ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠰᠤᠷᠭᠠᠨ ᠬᠥᠮᠦᠵᠢᠯ᠎ᠢ ᠬᠡᠦᠬᠡᠳ ᠪᠠᠭᠠᠴᠤᠳ᠎ᠠᠴᠠ ᠡᠬᠢᠯᠡᠵᠦ᠍ ᠠᠳᠭᠤᠨ᠎ᠠ
2021-09-05 11:55:11
ᠵᠣᠬᠢᠶᠠᠭ᠍ᠴᠢ᠄
ᠵᠠᠩ ᠯᠦ᠍
ᠣᠩᠱᠢᠭ᠍ᠰᠠᠨ ᠣᠳᠠᠭ᠎ᠠ᠄
★★★☆☆

9 ᠰᠠᠷ᠎ᠠ᠎ᠶ᠋ᠢᠨ 1 ᠎ᠤ ᠡᠳᠦᠷ᠂ ᠥᠪᠥᠷ ᠮᠣᠩᠭᠤᠯ᠎ᠤᠨ ᠳᠤᠮᠳᠠᠳᠤ ᠪᠠᠭ᠎ᠠ ᠰᠤᠷᠭᠠᠭᠤᠯᠢ᠂ ᠬᠡᠦᠬᠡᠳ᠎ᠤᠨ ᠴᠡᠴᠡᠷᠯᠢᠭ ᠪᠥᠬᠦ᠌ ᠲᠠᠯ᠎ᠠ᠎ᠪᠠᠷ ᠰᠤᠷᠭᠠᠭᠤᠯᠢ ᠡᠬᠢᠯᠡᠪᠡ᠃ ᠰᠤᠷᠭᠠᠭᠤᠯᠢ ᠡᠬᠢᠯᠡᠮᠡᠭ᠌ᠴᠡ᠂ ᠰᠤᠷᠪᠤᠯᠵᠢᠯᠠᠭ᠍ᠴᠢ ᠬᠥᠬᠡᠬᠤᠲᠠ᠎ᠶ᠋ᠢᠨ ᠭᠤᠴᠢᠳᠤᠭᠠᠷ ᠳᠤᠮᠳᠠᠳᠤ ᠰᠤᠷᠭᠠᠭᠤᠯᠢ (ᠥᠪᠥᠷ ᠮᠣᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠎ᠶ᠋ᠢᠨ ᠬᠠᠷᠢᠶᠠᠲᠤ ᠬᠤᠶᠠᠳᠤᠭᠠᠷ ᠰᠤᠷᠭᠠᠭᠤᠯᠢ) ᠎ᠶ᠋ᠢᠨ ᠬᠡᠦᠬᠡᠳ᠎ᠤᠨ ᠴᠡᠴᠡᠷᠯᠢᠭ᠎ᠤᠨ ᠡᠭᠦᠳᠡᠨ᠎ᠳᠤ ᠬᠦᠭᠡᠷᠦᠭᠦᠨ ᠬᠡᠤᠬᠡᠳ᠎ᠤᠳ ᠪᠣᠭ᠍ᠴᠣ᠎ᠪᠠᠨ ᠡᠭᠦᠷᠦᠭᠡᠳ ᠴᠤᠭ ᠵᠣᠯᠢ ᠪᠠᠳᠠᠷᠠᠩᠭᠤᠢ᠎ᠪᠠᠷ ᠬᠡᠦᠬᠡᠳ᠎ᠤᠨ ᠴᠡᠴᠡᠷᠯᠢᠭ᠎ᠲᠤ ᠬᠦᠷᠴᠦ᠍ ᠢᠷᠡᠵᠦ᠍ ᠪᠠᠢᠭ᠎ᠠ᠎ᠶ᠋ᠢ ᠣᠯᠵᠤ ᠬᠠᠷᠠᠪᠠ᠃

《ᠱᠢᠨ᠎ᠡ ᠰᠤᠷᠤᠯᠭ᠎ᠠ᠎ᠶ᠋ᠢᠨ ᠬᠤᠭᠤᠴᠠᠭᠠᠨ᠎ᠳᠤ ᠴᠡᠴᠡᠷᠯᠢᠭ᠎ᠲᠤ ᠪᠠᠰᠠ ᠮᠠᠰᠢ ᠣᠯᠠᠨ ᠱᠢᠨ᠎ᠡ ᠲᠣᠭ᠍ᠯᠠᠭᠠᠮ᠎ᠲᠠᠢ ᠪᠣᠯᠵᠠᠶ᠂ ᠪᠢ ᠪᠢᠴᠢᠬᠠᠨ ᠨᠠᠢᠵᠠ ᠨᠠᠷ᠎ᠲᠠᠢ᠎ᠪᠠᠨ ᠮᠠᠰᠢ ᠪᠠᠶᠠᠷ ᠬᠦᠷ᠎ᠲᠠᠢ ᠲᠤᠬ᠍ᠯᠠᠪᠠ》᠃ ᠳᠤᠮᠳᠠ ᠠᠩᠭᠢ᠎ᠶ᠋ᠢᠨ ᠰᠤᠷᠤᠭ᠍ᠴᠢ ᠲᠤᠯᠠᠭᠠᠨ ᠰᠤᠷᠪᠤᠯᠵᠢᠯᠠᠭ᠍ᠴᠢ᠎ᠳᠤ᠂ ᠪᠢ ᠤᠷᠠᠨ ᠪᠢᠴᠢᠯᠭᠡ᠎ᠳᠤ ᠳᠤᠷᠠᠲᠠᠶ᠂ ᠣᠲᠣ ᠬᠡᠳᠦ᠋ᠢᠪᠡᠷ ᠲᠠᠨᠢᠬᠤ ᠦᠰᠦᠭ ᠴᠥᠭᠡᠨ ᠪᠣᠯᠪᠠᠴᠤ᠌ ᠬᠤᠵᠢᠮ ᠨᠠᠩ ᠣᠯᠠᠨ ᠥᠰᠥᠭ ᠲᠠᠨᠢᠵᠤ᠂ ᠥᠰᠥᠭ᠎ᠢᠶᠠᠨ ᠭᠤᠶᠣ ᠪᠢᠴᠢᠨ᠎ᠡ ᠭᠡᠵᠦ᠍ ᠬᠡᠯᠡᠪᠡ᠃

ᠲᠤᠯᠠᠭᠠᠨ᠎ᠤ ᠡᠵᠢ᠎ᠨᠢ ᠰᠤᠷᠪᠤᠯᠵᠢᠯᠠᠭ᠍ᠴᠢ᠎ᠳᠤ᠄ 《ᠪᠢ ᠬᠡᠦᠬᠡᠳ᠎ᠲᠡᠭᠡᠨ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠲᠤᠷ ᠰᠤᠷᠭᠠᠨ᠎ᠠ᠂ ᠡᠨᠡ᠎ᠨᠢ ᠬᠡᠦᠬᠡᠳ᠎ᠤᠨ ᠦᠰᠦᠨ ᠪᠤᠢᠵᠢᠯᠲᠠ᠎ᠳᠤ ᠲᠦᠢᠯ᠎ᠤᠨ ᠴᠢᠬᠤᠯᠠ ᠶᠤᠮ᠂ ᠬᠡᠦᠬᠡᠳ᠎ᠤᠨ ᠢᠷᠡᠭᠡᠳᠦᠢ᠎ᠳᠤ ᠨᠡᠩ ᠶᠡᠭᠡ ᠲᠠᠪᠴᠠᠩ᠎ᠳᠤ ᠭᠠᠷᠬᠤ᠎ᠶ᠋ᠢᠨ ᠤᠷᠢᠲᠠᠯ ᠨᠥᠬᠦᠴᠡᠯ ᠪᠣᠯᠤᠨ᠎ᠠ》 ᠭᠡᠵᠦ᠍ ᠬᠡᠯᠡᠪᠡ᠃

ᠲᠤᠰ ᠡᠳᠦᠷ᠎ᠤᠨ ᠦᠳᠡ᠎ᠳᠤ᠂ ᠬᠥᠬᠡᠬᠤᠲᠠ᠎ᠶ᠋ᠢᠨ ᠦᠨᠳᠦᠰᠦᠲᠡᠨ᠎ᠤ ᠲᠤᠷᠱᠢᠯᠲᠠ᠎ᠶ᠋ᠢᠨ ᠰᠤᠷᠭᠠᠭᠤᠯᠢ᠎ᠶ᠋ᠢᠨ ᠡᠭᠦᠳᠡᠨ᠎ᠳᠤ᠂ ᠰᠤᠷᠪᠤᠯᠵᠢᠯᠠᠭ᠍ᠴᠢ ᠰᠤᠷᠤᠭ᠍ᠴᠢ᠎ᠶ᠋ᠢᠨ ᠭᠡᠷ᠎ᠤᠨ ᠠᠬᠠᠮᠠᠳ ᠶᠠᠭ ᠲᠤᠰᠴᠤ᠌ ᠬᠦᠷᠭᠡᠬᠦ᠌ ᠴᠡᠭ᠎ᠲᠤ ᠮᠥᠷᠯᠡᠨ᠂ ᠬᠡᠦᠬᠡᠳ᠎ᠤᠳ᠎ᠤᠨ ᠰᠤᠷᠭᠠᠭᠤᠯᠢ ᠲᠠᠷᠬᠠᠬᠤ᠎ᠶ᠋ᠢ ᠬᠦᠯᠢᠶᠡᠵᠦ᠍ ᠪᠠᠢᠬᠤ᠎ᠶ᠋ᠢ ᠣᠯᠵᠤ ᠬᠠᠷᠠᠪᠠ᠃ ᠨᠢᠭᠡᠳᠦᠭᠡᠷ ᠣᠨ᠎ᠤ ᠰᠣᠷᠣᠭ᠍ᠴᠢ ᠡᠨᠡᠷᠢ ᠪᠤᠯ ᠰᠤᠷᠭᠠᠭᠤᠯᠢ ᠲᠠᠷᠬᠠᠭ᠍ᠰᠠᠨ ᠠᠩᠬᠠᠨ᠎ᠤ ᠪᠦᠯᠦᠭ᠎ᠤᠨ ᠬᠡᠦᠬᠡᠳ ᠪᠣᠯᠤᠨ᠎ᠠ᠂ ᠰᠤᠷᠭᠠᠭᠤᠯᠢ ᠡᠬᠢᠯᠡᠭᠡᠳ ᠨᠢᠭᠡᠨᠲᠡ 3 ᠡᠳᠦᠷ ᠪᠣᠯᠵᠣ᠂ ᠱᠢᠨ᠎ᠠ᠎ᠪᠠᠷ ᠰᠤᠷᠭᠠᠭᠤᠯᠢ᠎ᠳᠤ ᠤᠷᠤᠭ᠍ᠰᠠᠨ ᠡᠨᠡᠷᠢ ᠮᠦᠨ ᠬᠦ᠌ ᠰᠤᠷᠭᠠᠭᠤᠯᠢ ᠡᠬᠢᠯᠡᠭ᠌ᠰᠡᠨ ᠪᠠᠶᠠᠷ ᠪᠠᠭ᠍ᠠᠳᠤᠯ᠎ᠳᠤ ᠰᠣᠭ᠍ᠲᠣᠭᠤᠷᠠᠵᠤ ᠪᠠᠢᠪᠠ᠃ ᠡᠨᠡᠷᠢ ᠰᠤᠷᠪᠤᠯᠵᠢᠯᠠᠭ᠍ᠴᠢ᠎ᠳᠤ᠄ 《ᠮᠢᠨᠦ᠍ ᠬᠠᠮᠤᠭ᠎ᠤᠨ ᠲᠤᠷ᠎ᠠ ᠪᠠᠭ᠍ᠠᠳᠠᠢ ᠬᠢᠴᠢᠶᠡᠯ ᠪᠣᠯ ᠬᠡᠯᠡ ᠪᠢᠴᠢᠭ᠂ ᠰᠤᠷᠭᠠᠭᠤᠯᠢ᠎ᠳᠤ ᠣᠷᠣᠬᠤ᠎ᠠᠴᠠ ᠡᠮᠦᠨ᠎ᠡ ᠡᠵᠢ ᠨᠠᠮᠠᠶ᠋ᠢ ᠳᠠᠭᠠᠭᠤᠯᠤᠨ ᠮᠠᠰᠢ ᠣᠯᠠᠨ ᠡᠷᠲᠡᠨ᠎ᠤ ᠱᠢᠯᠦᠭ ᠴᠡᠭᠡᠵᠢᠯᠡᠭᠦᠯᠵᠡᠢ᠂ ᠡᠷᠲᠡᠨ᠎ᠤ ᠱᠢᠯᠦᠭ ᠳᠠᠭᠤᠯᠠᠯ᠎ᠤᠨ ᠠᠭᠤᠯᠤᠭ᠍ᠳᠠᠬᠤᠨ ᠡᠯᠪᠡᠭ ᠪᠠᠶᠠᠯᠢᠭ᠂ ᠬᠥᠮᠦᠨ᠎ᠤ ᠠᠩᠬᠠᠷᠤᠯ᠎ᠢ ᠶᠡᠭᠡ ᠲᠠᠲᠠᠳᠠᠭ》 ᠬᠡᠵᠦ᠍ ᠬᠡᠯᠡᠪᠡ᠃

《ᠬᠡᠦᠬᠡᠳ᠎ᠲᠤ ᠪᠠᠭ᠎ᠠ᠎ᠠᠴᠠ᠎ᠨᠢ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠲᠤᠷ ᠰᠤᠷᠭᠠᠬᠤ᠎ᠨᠢ ᠬᠡᠦᠬᠡᠳ᠎ᠤᠨ ᠮᠡᠳᠡᠯᠭᠡ᠎ᠶ᠋ᠢᠨ ᠬᠡᠪᠴᠢᠶ᠎ᠡ᠎ᠶ᠋ᠢ ᠥᠷᠭᠡᠳᠭᠡᠬᠦ᠂ ᠶᠡᠷᠦᠩᠬᠡᠢᠯᠡᠭ᠌ᠰᠡᠨ ᠬᠡᠪ ᠴᠢᠨᠠᠷ᠎ᠢ ᠳᠡᠭᠡᠭ᠌ᠰᠢᠯᠡᠭᠦᠯᠬᠦ᠂ ᠢᠷᠡᠭᠡᠳᠦᠢ᠎ᠳᠤ ᠨᠡᠢᠭᠡᠮ᠎ᠳᠤ ᠭᠠᠷᠬᠤ᠎ᠳᠤ ᠲᠦᠢᠯ᠎ᠤᠨ ᠠᠱᠢᠭ᠍ᠲᠠᠢ ᠶᠤᠮ》᠃ ᠣᠲᠣ ᠬᠡᠦᠬᠡᠳ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠥᠰᠥᠭ ᠪᠢᠴᠢᠭ᠎ᠢ ᠪᠣᠯᠪᠠᠰᠤᠷᠠᠩᠭᠤᠶ ᠬᠡᠷᠡᠭ᠌ᠯᠡᠵᠦ᠍ ᠴᠢᠳᠠᠬᠤ ᠪᠣᠯᠤᠭ᠍ᠰᠠᠨ᠎ᠨᠢ ᠰᠤᠷᠭᠠᠭᠤᠯᠢ᠎ᠶ᠋ᠢᠨ ᠰᠤᠷᠭᠠᠨ ᠬᠥᠮᠦᠵᠢᠯ᠎ᠠᠴᠠ ᠭᠠᠳᠠᠨ᠎ᠠ ᠪᠠᠰᠠ ᠬᠡᠷ ᠪᠦᠯᠢ᠎ᠶ᠋ᠢᠨ ᠰᠤᠷᠭᠠᠨ ᠬᠥᠮᠦᠵᠢᠯ᠎ᠲᠠᠢ ᠮᠠᠰᠢ ᠶᠡᠭᠡ ᠬᠤᠯᠪᠣᠭ᠎ᠠ᠎ᠲᠠᠢ ᠶᠤᠮ ᠭᠡᠵᠦ᠍ ᠡᠨᠡᠷᠢ᠎ᠶ᠋ᠢᠨ ᠠᠪᠤ ᠡᠷᠳᠡᠨᠢᠠᠤᠷᠳᠤ ᠬᠡᠯᠡᠵᠡᠢ᠃

ᠰᠤᠷᠭᠠᠭᠤᠯᠢ ᠡᠬᠢᠯᠡᠬᠦ᠌᠎ᠠᠴᠠ ᠡᠮᠦᠨ᠎ᠡ ᠬᠤᠢᠨᠡᠬᠢ ᠡᠨᠡ ᠬᠡᠰᠡᠭ ᠬᠤᠭᠤᠴᠠᠭ᠎ᠠ ᠪᠣᠯ ᠬᠥᠬᠡᠬᠤᠲᠠ᠎ᠶ᠋ᠢᠨ ᠢᠦ᠋ᠢᠴᠢᠤᠸᠠᠨ ᠲᠣᠭᠤᠷᠢᠭ᠎ᠤᠨ ᠦᠨᠳᠦᠰᠦᠲᠡᠨ᠎ᠤ ᠲᠤᠷᠱᠢᠯᠲᠠ᠎ᠶ᠋ᠢᠨ ᠪᠠᠭ᠎ᠠ ᠰᠤᠷᠭᠠᠭᠤᠯᠢ᠎ᠶ᠋ᠢᠨ ᠪᠠᠭ᠍ᠰᠢ ᠨᠠᠷ᠎ᠤᠨ ᠬᠠᠮᠤᠭ᠎ᠤᠨ ᠶᠠᠭᠠᠷᠠᠤ ᠦᠶ᠎ᠠ ᠪᠣᠯᠤᠨ᠎ᠠ᠃ ᠬᠤᠶᠠᠳᠤᠭᠠᠷ ᠣᠨ᠎ᠤ ᠬᠤᠶᠠᠳᠤᠭᠠᠷ ᠠᠩᠭᠢ᠎ᠶ᠋ᠢᠨ ᠡᠷᠬᠢᠯᠡᠭ᠌ᠴᠢ ᠰᠤᠷᠤᠨ᠎ᠠ᠎ᠲᠠᠢ ᠠᠭᠤᠯᠵᠠᠬᠤ ᠦᠶ᠎ᠡ᠎ᠳᠤ᠂ ᠲᠡᠷᠡ ᠶᠠᠭ ᠰᠤᠷᠤᠭ᠍ᠴᠢᠳ᠎ᠢᠶᠠᠨ ᠵᠤᠬᠢᠶᠠᠨ ᠪᠠᠢᠭᠤᠯᠤᠨ ᠶᠡᠭᠡ ᠴᠡᠪᠡᠷᠯᠡᠭᠡ ᠬᠢᠵᠦ᠍ ᠪᠠᠢᠪᠠ᠃ ᠰᠤᠷᠤᠨ᠎ᠠ ᠬᠠᠷᠠᠬᠠᠨ ᠪᠠᠭ᠎ᠠ᠎ᠠᠴᠠ᠎ᠪᠠᠨ ᠦᠨᠳᠦᠰᠦᠲᠡᠨ᠎ᠤ ᠦᠭᠡ ᠬᠡᠯᠡ᠎ᠪᠠᠷ ᠭᠤᠣᠯ ᠪᠣᠯᠭᠠᠭ᠍ᠰᠠᠨ ᠣᠷᠴᠢᠨ ᠲᠣᠭᠤᠷᠢᠨ᠎ᠳᠤ ᠠᠮᠢᠳᠤᠷᠠᠵᠤ᠂ ᠰᠤᠷᠭᠠᠭᠤᠯᠢ᠎ᠳᠤ ᠤᠷᠤᠬ᠍ᠰᠠᠨ᠎ᠤ ᠳᠠᠷᠠᠭ᠎ᠠ᠂ ᠦᠭᠡᠰ᠎ᠤᠨ ᠰᠠᠩ᠎ᠨᠢ ᠬᠢᠵᠠᠭᠠᠷ᠎ᠲᠠᠢ᠎ᠠᠴᠠ ᠪᠣᠯᠵᠤ᠂ ᠪᠢᠴᠢᠬᠠᠨ ᠨᠠᠢᠵᠠ ᠨᠠᠷ᠎ᠲᠠᠢ᠎ᠪᠠᠨ ᠬᠡᠪ᠎ᠤᠨ ᠪᠠᠢᠳᠠᠯ᠎ᠢᠶᠠᠷ ᠬᠠᠷᠢᠯᠴᠠᠵᠤ ᠴᠢᠳᠠᠬᠤ ᠦᠭᠡᠢ ᠪᠠᠢᠵᠤ᠂ ᠵᠠᠩ ᠠᠭᠠᠰᠢ᠎ᠳᠤᠨᠢ ᠴᠦ᠍ ᠬᠤᠪᠢᠷᠠᠯᠲᠠ ᠭᠠᠷᠴᠠᠢ᠃ ᠡᠳᠡᠭᠡᠷ ᠠᠰᠠᠭᠤᠳᠠᠯ᠎ᠢ ᠮᠡᠳᠡᠭ᠌ᠰᠡᠨ᠎ᠤ ᠳᠠᠷᠠᠭ᠎ᠠ᠂ ᠠᠪᠤ᠎ᠨᠢ ᠲᠡᠭᠦᠨ᠎ᠢ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠢᠯᠡᠭᠦᠬᠡᠨ ᠰᠤᠷᠴᠤ᠌ ᠬᠡᠷᠡᠭ᠌ᠯᠡᠬᠦ᠌᠎ᠶ᠋ᠢ ᠵᠣᠷᠢᠭ᠍ᠵᠢᠭᠤᠯᠵᠤ᠂ ᠪᠠᠰᠠ ᠦᠷᠭᠦᠯᠵᠢ ᠲᠡᠭᠦᠨ᠎ᠳᠤ ᠡᠯ᠎ᠡ ᠵᠦᠢᠯ᠎ᠤᠨ ᠦᠯᠢᠭᠡᠷ᠎ᠤᠨ ᠵᠢᠷᠤᠭ᠍ᠲᠤ ᠳᠡᠪᠲᠡᠷ ᠬᠤᠳᠠᠯᠳᠤᠨ ᠠᠪᠴᠤ᠌ ᠥᠭ᠌ᠴᠡᠢ᠃ ᠠᠭᠠᠵᠢᠮ᠎ᠢᠶᠠᠷ᠂ ᠲᠡᠷᠡ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠲᠤ ᠪᠠᠭ᠍ᠠᠳᠠᠢ ᠪᠤᠯᠪᠠ᠃ ᠣᠳᠣ᠂ ᠰᠤᠷᠤᠨ᠎ᠠ ᠣᠷᠣᠢ ᠪᠣᠯᠭᠠᠨ ᠬᠡᠦᠬᠡᠳ᠎ᠲᠡᠭᠡᠨ ᠦᠯᠢᠭᠡᠷ ᠶᠠᠷᠢᠵᠤ ᠦᠭ᠌ᠴᠤ᠂ ᠡᠷᠲᠡᠨ᠎ᠤ ᠱᠢᠯᠦᠭ ᠤᠩᠱᠢᠬᠤ᠎ᠶ᠋ᠢ ᠪᠠᠷᠢᠮᠲᠠᠯᠠᠵᠤ ᠪᠠᠢᠨ᠎ᠠ᠃ 《ᠮᠢᠨᠦ᠍ ᠬᠡᠦᠬᠡᠳ ᠨᠢᠭᠡᠨᠲᠡ 10 ᠭᠠᠷᠤᠶ ᠡᠷᠲᠡᠨ᠎ᠤ ᠱᠢᠯᠦᠭ᠎ᠢ ᠴᠡᠭᠡᠵᠢ᠎ᠪᠠᠷ ᠤᠩᠱᠢᠵᠦ᠍ ᠴᠢᠳᠠᠬᠤ ᠪᠤᠯᠵᠠᠢ》 ᠬᠡᠵᠦ᠍ ᠰᠤᠷᠤᠨ᠎ᠠ ᠮᠠᠰᠢ ᠣᠮᠣᠭ᠍ᠰᠢᠨ᠎ᠠ᠃ ᠲᠡᠷᠡ ᠰᠤᠷᠪᠤᠯᠵᠢᠯᠠᠭ᠍ᠴᠢ᠎ᠳᠤ᠂ ᠪᠠᠭ᠎ᠠ᠎ᠳᠤᠨᠢ ᠠᠪᠤ᠎ᠨᠢ ᠦᠷᠭᠦᠯᠵᠢ ᠲᠡᠭᠦᠨ᠎ᠢ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠪᠣᠯᠪᠠᠰᠤᠷᠠᠩᠭᠤᠢ ᠡᠵᠡᠮᠱᠢᠪᠡᠯ ᠰᠠᠶᠢ ᠨᠡᠩ ᠲᠡᠷᠢᠭᠦᠨ᠎ᠤ ᠮᠡᠳᠡᠯᠭᠡ᠎ᠶ᠋ᠢ ᠡᠵᠡᠮᠱᠢᠵᠦ᠍᠂ ᠤᠳᠤ ᠦᠶ᠎ᠡ᠎ᠶ᠋ᠢᠨ ᠠᠮᠢᠳᠤᠷᠠᠯ᠎ᠳᠤ ᠨᠡᠩ ᠰᠠᠢᠨ ᠠᠭᠤᠰᠤᠯᠴᠠᠵᠤ ᠴᠢᠳᠠᠨ᠎ᠠ ᠭᠡᠵᠦ᠍ ᠰᠤᠷᠭᠠᠳᠠᠭ ᠪᠠᠢᠬ᠍ᠰᠠᠨ ᠭᠡᠵᠦ᠍ ᠬᠡᠯᠡᠪᠡ᠃ ᠣᠳᠣ ᠲᠡᠷᠡ ᠪᠠᠰᠠ ᠬᠡᠦᠬᠡᠳ᠎ᠢᠶᠠᠨ ᠢᠩᠭᠢᠵᠦ᠍ ᠬᠥᠮᠦᠵᠢᠭᠦᠯᠵᠦ᠍ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号