ᠨᠠᠷᠠᠰᠤ᠄ ᠤᠯᠤᠰ᠎ᠤᠨ ᠨᠡ ᠵᠢᠳᠡᠮ ᠬᠡᠷᠡᠭ᠌ᠯᠡᠬᠦ᠌ ᠦᠬᠡ ᠬᠡᠯᠡ ᠦᠰᠦᠭ ᠪᠢᠴᠢᠭ᠎ᠢ ᠰᠠ ᠵᠢᠳᠤᠷ ᠰᠤᠷᠴᠤ᠌ ᠬᠡᠷᠡᠭ᠌ᠯᠡᠬᠦ᠌ ᠪᠤᠯ ᠵᠠᠯᠠᠭᠤᠴᠤᠳ᠎ᠤᠨ ᠬᠦᠰᠡᠯ᠎ᠢᠶᠠᠨ ᠳᠡᠷᠬᠡᠯᠱᠢᠬᠦᠯᠬᠦ᠌ ᠬᠤᠷᠳᠤᠳᠭᠠᠭᠤᠷ ᠮᠦᠨ
2021-09-04 10:56:18
ᠵᠣᠬᠢᠶᠠᠭ᠍ᠴᠢ᠄
​ ᠨᠠᠪᠴᠢ
ᠣᠩᠱᠢᠭ᠍ᠰᠠᠨ ᠣᠳᠠᠭ᠎ᠠ᠄
★★★☆☆

《ᠦᠭᠡ ᠬᠡᠯᠡ ᠦᠰᠦᠭ ᠪᠢᠴᠢᠭ ᠪᠣᠯ ᠬᠥᠮᠦᠰ᠎ᠤᠨ ᠬᠤᠭᠤᠷᠣᠨᠳᠣᠬᠢ ᠰᠣᠯᠢᠯᠴᠠᠭ᠎ᠠ ᠨᠡᠪᠲᠡᠷᠡᠯᠴᠡᠭᠡ᠎ᠶ᠋ᠢᠨ ᠴᠢᠬᠤᠯᠠ ᠪᠠᠭᠠᠵᠢ ᠮᠥᠨ᠃ ᠰᠤᠷᠤᠯᠴᠠᠵᠤ ᠠᠵᠢᠯᠯᠠᠬᠤ ᠳᠤᠮᠳᠠ᠂ ᠭᠠᠭ᠍ᠴᠠ ᠬᠦ᠌ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠲᠤᠷ ᠰᠤᠷᠴᠤ᠌ ᠰᠠᠢᠲᠤᠷ ᠬᠡᠷᠡᠭ᠌ᠯᠡᠪᠡᠯ ᠰᠠᠶᠢ ᠴᠠᠭ ᠦᠶ᠎ᠡ᠎ᠶ᠋ᠢᠨ ᠬᠥᠭ᠌ᠵᠢᠯᠲᠡ ᠪᠠ ᠬᠡᠷᠡᠭ᠌ᠴᠡᠭᠡ᠎ᠳᠤ ᠨᠡᠩ ᠰᠠᠢᠲᠤᠷ ᠵᠣᠬᠢᠴᠠᠵᠤ ᠴᠢᠳᠠᠨ᠎ᠠ᠃ ᠮᠢᠨᠦ᠍ ᠦᠵᠡᠬᠦ᠌᠎ᠪᠠᠷ᠂ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ ᠪᠣᠯ ᠦᠪᠡᠷ᠎ᠤᠨ ᠬᠠᠷᠠᠭ᠎ᠠ᠎ᠪᠠᠨ ᠦᠷᠬᠡᠵᠢᠬᠦᠯᠬᠦ᠌ ᠠᠯᠳᠠᠨ ᠲᠦᠯᠬᠢᠭᠦᠷ ᠮᠥᠨ᠂ ᠵᠠᠯᠠᠭᠤᠴᠤᠳ᠎ᠤᠨ ᠵᠠᠯᠠᠭᠤ ᠨᠠᠰᠤᠨ᠎ᠤ ᠬᠦᠰᠡᠯ ᠵᠡᠬᠦᠳᠦ᠎ᠪᠠᠨ ᠲᠡᠷᠭᠡᠯᠱᠢᠭᠦᠯᠬᠦ᠌ ᠬᠤᠷᠳᠤᠳᠭᠠᠭᠤᠷ ᠮᠥᠨ》 ᠬᠡᠵᠦ᠍ ᠥᠪᠡᠷᠲᠡᠭᠡᠨ ᠵᠠᠰᠠᠬᠤ ᠣᠷᠣᠨ᠎ᠤ ᠡᠪᠯᠡᠯ᠎ᠤᠨ ᠬᠤᠷᠢᠶᠠᠨ᠎ᠤ ᠦᠨᠳᠦᠰᠦᠨ ᠱᠠᠲᠤᠨ᠎ᠤ ᠵᠣᠬᠢᠶᠠᠨ ᠪᠠᠢᠭᠤᠯᠤᠯᠲᠠ᠎ᠶ᠋ᠢᠨ ᠬᠡᠯᠲᠡᠰ᠎ᠤᠨ ᠳᠠᠷᠤᠭ᠎ᠠ ᠨᠠᠷᠠᠰᠤ ᠣᠢᠷ᠎ᠠ᠎ᠳᠤ ᠰᠤᠷᠪᠤᠯᠵᠢᠯᠠᠭ᠎ᠠ ᠬᠦᠯᠢᠶᠡᠬᠦ᠌᠎ᠳᠡᠭᠡᠨ ᠬᠡᠯᠡᠯ᠎ᠡ᠃ 

ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠤᠷᠤᠯᠴᠠᠵᠤ ᠬᠡᠷᠡᠭ᠌ᠯᠡᠭ᠌ᠰᠡᠨ᠎ᠨᠢ ᠲᠡᠭᠦᠨ᠎ᠤ ᠲᠤᠰᠭᠠᠢ ᠮᠡᠷᠭᠡᠵᠢᠯ᠎ᠤᠨ ᠰᠤᠷᠤᠯᠴᠠᠯᠭ᠎ᠠ᠎ᠳᠤ ᠢᠳᠡᠪᠬᠢᠲᠡᠢ ᠦᠢᠯᠡᠳᠦᠯ ᠦᠵᠡᠭᠦᠯᠪᠡ᠃ ᠶᠡᠭᠡ ᠰᠤᠷᠭᠠᠭᠤᠯᠢ᠎ᠶ᠋ᠢᠨ ᠬᠤᠭᠤᠴᠠᠭᠠᠨ᠎ᠳᠠᠭᠠᠨ᠂ ᠨᠠᠷᠠᠰᠤ ᠥᠪᠡᠷ᠎ᠤᠨ ᠳᠤᠷ᠎ᠠ ᠪᠠᠬ᠎ᠠ᠎ᠲᠠᠢ ᠹᠢᠽᠢᠺ᠎ᠤᠨ ᠮᠡᠷᠭᠡᠵᠢᠯ᠎ᠢᠶᠠᠨ ᠰᠣᠩᠭᠤᠪᠠ᠃ ᠮᠡᠳᠡᠯᠭᠡ ᠮᠡᠳᠡᠴᠡ᠎ᠪᠠᠨ ᠨᠡᠮᠡᠭ᠌ᠳᠡᠬᠦᠯᠬᠦ᠌᠎ᠳᠤ ᠶᠡᠭᠡ ᠬᠡᠮᠵᠢᠶᠡᠨ᠎ᠤ ᠯᠠᠪᠯᠠᠬᠤ ᠮᠠᠲ᠋ᠧᠷᠢᠶᠠᠯ᠎ᠢ ᠪᠠᠢᠴᠠᠭᠠᠨ ᠦᠵᠡᠬᠦ᠌ ᠴᠢᠬᠤᠯᠠᠲᠠᠢ ᠪᠢᠯᠡ᠂ ᠡᠨᠡ ᠦᠶ᠎ᠡ᠎ᠳᠤ᠂ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ ᠲᠡᠭᠦᠨ᠎ᠤ ᠰᠠ᠊ ᠎ᠶ᠋ᠢᠨ ᠬᠠᠪᠰᠤᠷᠤᠭ᠍ᠴᠢ ᠪᠣᠯᠤᠭ᠍ᠰᠠᠨ ᠪᠠ ᠵᠢᠪᠠ᠃ ᠲᠡᠷᠡ ᠦᠷᠭᠦᠯᠵᠢ ᠨᠣᠮ᠎ᠤᠨ ᠰᠠᠩ᠎ᠳᠤ ᠬᠦᠷᠴᠦ᠍ ᠨᠣᠮ ᠦᠵᠡᠵᠦ᠍᠂ ᠰᠤᠷᠤᠯᠴᠠᠵᠤ᠂ ᠬᠠᠮᠳᠤ ᠰᠤᠷᠤᠯᠭᠠᠳᠠᠳ᠎ᠲᠠᠢ᠎ᠪᠠᠨ ᠦᠵᠡᠯ ᠪᠤᠳᠤᠯ᠎ᠢᠶᠠᠨ ᠰᠣᠯᠢᠯᠴᠠᠨ᠂ ᠲᠤᠰᠭᠠᠢ ᠮᠡᠷᠭᠡᠵᠢᠯ᠎ᠤᠨ ᠬᠦᠷᠢᠶᠡᠨ᠎ᠳᠠᠬᠢ ᠮᠡᠳᠡᠯᠭᠡ᠎ᠪᠠᠨ ᠦᠳᠲᠡᠷ ᠲᠦᠷᠭᠡᠨ ᠡᠵᠡᠮᠱᠢᠭ᠌ᠰᠡᠨ ᠪᠢᠯᠡ᠃ 

《ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ ᠮᠢᠨᠦ᠍ ᠬᠠᠷᠢᠯᠴᠠᠭᠠᠨ᠎ᠤ ᠣᠷᠣᠨ ᠵᠠᠢ᠎ᠶ᠋ᠢ ᠥᠷᠭᠡᠳᠭᠡᠪᠡ᠃ ᠶᠡᠭᠡ ᠰᠤᠷᠭᠠᠭᠤᠯᠢ᠎ᠳᠤ ᠰᠤᠷᠤᠯᠴᠠᠵᠤ ᠪᠠ ᠵᠢᠭ᠎ᠠ ᠦᠶ᠎ᠠ᠎ᠳᠤ ᠰᠤᠯᠠ ᠰᠡᠯᠡᠬᠦᠦ ᠴᠠᠭ᠎ᠲᠠᠭᠠᠨ᠂ ᠪᠢ ᠡᠯ᠎ᠡ ᠵᠦᠢᠯ᠎ᠤᠨ ᠦᠢᠯᠡᠳᠦᠯᠭᠡ᠎ᠶ᠋ᠢᠨ ᠠᠵᠢᠯᠯᠠᠭ᠎ᠠ᠎ᠳᠤ ᠢᠳᠡᠪᠬᠢᠲᠡᠢ ᠣᠷᠣᠯᠴᠠᠵᠤ᠂ ᠠᠵᠢᠯ᠎ᠤᠨ ᠤᠷ᠎ᠠ ᠴᠢᠳᠠᠪᠤᠷᠢ ᠪᠠ ᠶᠡᠷᠦᠩᠬᠡᠢᠯᠡᠭ᠌ᠰᠡᠨ ᠴᠢᠳᠠᠪᠤᠷᠢ᠎ᠪᠠᠨ ᠳᠡᠭᠡᠭ᠌ᠰᠢᠯᠡᠭᠦᠯᠬᠦ᠌᠎ᠳᠤ ᠮᠠᠰᠢ ᠰᠠ᠊ ᠎ᠶ᠋ᠢᠨ ᠰᠠᠭᠤᠷᠢ ᠲᠠᠯᠪᠢᠵᠠᠢ》 ᠬᠡᠵᠦ᠍ ᠨᠠᠷᠠᠰᠤ ᠰᠡᠳᠭᠢᠯ᠎ᠤᠨ ᠦᠬᠡ᠎ᠪᠠᠨ ᠲᠡᠯᠬᠡᠨ᠎ᠠ᠃ 

《ᠡᠪ ᠬᠠᠮᠲᠤ ᠵᠠᠯᠠᠭᠤᠴᠤᠳ᠎ᠤᠨ ᠡᠪᠯᠡᠯ᠎ᠨᠢ ᠬᠦᠲᠦᠯᠦᠨ ᠳᠠᠭᠠᠭᠤᠯᠵᠤ ᠨᠢᠭ᠍ᠲᠠᠷᠠᠭᠤᠯᠬᠤ᠂ ᠵᠣᠬᠢᠶᠠᠨ ᠪᠠᠢᠭᠤᠯᠵᠤ ᠳᠠᠢᠴᠢᠯᠠᠬᠤ᠂ ᠬᠠᠷᠢᠯᠴᠠᠵᠤ ᠦᠢᠯᠡᠴᠢᠯᠡᠬᠦ᠌ ᠡᠭᠦᠷᠭᠡ ᠬᠠᠷᠢᠭᠤᠴᠠᠯᠭ᠎ᠠ᠎ᠶ᠋ᠢ ᠡᠭᠦᠷᠭᠡᠯᠡᠵᠦ᠍ ᠪᠠᠢᠳᠠᠭ᠃ ᠡᠪ ᠬᠠᠮᠲᠤ ᠵᠠᠯᠠᠭᠤᠴᠤᠳ᠎ᠤᠨ ᠡᠪᠯᠡᠯ᠎ᠤᠨ ᠺᠠᠳ᠋ᠷ ᠪᠣᠯᠤᠭ᠍ᠰᠠᠨ᠎ᠤ ᠬᠤᠪᠢ᠎ᠳᠤ᠂ ᠪᠢ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠲᠤᠷ ᠰᠤᠷᠴᠤ᠌ ᠬᠡᠷᠡᠭ᠌ᠯᠡᠬᠦ᠌᠎ᠶ᠋ᠢᠨ ᠴᠢᠬᠤᠯᠠ ᠴᠢᠨᠠᠷ᠎ᠢ ᠶᠠᠪᠤᠬᠤ ᠲᠤᠳᠤᠮ ᠲᠠᠨᠢᠵᠤ ᠤᠯᠪᠠ᠃ ᠬᠡᠷᠪᠡ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠪᠣᠯᠪᠠᠰᠤᠷᠠᠩᠭᠤᠢ ᠡᠵᠡᠮᠱᠢᠬᠦ᠌ ᠦᠭᠡᠢ ᠪᠣᠯ ᠥᠷᠭᠡᠨ ᠤᠯᠠᠨ ᠵᠠᠯᠠᠭᠤᠴᠤᠳ᠎ᠤᠨ ᠪᠤᠳᠤᠯ ᠰᠠᠨᠠᠭ᠎ᠠ᠎ᠶ᠋ᠢ ᠣᠢᠯᠠᠭᠠᠵᠤ ᠴᠢᠳᠠᠬᠤ ᠦᠭᠡᠢ᠂ ᠨᠡᠩ ᠴᠤ᠌ ᠵᠠᠯᠠᠭᠤᠴᠤᠳ᠎ᠲᠠᠢ ᠤ ᠵᠢᠷᠠᠳᠴᠤ᠌᠂ ᠲᠡᠳᠡᠨ᠎ᠤ ᠰᠡᠳᠭᠢᠯ᠎ᠢ ᠮᠡᠳᠡᠭ᠌ᠴᠢ᠂ ᠵᠠᠮᠴᠢᠯᠠᠭ᠍ᠴᠢ ᠪᠤᠯᠵᠤ ᠴᠢᠳᠠᠬᠤ ᠦᠭᠡᠢ ᠶᠤᠮ》 ᠭᠡᠵᠦ᠍ ᠨᠠᠷᠠᠰᠤ ᠬᠡᠯᠡᠪᠡ᠃ 

ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠬᠡᠷᠡᠭ᠌ᠯᠡᠯᠲᠡ᠎ᠨᠢ ᠨᠠᠷᠠᠰᠤ᠎ᠶ᠋ᠢᠨ ᠠᠵᠢᠯ᠎ᠳᠤ ᠠᠮᠵᠢᠯᠳᠠ᠎ᠶ᠋ᠢᠨ ᠦᠷ᠎ᠡ ᠵᠢᠮᠢᠰ ᠲᠡᠬᠦᠵᠢᠩᠨᠡᠬᠦᠯᠦᠨ᠎ᠡ᠃ ᠡᠨᠡ ᠵᠢᠯ᠎ᠤᠨ 7 ᠰᠠᠷ᠎ᠠ᠎ᠳᠤ᠂ ᠨᠠᠷᠠᠰᠤ ᠪᠦᠯᠬᠦᠮ ᠳᠠᠭᠠᠭᠤᠯᠤᠨ ᠵᠧᠵᠢᠶᠠᠩ ᠮᠤᠵᠢ᠎ᠶ᠋ᠢᠨ ᠢ ᠦ᠋ ᠬᠤᠳᠠ᠎ᠳᠤ ᠬᠦᠷᠴᠦ᠍ ᠡᠪᠯᠡᠯ᠎ᠤᠨ ᠲᠥᠪ ᠬᠤᠷᠢᠶᠠᠨ᠎ᠤ ᠪᠣᠯᠪᠠᠰᠤᠷᠠᠯ᠎ᠳᠤ ᠣᠷᠣᠯᠴᠠᠵᠤ᠂ ᠪᠡᠭᠡᠵᠢᠩ᠂ ᠵᠧᠵᠢᠶᠠᠩ᠂ ᠠᠨᠾᠦ᠋ᠢ ᠵᠡᠷᠭᠡ ᠪᠦᠬᠦ᠌ ᠤᠯᠤᠰ᠎ᠤᠨ ᠡᠪᠯᠡᠯ᠎ᠤᠨ ᠺᠠᠳ᠋ᠷᠴᠤᠳ᠎ᠲᠠᠢ ᠬᠠᠮᠲᠤ ᠰᠤᠷᠤᠯᠴᠠᠨ ᠦᠵᠡᠯ ᠪᠤᠳᠤᠯ᠎ᠢᠶᠠᠨ ᠰᠣᠯᠢᠯᠴᠠᠪᠠ; ᠡᠳᠦᠷ ᠲᠤᠳᠤᠮ᠎ᠤᠨ ᠠᠵᠢᠯ᠎ᠳᠠᠭᠠᠨ ᠲᠡᠷᠡ ᠦᠷᠭᠦᠯᠵᠢ ᠪᠡᠭᠡᠵᠢᠩ᠂ ᠱᠠᠨ ᠰᠢ᠂ ᠾᠧᠨᠠᠨ᠂ ᠴᠦᠩᠴᠢᠩ ᠵᠡᠷᠭᠡ ᠭᠠᠵᠠᠷ᠎ᠤᠨ ᠡᠪᠯᠡᠯ᠎ᠤᠨ ᠺᠠᠳ᠋ᠷᠴᠤᠳ᠎ᠲᠠᠢ ᠨᠢᠭ᠍ᠲᠠ ᠬᠠᠷᠢᠯᠴᠠᠵᠤ᠂ ᠠᠵᠢᠯ᠎ᠤᠨ ᠳᠤᠬᠠᠢ ᠰᠠᠨᠠᠯ᠎ᠢᠶᠠᠨ ᠰᠣᠯᠢᠯᠴᠠᠨ᠂ ᠬᠠᠷᠢᠯᠴᠠᠨ ᠰᠤᠷᠤᠯᠴᠠᠳᠠᠭ᠃ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ ᠰᠠ᠊ ᠎ᠶ᠋ᠢᠨ ᠮᠡᠳᠡᠳᠡᠭ᠎ᠢᠶᠠᠷ᠎ᠢᠶᠠᠨ ᠲᠡᠷᠡ ᠪᠦᠬᠦ᠌ ᠤᠯᠤᠰ᠎ᠤᠨ ᠡᠯ᠎ᠡ ᠭᠠᠵᠠᠷ᠎ᠤᠨ ᠮᠠᠰᠢ ᠤᠯᠠᠨ ᠵᠠᠯᠠᠭᠤ ᠨᠠᠢᠵᠠ ᠨᠠᠷ᠎ᠲᠠᠢ ᠭᠦᠨ ᠵᠤᠵᠠᠭᠠᠨ ᠨᠥᠬᠦᠷᠯᠡᠯ ᠪᠠᠢᠭᠤᠯᠵᠤ᠂ ᠬᠠᠷᠠᠭ᠎ᠠ᠎ᠪᠠᠨ ᠦᠷᠬᠡᠵᠢᠬᠦᠯᠵᠦ᠍ ᠴᠢᠳᠠᠭ᠍ᠰᠠᠨ ᠶᠤᠮ᠃ 

ᠨᠠᠷᠠᠰᠤ᠄ 《ᠪᠢ ᠠᠵᠢᠯ᠎ᠢᠶᠠᠨ ᠰᠠᠢᠲᠤᠷ ᠬᠢᠵᠦ᠍᠂ ᠨᠠᠮ᠎ᠤᠨ ᠴᠢᠭ᠌ᠯᠡᠯᠲᠡ ᠲᠦᠷᠦ᠎ᠶ᠋ᠢᠨ ᠪᠤᠳᠤᠯᠭ᠎ᠠ᠎ᠶ᠋ᠢ ᠨᠡᠩ ᠰᠠᠢᠲᠤᠷ ᠰᠤᠷᠤᠯᠴᠠᠨ ᠣᠢᠯᠠᠭᠠᠵᠤ᠂ ᠡᠯᠪᠡᠭ ᠪᠠᠶᠠᠯᠢᠭ ᠮᠡᠳᠡᠯᠭᠡ᠎ᠶ᠋ᠢᠨ ᠱᠢᠮ᠎ᠡ ᠲᠡᠵᠢᠭᠡᠯ᠎ᠢ ᠨᠡᠩ ᠠᠮᠠᠷᠬᠠᠨ ᠬᠦᠷᠳᠡᠵᠦ᠍᠂ ᠵᠠᠯᠠᠭᠤᠴᠤᠳ᠎ᠲᠤ ᠨᠡᠩ ᠰᠠᠢᠲᠤᠷ ᠦᠢᠯᠡᠴᠢᠯᠡᠵᠦ᠍ ᠪᠠ ᠵᠢᠬᠤ᠎ᠨᠢ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠰᠤᠷᠤᠯᠴᠠᠯᠭ᠎ᠠ ᠪᠠ ᠬᠡᠷᠡᠭ᠌ᠯᠡᠯᠲᠡ᠎ᠠᠴᠠ ᠪᠤᠯᠤᠭ᠍ᠰᠠᠨ ᠶᠤᠮ》 ᠬᠡᠵᠦ᠍ ᠤᠷᠮ᠎ᠠ᠎ᠲᠠᠢ ᠬᠡᠯᠡᠨ᠎ᠠ᠃ 

ᠨᠠᠷᠠᠰᠤ ᠪᠦᠬᠦ᠌ ᠤᠯᠤᠰ᠎ᠤᠨ ᠡᠪ ᠬᠠᠮᠲᠤ ᠵᠠᠯᠠᠭᠤᠴᠤᠳ᠎ᠤᠨ ᠡᠪᠯᠡᠯ᠎ᠤᠨ ᠦᠨᠳᠦᠰᠦᠨ ᠱᠠᠲᠤᠨ᠎ᠤ ᠵᠣᠬᠢᠶᠠᠨ ᠪᠠᠢᠭᠤᠯᠤᠯᠲᠠ᠎ᠶ᠋ᠢᠨ ᠴᠣᠭ᠍ᠴᠠᠯᠠᠯᠲᠠ᠎ᠶ᠋ᠢᠨ ᠬᠤᠷᠠᠯ᠎ᠳᠤ ᠣᠯᠠᠨᠲᠠ ᠣᠷᠣᠯᠴᠠᠪᠠ᠃ ᠶᠠᠷᠢᠯᠴᠠᠭ᠎ᠠ ᠰᠣᠯᠢᠯᠴᠠᠭ᠎ᠠ ᠬᠢᠬᠦ᠌ ᠳᠤᠮᠳᠠ᠂ ᠲᠡᠷᠡ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠪᠣᠯᠪᠠᠰᠤᠷᠠᠩᠭᠤᠢ ᠬᠡᠷᠡᠭ᠌ᠯᠡᠨ ᠥᠪᠥᠷ ᠮᠣᠩᠭᠤᠯ᠎ᠤᠨ ᠡᠪ ᠬᠠᠮᠲᠤ ᠵᠠᠯᠠᠭᠤᠴᠤᠳ᠎ᠤᠨ ᠡᠪᠯᠡᠯ᠎ᠤᠨ ᠦᠨᠳᠦᠰᠦᠨ ᠱᠠᠲᠤᠨ᠎ᠤ ᠵᠣᠬᠢᠶᠠᠨ ᠪᠠᠢᠭᠤᠯᠤᠯᠲᠠ᠎ᠶ᠋ᠢᠨ ᠴᠣᠭ᠍ᠴᠠᠯᠠᠯᠲᠠ᠎ᠶ᠋ᠢᠨ ᠲᠠᠪᠱᠢᠯᠳᠠ᠎ᠶ᠋ᠢ ᠶᠠᠷᠢᠵᠤ᠂ ᠥᠪᠥᠷ ᠮᠣᠩᠭᠤᠯ᠎ᠤᠨ ᠴᠤᠭ ᠵᠢᠪᠬᠤᠭ᠎ᠠ᠎ᠶ᠋ᠢ ᠭᠠ ᠵᠢᠬᠠᠭᠤᠯᠤᠨ᠎ᠠ᠃ 

ᠨᠠᠷᠠᠰᠤ᠂ ᠡᠪ ᠬᠠᠮᠲᠤ ᠵᠠᠯᠠᠭᠤᠴᠤᠳ᠎ᠤᠨ ᠡᠪᠯᠡᠯ ᠪᠣᠯ ᠨᠠᠮ᠎ᠤᠨ ᠬᠠᠪᠰᠤᠷᠤᠭ᠍ᠴᠢ ᠪᠠ ᠪᠡᠯᠡᠳᠭᠡᠯ ᠴᠡᠷᠢᠭ ᠮᠥᠨ᠂ ᠪᠢ ᠤᠯᠤᠰ ᠲᠥᠷᠥ᠎ᠶ᠋ᠢᠨ ᠴᠢᠳᠠᠪᠤᠷᠢ᠎ᠪᠠᠨ ᠳᠡᠭᠡᠭ᠌ᠰᠢᠯᠡᠭᠦᠯᠵᠦ᠍᠂ ᠤᠯᠤᠰ ᠲᠥᠷᠥ᠎ᠶ᠋ᠢᠨ ᠬᠠᠷᠢᠭᠤᠴᠠᠯᠭ᠎ᠠ᠎ᠪᠠᠨ ᠡᠭᠦᠷᠭᠡᠯᠡᠵᠦ᠍᠂ ᠥᠷᠭᠡᠨ ᠣᠯᠠᠨ ᠡᠪᠯᠡᠯ᠎ᠤᠨ ᠭᠡᠱᠢᠭᠦᠨ ᠵᠠᠯᠠᠭᠤᠴᠤᠳ᠎ᠤᠨ ᠨᠠᠮ᠎ᠤᠨ ᠦᠭᠡ᠎ᠶ᠋ᠢ ᠰᠣᠨᠣᠰᠴᠤ᠌ ᠨᠠᠮ᠎ᠢᠶᠠᠨ ᠳᠠᠭᠠᠬᠤ᠎ᠶ᠋ᠢ ᠬᠦᠮᠦᠵᠢᠬᠦᠯᠦᠨ ᠵᠢᠯᠤᠭᠤᠳᠴᠤ᠌᠂ ᠠᠭᠤᠤ ᠶᠡᠭᠡ ᠡᠬᠡ ᠤᠯᠤᠰ᠂ ᠳᠤᠮᠳᠠᠳᠤ᠎ᠶ᠋ᠢᠨ ᠦᠨᠳᠦᠰᠦᠲᠡᠨ᠂ ᠳᠤᠮᠳᠠᠳᠤ᠎ᠶ᠋ᠢᠨ ᠰᠣᠶᠣᠯ᠂ ᠳᠤᠮᠳᠠᠳᠤ ᠤᠯᠤᠰ᠎ᠤᠨ ᠡᠪ ᠬᠠᠮᠲᠤ ᠨᠠᠮ᠂ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢᠭᠡᠮ ᠵᠢᠷᠤᠮ᠎ᠤᠨ ᠲᠤᠬᠠᠶ ᠬᠠᠮᠲᠤ᠎ᠶ᠋ᠢᠨ ᠲᠠᠨᠢᠯᠲᠠ᠎ᠶ᠋ᠢ ᠴᠢᠩᠭᠠᠳᠭᠠᠵᠤ᠂ ᠵᠥᠪ ᠤᠯᠤᠰ ᠤᠷᠤᠨ᠎ᠤ ᠦᠵᠡᠯᠲᠡ᠂ ᠲᠡᠦᠬᠡ᠎ᠶ᠋ᠢᠨ ᠦᠵᠡᠯᠲᠡ᠂ ᠦᠨᠳᠦᠰᠦᠲᠡᠨ᠎ᠤ ᠦᠵᠡᠯᠲᠡ᠂ ᠰᠣᠶᠣᠯ᠎ᠤᠨ ᠦᠵᠡᠯᠲᠡ᠂ ᠱᠠᠱᠢᠨ ᠰᠤᠷᠲᠠᠬᠤᠨ᠎ᠤ ᠦᠵᠡᠯᠲᠡ᠎ᠶ᠋ᠢ ᠪᠠᠲᠤ ᠪᠠᠬᠢ ᠪᠣᠶ ᠪᠣᠯᠭᠠᠵᠤ᠂ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ ᠴᠣᠭ᠍ᠴᠠ᠎ᠶ᠋ᠢᠨ ᠤᠬᠠᠮᠰᠠᠷ᠎ᠢ ᠪᠠᠬᠢᠵᠢᠬᠦᠯᠵᠦ᠍᠂ 《ᠦᠵᠡᠰᠭᠦᠯᠡᠩᠲᠦ ᠰᠠᠢᠬᠠᠨ ᠥᠪᠥᠷ ᠮᠣᠩᠭᠤᠯ᠎ᠢᠶᠠᠨ ᠪᠥᠲᠥᠭᠡᠨ ᠪᠠᠢᠭᠤᠯᠵᠤ᠂ ᠠᠭᠤᠤ ᠶᠡᠭᠡ ᠳᠤᠮᠳᠠᠳᠤ᠎ᠶ᠋ᠢᠨ ᠵᠡᠭᠦᠳᠦ᠎ᠪᠠᠨ ᠬᠠᠮᠲᠤ᠎ᠪᠠᠷ ᠲᠡᠷᠭᠡᠯᠱᠢᠭᠦᠯᠬᠦ᠌》 ᠎ᠳᠤ ᠵᠠᠯᠠᠭᠤ ᠨᠠᠰᠤᠨ᠎ᠤ ᠬᠦᠴᠦᠨ ᠴᠢᠳᠠᠯ᠎ᠢ ᠨᠢᠭ᠍ᠳᠠᠷᠠᠭᠤᠯᠤᠨ᠎ᠠ ᠬᠡᠵᠦ᠍ ᠶᠠᠷᠢᠨ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠢᠶ᠎ᠡ ᠪᠦᠬᠦᠢ ᠰᠣᠨᠢᠨ
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号