠠᠯᠠᠵᠤ᠂ ᠦᠨᠳᠦᠰᠦᠲᠡᠨ᠎ᠤ ᠰᠡᠷᠭᠦᠨ ᠮᠠᠨᠳᠤᠯᠲᠠ᠎ᠶ᠋ᠢᠨ ᠠᠭᠤᠤ ᠶᠡᠭᠡ ᠢᠷᠠᠭᠤ ᠠᠯᠳᠠᠷ᠎ᠢ ᠬᠠᠮᠲᠤ᠎ᠪᠠᠷ ᠡᠳ᠋ᠯᠡᠵᠦ᠍ ᠴᠢᠳᠠᠨ᠎ᠠ᠃
ᠰᠣᠶᠣᠯ᠎ᠤᠨ ᠬᠠᠮᠲᠤ᠎ᠶ᠋ᠢᠨ ᠲᠠᠨᠢᠯᠲᠠ ᠪᠣᠯ ᠬᠠᠮᠤᠭ᠎ᠤᠨ ᠭᠦᠨ ᠳᠠᠪᠬᠤᠷᠭ᠎ᠠ᠎ᠶ᠋ᠢᠨ ᠬᠠᠮᠲᠤ᠎ᠶ᠋ᠢᠨ ᠲᠠᠨᠢᠯᠲᠠ ᠮᠥᠨ᠂ ᠦᠨᠳᠦᠰᠦᠲᠡᠨ᠎ᠤ ᠪᠦᠯᠬᠦᠮᠳᠡᠯ᠎ᠤᠨ ᠦᠨᠳᠦᠰᠦ᠂ ᠦᠨᠳᠦᠰᠦᠲᠡᠨ᠎ᠤ ᠡᠶ᠎ᠡ ᠨᠠᠢᠷᠠᠮᠳᠠᠭᠤ᠎ᠶ᠋ᠢᠨ ᠰᠦᠭ ᠰᠦᠨᠡᠰᠦ ᠮᠥᠨ᠃ ᠠᠳᠠᠯᠢᠬᠠᠨ ᠦᠰᠦᠭ ᠪᠢᠴᠢᠭ᠂ ᠠᠳᠠᠯᠢᠬᠠᠨ ᠦᠭᠡ ᠬᠡᠯᠡ᠂ ᠠᠳᠠᠯᠢᠬᠠᠨ ᠰᠡᠳᠭᠢᠯ᠎ᠲᠠᠢ ᠪᠠᠢᠬᠤ ᠬᠡᠷᠡᠭ᠌ᠳᠠᠢ᠃ ᠦᠭᠡ ᠬᠡᠯᠡ ᠨᠡᠪᠲᠡᠷᠡᠯᠴᠡᠪᠡᠯ ᠰᠠᠶᠢ ᠬᠠᠷᠢᠯᠴᠠᠨ ᠨᠡᠪᠲᠡᠷᠡᠯᠴᠡᠵᠦ᠍᠂ ᠬᠠᠷᠢᠯᠴᠠᠨ ᠣᠢᠯᠠᠭᠠᠯᠴᠠᠵᠤ᠂ ᠥᠷᠭᠡᠨ ᠳᠡᠯᠭᠡᠷ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠳᠤᠮᠳᠠ ᠭᠦᠨ ᠵᠤᠵᠠᠭᠠᠨ ᠨᠥᠬᠦᠷᠯᠡᠯ ᠪᠠᠢᠭᠤᠯᠵᠤ᠂ ᠦᠨᠳᠦᠰᠦᠲᠡᠨ᠎ᠨᠦᠭᠦᠳ᠎ᠤᠨ ᠶᠡᠭᠡ ᠪᠦᠯᠬᠦᠮᠳᠡᠯ᠎ᠢ ᠨᠡᠩ ᠰᠠᠢᠲᠤᠷ ᠬᠠᠮᠠᠭᠠᠯᠠᠵᠤ ᠴᠢᠳᠠᠨ᠎ᠠ᠃ ᠡᠨᠡ ᠬᠦ᠌ ᠤᠳᠭ᠎ᠠ᠎ᠠᠴᠠ ᠠᠪᠴᠤ᠌ ᠬᠡᠯᠡᠪᠡᠯ᠂ ᠤᠯᠤᠰ᠎ᠤᠨ ᠨᠢᠭᠡᠳᠦᠯᠲᠡᠢ ᠨᠠᠢᠷᠠᠭᠤᠯᠤᠭ᠍ᠰᠠᠨ ᠵᠢᠭᠠᠬᠤ ᠮᠠᠲ᠋ᠧᠷᠢᠶᠠᠯ᠎ᠢ ᠳᠡᠯᠭᠡᠷᠡᠭᠦᠯᠦᠨ ᠬᠡᠷᠡᠭ᠌ᠯᠡᠬᠦ᠂ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠲᠤᠷ ᠰᠤᠷᠴᠤ᠌ ᠬᠡᠷᠡᠭ᠌ᠯᠡᠬᠦ᠌ ᠪᠣᠯ ᠳᠤᠮᠳᠠᠳᠤ᠎ᠶ᠋ᠢᠨ ᠦᠨᠳᠦᠰᠦᠲᠡᠨ᠎ᠤ ᠶᠡᠭᠡ ᠭᠡᠷ ᠪᠦᠯᠢ᠎ᠶ᠋ᠢᠨ ᠪᠦᠷᠢᠯᠳᠦᠬᠦᠨ ᠨᠢᠭᠡ ᠪᠦᠷᠢ᠂ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠤᠬᠠᠮᠰᠠᠷ᠎ᠠᠴᠠ᠎ᠪᠠᠨ ᠡᠭᠦᠷᠭᠡᠯᠡᠪᠡᠯ ᠵᠣᠬᠢᠬᠤ ᠲᠠᠷᠬᠠᠨ ᠡᠭᠦᠷᠭᠡ ᠬᠠᠷᠢᠭᠤᠴᠠᠯᠭ᠎ᠠ ᠮᠥᠨ᠃
ᠱᠢᠨ᠎ᠡ ᠴᠠᠭ ᠦᠶ᠎ᠡ ᠪᠣᠯ ᠬᠥᠮᠦᠨ ᠨᠢᠭᠡ ᠪᠦᠷᠢ᠎ᠶ᠋ᠢᠨ᠎ᠬᠢ ᠶᠤᠮ᠂ ᠬᠥᠮᠦᠨ ᠨᠢᠭᠡ ᠪᠦᠷᠢ ᠴᠥᠮ ᠱᠢᠨ᠎ᠡ ᠴᠠᠭ ᠦᠶ᠎ᠡ᠎ᠶ᠋ᠢᠨ ᠭᠡᠷᠡᠴᠢᠯᠡᠭ᠌ᠴᠢ᠂ ᠡᠭᠦᠳᠦᠭ᠌ᠴᠢ᠂ ᠪᠦᠳᠦᠭᠡᠨ ᠪᠠᠢᠭᠤᠯᠤᠭ᠍ᠴᠢ ᠮᠥᠨ᠃ ᠬᠥᠮᠦᠨ ᠨᠢᠭᠡ ᠪᠦᠷᠢ ᠴᠥᠮ ᠦᠨᠳᠦᠰᠦᠲᠡᠨ᠎ᠤ ᠪᠦᠯᠬᠦᠮᠳᠡᠯ᠎ᠢ ᠠᠬᠢᠭᠤᠯᠬᠤ 《ᠠᠨᠠᠷ᠎ᠤᠨ ᠦᠷ᠎ᠡ》 ᠮᠥᠨ᠃ ᠦᠨᠳᠦᠰᠦᠲᠡᠨ᠎ᠤ ᠪᠦᠯᠬᠦᠮᠳᠡᠯ᠎ᠢ ᠠᠬᠢᠭᠤᠯᠬᠤ᠎ᠳᠤ ᠪᠡᠶ᠎ᠠ᠎ᠪᠠᠷ᠎ᠢᠶᠠᠨ ᠲᠦᠷᠦᠭᠦᠯᠡᠨ ᠬᠢᠵᠤ᠂ ᠤᠯᠤᠰ᠎ᠤᠨ ᠨᠢᠭᠡᠳᠦᠯᠲᠡᠢ ᠨᠠᠢᠷᠠᠭᠤᠯᠤᠭ᠍ᠰᠠᠨ ᠵᠢᠭᠠᠬᠤ ᠮᠠᠲ᠋ᠧᠷᠢᠶᠠᠯ᠂ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠲᠤᠷ ᠰᠤᠷᠴᠤ᠌ ᠬᠡᠷᠡᠭ᠌ᠯᠡᠬᠦ᠌᠎ᠠᠴᠠ ᠡᠬᠢᠯᠡᠨ ᠬᠢᠬᠦ᠌ ᠬᠡᠷᠡᠭ᠌ᠲᠡᠢ᠃ ᠬᠥᠮᠦᠨ ᠪᠦᠬᠦᠨ 《ᠠᠨᠠᠷ᠎ᠤᠨ ᠦᠷ᠎ᠡ》 ᠪᠤᠯᠲᠠᠭ ᠯᠠ ᠶᠤᠮ ᠪᠣᠯ ᠦᠨᠳᠦᠰᠦᠲᠡᠨ᠎ᠨᠦᠭᠦᠳ᠎ᠤᠨ ᠰᠠᠢᠨ ᠰᠠᠢᠬᠠᠨ ᠠᠮᠢᠳᠤᠷᠠᠯ᠎ᠢ ᠬᠠᠮᠲᠤ᠎ᠪᠠᠷ ᠪᠠᠢᠭᠤᠯᠬᠤ ᠠᠮᠢᠳᠤᠯᠢᠭ ᠪᠠᠢᠳᠠᠯ ᠨᠠᠩ ᠪᠠᠬᠢᠵᠢᠬᠦ᠌ ᠪᠣᠯᠤᠨ᠎ᠠ᠃