ᠰᠦᠨᠢᠳ ᠨᠤᠳᠤᠭ᠎ᠤᠨ ᠠᠯᠳᠠ ᠮᠦᠡᠭ᠌ᠬᠦᠨ ᠮᠧᠳᠠᠯ ᠳᠤᠰᠤᠭ᠍ᠰᠠᠨ ᠠᠬ᠎ᠠ ᠳᠡᠬᠦᠦ ᠬᠤᠶᠠᠭᠤᠯᠠ
2021-09-29 18:33:39
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠡᠨᠡ ᠡᠳᠦᠷ᠎ᠤᠨ ᠦᠳᠡ᠎ᠶ᠋ᠢᠨ ᠡᠮᠦᠨ᠎ᠡ᠂ ᠰᠦᠨᠢᠳ ᠪᠠᠷᠠᠭᠤᠨ ᠬᠤᠱᠢᠭᠤᠨ᠎ᠤ ᠨᠠᠮ ᠵᠠᠰᠠᠭ᠎ᠠᠴᠠ ᠲᠦᠷᠦᠬᠦᠬᠡᠨ ᠪᠥᠬᠦ᠌ ᠤᠯᠤᠰ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠤ ᠵᠢᠦᠳᠣᠣ ᠪᠦᠬᠡ᠎ᠶ᠋ᠢᠨ 90 ᠺᠢᠯᠣᠭ᠌ᠷᠠᠮ᠎ᠤᠨ ᠳᠡᠰ᠎ᠤᠨ ᠪᠠᠷᠢᠯᠳᠤᠭᠠᠨ᠎ᠳᠤ ᠠᠯᠳᠠᠨ ᠮᠧᠳᠡᠯ ᠱᠢᠬᠦᠷᠦᠭ᠌ᠰᠡᠨ ᠪᠦᠭᠡᠪᠢᠯᠢᠭ ᠬᠢᠬᠡᠳ ᠴᠢᠯᠦᠭᠡᠳᠤ ᠪᠦᠭᠡ᠎ᠶ᠋ᠢᠨ 125 ᠺᠢᠯᠣᠭ᠌ᠷᠠᠮ᠎ᠤᠨ ᠳᠡᠰ᠎ᠤᠨ ᠪᠠᠷᠢᠯᠳᠤᠭᠠᠨ᠎ᠳᠤ ᠮᠦᠡᠭ᠌ᠬᠦᠨ ᠮᠧᠳᠠᠯ ᠱᠢᠬᠦᠷᠦᠭ᠌ᠰᠡᠨ ᠪᠦᠭᠡᠨᠷᠳᠡᠨᠢ ᠠᠬ᠎ᠠ ᠳᠡᠬᠦᠦ ᠬᠤᠶᠠᠭᠤᠯᠠ᠎ᠶ᠋ᠢ ᠬᠠᠯᠠᠭᠤᠨ᠎ᠢᠶᠠᠷ ᠤᠭ᠍ᠳᠤᠨ ᠤᠷᠮᠠᠱᠢᠭᠤᠯᠤᠯ᠎ᠠ᠃




ᠳᠡᠳᠡ ᠬᠤᠶᠠᠭᠤᠯᠠ᠄ 《ᠬᠤᠱᠢᠭᠤ ᠨᠠᠮ ᠵᠠᠰᠠᠭ ᠪᠠ ᠨᠤᠳᠤᠭ᠎ᠤᠨ ᠤᠯᠠᠨ᠎ᠤ ᠤᠷᠮᠠᠱᠢᠭᠤᠯᠤᠯ ᠵᠤᠷᠢᠭ᠍ᠵᠢᠭᠤᠯᠤᠯ᠎ᠳᠤ᠎ᠨᠢ ᠳᠤᠩ ᠶᠡᠭᠡ ᠪᠠᠶᠠᠷᠯᠠᠵᠤ ᠪᠠᠢᠨ᠎ᠠ᠂ ᠳᠡᠳᠡ᠎ᠤ ᠬᠠᠢᠷ᠎ᠠ ᠬᠠᠯᠠᠮᠵᠢ ᠪᠢᠳᠡᠨ᠎ᠳᠤ ᠬᠠᠮᠤᠭ ᠶᠡᠭᠡ ᠰᠡᠳᠭᠢᠯ᠎ᠤᠨ ᠬᠦᠴᠦ᠍ ᠦᠭ᠌ᠳᠡᠭ᠂ ᠳᠡᠳᠡ ᠨᠡᠷ᠎ᠤᠨ ᠬᠦᠰᠡᠯ᠎ᠢ ᠬᠦᠰᠡᠷᠳᠡᠬᠦᠯᠬᠦ᠌ ᠦᠭᠡᠢ᠎ᠪᠠᠷ ᠴᠢᠷᠮᠠᠢᠨ ᠪᠤᠯᠪᠠᠰᠤᠷᠠᠵᠤ᠂ 2024 ᠤᠨ᠎ᠤ ᠤᠯᠢᠮᠫᠢᠺ᠎ᠤᠨ ᠳᠠᠮᠢᠷ᠎ᠤᠨ ᠴᠤᠭ᠍ᠯᠠᠭᠠᠨ᠎ᠤ ᠠᠯᠳᠠᠨ ᠮᠧᠳᠠᠯ᠎ᠢ ᠳᠡᠮᠡᠴᠡᠨ ᠤᠯᠬᠤ᠎ᠪᠠᠷ ᠪᠦᠬᠦ᠌ ᠬᠦᠴᠦ᠎ᠪᠠᠷ ᠴᠢᠷᠮᠠᠢᠨ᠎ᠡ᠂ ᠡᠨᠡ ᠪᠤᠯ ᠪᠢᠳᠡᠨ᠎ᠤ ᠬᠠᠮᠤᠭ᠎ᠤᠨ ᠶᠡᠭᠡ ᠮᠦᠷᠦᠭᠡᠳᠤᠯ ᠮᠦᠨ》 ᠬᠡᠯ᠎ᠠ᠃



微信图片_20210929084946.jpg

 

微信图片_20210929085019.jpg



ᠪᠦᠬᠡᠪᠢᠯᠢᠭ ᠪᠦᠬᠡᠨᠷᠳᠡᠨᠢ ᠬᠡᠭ᠌ᠴᠢ ᠰᠦᠨᠢᠳ ᠪᠠᠷᠠᠭᠤᠨ ᠬᠤᠱᠢᠭᠤᠨ᠎ᠤ ᠦᠷᠭᠡᠨᠳᠠᠯ᠎ᠠ ᠪᠠᠯᠭᠠᠰᠤ᠎ᠶ᠋ᠢᠨ ᠪᠠᠶᠠᠨ ᠡᠭᠡᠯᠢᠳᠤ ᠭᠠᠴᠠᠭᠠᠨ᠎ᠤ ᠡᠬᠡᠯ ᠮᠠᠯᠴᠢᠨ ᠳᠤᠷᠠᠰᠭᠠᠯᠳᠤ ᠠᠯᠳᠠᠨᠳᠤᠶᠠᠭ᠎ᠠ᠎ᠶ᠋ᠢᠨ ᠡᠩᠬᠦᠷᠡᠢ ᠬᠤᠶᠠᠷ ᠬᠦᠦ ᠪᠢᠯᠡ᠃ ᠪᠠᠯᠴᠢᠷ ᠨᠠᠰᠤᠨ᠎ᠠᠴᠠ᠎ᠪᠠᠨ ᠪᠦᠬᠡᠴᠢᠨ ᠠᠪᠤ᠎ᠶ᠋ᠢᠨ᠎ᠢᠶᠠᠨ ᠵᠠᠩᠬᠢᠶ᠎ᠠ᠎ᠶ᠋ᠢ ᠵᠡᠬᠦᠵᠤ᠂ ᠳᠤᠭᠤᠯ᠎ᠤᠨ ᠪᠡᠯᠴᠢᠬᠡᠷ᠎ᠲᠡᠭᠡᠨ ᠠᠯᠢᠶᠠᠷᠬᠠᠨ ᠨᠤᠴᠤᠯᠳᠤᠵᠤ ᠦᠰᠴᠡᠢ᠃ ᠠᠩᠬ᠎ᠠ ᠳᠤᠮᠳᠠ᠎ᠪᠠᠨ ᠳᠡᠬᠦᠰᠦᠭ᠌ᠰᠡᠨ᠎ᠤ ᠳᠠᠷᠠᠭ᠎ᠠ ᠱᠢᠯᠢᠩᠬᠤᠳᠠ᠎ᠶ᠋ᠢᠨ ᠠᠵᠢᠯ ᠮᠡᠷᠭᠡᠵᠢᠯ᠎ᠤᠨ ᠳᠡᠭᠡᠳᠤ ᠰᠤᠷᠭᠠᠭᠤᠯᠢ᠎ᠶ᠋ᠢᠨ ᠪᠦᠭᠡ᠎ᠶ᠋ᠢᠨ ᠰᠠᠯᠪᠤᠷᠢ᠎ᠳᠤ ᠰᠤᠷᠤᠯᠴᠠᠵᠤ᠂ ᠪᠦᠭᠡᠪᠢᠯᠢᠭ 2014 ᠣᠨ᠎ᠳᠤ ᠥᠪᠥᠷ ᠮᠣᠩᠭᠤᠯ᠎ᠤᠨ ᠥᠷᠢᠰᠦᠯᠳᠦᠬᠡᠨᠳᠤ ᠲᠠᠮᠢᠷ᠎ᠤᠨ ᠬᠠᠮᠢᠶᠠᠷᠤᠯᠲᠠ᠎ᠶ᠋ᠢᠨ ᠲᠥᠪ᠎ᠲᠤ ᠱᠢᠯᠭᠠᠨ ᠣᠷᠣᠵᠤ᠂ ᠥᠪᠥᠷ ᠮᠣᠩᠭᠤᠯ᠎ᠤᠨ ᠵᠢᠦᠳᠣᠣ ᠪᠦ᠍ᠭᠡ᠎ᠶ᠋ᠢᠨ ᠠᠩᠭᠢ᠎ᠶ᠋ᠢᠨ ᠲᠠᠮᠢᠷᠴᠢᠨ ᠪᠤᠯᠵᠤ᠂ ᠪᠦᠬᠡᠨᠷᠳᠡᠨᠢ 2015 ᠣᠨ᠎ᠳᠤ ᠥᠪᠥᠷ ᠮᠣᠩᠭᠤᠯ᠎ᠤᠨ ᠥᠷᠢᠰᠦᠯᠳᠦᠬᠡᠨᠳᠤ ᠲᠠᠮᠢᠷ᠎ᠤᠨ ᠬᠠᠮᠢᠶᠠᠷᠤᠯᠲᠠ᠎ᠶ᠋ᠢᠨ ᠲᠥᠪ᠎ᠲᠤ ᠱᠢᠯᠭᠠᠨ ᠣᠷᠣᠵᠤ᠂ ᠥᠪᠥᠷ ᠮᠣᠩᠭᠤᠯ᠎ᠤᠨ ᠴᠢᠯᠥᠭᠡᠲᠦ ᠪᠥᠬᠡ᠎ᠶ᠋ᠢᠨ ᠠᠩᠭᠢ᠎ᠶ᠋ᠢᠨ ᠲᠠᠮᠢᠷᠴᠢᠨ ᠪᠤᠯᠪᠠ᠃ ᠠᠬ᠎ᠠ ᠳᠡᠬᠦᠦ ᠬᠤᠶᠠᠷ ᠡᠨᠡ ᠵᠢᠯ᠎ᠤᠨ 6 ᠰᠠᠷ᠎ᠠ᠎ᠳᠤ ᠰᠥᠨᠢᠳ ᠪᠠᠷᠠᠭᠤᠨ ᠬᠤᠱᠢᠭᠤᠨ᠎ᠤ ᠬᠤᠱᠢᠭᠤᠨ ᠳᠡᠰ᠎ᠤᠨ 《ᠵᠠᠩᠬᠢᠶᠠᠳᠦ ᠪᠥᠭᠡ》 ᠎ᠶ᠋ᠢᠨ ᠴᠣᠯᠠ ᠬᠦᠷᠳᠡᠵᠠᠢ᠃




微信图片_20210929084928.jpg


微信图片_20210929084942.jpg


微信图片_20210929084959.jpg


微信图片_20210929085002.jpg


微信图片_20210929084954.jpg


微信图片_20210929115037.jpg


微信图片_20210929115045.jpg

 

ᠪᠦᠬᠡᠪᠢᠯᠢᠭ᠎ᠤᠨ ᠤᠢ᠍ᠢᠷ᠎ᠠ᠎ᠶ᠋ᠢᠨ ᠵᠢᠯ᠎ᠤᠨ ᠬᠢᠷᠢ ᠪᠦᠲᠦᠮᠵᠢ᠄

2015 ᠣᠨ᠎ᠤ ᠪᠦᠬᠦ᠌ ᠤᠯᠤᠰ᠎ᠤᠨ ᠵᠢᠦᠳᠣᠣ ᠪᠦᠭᠡ᠎ᠶ᠋ᠢᠨ ᠠᠪᠤᠷᠭᠤ ᠱᠢᠯᠭᠠᠷᠠᠭᠤᠯᠬᠤ ᠤᠷᠤᠯᠳᠤᠭᠠᠨ᠎ᠳᠤ ᠭᠤᠷᠪᠠᠳᠤᠭᠠᠷ᠎ᠲᠤ ᠣᠷᠣᠭ᠍ᠰᠠᠨ ᠪᠥᠭᠡᠳ ᠪᠦᠬᠦ᠌ ᠤᠯᠤᠰ᠎ᠤᠨ ᠠᠪᠤᠷᠭᠤ ᠲᠠᠮᠢᠷᠴᠢᠨ᠎ᠢᠶᠠᠷ ᠴᠣᠯᠠᠯᠠᠭ᠍ᠳᠠᠪᠠ;

2016 ᠣᠨ᠎ᠤ ᠱᠢᠶᠠᠩᠭᠠᠩ᠎ᠳᠤ ᠪᠤᠯᠤᠬ᠍ᠰᠠᠨ ᠪᠦᠬᠦ᠌ ᠤᠯᠤᠰ᠎ᠤᠨ ᠵᠠᠯᠠᠭᠤᠴᠤᠳ᠎ᠤᠨ ᠵᠢᠦᠳᠣᠣ ᠪᠦᠬᠡ᠎ᠶ᠋ᠢᠨ ᠤᠷᠤᠯᠳᠤᠭᠠᠨ᠎ᠳᠤ ᠮᠠᠩᠯᠠᠢᠯᠠᠪᠠ;

2017 ᠣᠨ᠎ᠤ ᠬᠥᠬᠡᠬᠤᠲᠠ᠎ᠳᠤ ᠪᠤᠯᠤᠬ᠍ᠰᠠᠨ ᠪᠥᠬᠦ᠌ ᠤᠯᠤᠰ᠎ᠤᠨ ᠵᠢᠦᠳᠣᠣ ᠪᠦ᠍ᠭᠡ᠎ᠶ᠋ᠢᠨ ᠰᠤᠳᠤᠴᠤᠤᠯ᠎ᠤᠨ ᠤᠷᠤᠯᠳᠤᠭᠠᠨ᠎ᠳᠤ ᠮᠠᠩᠯᠠᠢᠯᠠᠪᠠ;

2017 ᠣᠨ᠎ᠤ ᠭᠤᠸᠠᠩᠵᠧᠦ᠎ᠳᠤ ᠪᠤᠯᠤᠬ᠍ᠰᠠᠨ ᠪᠥᠬᠦ᠌ ᠤᠯᠤᠰ᠎ᠤᠨ ᠵᠢᠦᠳᠣᠣ ᠪᠦᠭᠡ᠎ᠶ᠋ᠢᠨ ᠠᠪᠤᠷᠭᠤ ᠱᠢᠯᠭᠠᠷᠠᠭᠤᠯᠬᠤ ᠤᠷᠤᠯᠳᠤᠭᠠᠨ᠎ᠳᠤ ᠮᠠᠩᠯᠠᠢᠯᠠᠪᠠ;

2018 ᠣᠨ᠎ᠤ ᠭᠤᠸᠠᠩᠵᠧᠦ ᠬᠤᠲᠠ᠎ᠳᠤ ᠪᠤᠯᠤᠬ᠍ᠰᠠᠨ ᠪᠥᠬᠦ᠌ ᠤᠯᠤᠰ᠎ᠤᠨ ᠵᠢᠦᠳᠣᠣ ᠪᠦᠬᠡ᠎ᠶ᠋ᠢᠨ ᠤᠷᠤᠯᠳᠤᠭᠠᠨ᠎ᠳᠤ ᠮᠠᠩᠯᠠᠢᠯᠠᠪᠠ;

2018 ᠣᠨ᠎ᠤ ᠵᠠᠺᠠᠷᠲ᠋ᠠ᠎ᠶ᠋ᠢᠨ 18 ᠳ᠋ᠤᠭᠠᠷ ᠬᠤᠭᠤᠴᠠᠭᠠᠨ᠎ᠤ ᠠᠽᠢᠶ᠎ᠠ ᠲᠢᠪ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠤ ᠵᠢᠦᠳᠣᠣ ᠪᠦᠬᠡ᠎ᠶ᠋ᠢᠨ ᠬᠤᠯᠢᠮᠠᠭ ᠪᠦᠯᠬᠦᠮ᠎ᠤᠨ ᠭᠤᠷᠪᠠᠳᠤᠭᠠᠷ ᠨᠡᠷᠡᠰ;

 

ᠪᠦᠬᠡᠨᠷᠳᠡᠨᠢ᠎ᠶ᠋ᠢᠨ ᠤᠢ᠍ᠢᠷ᠎ᠠ᠎ᠶ᠋ᠢᠨ ᠵᠢᠯ᠎ᠤᠨ ᠬᠢᠷᠢ ᠪᠦᠲᠦᠮᠵᠢ᠄

2017 ᠤᠨ᠎ᠳᠤ ᠪᠥᠬᠦ᠌ ᠤᠯᠤᠰ᠎ᠤᠨ ᠵᠠᠯᠠᠭᠤᠴᠤᠳ ᠪᠠᠭᠠᠴᠤᠳ᠎ᠤᠨ ᠴᠢᠯᠥᠭᠡᠲᠦ ᠪᠥᠬᠡ᠎ᠶ᠋ᠢᠨ ᠤᠷᠤᠯᠳᠤᠭᠠᠨ᠎ᠳᠤ ᠮᠠᠩᠯᠠᠢᠯᠠᠪᠠ;

2019 ᠣᠨ᠎ᠳᠤ ᠪᠥᠬᠦ᠌ ᠤᠯᠤᠰ᠎ᠤᠨ ᠵᠠᠯᠠᠭᠤᠴᠤᠳ ᠪᠠᠭᠠᠴᠤᠳ᠎ᠤᠨ ᠴᠢᠯᠥᠭᠡᠲᠦ ᠪᠥᠬᠡ᠎ᠶ᠋ᠢᠨ ᠤᠷᠤᠯᠳᠤᠭᠠᠨ᠎ᠳᠤ ᠮᠠᠩᠯᠠᠢᠯᠠᠪᠠ;

2019 ᠣᠨ᠎ᠤ ᠠᠽᠢᠶ᠎ᠠ ᠲᠢᠪ᠎ᠤᠨ ᠵᠠᠯᠠᠭᠤᠴᠤᠳ ᠪᠠᠭᠠᠴᠤᠳ᠎ᠤᠨ ᠴᠢᠯᠥᠭᠡᠲᠦ ᠪᠦᠭᠡ᠎ᠶ᠋ᠢᠨ ᠤᠷᠤᠯᠳᠤᠭᠠᠨ᠎ᠳᠤ ᠬᠤᠶᠠᠳᠤᠭᠠᠷ ᠨᠡᠷᠡᠰ;

2019 ᠣᠨ᠎ᠤ ᠪᠥᠬᠦ᠌ ᠤᠯᠤᠰ᠎ᠤᠨ ᠴᠢᠯᠥᠭᠡᠲᠦ ᠪᠥᠬᠡ᠎ᠶ᠋ᠢᠨ ᠱᠢᠶᠳᠪᠦᠷᠢᠲᠦ ᠤᠷᠤᠯᠳᠤᠭᠠᠨ᠎ᠳᠤ ᠮᠠᠩᠯᠠᠢᠯᠠᠪᠠ;

2019 ᠣᠨ᠎ᠤ ᠪᠦᠬᠦ᠌ ᠤᠯᠤᠰ᠎ᠤᠨ ᠴᠢᠯᠥᠭᠡᠲᠦ ᠪᠥᠬᠡ᠎ᠶ᠋ᠢᠨ ᠠᠪᠤᠷᠭᠤ ᠱᠢᠯᠭᠠᠷᠠᠭᠤᠯᠬᠤ ᠤᠷᠤᠯᠳᠤᠭᠠᠨ᠎ᠤ ᠭᠤᠷᠪᠠᠳᠤᠭᠠᠷ ᠨᠡᠷᠡᠰ;

 

(ᠵᠢᠷᠤᠭ ᠸᠢᠳᠢᠣ᠋᠎ᠶ᠋ᠢ ᠰᠦᠨᠢᠳ ᠪᠠᠷᠠᠭᠤᠨ ᠬᠤᠱᠢᠭᠤᠨ᠎ᠤ ᠬᠠᠮ ᠵᠠᠭᠤᠴᠢᠯᠠᠭᠤᠷ᠎ᠤᠨ ᠲᠦᠪ᠂ ᠪᠦᠬᠡᠪᠢᠯᠢᠭ᠎ᠠᠴᠠ ᠬᠠᠨᠭ᠌ᠭᠠᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号