ᠨᠤᠪᠸ᠋ᠯᠤᠨ ᠰᠠᠭᠤᠷᠢ ᠮᠥᠩᠭᠥᠨ᠎ᠦ ᠨᠡᠢᠭᠡᠮᠯᠢᠭ 23 ᠤ ᠡᠳᠦᠷ᠂ ᠱ᠌ᠢᠨ᠎ᠡ ᠲᠢᠲᠢᠮᠯᠢᠭ ᠠᠭᠤᠰᠭᠢᠨ ᠦᠷᠪᠢᠰᠦᠯ᠎ᠦᠨ ᠬᠢᠵᠢᠭ᠎ᠦᠨ
ᠨᠥᠯᠥᠭᠡ᠎ᠡᠴᠡ ᠪᠤᠯᠵᠤ 2021 ᠣᠨ᠎ᠤ ᠨᠤᠪᠸ᠋ᠯᠤᠨ ᠹᠢᠽᠢᠺ᠎ᠦᠨ ᠤᠬᠠᠭᠠᠨ᠎ᠤ ᠱᠠᠩᠨᠠᠯ᠂ ᠬᠢᠮᠢ᠎ᠶᠢᠨ ᠤᠬᠠᠭᠠᠨ᠎ᠤ
ᠱᠠᠩᠨᠠᠯ᠂ ᠹᠢᠽᠢᠣᠯᠣᠭᠢ᠎ᠶᠢᠨ ᠤᠬᠠᠭᠠᠨ᠎ᠤ ᠱᠠᠩᠨᠠᠯ᠂ ᠠᠨᠠᠭᠠᠬᠤ ᠤᠬᠠᠭᠠᠨ᠎ᠤ ᠱᠠᠩᠨᠠᠯ᠂ ᠤᠳᠭ᠎ᠠ ᠵᠣᠬᠢᠶᠠᠯ᠎ᠤᠨ
ᠱᠠᠩᠨᠠᠯ ᠵᠢᠴᠢ ᠠᠵᠤ ᠠᠬᠤᠢ᠍ᠶᠢᠨ ᠤᠬᠠᠭᠠᠨ᠎ᠤ ᠱᠠᠩᠨᠠᠯ ᠬᠦᠷᠳᠡᠭ᠍ᠰᠡᠳ ᠨᠢᠳᠤᠨᠤᠨ᠎ᠤ ᠱᠠᠩᠨᠠᠯ ᠤᠯᠭᠤᠬ᠍ᠰᠠᠨ ᠬᠡᠯᠪᠡᠷᠢ
ᠵᠢ ᠦᠷᠭᠦᠯᠵᠢᠯᠡᠭᠦᠯᠵᠦ᠍᠂ ᠥᠪᠡᠷ ᠥᠪᠡᠷ᠎ᠦᠨ ᠤᠯᠤᠰ᠎ᠲᠠᠭᠠᠨ ᠬᠠᠮᠢᠶ᠎ᠠ ᠪᠦᠬᠦᠢ ᠱᠠᠩᠨᠠᠯᠢ᠍ᠢ ᠬᠦᠷᠳᠡᠨ᠎ᠠ᠂ ᠬᠠᠷᠢᠨ
ᠵᠤᠷᠱᠢᠯ ᠶᠣᠰᠣᠭᠠᠷ ᠰᠸᠧᠳᠧᠨᠦ ᠨᠡᠢᠰᠯᠡᠯ ᠰᠲ᠋ᠤᠺᠾᠤᠯᠮ ᠳ᠋ᠤ ᠬᠦᠷᠴᠦ᠍ ᠱᠠᠩᠨᠠᠯ ᠣᠯᠭᠣᠬᠤ ᠶᠣᠰᠣᠯᠠᠯ᠎ᠳᠤ ᠣᠷᠣᠯᠴᠠᠬᠤ
ᠪᠢᠰᠢ ᠭᠡᠵᠦ᠍ ᠨᠡᠢᠲᠡᠯᠡᠪᠡ᠃
12 ᠰᠠᠷ᠎ᠠ᠎ᠶᠢᠨ 10 ᠤ᠋ ᠡᠳᠦᠷ ᠪᠣᠯ ᠰᠸᠧᠳᠧᠨᠦ ᠬᠢᠮᠢ᠎ᠶᠢᠨ ᠤᠬᠠᠭᠠᠨᠲᠠᠨ
ᠪᠠ ᠡᠬᠦᠳᠦᠨ ᠪᠦᠳᠦᠬᠡᠭ᠌ᠴᠢ ᠨᠤᠪᠸ᠋ᠯᠤᠨ ᠨᠠᠰᠤ ᠪᠠᠷᠠᠭ᠌ᠰᠠᠨ ᠳᠤᠷᠠᠰᠭᠠᠯ᠎ᠤᠨ ᠡᠳᠦᠷ ᠪᠤᠯᠤᠨ᠎ᠠ᠂ ᠵᠢᠯ ᠪᠦᠷᠢ᠎ᠶᠢᠨ
ᠨᠤᠪᠸ᠋ᠯᠤᠨ ᠱᠠᠩᠨᠠᠯ᠎ᠤᠨ ᠱᠠᠩᠨᠠᠯ ᠣᠯᠭᠣᠬᠤ ᠶᠣᠰᠣᠯᠠᠯᠢ᠍ᠢ ᠴᠥᠮ ᠡᠨᠡ ᠡᠳᠦᠷ ᠬᠢᠬᠦ᠌᠎ᠪᠡᠷ ᠲᠤᠬ᠍ᠳᠠᠬ᠍ᠰᠠᠨ ᠶᠤᠮ᠃
ᠵᠤᠷᠱ᠌ᠢᠯ ᠶᠣᠰᠣᠭᠠᠷ ᠪᠤᠯ᠂ ᠲᠤᠬᠠᠢ᠎ᠶᠢᠨ ᠵᠢᠯ᠎ᠦᠨ ᠡᠯ᠎ᠡ ᠱᠠᠩᠨᠠᠯ ᠬᠦᠷᠳᠡᠭ᠍ᠰᠡᠳ ᠰᠲ᠋ᠤᠺᠾᠤᠯᠮ ᠳ᠋ᠤ ᠬᠦᠷᠴᠦ᠍
ᠱᠠᠩᠨᠠᠯ ᠣᠯᠭᠣᠬᠤ ᠶᠣᠰᠣᠯᠠᠯ ᠪᠠ ᠤᠷᠤᠢ᠍ᠶᠢᠨ ᠳᠠᠢᠯᠠᠯᠭ᠎ᠠ᠎ᠳᠤ ᠣᠷᠣᠯᠴᠠᠬᠤ᠎ᠶᠢᠨ ᠬᠠᠮᠲᠤ ᠱᠠᠩᠨᠠᠯ ᠬᠦᠷᠳᠡᠭ᠍ᠰᠡᠳᠦᠨ
ᠲᠠᠢᠯᠤᠮᠵᠢ᠂ ᠳᠠᠭᠤᠤ ᠬᠥᠭ᠍ᠵᠢᠮ᠎ᠦᠨ ᠦᠳᠡᠱ᠌ᠢᠯᠡᠭᠡ ᠵᠡᠷᠭᠡ ᠠᠯᠢ ᠤᠯᠠᠨ ᠨᠤᠪᠸ᠋ᠯᠤᠨ ᠱᠠᠩᠨᠠᠯ᠎ᠤᠨ ᠭᠠᠷᠠᠭ᠎ᠤᠨ
ᠠᠵᠢᠯᠯᠠᠭ᠎ᠠ᠎ᠳᠤ ᠣᠷᠣᠯᠴᠠᠳᠠᠭ᠃
2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄tn@mgyxw.net 蒙ICP备10000005号