ᠬᠡᠪᠯᠡᠯ ᠡᠬᠢᠯᠡᠬᠦ᠌ ᠦᠭᠡ
ᠨᠠᠮ᠎ᠤᠨ ᠪᠠᠢᠭᠤᠯᠤᠯᠲᠠ ᠪᠣᠯ ᠨᠢᠭᠡᠨ ᠬᠤᠪᠢ ᠬᠠᠷᠢᠭᠤᠴᠠᠯᠭ᠎ᠠ᠂ ᠨᠢᠭᠡᠨ
ᠬᠤᠪᠢ ᠡᠭᠦᠷᠭᠡ᠂ ᠨᠢᠭᠡᠨ ᠬᠤᠪᠢ ᠬᠦᠨᠳᠦ ᠨᠠᠢᠳᠠᠯᠭ᠎ᠠ᠂ ᠨᠢᠭᠡᠨ ᠬᠤᠪᠢ ᠢᠷᠠᠭᠤ ᠠᠯᠳᠠᠷ ᠮᠥᠨ᠃
ᠨᠠᠮ᠎ᠤᠨ ᠪᠠᠢᠭᠤᠯᠤᠯᠲᠠ ᠴᠢᠬᠤᠯᠠ ᠶᠡᠬᠡ ᠪᠥᠭᠡᠳ ᠪᠦᠬᠦ᠌ ᠲᠠᠯ᠎ᠠ᠎ᠲᠠᠶ
ᠬᠣᠯᠪᠣᠭ᠍ᠳᠠᠵᠤ ᠪᠠᠢᠳᠠᠭ᠃ ᠨᠠᠮ ᠪᠠ ᠠᠷᠠᠳ ᠲᠦᠮᠡᠨ᠎ᠦ ᠦᠢᠯᠡᠰ ᠬᠥᠭ᠌ᠵᠢᠭᠡᠳ ᠶᠠᠮᠠᠷ ᠱᠠᠲᠤᠨ᠎ᠳᠤ ᠬᠦᠷᠪᠡᠯ᠂ ᠨᠠᠮ᠎ᠤᠨ
ᠪᠠᠢᠭᠤᠯᠤᠯᠲᠠ᠎ᠶ᠋ᠢ ᠲᠡᠷᠡ ᠱᠠᠲᠤᠨ᠎ᠳᠤ ᠬᠦᠷᠲᠡᠯ᠎ᠡ ᠠᠬᠢᠭᠤᠯᠬᠤ ᠬᠡᠷᠡᠭ᠌ᠲᠡᠢ᠃ ᠡᠨᠡ ᠪᠣᠯ ᠨᠠᠮ᠎ᠤᠨ ᠪᠠᠢᠭᠤᠯᠤᠯᠲᠠ᠎ᠶ᠋ᠢ
ᠴᠢᠩᠭᠠᠳᠭᠠᠬᠤ᠎ᠳᠤ ᠡᠷᠬᠡᠪᠰᠢ ᠡᠵᠡᠮᠱᠢᠬᠦ᠌ ᠬᠡᠷᠡᠭ᠌ᠲᠡᠢ ᠦᠨᠳᠦᠰᠦᠨ ᠵᠢᠮ᠎ᠡ ᠶᠣᠰᠣ ᠮᠥᠨ᠃
ᠶᠡᠷᠦᠩᠬᠡᠢ ᠱᠦᠵᠢ ᠰᠢ ᠵᠢᠨ ᠫᠢᠩ ᠳᠤᠮᠳᠠᠳᠤ ᠤᠯᠤᠰ᠎ᠤᠨ ᠡᠪ ᠬᠠᠮᠳᠤ
ᠨᠠᠮ ᠪᠠᠢᠭᠤᠯᠤᠭ᠍ᠳᠠᠭ᠍ᠰᠠᠨ 100 ᠵᠢᠯ᠎ᠦᠨ ᠤᠢ ᠵᠢ ᠪᠡᠯᠭᠡᠯᠡᠬᠦ ᠶᠡᠬᠡ ᠬᠤᠷᠠᠯ ᠲᠡᠭᠡᠷ᠎ᠡ 《ᠲᠡᠦᠬᠡ᠎ᠪᠡᠷ ᠲᠤᠯᠢ ᠪᠣᠯᠭᠠᠵᠤ᠂ ᠢᠷᠡᠭᠡᠳᠦᠢ᠎ᠪᠡᠨ ᠨᠡᠭᠡᠭᠡᠬᠦ᠌᠎ᠳᠦ ᠡᠷᠬᠡᠪᠰᠢ ᠨᠠᠮ᠎ᠤᠨ ᠪᠠᠢᠭᠤᠯᠤᠯᠲᠠ᠎ᠶ᠋ᠢᠨ
ᠱᠢᠨ᠎ᠡ ᠠᠭᠤᠤ ᠶᠡᠬᠡ ᠢᠨᠵᠧᠨᠧᠷᠢᠩ᠎ᠢ ᠲᠠᠰᠤᠷᠠᠯᠳᠠ ᠦᠭᠡᠢ ᠠᠬᠢᠭᠤᠯᠬᠤ ᠬᠡᠷᠡᠭ᠌ᠲᠡᠢ》 ᠭᠡᠵᠦ ᠶᠠᠷᠢᠬᠰᠠᠨ ᠪᠠᠢᠨ᠎ᠠ᠃ ᠨᠠᠮ ᠤ᠋ᠨ ᠵᠠᠭᠤᠨ ᠵᠢᠯ ᠤ᠋ᠨ ᠬᠡᠷᠡᠯ ᠰᠠᠴᠤᠷᠠᠩᠭᠤᠢ ᠲᠡᠦᠬᠡ ᠢ᠋ᠢᠨ
ᠰᠢᠨ᠎ᠡ ᠭᠠᠷᠤᠭ᠎ᠠ ᠳ᠋ᠤ ᠵᠤᠬᠰᠤᠵᠦ᠂ ᠨᠡᠢᠭᠡᠮ ᠵᠢᠷᠦᠮᠲᠦ ᠤᠳᠤᠬᠢᠴᠢᠯᠠᠬᠰᠠᠨ ᠤᠯᠤᠰ ᠢ᠋ ᠪᠦᠬᠦ ᠲᠠᠯ᠎ᠠ ᠪᠡᠷ ᠪᠦᠲᠦᠭᠡᠨ
ᠪᠠᠢᠭᠤᠯᠬᠤ ᠰᠢᠨ᠎ᠡ ᠠᠶᠠᠨ ᠳ᠋ᠤ ᠮᠤᠷᠲᠠᠬᠤ ᠳ᠋ᠠᠭᠠᠨ᠂ ᠶᠡᠷᠦᠩᠬᠡᠢ ᠱᠦᠵᠢ ᠢ᠋ᠢᠨ ᠵᠢᠭᠠᠪᠤᠷᠢ ᠪᠡᠷ ᠪᠢᠲᠡ ᠢᠲᠡᠭᠡᠯ ᠵᠤᠷᠢᠭ ᠲᠡᠭᠦᠯᠲᠡᠷ᠂ ᠡᠷᠴᠢ ᠵᠤᠷᠢᠭ ᠪᠠᠲᠠᠷᠠᠩᠭᠤᠢ
ᠤᠷᠤᠬᠰᠢᠯᠠᠨ᠎ᠠ᠃
ᠰᠢᠨ᠎ᠡ ᠤᠨ ᠳ᠋ᠠᠭᠠᠨ ᠰᠢᠨ᠎ᠡ ᠲᠦᠷᠢ ᠲᠦᠷᠬᠦ ᠪᠡᠷ ᠤᠩᠰᠢᠬᠴᠢᠳ ᠲᠠᠨ
ᠤ᠋ ᠠᠯᠠᠭᠠᠨ ᠳ᠋ᠤ ᠲᠡᠯᠭᠡᠭᠡᠲᠡᠵᠦ ᠪᠠᠢᠭ᠎ᠠ 《ᠨᠠᠮ ᠤ᠋ᠨ ᠪᠠᠢᠭᠤᠯᠤᠯᠲᠠ》 ᠲᠤᠰᠬᠠᠢ ᠬᠡᠪᠯᠡᠯ ᠮᠠᠨᠢ᠂ ᠬᠤᠰᠢᠭᠤᠴᠢ ᠵᠢᠱ᠌ᠢᠶᠡᠴᠢ᠂ ᠬᠤᠷᠴᠠ ᠦᠵᠦᠭ᠂ ᠨᠠᠮ ᠤ᠋ᠨ ᠲᠡᠦᠬᠡ᠂ ᠲᠠᠢᠴᠢᠨ
ᠪᠡᠬᠢᠯᠡᠯᠲᠡ᠂ ᠰᠤᠷᠤᠯᠴᠠᠯᠭ᠎ᠠ ᠬᠦᠮᠦᠵᠢᠯ᠂ ᠦᠢᠯᠡᠲᠦᠯᠭᠡ᠂ ᠠᠵᠢᠬᠯᠠᠯᠲᠠ ᠵᠡᠷᠭᠡ ᠪᠤᠯᠤᠩ ᠨᠤᠭᠤᠳ ᠢ᠋ ᠲᠤᠬᠢᠷᠠᠭᠤᠯᠤᠨ᠂
ᠨᠠᠮ ᠤ᠋ᠨ ᠬᠡᠰᠢᠭᠦᠨ ᠺᠠᠳ᠋ᠷᠴᠤᠳ ᠵᠢᠴᠢ ᠨᠠᠮ ᠤ᠋ᠨ ᠵᠤᠬᠢᠶᠠᠨ ᠪᠠᠢᠭᠤᠯᠤᠯᠲᠠ ᠢ᠋ᠢᠨ ᠬᠤᠰᠢᠭᠤᠴᠢ ᠵᠢᠱ᠌ᠢᠶᠡᠴᠢ
ᠦᠢᠯᠡ ᠠᠵᠢᠯᠯᠠᠭ᠎ᠠ ᠵᠢ ᠲᠠᠨᠢᠯᠴᠠᠭᠤᠯᠤᠨ᠂ ᠨᠠᠮ ᠤ᠋ᠨ ᠬᠡᠰᠢᠭᠦᠨ ᠤ᠋ ᠡᠭᠦᠷᠭᠡ ᠬᠠᠷᠢᠭᠤᠴᠠᠯᠭ᠎ᠠ ᠪᠠᠨ ᠬᠦᠢᠴᠡᠳᠭᠡᠭᠰᠡᠨ
ᠦᠯᠢᠭᠡᠷ᠂ ᠨᠠᠮ ᠤ᠋ᠨ ᠪᠠᠢᠭᠤᠯᠤᠯᠲᠠ ᠢ᠋ᠢᠨ ᠠᠵᠢᠯ ᠲᠤᠮᠲᠠᠬᠢ ᠰᠢᠨ᠎ᠡ ᠠᠷᠭ᠎ᠠ ᠠᠪᠴᠠᠯ᠂ ᠨᠠᠨᠳᠢᠨ ᠲᠤᠷᠰᠢᠯᠭ᠎ᠠ
ᠵᠢ ᠲᠠ ᠤᠯᠠᠨ ᠲᠠᠢ ᠪᠠᠨ ᠬᠤᠪᠢᠶᠠᠯᠴᠠᠬᠤ ᠪᠤᠯᠤᠨ᠎ᠠ᠃ ᠡᠭᠦᠨ ᠤ᠋ ᠬᠠᠮᠲᠦ᠂ ᠲᠠ ᠪᠢᠲᠠᠨ ᠤ᠋ ᠡᠵᠡᠮᠰᠢᠬᠦ ᠴᠢᠬᠤᠯᠠ
ᠲᠠᠢ ᠨᠠᠮ ᠤ᠋ᠨ ᠮᠡᠲᠡᠯᠭᠡ ᠨᠤᠬᠦᠳ ᠢ᠋ ᠵᠤᠷᠪᠤᠰᠯᠠᠨ ᠨᠡᠢᠲᠡᠯᠡᠵᠦ᠂ ᠰᠤᠷᠤᠯᠴᠠᠯᠭ᠎ᠠ ᠳ᠋ᠤ ᠲᠠᠨ᠎ᠢ ᠲᠤᠰᠠᠯᠠᠮᠵᠢ
ᠪᠤᠯᠭᠠᠬᠤ ᠵᠢ ᠵᠤᠷᠢᠯ᠎ᠠ᠃ ᠲᠠᠭᠠᠯᠠᠨ ᠤᠩᠰᠢᠮᠤ!
ᠬᠠᠢᠷ᠎ᠠ ᠪᠠ ᠬᠠᠷᠢᠭᠤᠴᠠᠯᠭ᠎ᠠ ᠪᠡᠷ ᠲᠦᠪ ᠭᠤᠤᠯᠴᠢ ᠰᠢᠲᠤᠷᠭᠤ ᠶᠤᠰᠤ ᠵᠢ ᠬᠠᠮᠠᠭᠠᠯᠠᠨ᠎ᠠ
— 《ᠤᠮᠠᠷᠠᠲᠦ ᠬᠢᠯᠢ ᠢ᠋ᠢᠨ ᠵᠢᠱ᠌ᠢᠶᠡᠴᠢ》 ᠸᠠᠩ ᠠᠢ ᠯᠢᠨ
ᠤ᠋ ᠦᠢᠯᠡ ᠠᠵᠢᠯᠯᠠᠭ᠎ᠠ ᠵᠢ ᠲᠡᠮᠲᠡᠭᠯᠡᠪᠡ
《ᠲᠠ ᠨᠤᠭᠤᠷᠠᠯ ᠪᠦᠲᠦᠷᠢᠯ ᠳ᠋ᠤ ᠤᠴᠠᠷᠠᠬᠰᠠᠨ ᠪᠠᠭᠠᠴᠤᠳ᠎ᠢ ᠲᠦᠰᠢᠨ ᠪᠤᠰᠬᠠᠵᠦ᠂ ᠲᠠ ᠦᠷᠦᠪᠴᠢᠨ
ᠬᠠᠢᠷ᠎ᠠ ᠪᠡᠷ ᠵᠢᠡᠨ ᠲᠡᠲᠡᠭᠡᠷ ᠬᠡᠦᠬᠡᠳ ᠤ᠋ᠨ ᠰᠡᠳᠭᠢᠯ ᠰᠠᠨᠠᠭᠠᠨ ᠤ᠋ ᠲᠦᠭᠡᠷᠢᠭᠲᠡᠯ ᠢ᠋ ᠨᠢ ᠠᠷᠢᠯᠭᠠᠨ᠎ᠠ
᠁ ᠲᠠ ᠠᠷᠠᠳ᠎ᠤᠨ ᠲᠥᠯᠥᠭᠡ ᠬᠠᠤᠯᠢ ᠪᠠᠷᠢᠬᠤ ᠵᠢ ᠢᠮᠠᠬᠲᠠ ᠰᠡᠳᠬᠢᠯ ᠵᠢᠷᠦᠭᠡᠨ ᠳ᠋ᠡᠭᠡᠨ ᠬᠠᠲᠠᠩᠰᠢᠭᠤᠯᠵᠦ᠂ ᠪᠦᠬᠦ
ᠰᠡᠳᠬᠢᠯ ᠪᠦᠬᠦ ᠵᠤᠷᠢᠭ ᠢ᠋ᠢᠡᠷ ᠢ᠋ᠢᠡᠨ ᠠᠵᠢᠯ ᠦᠢᠯᠡᠰ ᠳᠡᠭᠡᠨ ᠲᠡᠮᠡᠦᠯᠠᠵᠦ᠂ ᠲᠠᠨ ᠤ᠋ ᠠᠵᠢᠯ ᠠᠮᠢᠳᠤᠷᠠᠯ ᠤ᠋ᠨ
ᠲᠡᠩᠨᠡᠭᠦᠷ ᠲᠡᠭᠡᠷ᠎ᠡ ᠵᠦᠪᠬᠡᠨ ᠭᠣᠶᠠᠴᠢ ᠦᠭᠡᠢ ᠢ᠋ᠢᠨ ᠲᠤᠤᠬᠠᠢ ᠪᠠᠢᠳᠠᠭ》ᠭᠡᠵᠦ ᠲᠦᠷᠦᠭᠦᠭᠡᠨ ᠶᠠᠪᠤᠬᠲᠠᠬᠰᠠᠨ《ᠤᠮᠠᠷᠠᠲᠦ ᠬᠢᠯᠢ
ᠢ᠋ᠢᠨ ᠵᠢᠱ᠌ᠢᠶᠡᠴᠢ》 ᠢ᠋ᠢᠨ ᠦᠢᠯᠡ
ᠠᠵᠢᠯᠯᠠᠭ᠎ᠠ ᠵᠢ ᠨᠡᠢᠲᠡᠯᠡᠬᠦ ᠬᠤᠷᠠᠯ ᠲᠡᠭᠡᠷ᠎ᠡ᠂ ᠲᠦᠩᠯᠢᠶᠣᠤ ᠬᠣᠲᠠ᠎ᠶ᠋ᠢᠨ ᠬᠣᠷᠴᠢᠨ ᠲᠣᠭᠣᠷᠢᠭ᠎ᠤᠨ ᠠᠷᠠᠳ᠎ᠤᠨ
ᠱᠢᠭᠦᠬᠦ᠌ ᠬᠣᠷᠢᠶᠠᠨ᠎ᠤ ᠳᠡᠳ᠋ ᠳᠠᠷᠤᠭ᠎ᠠ ᠸᠠᠩ ᠠᠢ ᠯᠢᠨ ᠤ᠋ ᠲᠤᠬᠠᠢ ᠬᠦᠨᠳᠦᠳᠬᠡᠯ ᠲᠡᠪᠰᠢᠭᠦᠯᠬᠦ ᠦᠭᠡ ᠳ᠋ᠤ
ᠢᠩᠬᠢᠵᠦ ᠶᠠᠷᠢᠬᠰᠠᠨ ᠪᠠᠢᠯ᠎ᠠ᠃
ᠠᠵᠢᠯ ᠳ᠋ᠤ ᠭᠠᠷᠤᠬᠰᠠᠨ 17 ᠵᠢᠯ ᠤ᠋ᠨ ᠲᠤᠷᠰᠢ᠂ ᠸᠠᠩ ᠠᠢ ᠯᠢᠨ ᠠᠵᠢᠯ᠎ᠤᠨ
ᠪᠠᠢᠷᠢ᠎ᠪᠠᠨ ᠬᠠᠢᠷᠠᠯᠠᠨ ᠠᠵᠢᠯ ᠦᠢᠯᠡᠰ᠎ᠢᠶᠡᠨ ᠳᠡᠭᠡᠳᠦᠯᠡᠵᠦ᠍᠂ ᠨᠢᠭᠡᠨ ᠡᠪ ᠬᠠᠮᠲᠦ ᠨᠠᠮ ᠤ᠋ᠨ ᠬᠡᠰᠢᠭᠦᠨ ᠤ᠋
ᠤᠬ ᠰᠠᠨᠠᠭ᠎ᠠ ᠡᠭᠦᠷᠭᠡ ᠬᠠᠷᠢᠭᠤᠴᠠᠯᠭ᠎ᠠ ᠪᠠᠨ ᠬᠦᠢᠴᠡᠳᠬᠡᠵᠦ᠂ ᠡᠪ ᠬᠠᠮᠲᠤ ᠨᠠᠮ᠎ᠤᠨ ᠭᠡᠱᠢᠭᠦᠨ᠎ᠦ ᠰᠠᠢᠨ ᠰᠠᠢᠬᠠᠨ
ᠳᠦᠷᠢ ᠲᠥᠷᠬᠦ᠌ ᠪᠠ ᠡᠷᠬᠢᠮ ᠳᠡᠭᠡᠳᠦ ᠵᠣᠷᠢᠭ ᠰᠠᠨᠠᠭ᠎ᠠ᠎ᠶ᠋ᠢ ᠢᠯᠡᠷᠡᠭᠦᠯᠤᠨ᠂ ᠲᠥᠪ ᠭᠣᠣᠯᠴᠢ᠎ᠪᠠᠷ ᠬᠠᠤᠯᠢ ᠪᠠᠷᠢᠬᠤ
ᠶᠠᠪᠤᠴᠠ ᠳ᠋ᠠᠭᠠᠨ ᠠᠷᠠᠳ᠎ᠤᠨ ᠲᠥᠯᠥᠭᠡ ᠬᠠᠤᠯᠢ ᠪᠠᠷᠢᠬᠤ ᠵᠣᠷᠢᠯᠲᠠ᠎ᠶ᠋ᠢ ᠦᠢᠯᠡᠳᠦᠯᠭᠡᠵᠢᠭᠦᠯᠵᠦ᠍ ᠢᠷᠡᠭᠰᠡᠨ
ᠶᠤᠮ᠃
2004 ᠤᠨ ᠳ᠋ᠤ᠂ ᠸᠠᠩ ᠠᠢ ᠯᠢᠨ ᠨᠢᠭᠡᠲᠦᠭᠡᠷ ᠨᠡᠷᠡᠰ ᠤ᠋ᠨ ᠬᠢᠷᠢ ᠪᠦᠲᠦᠮᠵᠢ᠎ᠪᠠᠷ
ᠲᠦᠩᠯᠢᠶᠣᠤ ᠬᠣᠲᠠ᠎ᠶ᠋ᠢᠨ ᠬᠣᠷᠴᠢᠨ ᠲᠣᠭᠣᠷᠢᠭ᠎ᠤᠨ ᠠᠷᠠᠳ᠎ᠤᠨ ᠱᠢᠭᠦᠬᠦ᠌ ᠬᠣᠷᠢᠶᠠᠨ᠎ᠳᠤ ᠱᠢᠯᠭᠠᠨ ᠣᠷᠣᠵᠤ᠂ ᠵᠠᠬᠢᠲᠠᠯ
ᠰᠤᠷᠪᠤᠯᠵᠢᠯᠠᠯ ᠤ᠋ᠨ ᠠᠯᠪᠠᠨ ᠬᠡᠷ ᠲᠸ᠋ ᠠᠵᠢᠯᠯᠠᠪᠠ᠃ ᠲᠡᠷᠡ 《ᠹᠸᠩ ᠴᠢᠶᠤᠤ
ᠢ᠋ᠢᠨ ᠲᠤᠷᠰᠢᠯᠭ᠎ᠠ》 ᠪᠡᠷ ᠵᠠᠬᠢᠲᠠᠯ
ᠰᠤᠷᠪᠤᠯᠵᠢᠯᠠᠯ ᠲᠤᠬᠲᠠᠭᠤᠨ ᠢ᠋ ᠪᠠᠲᠤᠯᠠᠬᠤ ᠠᠵᠢᠯ ᠢ᠋ ᠪᠦᠬᠦ ᠰᠡᠳᠬᠢᠯ ᠢ᠋ᠢᠡᠷ ᠢ᠋ᠢᠡᠨ ᠰᠠᠢᠲᠦᠷ ᠬᠢᠵᠦ᠂ ᠵᠤᠬᠢᠶᠠᠨ
ᠪᠠᠢᠭᠤᠯᠤᠯᠲᠠ ᠢ᠋ᠢᠨ ᠢᠲᠡᠭᠡᠯ ᠪᠤᠯᠤᠨ ᠤᠯᠠᠨ ᠲᠦᠮᠡᠨ ᠤ᠋ ᠰᠠᠢᠰᠢᠶᠠᠯ᠎ᠢ ᠤᠯᠵᠦ᠂ ᠲᠤᠬᠠᠢ ᠢ᠋ᠢᠨ ᠵᠢᠯ ᠳᠡᠭᠡᠨ
ᠲᠤᠮᠲᠠᠲᠤ ᠤᠯᠤᠰ ᠤ᠋ᠨ ᠡᠪ ᠬᠠᠮᠲᠦ ᠨᠠᠮ ᠳ᠋ᠤ ᠡᠯᠰᠡᠭᠲᠡᠭᠰᠡᠨ ᠪᠠᠢᠨ᠎ᠠ᠃
ᠨᠠᠮ ᠤ᠋ᠨ ᠬᠡᠰᠢᠭᠦᠨ ᠪᠤᠯᠤᠬᠰᠠᠨ ᠸᠠᠩ ᠠᠢ ᠯᠢᠨ ᠦᠪᠡᠷ ᠤ᠋ᠨ ᠤᠬ ᠰᠠᠨᠠᠭ᠎ᠠ
ᠪᠤᠯᠤᠨ ᠡᠭᠦᠷᠭᠡ ᠬᠠᠷᠢᠭᠤᠴᠠᠯᠭ᠎ᠠ ᠪᠠᠨ ᠪᠠᠲᠦ ᠴᠡᠭᠡᠵᠢᠯᠡᠵᠦ᠂ ᠬᠤᠢᠰᠢᠲᠠ ᠢ᠋ᠢᠨ ᠰᠢᠭᠦᠨ ᠲᠠᠰᠤᠯᠬᠤ ᠠᠵᠢᠯ ᠳᠠᠭᠠᠨ᠂
ᠨᠡᠩ ᠢᠯᠡᠭᠦᠦ ᠨᠢᠬᠲᠠ ᠡᠴᠡ ᠨᠢᠬᠲᠠ ᠤᠪᠤᠷ ᠢ᠋ᠢᠡᠷ ᠦᠪᠡᠷ᠎ᠢ ᠪᠠᠨ ᠴᠢᠩᠭ᠎ᠠ ᠱᠠᠭᠠᠷᠲᠠᠵᠦ᠂ ᠡᠭᠦᠷᠭᠡ ᠲᠤᠰᠢᠶᠠᠯᠢ᠋ᠢᠡᠨ
ᠬᠢᠴᠢᠶᠡᠩᠬᠦᠢᠯᠡᠨ ᠬᠦᠢᠴᠡᠳᠬᠡᠪᠡ᠃
2014 ᠣᠨ᠎ᠳᠤ ᠸᠠᠩ ᠠᠶ ᠯᠢᠨ ᠰᠢᠭᠦᠨ ᠲᠠᠰᠤᠯᠤᠯᠲᠠ ᠳ᠋ᠤ ᠬᠢᠨᠠᠯᠲᠠ
ᠲᠠᠯᠪᠢᠬᠤ ᠲᠢᠩᠬᠢᠮ ᠡᠴᠡ ᠪᠠᠭᠠᠴᠤᠳ᠎ᠤᠨ ᠱᠢᠭᠦᠨ ᠲᠠᠰᠤᠯᠬᠤ ᠲᠢᠩᠬᠢᠮ᠎ᠳᠦ ᠠᠵᠢᠯ ᠤ᠋ᠨ ᠪᠠᠢᠷᠢ ᠱᠢᠯᠵᠢᠪᠡ᠃ ᠨᠠᠰᠤᠨ᠎ᠳᠤ
ᠥᠯᠥ᠍ ᠬᠦᠷᠦᠭ᠌ᠰᠡᠳ᠎ᠦᠨ ᠱᠢᠭᠦᠨ ᠲᠠᠰᠤᠯᠤᠯᠲᠠ᠎ᠶ᠋ᠢᠨ ᠠᠵᠢᠯ ᠨᠢ ᠲᠡᠭᠦᠨ ᠳ᠋ᠤ ᠪᠦᠷ ᠰᠢᠨ᠎ᠡ ᠰᠡᠪᠡᠭᠦᠭᠡᠨ ᠰᠠᠨᠠᠬᠲᠠᠨᠡ᠂
ᠬᠡᠲᠡᠯ᠎ᠡ ᠤᠳᠠᠯ ᠦᠭᠡᠢ ᠲᠡᠭᠦᠨ᠎ᠦ ᠰᠡᠳᠭᠢᠯ ᠤᠷᠢᠳ ᠭᠠᠷᠤᠭ᠎ᠠ ᠦᠭᠡᠶ ᠳᠠᠭᠠᠷᠢᠯᠲᠠ᠎ᠳᠤ ᠤᠴᠠᠷᠠᠬᠰᠠᠨ ᠪᠠᠢᠨ᠎ᠠ᠃
ᠱᠢᠭᠦᠨ ᠲᠠᠰᠤᠯᠬᠤ ᠲᠠᠢᠰᠠᠨ ᠳᠡᠬᠢ ᠲᠡᠳᠡᠭᠡᠷ ᠡᠴᠡᠩᠬᠡᠶ᠂ ᠴᠢᠷᠠᠶ
ᠨᠢ ᠬᠤᠵᠢ᠌ᠭ᠍ᠰᠠᠨ ᠬᠥᠯ ᠠᠯᠳᠠᠭ᠍ᠰᠠᠨ ᠪᠠᠭᠠᠴᠤᠳ; ᠱᠢᠭᠦᠬᠦ᠌ ᠬᠣᠷᠢᠶᠠᠨ᠎ᠤ
ᠡᠭᠦᠳᠡᠨ ᠳ᠋ᠤ ᠬᠡᠦᠬᠡᠳ ᠢ᠋ᠢᠡᠨ ᠬᠦᠯᠢᠶᠡᠨ᠂ ᠬᠣᠯᠠ ᠶᠠᠪᠤᠭ᠍ᠰᠠᠨ ᠶᠠᠯᠠᠲᠠᠨ᠎ᠤ ᠲᠡᠷᠭᠡ᠎ᠶ᠋ᠢ ᠳᠠᠭᠠᠵᠤ ᠤᠬᠢᠯᠠᠵᠤ
ᠪᠠᠴᠢᠮᠲᠠᠨ ᠰᠠᠨᠲᠤᠷᠴᠤ ᠪᠠᠢᠭ᠎ᠠ ᠡᠴᠢᠭᠡ ᠡᠬᠡ; ᠬᠦᠯ ᠠᠯᠲᠠᠬᠰᠠᠨ
ᠪᠠᠭᠠᠴᠤᠳ ᠤ᠋ᠨ ᠶᠠᠷᠢᠬᠰᠠᠨ《ᠱᠢᠭᠦᠭ᠌ᠴᠢ ᠠᠨᠢᠶ᠎ᠠ᠂
ᠪᠢ ᠡᠵᠢ᠎ᠪᠡᠨ ᠰᠠᠨᠠᠵᠤ ᠪᠠᠢᠨ᠎ᠠ᠂ ᠱᠢᠭᠦᠯᠲᠡ ᠳᠠᠭᠤᠰᠤᠭ᠍ᠰᠠᠨ᠎ᠤ ᠳᠠᠷᠠᠭ᠎ᠠ ᠪᠢ ᠬᠡᠷ ᠲᠡᠭᠡᠨ ᠬᠠᠷᠢᠵᠦ ᠪᠣᠯᠤᠨ᠎ᠠ
ᠦᠦ?》ᠬᠡᠰᠡᠨ ᠠᠰᠠᠭᠤᠯᠲᠠ ᠁ ᠵᠢᠷᠦᠬᠡ ᠱᠢᠮᠱᠢᠷᠡᠭᠦᠯᠦᠮᠡ ᠦᠵᠡᠭ᠌ᠳᠡᠯᠦᠳ ᠨᠢ ᠠᠳᠠᠯᠢᠬᠠᠨ ᠡᠵᠢ ᠪᠣᠯᠤᠭ᠍ᠰᠠᠨ
ᠸᠠᠩ ᠠᠢ ᠯᠢᠨ᠎ᠤ ᠰᠡᠳᠭᠢᠯ ᠢ᠋ ᠰᠢᠨᠠᠯᠭᠠᠵᠦ ᠪᠠᠢᠬᠰᠠᠨ ᠪᠢᠯᠡ᠃
ᠡᠷᠬᠡ ᠲᠡᠭᠰᠢ ᠲᠦᠪ ᠭᠤᠤᠯᠴᠢ ᠪᠡᠷ ᠬᠠᠤᠯᠢ ᠪᠠᠷᠢᠬᠤ ᠡᠴᠡ ᠭᠠᠲᠠᠨ᠎ᠠ᠂
ᠦᠭᠡᠷ᠎ᠡ ᠶᠠᠭᠤ ᠬᠢᠵᠦ ᠲᠡᠢᠯᠲᠡᠭ ᠪᠢᠯᠡ? ᠸᠠᠩ ᠠᠢ ᠯᠢᠨ
ᠭᠦᠨ ᠪᠣᠳᠣᠯᠭᠠᠰᠢᠷᠠᠯ ᠳ᠋ᠤ ᠤᠨᠠᠵᠠᠢ᠃ ᠲᠡᠭᠦᠨ ᠡᠴᠡ ᠡᠬᠢᠯᠡᠨ᠂ ᠸᠠᠩ ᠠᠢ ᠯᠢᠨ ᠲᠡᠲᠡᠭᠡᠷ ᠬᠥᠯ ᠠᠯᠳᠠᠭ᠍ᠰᠠᠨ
ᠪᠠᠭᠠᠴᠤᠳ ᠵᠢᠴᠢ ᠲᠡᠳᠡᠨ᠎ᠦ ᠬᠡᠷ ᠪᠦᠯᠢ ᠢ᠋ᠢᠨ ᠬᠢᠨ ᠢ᠋ ᠬᠠᠪᠰᠤᠷᠴᠤ᠌᠂ ᠲᠡᠲᠡᠭᠡᠷ ᠬᠡᠦᠬᠡᠳ᠎ᠢ ᠬᠥᠲᠥᠯᠥᠨ ᠵᠢᠯᠣᠭᠣᠳᠴᠤ᠌
ᠦᠨᠡᠨ ᠰᠡᠳᠭᠢᠯ ᠡᠴᠡ ᠨᠢ ᠭᠡᠮᠱᠢᠨ ᠤᠬᠠᠭᠠᠷᠠᠭᠤᠯᠵᠤ᠂ ᠱᠢᠨ᠎ᠡ ᠠᠮᠢᠳᠤᠷᠠᠯ᠎ᠢ ᠨᠢ ᠡᠬᠢᠯᠡᠭᠦᠯᠬᠦ᠌᠎ᠪᠡᠷ ᠵᠣᠷᠢᠭ
ᠱᠢᠭᠤᠳᠴᠠᠶ᠃
2015 ᠣᠨ᠎ᠤ ᠡᠪᠦᠯ᠂ ᠵᠣᠷᠢᠭᠤᠳᠠ ᠬᠡᠷᠡᠭ ᠡᠳᠦᠭ᠌ᠰᠡᠨ ᠨᠢᠭᠡᠨ ᠬᠡᠷᠡᠭ᠎ᠦᠨ
ᠡᠪᠬᠡᠮᠡᠯ ᠨᠢ ᠸᠠᠩ ᠠᠶ ᠯᠢᠨᠦ ᠠᠩᠬᠠᠷᠤᠯ᠎ᠢ ᠲᠠᠲᠠᠪᠠ᠃ ᠲᠤᠰ ᠬᠡᠷᠡᠭ᠎ᠦᠨ ᠪᠠᠢᠳᠠᠯ ᠨᠢᠭᠡᠨᠲᠡ ᠲᠣᠳᠣᠷᠬᠠᠶ ᠪᠣᠯᠤᠬᠰᠠᠨ
ᠪᠠᠢᠨ᠎ᠠ᠂ ᠬᠡᠪᠡᠴᠦ ᠬᠡᠷᠡᠭ ᠲᠡᠬᠢ ᠵᠠᠭᠠᠯᠳᠤᠬᠳᠠᠬᠴᠢ ᠯᠢ ᠴᠢᠶᠠᠩ(ᠪᠤᠷᠤᠭᠤᠯᠠᠬᠰᠠᠨ
ᠨᠡᠷ᠎ᠡ)ᠨᠠᠰᠤᠨ᠎ᠳᠤ ᠦᠯᠦ ᠬᠦᠷᠦᠭᠰᠡᠨ ᠥᠨᠳᠥᠷ ᠵᠡᠷᠭᠡ᠎ᠶ᠋ᠢᠨ ᠳᠤᠮᠳᠠᠳᠤ ᠰᠤᠷᠭᠠᠭᠤᠯᠢ᠎ᠶ᠋ᠢᠨ ᠭᠤᠷᠪᠠᠳᠤᠭᠠᠷ
ᠣᠨ᠎ᠤ ᠰᠤᠷᠤᠭ᠍ᠴᠢ ᠪᠠᠢᠵᠦ᠂ ᠲᠡᠷᠡ ᠦᠶ᠎ᠡ ᠳ᠋ᠤ ᠶᠠᠭ ᠤᠯᠤᠰ ᠤ᠋ᠨ ᠨᠢᠭᠡᠳᠦᠯᠲᠡᠶ ᠱᠢᠯᠭᠠᠯᠲᠠ᠎ᠳᠤ ᠨᠡᠷ᠎ᠡ ᠮᠡᠳᠡᠭᠦᠯᠬᠦ᠌
ᠡᠴᠦᠰ᠎ᠦᠨ ᠬᠤᠭᠤᠴᠠᠭ᠎ᠠ ᠪᠠᠢᠵᠠᠢ᠃ ᠬᠡᠷᠪᠡ ᠯᠢ ᠴᠢᠶᠠᠩ ᠲᠣᠭ᠍ᠲᠠᠭ᠍ᠰᠠᠨ ᠴᠠᠭ᠎ᠲᠠᠭᠠᠨ ᠰᠦᠯᠵᠢᠶᠡᠨ ᠳᠡᠭᠡᠷ᠎ᠡ
ᠨᠡᠷ᠎ᠡ ᠮᠡᠳᠡᠭᠦᠯᠵᠦ᠍ ᠳᠡᠢᠯᠬᠦ᠌ ᠥᠬᠡᠶ ᠪᠣᠯ ᠢᠷᠡᠬᠦ᠌ ᠵᠢᠯ᠎ᠤᠨ ᠤᠯᠤᠰ ᠤ᠋ᠨ ᠨᠢᠭᠡᠲᠦᠯᠲᠡᠢ ᠱᠢᠯᠭᠠᠯᠲᠠ᠎ᠳᠤ
ᠣᠷᠣᠯᠴᠠᠵᠤ ᠳᠡᠢᠯᠬᠦ᠌ ᠥᠬᠡᠶ ᠪᠤᠯᠵᠦ᠂ ᠡᠨᠡ ᠨᠢ ᠬᠡᠦᠬᠡᠳ᠎ᠦᠨ ᠨᠢᠭᠡ ᠨᠠᠰᠤ᠎ᠶ᠋ᠢ ᠨᠥᠯᠥᠭᠡᠯᠡᠵᠦ ᠮᠡᠲᠡᠨ᠎ᠡ ᠬᠡᠲᠡᠭ
ᠢ᠋ ᠸᠠᠩ ᠠᠢ ᠯᠢᠨ ᠠᠩᠬᠠᠷᠤᠨ ᠤᠯᠪᠡ᠃ ᠲᠤᠬᠠᠢ ᠢ᠋ᠢᠨ ᠦᠶ᠎ᠡ ᠳ᠋ᠤ᠂ ᠬᠡᠷᠡᠭ ᠲᠡᠬᠢ ᠬᠣᠣᠷᠯᠠᠭ᠍ᠳᠠᠭ᠍ᠴᠢᠶ᠋ᠢᠨ
ᠨᠢᠭᠡ ᠲᠠᠯ᠎ᠠ ᠨᠢ ᠪᠠᠰᠠ ᠲᠥᠯᠥᠪᠦᠷᠢ ᠪᠠᠨ ᠣᠯᠤᠭ᠎ᠠ ᠦᠭᠡᠶ᠂ ᠵᠥᠷᠢᠴᠡᠯ ᠬᠠᠷᠠᠬᠠᠨ ᠠᠷᠢᠯᠤᠭ᠎ᠠ ᠦᠭᠡᠢ ᠪᠣᠯᠬᠣᠷ
ᠯᠢ ᠴᠢᠶᠠᠩ ᠪᠠᠰᠠ ᠬᠣᠷᠢᠭ᠍ᠳᠠᠵᠤ ᠪᠠᠢᠬᠤ ᠱᠠᠲᠤᠨ ᠳ᠋ᠠᠭᠠᠨ ᠪᠠᠢᠪᠡ᠃ ᠡᠢᠮᠦᠷᠬᠦᠦ ᠪᠠᠢᠲᠠᠯ ᠲᠤᠤᠷ᠎ᠠ᠂ ᠸᠠᠩ
ᠠᠶ ᠯᠢᠨ ᠴᠠᠭ ᠮᠥᠴᠡ᠎ᠲᠡᠶ ᠤᠷᠤᠯᠳᠤᠨ᠂ ᠳᠠᠷᠤᠶ ᠲᠦᠷᠭᠡᠨ ᠪᠠᠢᠭᠤᠯᠭ᠎ᠠ᠎ᠳᠠᠭᠠᠨ ᠬᠠᠷᠢᠭᠤ ᠮᠡᠳᠡᠭᠦᠯᠵᠦ᠍᠂ ᠤᠯᠠᠨᠲᠠ
ᠵᠣᠬᠢᠴᠠᠭᠤᠯᠤᠭ᠍ᠰᠠᠨ᠎ᠢᠶᠠᠷ ᠯᠢ ᠴᠢᠶᠠᠩ ᠤᠷᠤᠭ᠍ᠰᠢᠲᠠᠶ ᠪᠡᠷ ᠨᠡᠷ᠎ᠡ ᠮᠡᠳᠡᠭᠦᠯᠵᠦ ᠲᠡᠢᠯᠦᠭᠰᠡᠨ ᠮᠦᠷᠲᠡᠭᠡᠨ
ᠰᠡᠭᠦᠯ ᠳ᠋ᠤ ᠯᠢ ᠴᠢᠶᠠᠩ ᠡᠷᠡᠭᠦᠦ ᠱᠢᠢᠳᠭᠡᠯ᠎ᠢ ᠨᠢ ᠬᠣᠢᠱᠢᠯᠠᠭᠤᠯᠬᠤ᠎ᠪᠠᠷ ᠱᠢᠢᠳᠭᠡᠭ᠌ᠳᠡᠵᠦ᠍᠂ ᠤᠯᠤᠰ᠎ᠤᠨ ᠨᠢᠭᠡᠳᠦᠯᠲᠡᠢ
ᠱᠢᠯᠭᠠᠯᠲᠠ᠎ᠳᠤ ᠣᠷᠣᠯᠴᠠᠵᠦ ᠤᠳᠤ ᠨᠢᠭᠡᠨ ᠲᠡᠮᠦᠷ ᠵᠠᠮ ᠤ᠋ᠨ ᠲᠤᠪᠴᠢᠶᠠᠨ ᠤ᠋ ᠵᠢᠯᠤᠭᠤᠴᠢ ᠪᠣᠯᠪᠠ᠃
《 ᠸᠠᠩ ᠠᠨᠢᠶ᠎ᠠ᠂
ᠪᠢ ᠤᠳᠤ ᠰᠠᠢ᠌ᠨ ᠠᠵᠢᠯ᠎ᠲᠠᠶ ᠪᠣᠯᠤᠭ᠍ᠰᠠᠨ᠎ᠢᠶᠠᠷ ᠪᠠᠷᠠᠬᠤ ᠦᠬᠡᠢ᠂ ᠭᠡᠷ᠎ᠦᠨ ᠬᠥᠮᠦᠰ᠎ᠢᠶᠡᠨ ᠴᠦ᠍ ᠬᠠᠷᠠᠭᠠᠯᠵᠠᠵᠤ
ᠪᠠᠢᠨ᠎ᠠ᠂ ᠲᠠᠨ᠎ᠤ ᠲᠤᠬᠠᠢ᠎ᠶ᠋ᠢᠨ ᠵᠢᠯ ᠨᠠᠮᠠᠶ᠋ᠢ ᠠᠪᠤᠷᠠᠵᠤ ᠬᠠᠪᠰᠤᠷᠤᠭ᠍ᠰᠠᠨᠳᠤ ᠴᠢᠩ ᠰᠡᠳᠭᠢᠯ᠎ᠡᠴᠡ᠎ᠪᠡᠨ
ᠲᠠᠯᠠᠷᠬᠠᠵᠤ ᠪᠠᠢᠨ᠎ᠠ 》 ᠭᠡᠵᠦ ᠤᠯᠠᠨ
ᠵᠢᠯ᠎ᠦᠨ ᠳᠠᠷᠠᠭ᠎ᠠ ᠯᠢ ᠴᠢᠶᠠᠩ᠎ᠤᠨ ᠢᠷᠡᠭᠦᠯᠦᠭ᠌ᠰᠡᠨ ᠵᠠᠬᠢᠳᠠᠯ᠎ᠢ
ᠤᠩᠱᠢᠬᠤ ᠳ᠋ᠠᠭᠠᠨ᠂ ᠸᠠᠩ ᠠᠢ ᠯᠢᠨ ᠪᠠᠶᠠᠷ᠎ᠤᠨ ᠨᠢᠯᠪᠤᠰᠤ ᠤᠨᠠᠭᠠᠬᠰᠠᠨ ᠪᠠᠢᠵᠠᠢ᠃
《ᠮᠠᠰᠢ ᠣᠯᠠᠨ ᠬᠥᠯ ᠠᠯᠳᠠᠭ᠍ᠰᠠᠨ ᠪᠠᠭᠠᠴᠤᠳ ᠤ᠋ᠨ ᠮᠦᠨ ᠴᠢᠨᠠᠷ᠎ᠨᠢ ᠮᠠᠭᠤ ᠪᠢᠰᠢ᠂ ᠵᠥᠪᠬᠡᠨ ᠨᠢᠭᠡ
ᠠᠯᠬᠤᠮ ᠪᠤᠷᠤᠭᠤ ᠠᠯᠬᠤᠬᠰᠠᠨ ᠶᠤᠮ᠃》 ᠡᠨᠡ ᠶᠠᠪᠤᠳᠠᠯ
ᠡᠴᠡ ᠸᠠᠩ ᠠᠶ ᠯᠢᠨ᠂ ᠨᠠᠰᠤᠨ᠎ᠳᠤ ᠥᠯᠥ᠍ ᠬᠦᠷᠦᠭ᠌ᠰᠡᠳ᠎ᠢ ᠱᠢᠭᠦᠨ ᠲᠠᠰᠤᠯᠬᠤ᠎ᠳᠤ ᠨᠡᠩ ᠣᠯᠠᠨ ᠪᠤᠲᠠᠲᠤ ᠶᠠᠪᠤᠲᠠᠯ
ᠬᠢᠬᠦ᠌ ᠬᠡᠷᠡᠭ᠌ᠲᠡᠶ ᠭᠡᠳᠡᠭ᠎ᠢ ᠮᠡᠳᠡᠵᠡᠶ᠃ ᠢᠩᠭᠢᠭᠡᠳ 2018 ᠣᠨ᠎ᠳᠤ ᠨᠡᠷ᠎ᠡ᠎ᠪᠡᠷ᠎ᠢᠶᠡᠨ ᠨᠡᠷᠡᠢᠳᠦᠭ᠌ᠰᠡᠨ《ᠠᠢ ᠯᠢᠨ ᠠᠵᠢᠯᠯᠠᠬᠤ ᠦᠷᠦᠭᠡ》 ᠵᠢ ᠬᠣᠷᠴᠢᠨ
ᠲᠣᠭᠣᠷᠢᠭ᠎ᠤᠨ ᠠᠷᠠᠳ᠎ᠤᠨ ᠱᠢᠭᠦᠬᠦ᠌ ᠬᠣᠷᠢᠶᠠᠨ᠎ᠳᠤ ᠪᠠᠢᠭᠤᠯᠪᠠ᠃
ᠤᠳᠤ ᠪᠤᠯᠲᠠᠯ᠎ᠠ᠂ 《ᠠᠢ ᠯᠢᠨ ᠠᠵᠢᠯᠯᠠᠬᠤ
ᠦᠷᠦᠭᠡ》᠎ᠨᠢ ᠰᠤᠷᠤᠯᠭ᠎ᠠ᠎ᠶ᠋ᠢᠨ
ᠲᠡᠳᠬᠦᠮᠵᠢ᠎ᠶ᠋ᠢᠨ ᠲᠥᠷᠥᠯ ᠵᠦᠶ᠋ᠯ᠎ᠢ ᠥᠷᠨᠢᠭᠦᠯᠵᠦ᠍᠂ ᠶᠠᠳᠠᠭᠤ ᠬᠦᠴᠢᠷᠳᠡᠯᠲᠡᠶ ᠰᠤᠷᠤᠭ᠍ᠴᠢᠳ᠎ᠲᠤ ᠨᠡᠢᠲᠡ
11.2 ᠲᠦᠮᠡ ᠭᠠᠷᠤᠶ ᠲᠥᠭᠥᠷᠢᠭ᠎ᠦᠨ ᠰᠤᠷᠤᠯᠭ᠎ᠠ᠎ᠶ᠋ᠢᠨ ᠲᠡᠳᠬᠦᠮᠵᠢ᠎ᠶ᠋ᠢᠨ ᠮᠥᠩᠭᠥ᠌ ᠬᠠᠩᠭᠠᠪᠠ; ᠡᠷᠡᠭᠦᠦ ᠱᠢᠢᠳᠭᠡᠯ
ᠭᠦᠢᠴᠡᠳᠭᠡᠵᠦ᠍ ᠪᠠᠢᠭ᠎ᠠ ᠬᠥᠮᠦᠰ᠎ᠦᠨ ᠨᠠᠰᠤᠨ᠎ᠳᠤ ᠦᠯᠦ ᠬᠦᠷᠦᠭᠰᠡᠨ ᠦᠷ᠎ᠡ ᠬᠡᠦᠬᠡᠳ᠂ ᠣᠨᠴᠠᠭᠠᠢ ᠭᠡᠷ ᠪᠦᠯᠢ᠎ᠶ᠋ᠢᠨ
ᠬᠡᠦᠬᠡᠳ᠂ ᠡᠪᠡᠳᠴᠢᠨ ᠡᠮᠭᠡᠭ᠎ᠲᠡᠶ ᠵᠠᠯᠠᠭᠤᠴᠤᠳ᠎ᠢ ᠲᠣᠭ᠍ᠲᠠᠭ᠍ᠰᠠᠨ ᠬᠤᠭᠤᠴᠠᠭ᠎ᠠ᠎ᠲᠠᠶ᠎ᠪᠠᠷ ᠲᠣᠭᠣᠷᠢᠨ ᠦᠵᠡᠲᠡᠭ; ᠰᠤᠷᠭᠠᠭᠤᠯᠢ
ᠵᠢᠴᠢ ᠬᠣᠯᠪᠣᠭ᠍ᠳᠠᠯ ᠪᠥᠬᠥᠶ ᠨᠢᠭᠡᠴᠢ᠎ᠲᠡᠶ ᠰᠠᠨᠠᠭᠠᠴᠢᠯᠠᠭ᠎ᠠ ᠡᠴᠡ᠎ᠪᠠᠨ ᠬᠠᠮᠵᠢᠯᠴᠠᠵᠤ᠂ ᠣᠯᠠᠨ ᠵᠦᠶ᠋ᠯ᠎ᠦᠨ
ᠬᠡᠯᠪᠡᠷᠢ᠂ ᠣᠯᠠᠨ ᠠᠷᠭ᠎ᠠ ᠵᠠᠮ᠎ᠢᠶᠠᠷ ᠪᠠᠭᠠᠴᠤᠳ ᠬᠡᠦᠬᠡᠳ᠎ᠲᠦ ᠤᠷᠢᠳᠴᠢᠯᠠᠨ ᠰᠡᠷᠭᠡᠢᠯᠡᠬᠦ᠌ ᠴᠢᠨᠠᠷᠲᠠᠶ ᠬᠠᠤᠯᠢᠵᠢᠯ
ᠤ᠋ᠨ ᠠᠩᠬᠠᠨ᠎ᠤ ᠬᠥᠮᠦᠵᠢᠯ ᠬᠢᠵᠦ᠍᠂ ᠣᠳᠣᠬᠠᠨ᠎ᠳᠤ ᠨᠢᠭᠡᠨᠲᠡ ᠲᠦᠩᠯᠢᠶᠣᠤ ᠬᠣᠲᠠ᠎ᠶ᠋ᠢᠨ ᠪᠣᠶ ᠪᠥᠬᠥᠶ ᠶᠡᠬᠡ ᠳᠡᠭᠡᠳᠦ
ᠰᠤᠷᠭᠠᠭᠤᠯᠢ᠎ᠶ᠋ᠢ ᠬᠠᠮᠤᠷᠤᠭ᠍ᠰᠠᠨ ᠪᠠᠢᠨ᠎ᠠ᠃ ᠨᠠᠰᠤᠨ᠎ᠳᠤ ᠦᠯᠦ᠍ ᠬᠦᠷᠦᠭ᠌ᠰᠡᠨ ᠵᠠᠭᠠᠯᠳᠤᠭ᠍ᠳᠠᠭ᠍ᠴᠢ᠎ᠶ᠋ᠢ ᠵᠠᠰᠠᠨ
ᠵᠠᠯᠠᠷᠠᠭᠤᠯᠵᠤ ᠠᠪᠤᠷᠠᠬᠤ ᠡᠴᠡ᠂ ᠪᠤᠰᠤᠳ ᠨᠠᠰᠤᠨ᠎ᠳᠤ ᠦᠯᠦ᠍ ᠬᠦᠷᠦᠭ᠌ᠰᠡᠳ᠎ᠢ ᠬᠠᠢᠷᠠᠯᠠᠨ ᠬᠠᠯᠠᠮᠵᠢᠯᠠᠬᠤ᠂ ᠬᠠᠪᠰᠤᠷᠤᠨ
ᠲᠡᠳᠬᠦᠬᠦ᠌ ᠬᠦᠷᠲᠡᠯ᠎ᠡ᠂ 《ᠠᠢ ᠯᠢᠨ ᠠᠵᠢᠯᠯᠠᠬᠤ
ᠦᠷᠦᠭᠡ》 ᠨᠢ ᠨᠠᠰᠤᠨ ᠳ᠋ᠤ
ᠦᠯᠦ ᠬᠦᠷᠦᠭ᠌ᠰᠡᠳ᠎ᠦᠨ ᠠᠵᠢᠯ᠎ᠤᠨ ᠬᠦᠷᠢᠶ᠎ᠠ ᠬᠡᠪᠴᠢᠶ᠎ᠡ ᠪᠠᠨ ᠲᠠᠰᠤᠷᠠᠯᠲᠠ ᠦᠭᠡᠢ ᠦᠷᠭᠡᠳᠬᠡᠵᠦ ᠪᠤᠢ᠃
ᠡᠨᠡ ᠵᠢᠯ᠂ ᠨᠢᠭᠡᠨ ᠪᠠᠶᠠᠷᠯᠠᠭᠤᠱᠢᠲᠠᠶ ᠲᠣᠭ᠎ᠠ ᠪᠠᠷᠢᠮᠲᠠ ᠸᠠᠩ ᠠᠶ
ᠯᠢᠨᠦ ᠡᠮᠦᠨ᠎ᠡ ᠲᠡᠯᠭᠡᠭᠲᠡᠪᠡ᠄ ᠲᠦᠩᠯᠢᠶᠣᠤ ᠬᠣᠲᠠ᠎ᠶ᠋ᠢᠨ ᠨᠠᠰᠤᠨ᠎ᠳᠤ ᠥᠯᠥ᠍ ᠬᠦᠷᠦᠭ᠌ᠰᠡᠳ᠎ᠦᠨ ᠡᠷᠡᠭᠦᠦ᠍᠎ᠶ᠋ᠢᠨ
ᠬᠡᠷᠡᠭ᠎ᠦᠨ ᠶᠠᠯ᠎ᠠ ᠬᠢᠭ᠌ᠰᠡᠨ ᠬᠥᠮᠦᠨ᠎ᠦ ᠲᠣᠭ᠎ᠠ ᠠᠳᠠᠯᠢ ᠬᠤᠭᠤᠴᠠᠭᠠᠨ᠎ᠤ᠎ᠬᠢ᠎ᠡᠴᠡ 35.88% ᠪᠠᠷ ᠪᠠᠭᠤᠷᠠᠪᠠ᠃ 《ᠡᠨᠡ ᠬᠦ᠌ ᠲᠣᠭ᠎ᠠ ᠪᠠᠷᠢᠮᠲᠠ᠎ᠶ᠋ᠢ ᠪᠠᠰᠤᠵᠤ ᠪᠣᠯᠬᠤ ᠦᠭᠡᠢ ᠰᠢᠦ᠂ ᠲᠡᠭᠦᠨ ᠤ᠋ ᠠᠷᠤ ᠳ᠋ᠤ ᠰᠢᠨ᠎ᠡ
ᠠᠮᠢᠳᠤᠷᠠᠯ ᠢ᠋ᠢᠡᠨ ᠡᠬᠢᠯᠡᠭᠦᠯᠦᠭᠰᠡᠨ ᠪᠠᠭᠠᠴᠤᠳ ᠪᠤᠯᠤᠨ ᠳᠠᠬᠢᠨᠲᠠ ᠵᠣᠯ ᠵᠢᠷᠭᠠᠯ ᠢ᠋ᠢᠡᠨ ᠡᠳ᠋ᠯᠡᠭᠰᠡᠨ ᠭᠡᠷ
ᠪᠦᠯᠢ ᠨᠤᠬᠦᠳ ᠪᠤᠢ》 ᠬᠡᠵᠦ ᠰᠢᠷᠭᠠᠭᠤ
ᠴᠢᠷᠮᠠᠢᠯᠭ᠎ᠠ ᠢ᠋ᠢᠨ ᠢ᠋ᠢᠡᠨ ᠠᠮᠵᠢᠯᠲᠠ ᠪᠦᠲᠦᠮᠵᠢ ᠪᠠᠨ ᠬᠠᠷᠠᠭᠠᠳ᠂ ᠸᠠᠩ ᠠᠢ ᠯᠢᠨ ᠪᠠᠶᠠᠷᠯᠠᠨ ᠶᠠᠷᠢᠨ᠎ᠠ᠃
ᠣᠯᠠᠨ ᠵᠢᠯ᠎ᠦᠨ ᠲᠤᠷᠰᠢ᠂ ᠦᠨᠳᠦᠰᠦᠨ ᠱᠠᠲᠤᠨ᠎ᠳᠤ ᠦᠨᠳᠦᠰᠦᠯᠡᠨ ᠠᠵᠢᠯᠯᠠᠬᠰᠠᠨ
ᠸᠠᠩ ᠠᠶ ᠯᠢᠨ ᠪᠥᠬᠥ᠌ ᠤᠯᠤᠰ᠎ᠤᠨ ᠱᠢᠯᠢᠳᠡᠭ ᠱᠢᠭᠦᠬᠦ᠌ ᠲᠤᠱᠢᠶᠠᠯᠲᠠᠨ᠂ ᠪᠥᠬᠥ᠌ ᠤᠯᠤᠰ᠎ᠤᠨ《3·8》 ᠤᠯᠠᠭᠠᠨ ᠲᠤᠭ᠍ᠴᠢ᠂ ᠤᠮᠠᠷᠠᠲᠦ ᠬᠢᠯᠢ ᠢ᠋ᠢᠨ ᠵᠢᠱ᠌ᠢᠶᠡᠴᠢ᠂ ᠰᠢᠯᠢᠲᠡᠭ ᠡᠪ ᠬᠠᠮᠲᠦ ᠨᠠᠮ ᠤ᠋ᠨ
ᠬᠡᠰᠢᠭᠦᠨ᠂《ᠠᠷᠪᠠᠨ ᠶᠡᠬᠡ ᠬᠠᠤᠯᠢᠵᠢᠯ ᠤ᠋ᠨ ᠬᠦᠮᠦᠨ》᠂ 《ᠪᠦᠬᠦ ᠤᠷᠤᠨ ᠤ᠋ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤ᠋ᠨ ᠬᠢᠵᠢᠭ ᠤ᠋ᠨ ᠪᠠᠢᠲᠠᠯ ᠢ᠋
ᠰᠡᠷᠬᠡᠢᠯᠡᠨ ᠡᠵᠡᠮᠲᠡᠭᠰᠡᠨ ᠵᠠᠯᠠᠭᠤ ᠰᠠᠢᠨ ᠲᠤᠷᠠᠴᠤᠤᠯ ᠤ᠋ᠨ ᠦᠢᠯᠡᠴᠢᠯᠡᠭᠡᠨ ᠤ᠋ ᠠᠵᠢᠯ ᠤ᠋ᠨ ᠲᠡᠷᠢᠭᠦᠨ ᠤ᠋
ᠬᠤᠪᠢ ᠬᠦᠮᠦᠨ》ᠵᠡᠷᠭᠡ ᠤᠯᠠᠨ ᠢᠷᠠᠭᠤ ᠠᠯᠳᠠᠷ᠎ᠢ ᠭᠥᠷᠳᠡᠭ᠌ᠰᠡᠨ ᠪᠥᠭᠡᠳ ᠬᠤᠪᠢ ᠬᠥᠮᠦᠨ᠎ᠦ ᠭᠤᠷᠪᠠᠳᠤᠭᠠᠷ ᠳᠡᠰ᠎ᠤᠨ
ᠭᠠᠪᠢᠶ᠎ᠠ ᠪᠠᠢᠭᠤᠯᠪᠠ᠃ ᠲᠡᠭᠦᠨ ᠤ᠋ 《ᠠᠢ ᠯᠢᠨ ᠠᠵᠢᠯᠯᠠᠬᠤ
ᠦᠷᠦᠭᠡ》 ᠪᠤᠯᠤᠨ ᠪᠠᠭᠠᠴᠤᠳ
ᠤ᠋ᠨ ᠰᠢᠬᠦᠨ ᠲᠠᠰᠤᠯᠬᠤ ᠲᠢᠩᠬᠢᠮ ᠨᠢ ᠴᠸ᠋ ᠤᠯᠠᠨ ᠢᠷᠠᠭᠤ ᠠᠯᠲᠠᠷ ᠢ᠋ ᠬᠦᠷᠲᠡᠵᠡᠢ᠃ ᠡᠭᠦᠨ ᠳ᠋ᠤ᠂ ᠲᠡᠭᠦᠨ ᠤ᠋
ᠰᠡᠳᠭᠢᠯ᠎ᠳᠡᠬᠢ ᠬᠠᠮᠤᠭ᠎ᠤᠨ ᠳᠡᠭᠡᠳᠦ ᠢᠷᠠᠭᠤ ᠠᠯᠳᠠᠷ ᠨᠢ ᠬᠠᠷᠢᠨ ᠬᠡᠦᠬᠡᠳ᠎ᠦᠨ ᠲᠡᠭᠦᠨ ᠢ᠋ ᠲᠤᠲᠤᠨᠤᠴᠢᠯᠠᠨ
ᠳᠠᠭᠤᠳᠠᠬᠰᠠᠨ《ᠱᠢᠭᠦᠭ᠌ᠴᠢ ᠡᠵᠢ》 ᠪᠣᠯᠤᠨ᠎ᠠ ᠭᠡᠵᠦ᠍
ᠲᠡᠷᠡ ᠦᠷᠭᠦᠯᠵᠢ ᠶᠠᠷᠢᠳᠠᠭ ᠪᠠᠢᠯ᠎ᠠ᠃
《ᠠᠵᠢᠯ ᠢ᠋ᠢᠡᠨ ᠨᠡᠩ ᠰᠠᠢᠲᠦᠷ ᠬᠢᠨ᠎ᠡ》᠃ ᠡᠨᠡ ᠪᠤᠯ
ᠸᠠᠩ ᠠᠢ ᠯᠢᠨ ᠤ᠋ ᠲᠤᠲᠤᠭᠠᠲᠦ ᠰᠡᠳᠬᠢᠯ ᠤ᠋ᠨ ᠬᠦᠭᠡᠭᠡᠴᠡᠯᠲᠦᠯ᠃ 2010 ᠤᠨ ᠤ᠋ ᠡᠬᠢᠨ ᠳ᠋ᠤ᠂ ᠲᠡᠷᠡ ᠥᠮᠡᠨ᠎ᠳᠦ
ᠨᠡᠷᠪᠡᠭ᠌ᠳᠡᠭ᠌ᠰᠡᠨ ᠪᠣᠯᠪᠠᠴᠤ᠌ ᠡᠪᠡᠳᠴᠢᠨ ᠡᠮᠭᠡᠭ᠎ᠲᠦ ᠴᠣᠬᠢᠭ᠍ᠳᠠᠨ ᠤᠨᠠᠭ᠍ᠰᠠᠨ ᠦᠭᠡᠢ᠂ ᠬᠠᠷᠢᠨ ᠲᠡᠭᠦᠨ᠎ᠲᠡᠶ
ᠤᠷᠤᠯᠳᠤᠨ᠂ ᠨᠠᠰᠤᠨ᠎ᠳᠤ ᠦᠯᠦ᠍ ᠬᠦᠷᠦᠭ᠌ᠰᠡᠳ᠎ᠢ ᠬᠠᠢᠷᠠᠯᠠᠨ ᠬᠠᠯᠠᠮᠵᠢᠯᠠᠬᠤ᠂ ᠨᠠᠰᠤᠨ᠎ᠳᠤ ᠦᠯᠦ᠍ ᠬᠦᠷᠦᠭ᠌ᠰᠡᠳ᠎ᠦᠨ
ᠶᠠᠯ᠎ᠠ ᠬᠢᠬᠦ᠌᠎ᠶ᠋ᠢ ᠰᠡᠷᠭᠡᠢᠯᠡᠬᠦ᠌ ᠪᠠ ᠰᠠᠢ᠌ᠨ ᠳᠤᠷ᠎ᠠ ᠡᠴᠡ᠎ᠪᠠᠨ ᠬᠠᠪᠰᠤᠷᠤᠨ ᠲᠡᠳᠬᠦᠬᠦ᠌ ᠵᠡᠷᠭᠡ ᠠᠵᠢᠯ᠎ᠳᠤ
ᠬᠦᠴᠦᠯᠡᠨ ᠴᠢᠷᠮᠠᠢᠪᠠ᠃ ᠢᠯᠠᠩᠭᠤᠶ᠎ᠠ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤ᠋ᠨ ᠬᠢᠵᠢᠭ ᠤ᠋ᠨ ᠪᠠᠢᠲᠠᠯ
ᠢ᠋ ᠰᠡᠷᠬᠡᠢᠯᠡᠨ ᠡᠵᠡᠮᠲᠡᠬᠦ ᠬᠤᠭᠤᠴᠠᠭᠠᠨ ᠳ᠋ᠤ᠂ ᠲᠡᠷᠡ ᠨᠢᠭᠡᠨ ᠨᠠᠮ ᠤ᠋ᠨ ᠬᠡᠰᠢᠭᠦᠨ ᠤ᠋ ᠬᠤᠰᠢᠭᠤᠴᠢ ᠵᠢᠱ᠌ᠢᠶᠡᠴᠢ
ᠦᠢᠯᠡᠲᠦᠯ ᠢ᠋ ᠬᠦᠢᠴᠡᠳ ᠪᠠᠲᠠᠷᠠᠭᠤᠯᠤᠨ᠂ ᠬᠢᠵᠢᠭ ᠲᠠᠢ ᠲᠡᠮᠡᠴᠡᠬᠦ ᠨᠢᠭᠡᠲᠦᠭᠡᠷ ᠹᠷᠤᠨᠲ ᠲᠸ᠋ ᠭᠠᠪᠰᠢᠭᠠᠢᠯᠠᠨ
ᠠᠵᠢᠯᠯᠠᠬᠰᠠᠨ ᠪᠠᠢᠨ᠎ᠠ᠃ ᠤᠯᠠᠨ ᠲᠦᠮᠡᠨ ᠲᠡᠭᠦᠨ ᠢ᠋ ᠮᠠᠬᠲᠠᠬᠤ ᠪᠤᠯᠭᠠᠨ᠂ ᠲᠡᠷᠡ᠄ 《ᠪᠢ ᠪᠣᠯ ᠨᠢᠭᠡᠨ ᠡᠪ ᠬᠠᠮᠲᠦ ᠨᠠᠮ ᠤ᠋ᠨ ᠬᠡᠰᠢᠭᠦᠨ᠂ ᠨᠢᠭᠡᠨ ᠠᠷᠠᠳ᠎ᠤᠨ ᠱᠢᠭᠦᠭ᠌ᠴᠢ᠂ ᠪᠢ ᠵᠥᠪᠬᠡᠨ
ᠬᠢᠪᠡᠰᠦ ᠵᠣᠬᠢᠬᠤ ᠠᠵᠢᠯ ᠢ᠋ᠢᠡᠨ ᠬᠢᠵᠡᠶ》 ᠬᠡᠵᠦ ᠳᠠᠷᠤᠤ
ᠬᠢᠴᠢᠶᠡᠩᠭᠦᠢ ᠶᠠᠷᠢᠲᠠᠭ ᠪᠢᠯᠡ᠃
ᠰᠢᠨ᠎ᠡ ᠴᠠᠬ ᠦᠶ᠎ᠡ ᠢ᠋ᠢᠨ ᠨᠠᠮ ᠤ᠋ᠨ ᠬᠡᠰᠢᠭᠦᠨ ᠰᠢᠭᠦᠭᠴᠢ ᠢ᠋ᠢᠨ ᠮᠦᠷᠦᠨ
ᠲᠡᠭᠡᠷᠡᠬᠢ ᠡᠭᠦᠷᠭᠡ ᠬᠠᠷᠢᠭᠤᠴᠠᠯᠭ᠎ᠠ ᠵᠢ ᠸᠠᠩ ᠠᠢ ᠯᠢᠨ ᠲᠤᠲᠤᠷᠬᠠᠢ ᠮᠡᠲᠡᠵᠦ᠂ ᠳᠣᠲᠣᠭᠠᠳᠤ ᠰᠡᠳᠭᠢᠯ᠎ᠳᠡᠭᠡᠨ ᠪᠠᠭᠠᠴᠤᠳ ᠬᠡᠦᠬᠡᠳ᠎ᠢ ᠬᠠᠢᠷᠠᠯᠠᠨ ᠬᠠᠮᠠᠭᠠᠯᠠᠵᠤ᠂
ᠠᠷᠠᠳ ᠲᠦᠮᠡᠨ᠎ᠦ ᠵᠣᠯ ᠵᠢᠷᠭᠠᠯ᠎ᠢ ᠰᠠᠬᠢᠨ ᠬᠠᠮᠠᠭᠠᠯᠠᠵᠤ᠂ ᠨᠡᠢᠭᠡᠮ᠎ᠦᠨ ᠲᠥᠪ ᠭᠤᠤᠯᠴᠢ ᠱᠢᠳᠤᠷᠭᠤ ᠶᠣᠰᠣ᠎ᠶ᠋ᠢ ᠬᠠᠮᠠᠭᠠᠯᠠᠬᠤ ᠪᠡᠷ ᠬᠠᠮᠤᠭ᠎ᠤᠨ
ᠶᠡᠬᠡ ᠡᠭᠦᠷᠭᠡ ᠬᠠᠷᠢᠭᠤᠴᠠᠯᠭ᠎ᠠ ᠪᠠᠨ ᠪᠤᠯᠭᠠᠵᠦ᠂
ᠨᠠᠮ ᠢ᠋ ᠰᠠᠨᠠᠭ᠎ᠠ ᠠᠮᠤᠷ ᠪᠠᠢᠯᠭᠠᠬᠤ᠂ ᠤᠯᠠᠨ ᠲᠦᠮᠡᠨ ᠢ᠋ ᠬᠠᠨᠤᠮᠵᠢᠲᠠᠢ ᠪᠤᠯᠭᠠᠬᠤ ᠰᠠᠢᠨ ᠰᠢᠭᠦᠭᠴᠢ ᠪᠤᠯᠬᠤ ᠪᠡᠷ ᠦᠷᠭᠦᠯᠵᠢᠯᠡᠨ ᠴᠢᠷᠮᠠᠢᠬᠰᠠᠭᠠᠷ᠃