ᠰᠤᠷᠤᠨ᠎ᠠ᠄ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠳᠡᠯᠭᠡᠷᠡᠭᠦᠯᠦᠭ᠌ᠴᠢ ᠪᠠ ᠤᠯᠠᠮᠵᠢᠯᠠᠭ᠍ᠴᠢ ᠪᠤᠯᠤᠨ᠎ᠠ ​
2021-09-03 09:39:53
ᠵᠣᠬᠢᠶᠠᠭ᠍ᠴᠢ᠄
ᠨᠠᠪᠴᠢ
ᠣᠩᠱᠢᠭ᠍ᠰᠠᠨ ᠣᠳᠠᠭ᠎ᠠ᠄
★★★☆☆

《ᠬᠠᠯᠠᠭᠤᠨ ᠨᠠᠷᠠᠨ᠎ᠳᠤ ᠲᠠᠷᠢᠶ᠎ᠠ ᠠᠷᠴᠢᠬᠤᠶ᠎ᠠ᠂ ᠬᠠᠷ᠎ᠠ ᠬᠥᠯᠥᠰᠥ᠍ ᠴᠢᠪ ᠴᠢᠪ ᠳᠤᠰᠤᠯᠠᠮᠤᠢ ᠁》 ᠬᠤᠶᠠᠷ ᠤᠢ ᠬᠦᠷᠦᠭᠡ ᠦᠭᠡᠢ ᠬᠦᠦ᠎ᠶ᠋ᠢᠨ᠎ᠢᠶᠠᠨ ᠵᠡᠷᠭᠡᠯᠡᠭᠡ ᠮᠣᠳᠣ ᠨᠠᠭᠠᠳᠭᠤ᠎ᠶ᠋ᠢᠨ ᠳᠠᠭᠠᠤ ᠰᠠᠶᠢᠬᠠᠨ ᠴᠡᠬᠡᠵᠢᠯᠡᠭ᠌ᠰᠡᠨ ᠡᠷᠲᠡᠨ᠎ᠤ ᠱᠢᠯᠦᠭ᠎ᠢᠶᠠᠨ ᠤᠩᠱᠢᠬᠤ᠎ᠶ᠋ᠢ ᠰᠤᠨᠤᠰᠤᠭᠠᠳ᠂ ᠰᠤᠷᠤᠨ᠎ᠠ᠎ᠶ᠋ᠢᠨ ᠰᠡᠳᠭᠢᠯ ᠵᠢᠷᠭᠠᠯᠳᠠᠢᠬᠠᠨ ᠪᠠᠢᠯ᠎ᠠ᠃ ᠪᠠᠭ᠎ᠠ᠎ᠶ᠋ᠢᠨ ᠦᠶ᠎ᠠ᠎ᠳᠤ ᠠᠪᠤ᠎ᠨᠢ ᠶᠠᠭ ᠡᠢᠮᠦ᠍ ᠠᠷᠭ᠎ᠠ᠎ᠪᠠᠷ ᠳᠡᠬᠦᠨ᠎ᠳᠤ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠵᠢᠭᠠᠵᠤ ᠪᠠᠢᠭ᠍ᠰᠠᠨ᠎ᠨᠢ ᠪᠤᠳᠤᠭ᠍ᠳᠠᠯ᠎ᠠ᠃

ᠰᠤᠷᠤᠨ᠎ᠠ ᠤᠯᠠᠭᠠᠨᠴᠠᠪ ᠬᠤᠲᠠ᠎ᠶ᠋ᠢᠨ ᠳᠥᠷᠪᠡᠳ ᠬᠤᠱᠢᠭᠤᠨ᠎ᠳᠤ ᠳᠦᠷᠦᠵᠦ᠍᠂ ᠳᠡᠷᠭᠡᠳᠡᠬᠢ ᠪᠢᠴᠢᠬᠠᠨ ᠨᠠᠢᠵᠠ ᠨᠠᠷ᠎ᠲᠠᠢ᠎ᠪᠠᠨ ᠠᠳᠠᠯᠢ᠎ᠪᠠᠷ ᠬᠠᠷᠠᠬᠠᠨ ᠪᠠᠭ᠎ᠠ᠎ᠠᠴᠠ᠎ᠪᠠᠨ ᠦᠨᠳᠦᠰᠦᠲᠡᠨ᠎ᠤ ᠦᠭᠡ ᠬᠡᠯᠡ᠎ᠪᠠᠷ ᠭᠤᠤᠯ ᠪᠣᠯᠭᠠᠭ᠍ᠰᠠᠨ ᠣᠷᠴᠢᠨ ᠲᠣᠭᠤᠷᠢᠨ᠎ᠳᠤ ᠦᠰᠴᠡᠢ᠂ ᠭᠡᠪᠡᠴᠦ᠍ ᠪᠢᠴᠢᠬᠠᠨ ᠨᠠᠢᠵᠠ ᠨᠠᠷ᠎ᠲᠠᠢ᠎ᠪᠠᠨ ᠠᠳᠠᠯᠢ ᠥᠬᠡᠶ ᠦᠬᠡᠢ ᠳᠠᠯ᠎ᠠ ᠬᠡᠪᠡᠯ ᠰᠤᠷᠤᠨ᠎ᠠ᠎ᠳᠤ ᠨᠢᠭᠡᠨ ᠪᠠᠭ᠍ᠰᠢ ᠠᠪᠤ᠎ᠲᠠᠢ᠃ ᠠᠪᠤ᠎ᠨᠢ ᠲᠡᠭᠦᠨ᠎ᠢ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠨ ᠰᠤᠷᠬᠤ᠎ᠶ᠋ᠢ ᠦᠷᠬᠦᠯᠵᠢ ᠵᠣᠷᠢᠭ᠍ᠵᠢᠭᠤᠯᠳᠠᠭ ᠪᠠᠢᠵᠠᠢ᠃ 《ᠦᠨᠳᠦᠰᠦᠲᠡᠨ᠎ᠤ ᠦᠭᠡ ᠬᠡᠯᠡ ᠥᠰᠥᠭ ᠪᠢᠴᠢᠭ ᠵᠢᠭᠠᠵᠤ ᠪᠠᠢᠭ᠍ᠰᠠᠨ᠎ᠠᠴᠠ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ ᠵᠢᠭᠠᠬᠤ ᠪᠤᠯᠵᠤ᠂ 40 ᠵᠢᠯ ᠪᠠᠭ᠍ᠰᠢᠯᠠᠬᠤ ᠳᠤᠮᠳᠠ᠎ᠪᠠᠨ᠂ ᠠᠪᠤ ᠮᠢᠨᠢ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠥᠷᠭᠡᠨ ᠳᠡᠯᠭᠡᠷ ᠭᠦᠨ ᠭᠦᠨᠵᠡᠭᠡᠢ ᠪᠠᠢᠬᠤ᠎ᠶ᠋ᠢ ᠤᠯᠠᠮ᠎ᠢᠶᠠᠷ ᠲᠠᠨᠢᠵᠤ ᠤᠯᠵᠠᠢ᠃ ᠲᠡᠷᠡ ᠦᠷᠭᠦᠯᠵᠢ ᠨᠠᠳᠠ᠎ᠳᠤ᠂ ᠭᠠᠭ᠍ᠴᠠ ᠬᠦ᠌ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠪᠣᠯᠪᠠᠰᠤᠷᠠᠩᠭᠤᠢ ᠡᠵᠡᠮᠱᠢᠪᠡᠯ ᠰᠠᠶᠢ ᠨᠡᠩ ᠲᠡᠷᠢᠭᠦᠨ᠎ᠤ ᠮᠡᠳᠡᠯᠭᠡ᠎ᠶ᠋ᠢ ᠡᠵᠡᠮᠱᠢᠵᠦ᠍᠂ ᠤᠳᠤ ᠦᠶ᠎ᠡ᠎ᠶ᠋ᠢᠨ ᠠᠮᠢᠳᠤᠷᠠᠯ᠎ᠳᠤ ᠨᠡᠩ ᠰᠠᠢᠨ ᠠᠭᠤᠰᠤᠯᠴᠠᠵᠤ ᠴᠢᠳᠠᠨ᠎ᠠ ᠭᠡᠵᠦ᠍ ᠰᠤᠷᠭᠠᠳᠠᠭ ᠪᠠᠢᠯ᠎ᠠ》 ᠬᠡᠵᠤ ᠰᠤᠷᠤᠨ᠎ᠠ ᠡᠷᠬᠢᠴᠡᠬᠦᠯᠦᠨ᠎ᠡ᠃

ᠠᠪᠤ᠎ᠶ᠋ᠢᠨ᠎ᠢᠶᠠᠨ ᠨᠥᠯᠥᠭᠡ᠎ᠪᠠᠷ᠂ ᠰᠤᠷᠤᠨ᠎ᠠ ᠬᠠᠷᠠᠬᠠᠨ ᠪᠠᠭ᠎ᠠ᠎ᠠᠴᠠ᠎ᠪᠠᠨ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠤᠷᠤᠯᠴᠠᠬᠤ ᠳᠤᠷᠠᠲᠠᠢ᠂ ᠥᠨᠳᠥᠷ ᠳᠤᠮᠳᠠᠳᠤ ᠲᠡᠭᠦᠰᠭᠦ᠎ᠠᠴᠠ ᠡᠮᠦᠨᠡᠬᠡᠨ᠂ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠲᠤᠷ ᠰᠤᠷᠬᠤ ᠪᠤᠳᠤᠯ ᠨᠢᠭᠡᠨᠲᠡ ᠲᠡᠭᠦᠨ᠎ᠤ ᠰᠡᠳᠭᠢᠯ᠎ᠳᠤ ᠭᠦᠨ ᠦᠨᠳᠦᠰᠦᠯᠡᠵᠡᠢ᠃ 2009 ᠣᠨ᠎ᠳᠤ᠂ ᠰᠤᠷᠤᠨ᠎ᠠ ᠥᠪᠥᠷ ᠮᠣᠩᠭᠤᠯ᠎ᠤᠨ ᠪᠤᠭᠤᠲᠤ᠎ᠶ᠋ᠢᠨ ᠪᠠᠭ᠍ᠰᠢ᠎ᠶ᠋ᠢᠨ ᠳᠡᠭᠡᠳᠦ ᠰᠤᠷᠭᠠᠭᠤᠯᠢ᠎ᠳᠤ ᠱᠢᠯᠭᠠᠨ ᠣᠷᠣᠵᠤ᠂ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠲᠤᠰᠭᠠᠢ ᠮᠡᠷᠭᠡᠵᠢᠯ᠎ᠢ ᠡᠷᠡᠬᠡᠯᠵᠡᠯ ᠦᠬᠡᠢ ᠰᠣᠩᠭᠤᠪᠠ᠃ ᠠᠳᠡ᠂ ᠰᠤᠷᠤᠨ᠎ᠠ ᠨᠡᠩ ᠤᠯᠠᠨ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢᠶᠠᠷ ᠬᠡᠪᠯᠡᠭ᠌ᠳᠡᠭ᠌ᠰᠡᠨ ᠪᠦᠲᠦᠭᠡᠯ᠎ᠢ ᠤᠩᠱᠢᠨ ᠰᠣᠨᠢᠷᠬᠠᠪᠠ᠃ ᠲᠡᠷᠡ ᠵᠠᠩ ᠠᠢ ᠯᠢᠩ᠂ ᠰᠠᠨ ᠮᠤᠤ᠎ᠶ᠋ᠢᠨ ᠵᠤᠬᠢᠶᠠᠯ᠎ᠢ ᠪᠠᠭ᠍ᠠᠷᠬᠠᠵᠤ᠂ ᠯᠢᠶᠠᠩ ᠱᠢᠶᠤᠤ ᠱᠧᠩ᠂ ᠢᠦᠢ ᠴᠢᠦ ᠢᠦᠢ᠎ᠶ᠋ᠢᠨ ᠵᠣᠬᠢᠶᠠᠭ᠍ᠰᠠᠨ ᠦᠯᠢᠭᠡᠷ᠎ᠠᠴᠠ ᠰᠠᠯᠵᠤ ᠶᠠᠳᠠᠨ᠎ᠠ᠃ ᠲᠡᠷᠡ ᠵᠠᠷᠢᠮ ᠬᠦᠰᠡᠯ ᠵᠣᠷᠢᠯᠲᠠ ᠨᠢᠭᠡᠲᠡᠶ ᠬᠠᠮᠲᠤ ᠰᠤᠷᠤᠯᠭᠠᠳᠠᠳ᠎ᠲᠠᠢ᠎ᠪᠠᠨ ᠤᠳᠭ᠎ᠠ ᠵᠣᠬᠢᠶᠠᠯ᠂ ᠬᠥᠮᠦᠨ᠎ᠤ ᠠᠮᠢᠳᠤᠷᠠᠯ᠂ ᠬᠦᠰᠡᠯᠡᠩ᠎ᠤᠨ᠎ᠢᠶᠠᠨ ᠳᠤᠬᠠᠢ ᠪᠤᠳᠤᠯ ᠰᠠᠨᠠᠯ᠎ᠢᠶᠠᠨ ᠰᠤᠯᠢᠯᠴᠠᠨ᠂ ᠢᠷᠡᠭᠡᠳᠦᠶ᠎ᠶ᠋ᠢᠨ ᠠᠮᠢᠳᠤᠷᠠᠯ᠎ᠤᠨ᠎ᠢᠶᠠᠨ ᠲᠤᠬᠠᠶ ᠲᠥᠯᠥᠪᠵᠢᠭᠦᠯᠭᠡ᠎ᠪᠠᠨ ᠤᠯᠠᠮ ᠲᠣᠳᠣᠷᠬᠠᠶ ᠪᠣᠯᠭᠠᠪᠠ᠃

《ᠡᠳᠡᠭᠡᠷ ᠪᠦᠲᠦᠭᠡᠯ᠎ᠠᠴᠠ ᠪᠢ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠷᠢᠳᠢ ᠱᠢᠳᠢ᠎ᠶ᠋ᠢ ᠮᠡᠳᠡᠷᠡᠵᠦ᠍᠂ ᠮᠡᠳᠡᠯᠭᠡ᠎ᠪᠠᠨ ᠨᠡᠮᠡᠭ᠌ᠳᠡᠭᠦᠯᠵᠦ᠍᠂ ᠲᠤᠰᠭᠠᠢ ᠮᠡᠷᠭᠡᠵᠢᠯ᠎ᠤᠨ ᠮᠡᠳᠡᠯᠭᠡ᠎ᠪᠠᠨ ᠪᠠᠶᠠᠯᠢᠭ᠍ᠵᠢᠭᠤᠯᠪᠠ᠃ ᠰᠤᠷᠤᠯᠴᠠᠯᠭ᠎ᠠ᠎ᠶ᠋ᠢᠨ ᠭᠦᠨᠵᠡᠭᠡᠢᠷᠡᠬᠦ᠌᠎ᠶ᠋ᠢ ᠲᠠᠭᠠᠯᠳᠤᠨ᠂ ᠪᠢ ᠥᠪᠡᠷ᠎ᠤᠨ ᠢᠲᠡᠭᠡᠯ ᠪᠢᠱᠢᠷᠡᠯ᠎ᠳᠡᠭᠡᠨ ᠨᠡᠩ ᠭᠤᠢᠪᠢᠰᠢ ᠦᠭᠡᠢ ᠪᠣᠯᠵᠠᠢ᠂ ᠬᠤᠵᠢᠮ ᠪᠢ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠳᠡᠯᠭᠡᠷᠡᠭᠦᠯᠦᠭ᠌ᠴᠢ ᠪᠠ ᠤᠯᠠᠮᠵᠢᠯᠠᠭ᠍ᠴᠢ ᠪᠣᠯᠤᠨ᠎ᠠ》 ᠬᠡᠵᠦ᠍ ᠶᠡᠭᠡ ᠰᠤᠷᠭᠠᠭᠤᠯᠢ᠎ᠳᠤ ᠰᠤᠷᠤᠯᠴᠠᠵᠤ ᠪᠠᠢᠬᠤ ᠦᠶ᠎ᠠ᠎ᠳᠡᠭᠡᠨ ᠰᠤᠷᠤᠨ᠎ᠠ ᠠᠪᠤ᠎ᠲᠠᠢ᠎ᠪᠠᠨ ᠠᠳᠠᠯᠢ ᠠᠷᠠᠳ᠎ᠤᠨ ᠪᠠᠭ᠍ᠰᠢ ᠪᠣᠯᠬᠤ᠎ᠪᠠᠷ ᠵᠣᠷᠢᠭ ᠱᠢᠭᠤᠳᠴᠠᠶ᠃

2014 ᠣᠨ᠎ᠳᠤ᠂ ᠰᠤᠷᠤᠨ᠎ᠠ ᠬᠥᠬᠡᠬᠤᠲᠠ᠎ᠶ᠋ᠢᠨ ᠢᠦ᠋ᠢᠴᠢᠤᠸᠠᠨ ᠲᠣᠭᠤᠷᠢᠭ᠎ᠤᠨ ᠦᠨᠳᠦᠰᠦᠲᠡᠨ᠎ᠤ ᠲᠤᠷᠱᠢᠯᠲᠠ᠎ᠶ᠋ᠢᠨ ᠪᠠᠭ᠎ᠠ ᠰᠤᠷᠭᠠᠭᠤᠯᠢ᠎ᠳᠤ ᠪᠠᠭ᠍ᠰᠢᠯᠠᠵᠤ᠂ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠵᠢᠭᠠᠨ ᠰᠤᠷᠭᠠᠯᠲᠠ ᠬᠢᠵᠦ᠍᠂ ᠠᠩᠬᠢ᠎ᠶ᠋ᠢᠨ ᠡᠷᠬᠢᠯᠡᠭ᠌ᠴᠢ ᠪᠣᠯᠪᠠ᠃ 《ᠦᠭᠡ ᠬᠡᠯᠡ ᠨᠡᠪᠲᠡᠷᠡᠯᠴᠡᠪᠡᠯ ᠰᠠᠶᠢ ᠰᠡᠳᠭᠢᠯ ᠨᠡᠪᠲᠡᠷᠡᠯᠴᠡᠵᠦ᠍ ᠴᠢᠳᠠᠨ᠎ᠠ᠃ ᠠᠩᠭᠢ᠎ᠶ᠋ᠢᠨ ᠡᠷᠬᠢᠯᠡᠭ᠌ᠴᠢ ᠪᠣᠯᠤᠭ᠍ᠰᠠᠨ᠎ᠤ ᠬᠤᠪᠢ᠎ᠳᠤ᠂ ᠮᠢᠨᠦ᠍ ᠦᠵᠡᠬᠦ᠌᠎ᠪᠠᠷ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠡᠷᠬᠡᠪᠰᠢ ᠪᠣᠯᠪᠠᠰᠤᠷᠠᠩᠭᠤᠶ ᠬᠡᠷᠡᠭ᠌ᠯᠡᠬᠦ᠌ ᠬᠡᠷᠡᠭ᠌ᠲᠡᠶ᠂ ᠰᠠᠢᠨ ᠶᠠᠷᠢᠬᠤ᠎ᠪᠠᠷ ᠪᠠᠷᠠᠬᠤ ᠦᠭᠡᠢ ᠪᠠᠰᠠ ᠤᠷᠤᠰᠤᠮ᠎ᠠ ᠶᠠᠷᠢᠬᠤ ᠬᠡᠷᠡᠭ᠌ᠲᠡᠶ᠂ ᠢᠩᠭᠢᠪᠡᠯ ᠰᠠᠶᠢ ᠬᠡᠦᠬᠡᠳ ᠪᠤᠶᠤ ᠭᠡᠷ᠎ᠤᠨ ᠠᠬᠠᠮᠠᠳ᠎ᠲᠠᠢ ᠭᠡᠰᠡᠨ ᠦᠭᠡᠢ᠂ ᠢᠯᠭᠤᠮ ᠱᠢᠯᠤᠭᠤᠨ ᠨᠡᠪᠳᠡᠷᠡᠯᠴᠡᠨ᠂ ᠡᠭᠦᠨ᠎ᠤ ᠬᠠᠮᠲᠤ ᠪᠠᠰᠠ ᠵᠢᠭᠠᠨ ᠰᠤᠷᠭᠠᠬᠤ ᠬᠢᠷᠢ ᠲᠦᠪᠱᠢᠨ᠎ᠢᠶᠠᠨ ᠨᠡᠩ ᠰᠠᠢᠲᠤᠷ ᠳᠡᠭᠡᠭ᠌ᠰᠢᠯᠡᠭᠦᠯᠵᠦ᠍ ᠪᠣᠯᠤᠨ᠎ᠠ》᠃ ᠵᠢᠭᠠᠨ ᠰᠤᠷᠭᠠᠯᠲᠠ᠎ᠠᠴᠠ ᠭᠠᠳᠠᠨ᠎ᠠ᠂ ᠰᠤᠷᠤᠨ᠎ᠠ ᠪᠠᠰᠠ ᠦᠷᠭᠦᠯᠵᠢ ᠠᠩᠭᠢ᠎ᠶ᠋ᠢᠨ᠎ᠢᠶᠠᠨ ᠬᠡᠦᠬᠡᠳ᠎ᠢ ᠡᠯ᠎ᠡ ᠵᠦᠢᠯ᠎ᠤᠨ ᠶᠠᠷᠢᠶ᠎ᠠ ᠢᠯᠡᠳᠭᠡᠯ᠎ᠤᠨ ᠤᠷᠤᠯᠳᠤᠭᠠᠨ ᠪᠠ ᠲᠣᠭ᠍ᠯᠠᠯᠲᠠ ᠵᠡᠷᠭᠡ ᠨᠡᠢᠭᠡᠮ᠎ᠤᠨ ᠪᠦᠯᠬᠦᠮ᠎ᠤᠨ ᠠᠵᠢᠯᠯᠠᠭ᠎ᠠ᠎ᠳᠤ ᠣᠷᠣᠯᠴᠠᠬᠤ᠎ᠶ᠋ᠢ ᠵᠣᠷᠢᠭ᠍ᠵᠢᠭᠤᠯᠵᠤ᠂ 2018 ᠣᠨ᠎ᠳᠤ᠂ ᠲᠡᠭᠦᠨ᠎ᠤ ᠬᠠᠪᠰᠤᠷᠤᠨ ᠵᠢᠯᠣᠭᠤᠳᠤᠭ᠍ᠰᠠᠨ ᠢᠦ᠋ᠢᠴᠢᠤᠸᠠᠨ ᠲᠣᠭᠤᠷᠢᠭ᠎ᠤᠨ ᠦᠨᠳᠦᠰᠦᠲᠡᠨ᠎ᠤ ᠲᠤᠷᠱᠢᠯᠲᠠ᠎ᠶ᠋ᠢᠨ ᠪᠠᠭ᠎ᠠ ᠰᠤᠷᠭᠠᠭᠤᠯᠢ᠎ᠶ᠋ᠢᠨ ᠨᠠᠷᠠ ᠳᠤᠮᠳᠠᠳᠤ ᠠᠩᠭᠢ᠎ᠨᠢ ᠪᠥᠬᠦ᠌ ᠤᠯᠤᠰ᠎ᠤᠨ ᠬᠤᠢᠴᠢ ᠦᠶ᠎ᠠ᠎ᠶ᠋ᠢᠨ᠎ᠬᠢᠨ᠎ᠢᠶᠠᠨ ᠬᠠᠯᠠᠮᠵᠢᠯᠠᠬᠤ ᠠᠵᠢᠯ᠎ᠤᠨ ᠵᠥᠪᠯᠡᠯ᠎ᠤᠨ ᠠᠯᠪᠠᠨ ᠬᠡᠷ᠎ᠲᠤ ᠪᠥᠬᠦ᠌ ᠤᠯᠤᠰ᠎ᠤᠨ ᠪᠠᠭᠠᠴᠤᠳ᠎ᠤᠨ ᠳᠡᠷᠢᠬᠦᠨ᠎ᠤ ᠬᠤᠱᠢᠭᠤᠴᠢ ᠠᠩᠭᠢ᠎ᠪᠠᠷ ᠦᠨᠡᠯᠡᠭ᠌ᠳᠡᠪᠡ᠃

9 ᠰᠠᠷ᠎ᠠ᠎ᠶ᠋ᠢᠨ 1 ᠎ᠤ ᠡᠳᠦᠷ ᠰᠤᠷᠭᠠᠭᠤᠯᠢ ᠡᠬᠢᠯᠡᠬᠦ᠌᠎ᠪᠠᠷ᠂ ᠰᠤᠷᠤᠨ᠎ᠠ᠎ᠶ᠋ᠢᠨ ᠡᠷᠬᠢᠯᠡᠵᠦ᠍ ᠪᠠᠢᠭ᠎ᠠ ᠠᠩᠭᠢ ᠬᠤᠶᠠᠳᠤᠭᠠᠷ ᠣᠨ᠎ᠳᠤ ᠳᠡᠪᠱᠢᠪᠡ᠃ ᠰᠤᠷᠤᠨ᠎ᠠ ᠨᠢᠳᠤᠨᠤᠨ᠎ᠤ ᠡᠨᠡ ᠦᠶ᠎ᠡ᠎ᠶ᠋ᠢᠨ ᠪᠠᠢᠳᠠᠯ᠎ᠢᠶᠠᠨ ᠲᠣᠪ ᠲᠣᠳᠣᠷᠬᠠᠶ ᠴᠡᠭᠡᠵᠢᠯᠡᠨ᠎ᠠ᠃ ᠲᠡᠷᠡ ᠦᠶ᠎ᠡ᠎ᠳᠤ ᠰᠠᠶᠢᠬᠠᠨ ᠱᠢᠨ᠎ᠡ ᠠᠩᠬᠢ ᠠᠪᠴᠠᠢ᠃ ᠰᠠᠶᠢᠬᠠᠨ ᠬᠡᠦᠬᠡᠳ᠎ᠤᠨ ᠴᠡᠴᠡᠷᠯᠢᠭ᠎ᠠᠴᠠ ᠲᠡᠭᠦᠰᠦᠭ᠌ᠰᠡᠨ ᠬᠦᠬᠡᠷᠦᠬᠦᠨ ᠵᠢᠭᠠᠯ᠎ᠤᠳ᠎ᠢ ᠰᠤᠷᠭᠠᠭᠤᠯᠢ᠎ᠳᠤ ᠰᠠᠭᠤᠬᠤ ᠳᠤᠷ᠎ᠠ᠎ᠲᠠᠢ᠂ ᠰᠤᠷᠤᠯᠴᠠᠬᠤ ᠳᠤᠷᠠᠲᠠᠶ᠂ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠤᠷᠬᠤ ᠪᠠᠭ᠍ᠠᠳᠠᠢ ᠪᠤᠯᠭᠠᠬᠤ᠎ᠶ᠋ᠢᠨ ᠲᠦᠯᠦᠬᠡ᠂ ᠰᠤᠷᠭᠠᠭᠤᠯᠢ ᠡᠬᠢᠯᠡᠭ᠌ᠰᠡᠨ ᠠᠩᠬᠠᠨ᠎ᠤ ᠡᠳᠦᠷ᠂ ᠰᠤᠷᠤᠨ᠎ᠠ ᠱᠢᠨ᠎ᠡ᠎ᠪᠠᠷ ᠲᠠᠷᠬᠠᠭᠠᠭ᠍ᠰᠠᠨ ᠤᠯᠤᠰ᠎ᠤᠨ ᠨᠢᠭᠡᠳᠦᠯᠲᠡᠶ ᠨᠠᠢᠷᠠᠭᠤᠯᠤᠭ᠍ᠰᠠᠨ ᠵᠢᠭᠠᠬᠤ ᠮᠠᠲ᠋ᠧᠷᠢᠶᠠᠯ᠎ᠢ ᠰᠠᠢᠬᠠᠨ ᠭᠠᠳᠠᠷᠯᠠᠵᠤ᠂ ᠰᠤᠷᠤᠭ᠍ᠴᠢᠳ᠎ᠲᠠᠭᠠᠨ ᠪᠡᠯᠡᠭ ᠪᠤᠯᠭᠠᠨ ᠭᠠᠷᠳᠠᠭᠤᠯᠪᠠ᠃ ᠡᠨᠡ ᠪᠡᠯᠡᠭ ᠪᠣᠯ ᠡᠬᠡ ᠤᠯᠤᠰ᠎ᠠᠴᠠ ᠲᠡᠳᠡᠨ᠎ᠳᠤ ᠪᠡᠯᠡᠭ᠌ᠯᠡᠭ᠌ᠰᠡᠨ ᠬᠠᠮᠤᠭ᠎ᠤᠨ ᠨᠠᠨᠳᠢᠨ ᠪᠡᠯᠡᠭ᠂ ᠲᠡᠳᠡᠨ᠎ᠢ ᠬᠠᠪᠰᠤᠷᠴᠤ᠌ ᠴᠢᠳᠠᠪᠤᠷᠢᠲᠠᠨ ᠪᠣᠯᠭᠠᠬᠤ ᠲᠦᠯᠬᠢᠭᠦᠷ᠂ ᠨᠠᠩ ᠴᠤ᠌ ᠬᠦᠰᠡᠯᠡᠩ᠎ᠤᠨ ᠵᠢᠭᠦᠷ᠂ ᠡᠨᠡ ᠬᠤᠤᠰ ᠵᠢᠭᠦᠷ ᠲᠡᠳᠡᠨ᠎ᠢ ᠨᠠᠩ ᠥᠨᠳᠥᠷ ᠨᠠᠩ ᠬᠤᠯᠠ ᠨᠢᠰᠭᠡᠨ᠎ᠡ ᠬᠡᠳᠡᠭ᠎ᠢ ᠬᠡᠦᠬᠡᠳ᠎ᠲᠤ ᠮᠡᠳᠡᠬᠦᠯᠬᠦ᠌᠎ᠶ᠋ᠢᠨ ᠲᠦᠯᠦᠬᠡ ᠪᠢᠯᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠣᠲᠣᠷᠬᠠᠢ ᠦᠭᠡᠢ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号