ᠶᠢᠷᠳᠢᠨᠴᠤ᠎ᠶ᠋ᠢᠨ ᠴᠣᠩᠬᠤ᠎ᠶ᠋ᠢ ᠨᠡᠭᠡᠭᠡᠵᠦ᠍ ᠬᠦᠰᠡᠯ ᠵᠡᠭᠦᠳᠦ᠎ᠪᠠᠨ ᠲᠡᠷᠭᠡᠯᠱᠢᠬᠦᠯᠤᠨ᠎ᠡ
2021-09-06 08:58:56
ᠵᠣᠬᠢᠶᠠᠭ᠍ᠴᠢ᠄
ᠬᠠ ᠯᠢ ᠴᠢᠨ
ᠣᠩᠱᠢᠭ᠍ᠰᠠᠨ ᠣᠳᠠᠭ᠎ᠠ᠄
★★★☆☆

ᠥᠪᠥᠷ ᠮᠣᠩᠭᠤᠯ᠎ᠤᠨ ᠡᠸᠠᠩᠭᠢ ᠬᠤᠱᠢᠭᠤᠨ᠎ᠤ ᠱᠢᠨᠡᠭᠡᠨ ᠪᠠᠷᠠᠭᠤᠨ ᠰᠤᠮᠤᠨ᠎ᠤ ᠳ᠋ᠠᠰᠢ᠂ ᠰᠧᠴᠤᠸᠠᠨ᠎ᠤ ᠯᠢᠲ᠋ᠠᠩ᠎ᠤᠨ ᠳ᠋ᠠᠨᠽᠠᠨ ᠭᠡᠳ ᠨᠠᠩ ᠤᠯᠠᠨ ᠵᠠᠯᠠᠭᠤᠴᠤᠳ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢᠶᠠᠷ ᠢᠨᠲ᠋ᠧᠷ ᠰᠦᠯᠵᠢᠶᠡᠨ᠎ᠤ ᠲᠠᠪᠴᠠᠩ᠎ᠳᠤ ᠤᠨᠴᠠᠯᠢᠬ᠍ᠳᠤ ᠮᠠᠯ᠎ᠤᠨ ᠠᠱᠢᠭ ᠱᠢᠮ᠎ᠡ ᠲᠠᠷᠢᠶᠠᠯᠠᠩ᠎ᠤᠨ ᠪᠦᠲᠦᠭᠡᠭ᠌ᠳᠡᠬᠦᠨ᠎ᠢᠶᠠᠨ ᠪᠣᠷᠣᠯᠠᠭᠤᠯᠤᠨ ᠡᠳᠦᠷ ᠲᠤᠳᠤᠮ᠎ᠤᠨ ᠠᠮᠢᠳᠤᠷᠠᠯ᠎ᠢᠶᠠᠨ ᠱᠢᠭᠤᠳ ᠨᠡᠪᠲᠡᠷᠡᠭᠦᠯᠵᠦ᠍᠂ ᠥᠪᠡᠷ᠎ᠢ᠎ᠪᠠᠨ ᠢᠯᠡᠷᠡᠭᠦᠯᠬᠦ᠂ ᠥᠪᠡᠷ᠎ᠢ᠎ᠪᠠᠨ ᠬᠥᠭ᠌ᠵᠢᠭᠦᠯᠬᠦ᠌ ᠨᠡᠩ ᠤᠯᠠᠨ ᠠᠵᠠ ᠲᠣᠬᠢᠶᠠᠯ ᠣᠯᠵᠦ᠍ ᠬᠦᠰᠡᠯ ᠵᠡᠭᠦᠳᠦ᠎ᠪᠠᠨ ᠲᠡᠷᠭᠡᠯᠱᠢᠭᠦᠯᠵᠤ ᠪᠤᠢ᠃ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠲᠤᠷ ᠰᠤᠷᠤᠯᠴᠠᠬᠤ᠎ᠨᠢ ᠬᠤᠪᠢ ᠬᠥᠮᠦᠨ᠎ᠤ ᠦᠰᠦᠨ ᠪᠤᠢᠵᠢᠵᠤ ᠴᠢᠳᠠᠪᠤᠷᠢᠲᠠᠨ ᠪᠣᠯᠬᠤ ᠵᠠᠮ᠎ᠢᠶᠠᠨ ᠰᠠᠢᠲᠤᠷ ᠳᠡᠪᠢᠰᠭᠦ᠎ᠳᠤ ᠠᠱᠢᠭ᠍ᠲᠠᠢ᠎ᠪᠠᠷ ᠪᠠᠷᠠᠬᠤ ᠦᠭᠡᠢ᠂ ᠨᠡᠩ ᠴᠤ᠌ ᠦᠨᠳᠦᠰᠦᠲᠡᠨ᠎ᠤ ᠬᠥᠭ᠌ᠵᠢᠯ ᠴᠡᠴᠡᠭ᠌ᠯᠡᠯ᠂ ᠤᠯᠤᠰ᠎ᠤᠨ ᠬᠥᠭ᠌ᠵᠢᠯᠲᠡ᠎ᠳᠤ ᠠᠤᠭ᠎ᠠ ᠬᠦᠴᠦᠨ᠎ᠢ ᠨᠢᠭ᠍ᠲᠠᠷᠠᠭᠤᠯᠤᠨ᠎ᠠ ᠭᠡᠳᠡᠭ᠎ᠢ ᠦᠢᠯᠡᠳᠦᠯᠭᠡ ᠭᠡᠷᠡᠴᠢᠯᠡᠪᠡ᠃

ᠤᠯᠤᠰ ᠤᠷᠤᠨ᠎ᠤ ᠬᠦᠴᠦᠷᠬᠡᠭ᠌ᠵᠢᠯ᠎ᠨᠢ ᠬᠥᠮᠦᠨ᠎ᠳᠤ᠂ ᠴᠢᠳᠠᠪᠤᠷᠢᠲᠠᠨ ᠪᠤᠯᠬᠤ᠎ᠶ᠋ᠢᠨ ᠠᠨᠢᠰᠦ᠎ᠨᠢ ᠰᠤᠷᠤᠯᠴᠠᠬᠤ᠎ᠳᠤ ᠪᠤᠢ᠃ ᠦᠨᠳᠦᠰᠦᠲᠡᠨ᠎ᠨᠦᠭᠦᠳ᠎ᠤᠨ ᠤᠯᠠᠨ ᠲᠦᠮᠡᠨ᠎ᠳᠤ ᠠᠪᠴᠤ᠌ ᠬᠡᠯᠡᠪᠡᠯ ᠤᠯᠤᠰ᠎ᠤᠨ ᠨᠢᠭᠡᠳᠦᠯᠲᠡᠢ ᠨᠠᠢᠷᠠᠭᠤᠯᠤᠭ᠍ᠰᠠᠨ ᠵᠢᠭᠠᠬᠤ ᠮᠠᠲ᠋ᠧᠷᠢᠶᠠᠯ᠎ᠢ ᠰᠠᠢᠲᠤᠷ ᠰᠤᠷᠤᠯᠴᠠᠵᠤ᠂ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠲᠤᠷ ᠬᠡᠷᠡᠭ᠌ᠯᠡᠬᠦ᠌᠎ᠨᠢ ᠶᠢᠷᠳᠢᠨᠴᠤ᠎ᠶ᠋ᠢᠨ ᠴᠣᠩᠬᠤ᠎ᠶ᠋ᠢ ᠨᠡᠭᠡᠭᠡᠵᠦ᠍᠂ ᠮᠡᠳᠡᠭᠡ ᠵᠠᠩᠭᠢ᠎ᠶ᠋ᠢᠨ ᠬᠢᠵᠠᠭᠠᠷᠳᠠᠯ᠎ᠢ ᠲᠠᠪᠠᠵᠦ᠍ ᠮᠡᠳᠡᠯᠭᠡ ᠬᠦᠷᠳᠡᠬᠦ᠌ ᠰᠤᠷᠠᠭ ᠵᠠᠩᠭᠢ ᠤᠯᠬᠤ ᠠᠷᠭ᠎ᠠ ᠵᠠᠮ᠎ᠢᠶᠠᠨ ᠥᠷᠭᠡᠳᠭᠡᠵᠦ᠍᠂ ᠨᠡᠩ ᠥᠷᠭᠡᠨ ᠠᠭᠤᠳᠠᠮ ᠣᠷᠣᠨ ᠵᠠᠢ᠎ᠶ᠋ᠢ ᠢᠯᠡᠷᠡᠬᠦᠯᠵᠤ᠂ ᠨᠡᠩ ᠥᠷᠭᠡᠨ ᠠᠭᠤᠳᠠᠮ ᠬᠥᠭ᠌ᠵᠢᠯᠲᠡ᠎ᠶ᠋ᠢᠨ ᠣᠷᠣᠨ ᠵᠠᠢ᠎ᠶ᠋ᠢ ᠨᠡᠭᠡᠭᠡᠵᠦ᠍ ᠪᠣᠯᠤᠨ᠎ᠠ; ᠭᠠᠵᠠᠷ ᠣᠷᠣᠨ᠎ᠤ ᠬᠢᠵᠠᠭᠠᠷᠳᠠᠯ᠎ᠢ ᠲᠠᠪᠠᠵᠦ᠍ ᠲᠡᠷᠢᠭᠦᠨ᠎ᠤ ᠱᠢᠨᠵᠢᠯᠡᠬᠦ᠌ ᠤᠬᠠᠭᠠᠨ ᠰᠣᠶᠣᠯ᠎ᠤᠨ ᠮᠡᠳᠡᠯᠭᠡ᠎ᠶ᠋ᠢ ᠰᠤᠷᠤᠯᠴᠠᠵᠤ᠂ ᠨᠡᠩ ᠲᠥᠪ ᠭᠤᠣᠯᠴᠢ᠂ ᠨᠡᠩ ᠴᠢᠨᠠᠷ ᠰᠠᠢᠲᠠᠢ ᠰᠤᠷᠭᠠᠨ ᠬᠥᠮᠦᠵᠢᠯ᠎ᠢ ᠬᠦᠷᠲᠡᠵᠦ᠍᠂ ᠴᠢᠳᠠᠪᠤᠷᠢ᠎ᠪᠠᠨ ᠲᠡᠭᠡᠭ᠌ᠰᠢᠯᠡᠬᠦᠯᠵᠦ᠍᠂ ᠦᠰᠦᠨ ᠪᠤᠢᠵᠢᠬᠤ᠂ ᠴᠢᠳᠠᠪᠤᠷᠢᠲᠠᠨ ᠪᠣᠯᠬᠤ᠂ ᠠᠮᠵᠢᠯᠲᠠ ᠤᠯᠬᠤ᠎ᠳᠤ ᠰᠠᠷᠠᠭᠤᠯ ᠲᠠᠷᠳᠡᠩ ᠵᠠᠮ ᠲᠠᠪᠢᠰᠭᠦ ᠪᠣᠯᠤᠨ᠎ᠠ; ᠬᠤᠪᠢ ᠬᠥᠮᠦᠨ᠎ᠤ ᠬᠠᠷᠢᠯᠴᠠᠵᠤ ᠶᠠᠪᠤᠯᠴᠠᠬᠤ ᠴᠢᠳᠠᠪᠤᠷᠢ᠎ᠪᠠᠨ ᠳᠡᠭᠡᠭ᠌ᠰᠢᠯᠡᠭᠦᠯᠵᠦ᠍᠂ ᠬᠠᠷᠢᠯᠴᠠᠭᠠᠨ᠎ᠤ ᠰᠠᠭᠠᠳ᠎ᠢ ᠲᠠᠪᠠᠵᠦ᠍᠂ ᠦᠢᠯᠡᠳᠪᠦᠷᠢᠯᠡᠯ ᠠᠮᠢᠳᠤᠷᠠᠯ᠎ᠳᠤᠨᠢ ᠳᠥᠭᠦᠮ ᠪᠤᠯᠵᠤ᠂ ᠨᠠᠩ ᠭᠤᠢᠳᠠ ᠰᠠᠢᠬᠠᠨ ᠠᠮᠢᠳᠤᠷᠠᠯ᠎ᠢ ᠴᠤᠭ᠍ᠴᠠᠯᠠᠵᠦ᠍ ᠪᠣᠯᠤᠨ᠎ᠠ᠃

ᠦᠭᠡ ᠬᠡᠯᠡ ᠨᠡᠪᠲᠡᠷᠡᠯᠴᠡᠬᠦ᠌ ᠪᠣᠯ ᠬᠥᠮᠦᠰ᠎ᠤᠨ ᠬᠤᠭᠤᠷᠣᠨᠳᠣ᠎ᠪᠠᠨ ᠤᠢ᠍ᠢᠯᠠᠭᠠᠯᠴᠠᠵᠦ᠍ ᠤᠯᠤᠯᠴᠠᠬᠤ᠎ᠶ᠋ᠢᠨ ᠵᠠᠩᠭᠢᠯᠠᠭ᠎ᠠ ᠮᠥᠨ᠂ ᠦᠭᠡ ᠬᠡᠯᠡ ᠨᠡᠪᠲᠡᠷᠡᠯᠴᠡᠬᠦ᠌ ᠦᠭᠡᠢ ᠪᠣᠯ ᠰᠤᠯᠢᠯᠴᠠᠨ ᠨᠡᠪᠲᠡᠷᠡᠯᠴᠡᠬᠦ᠌᠎ᠳᠤ ᠪᠡᠷᠭᠡ᠂ ᠬᠠᠷᠢᠯᠴᠠᠨ ᠣᠢᠯᠠᠭᠠᠵᠤ ᠬᠠᠮᠲᠤ᠎ᠶ᠋ᠢᠨ ᠲᠠᠨᠢᠯᠲᠠ᠎ᠲᠠᠢ ᠪᠣᠯᠬᠤ᠎ᠳᠤ ᠪᠡᠷᠬᠡ ᠪᠣᠯᠤᠨ᠎ᠠ᠃ 《ᠠᠭᠤᠯᠠ ᠤᠰᠤᠨ᠎ᠤ ᠬᠠᠢᠷ᠎ᠠ》 ᠬᠡᠰᠡᠨ ᠲᠧᠯᠸᠢᠰ ᠵᠦᠴᠦᠭᠡ᠎ᠳᠤ ᠹᠦᠵᠢᠶᠠᠨ᠎ᠤ ᠲᠤᠰᠠᠯᠠᠨ ᠪᠠᠢᠭᠤᠯᠬᠤ ᠺᠠᠳ᠋ᠷ ᠴᠧᠨ᠎ᠶ᠋ᠢᠨ ᠱᠠᠨ ᠪᠤᠯᠤᠨ ᠨᠢᠩᠱᠢᠶᠠ᠎ᠶ᠋ᠢᠨ ᠲᠤᠬᠠᠢ᠎ᠶ᠋ᠢᠨ ᠭᠠᠵᠠᠷ᠎ᠤᠨ ᠬᠥᠮᠦᠰ᠎ᠤᠨ ᠬᠤᠭᠤᠷᠤᠨᠳᠤᠬᠢ ᠨᠢᠭᠡ ᠭᠡᠰᠡᠭ ᠬᠦᠴᠢᠷ ᠪᠡᠷᠬᠡᠱᠢᠶᠡᠯ᠎ᠲᠠᠢ ᠶᠠᠷᠢᠯᠴᠠᠭ᠎ᠠ᠎ᠨᠢ ᠬᠥᠮᠦᠰ᠎ᠲᠤ ᠭᠦᠨ ᠰᠠᠭᠤᠭ᠍ᠳᠠᠯ ᠦᠯᠡᠳᠡᠭᠡᠭ᠌ᠰᠡᠨ ᠪᠠᠢᠳᠠᠭ᠄ 《ᠡᠯᠡᠰᠦ᠎ᠶ᠋ᠢ ᠵᠠᠰᠠᠬᠤ᠎ᠶ᠋ᠢ ᠰᠤᠳᠤᠯᠬᠤ》 ᠭᠡᠰᠡᠨ᠎ᠢ 《ᠪᠡᠶ᠎ᠡ᠎ᠪᠠᠨ ᠬᠤᠣᠷᠯᠠᠬᠤ᠎ᠶ᠋ᠢ ᠰᠤᠳᠤᠯᠬᠤ》 ᠬᠡᠵᠦ᠍᠂ 《ᠮᠦᠬᠦ᠌᠎ᠶ᠋ᠢᠨ ᠡᠪᠡᠰᠦ》 ᠭᠡᠰᠡᠨ᠎ᠢ 《ᠠᠯᠳᠠᠨ ᠡᠪᠡᠰᠦ》 ᠭᠡᠵᠦ᠍ ᠠᠳᠡᠬᠦᠦ ᠪᠤᠷᠤᠭᠤ ᠰᠤᠨᠤᠰᠴᠤ᠌ ᠲᠦᠭᠦᠭᠡᠷᠡᠵᠦ᠍ ᠪᠠᠢᠯ᠎ᠠ᠃ ᠡᠨᠡ᠎ᠨᠢ ᠦᠭᠡ ᠬᠡᠯᠡ ᠨᠡᠪᠲᠡᠷᠡᠯᠴᠡᠬᠦ᠌ ᠦᠭᠡᠢ᠎ᠶ᠋ᠢᠨ ᠭᠠᠢ ᠵᠤᠪᠠᠯᠠᠩ᠎ᠢ ᠠᠮᠢᠳᠤᠯᠢᠭ᠎ᠢᠶᠠᠷ ᠢᠯᠡᠳᠭᠡᠪᠡ᠃ ᠦᠭᠡ ᠬᠡᠯᠡ ᠨᠡᠪᠳᠡᠷᠡᠯᠴᠡᠪᠡᠯ ᠰᠠᠶᠢ ᠲᠠᠨᠢᠯᠳᠠ ᠨᠢᠭᠡᠳᠴᠤ᠌ ᠰᠡᠳᠭᠢᠯ ᠬᠠᠮᠳᠤᠷᠠᠵᠦ᠍᠂ ᠦᠨᠳᠦᠰᠦᠲᠡᠨ᠎ᠨᠦᠭᠦᠳ᠎ᠤᠨ ᠤᠯᠠᠨ ᠲᠦᠮᠡᠨ ᠰᠠᠶᠢ ᠨᠡᠩ ᠰᠠᠢᠨ᠎ᠢᠶᠠᠷ ᠰᠣᠯᠢᠯᠴᠠᠨ ᠠᠭᠤᠰᠤᠯᠴᠠᠵᠤ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ᠂ ᠬᠠᠮᠲᠤ᠎ᠪᠠᠷ ᠬᠥᠭ᠌ᠵᠢᠨ ᠴᠡᠴᠡᠭ᠌ᠯᠡᠵᠦ᠍᠂ ᠬᠠᠮᠲᠤ᠎ᠪᠠᠷ ᠴᠢᠨᠡᠭᠡᠯᠢᠭ᠌ᠵᠢᠵᠦ᠍ ᠴᠢᠳᠠᠨ᠎ᠠ᠃

ᠥᠨᠳᠤᠰᠤ᠎ᠶ᠋ᠢ ᠬᠥᠨ ᠬᠠᠳᠭᠤᠵᠤ ᠰᠦᠨᠠᠰᠤ᠎ᠶ᠋ᠢ ᠱᠤᠭᠤᠵᠤ᠂ ᠣᠶᠤᠨ ᠤᠬᠠᠭᠠᠨ᠎ᠢ ᠬᠡᠬᠡᠷᠡᠭᠦᠯᠦᠨ ᠨᠡᠮᠡᠭ᠌ᠳᠡᠭᠦᠯᠤᠨ᠎ᠡ᠃ ᠠᠵᠤ ᠠᠬᠤᠢ ᠨᠡᠢᠭᠡᠮ᠎ᠢ ᠬᠥᠭ᠌ᠵᠢᠬᠦᠯᠬᠦ᠌᠎ᠳᠤ ᠴᠦ᠍ ᠲᠡᠷᠡ᠂ ᠰᠣᠶᠣᠯ᠎ᠤᠨ ᠬᠦᠴᠦᠷᠬᠡᠭ ᠤᠯᠤᠰ᠎ᠢ ᠪᠠᠢᠭᠤᠯᠬᠤ᠎ᠳᠤ ᠴᠤ᠌ ᠲᠡᠷᠡ᠂ ᠦᠨᠳᠦᠰᠦᠲᠡᠨ᠎ᠨᠦᠭᠦᠳ᠎ᠤᠨ ᠤᠯᠠᠨ ᠲᠦᠮᠡᠨ᠎ᠤ ᠰᠠᠢᠨ ᠰᠠᠢᠬᠠᠨ ᠠᠮᠢᠳᠤᠷᠠᠯ᠎ᠤᠨ ᠲᠤᠬᠠᠢ ᠬᠦᠰᠡᠯ ᠡᠷᠡᠮᠡᠯᠵᠡᠯ᠎ᠢ ᠬᠠᠩᠭᠠᠬᠤ᠎ᠳᠤ ᠴᠤ᠌ ᠲᠡᠷᠡ᠂ ᠬᠥᠭ᠌ᠵᠢᠯᠲᠡ ᠲᠡᠩᠴᠡᠭᠦᠷᠢ ᠦᠭᠡᠢ ᠭᠦᠢᠴᠡᠳ ᠦᠭᠡᠢ ᠠᠰᠠᠭᠤᠳᠠᠯ᠎ᠢ ᠱᠢᠢᠳᠪᠦᠷᠢᠯᠡᠬᠦ᠌᠎ᠳᠤ ᠴᠦ᠍ ᠲᠡᠷᠡ᠂ ᠴᠥᠮ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠬᠡᠷᠡᠭ᠌ᠰᠡᠨ᠎ᠡ᠃ ᠦᠨᠳᠦᠰᠦᠲᠡᠨ᠎ᠨᠦᠭᠦᠳ᠎ᠤᠨ ᠤᠯᠠᠨ ᠲᠦᠮᠡᠨ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠲᠤᠷ ᠰᠤᠷᠤᠯᠴᠠᠨ ᠬᠡᠷᠡᠭ᠌ᠯᠡᠪᠡᠯ ᠰᠠᠶᠢ ᠲᠠᠰᠤᠷᠠᠯᠳᠠ ᠦᠭᠡᠢ ᠬᠥᠭ᠌ᠵᠢᠨ ᠲᠠᠪᠱᠢᠵᠤ᠂ ᠴᠤᠴᠠᠯᠲᠠ ᠦᠭᠡᠢ ᠤᠷᠤᠭ᠍ᠰᠢᠯᠠᠬᠤ ᠬᠦᠴᠦᠨ ᠴᠢᠳᠠᠯ᠎ᠢ ᠨᠢᠭ᠍ᠲᠠᠷᠠᠭᠤᠯᠵᠤ᠂ ᠳᠤᠮᠳᠠᠳᠤ᠎ᠶ᠋ᠢᠨ ᠦᠨᠳᠦᠰᠦᠲᠡᠨ᠎ᠤ ᠠᠭᠤᠤ ᠶᠡᠭᠡ ᠰᠡᠷᠭᠦᠨ ᠮᠠᠨᠳᠤᠯᠲᠠ᠎ᠶ᠋ᠢᠨ ᠬᠥᠯᠭᠡ ᠣᠩᠭᠤᠴᠠᠨ᠎ᠤ ᠳᠠᠪᠠᠯᠭᠠᠨ᠎ᠢ ᠵᠦᠰᠦᠨ ᠳᠠᠷᠪᠠᠭᠤᠯ ᠬᠡᠢᠰᠭᠡᠨ ᠬᠤᠯᠠ ᠠᠶᠠᠯᠠᠬᠤ᠎ᠶ᠋ᠢ ᠠᠬᠢᠭᠤᠯᠵᠤ ᠴᠢᠳᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠢᠶ᠎ᠡ ᠪᠦᠬᠦᠢ ᠰᠣᠨᠢᠨ
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号