ᠰᠦᠨᠢᠳ᠎ᠤᠨ ᠲᠠᠯ᠎ᠠ᠎ᠳᠤ ᠵᠡᠭᠡᠷ᠎ᠠ ᠵᠢᠨ ᠰᠦᠷᠦᠭ ᠨᠡᠭᠦᠳᠡᠯᠯᠡᠨ ᠢᠷᠠᠯ᠎ᠠ
2022-01-16 21:08:23
ᠵᠣᠬᠢᠶᠠᠭ᠍ᠴᠢ᠄
ᠪᠢᠯᠢᠭᠪᠡᠭᠠᠳᠤᠷ
ᠣᠩᠱᠢᠭ᠍ᠰᠠᠨ ᠣᠳᠠᠭ᠎ᠠ᠄
★★★☆☆

ᠤᠢᠷ᠎ᠠ ᠳ᠋ᠤ᠂ ᠰᠢᠯᠢ ᠵᠢᠨ ᠭᠤᠤᠯ ᠠᠢᠮᠠᠭ᠎ᠤᠨ ᠰᠦᠨᠢᠳ ᠪᠠᠷᠠᠭᠤᠨ ᠬᠤᠰᠢᠭᠤᠨ᠎ᠤ ᠡᠷᠢᠶᠡᠡᠨᠠᠭᠤᠷ ᠰᠤᠮᠤᠨ᠎ᠤ ᠬᠤᠢᠳᠤ ᠬᠡᠰᠡᠭ ᠳᠦ᠍ ᠵᠡᠭᠡᠷ᠎ᠡ ᠵᠢᠨ ᠰᠦᠷᠦᠭ ᠨᠡᠭᠦᠳᠡᠯᠯᠡᠨ ᠢᠷᠡᠭᠡᠳ ᠲᠤᠭ᠎ᠠ ᠲᠤᠯᠤᠭᠠᠢ ᠨᠢ ᠪᠠᠷᠤᠭ ᠲᠦᠮᠠ ᠵᠢ ᠲᠠᠪᠠᠭᠰᠠᠨ ᠪᠠᠢᠨ᠎ᠠ᠃ ᠰᠥᠨᠢᠳ ᠪᠠᠷᠠᠭᠤᠨ ᠬᠣᠱᠢᠭᠤᠨ᠎ᠤ ᠣᠶ ᠱᠢᠭᠤᠶ᠎ᠶ᠋ᠢᠨ ᠳᠣᠲᠣᠭᠠᠳᠤ᠎ᠶ᠋ᠢ ᠬᠠᠮᠠᠭᠠᠯᠠᠬᠤ ᠲᠣᠪᠴᠢᠶ᠎ᠠ᠎ᠶ᠋ᠢᠨ ᠴᠠᠭ᠍ᠳᠠᠭ᠎ᠠ ᠬᠡᠰᠢᠭᠲᠤᠭᠳᠤᠬᠤ᠄《ᠪᠢᠳᠡ ᠬᠠᠷᠢᠶ᠎ᠠ ᠤᠷᠤᠨ᠎ᠤ ᠪᠡᠨ ᠲᠤᠭᠤᠷᠢᠨ ᠴᠠᠭᠳᠠᠬᠤ ᠠᠵᠢᠯ ᠵᠢᠠᠨ ᠡᠷᠴᠢᠮᠳᠡᠢ ᠰᠠᠢᠨ ᠬᠢᠬᠦ ᠵᠢᠨ ᠤᠯᠠᠮ ᠵᠢᠠᠷ ᠡᠳᠡᠭᠡᠷ ᠬᠡᠬᠡᠷ᠎ᠡ ᠵᠢᠨ ᠠᠮᠢᠳᠠᠳ ᠳᠦ᠍ ᠠᠮᠤᠷ ᠲᠦᠪᠰᠢᠨ ᠤᠷᠤᠡᠭᠨᠠᠬᠤ ᠤᠷᠴᠢᠨ᠎ᠢ ᠪᠤᠢ ᠪᠤᠯᠭᠠᠵᠤ᠂ ᠪᠠᠰᠠ ᠮᠠᠯ᠎ᠤᠨ ᠲᠠᠪᠤᠰᠤ᠂ ᠪᠤᠷᠳᠤᠭ᠎ᠠ ᠵᠡᠷᠭᠡ ᠵᠢ ᠬᠠᠨᠭᠭᠠᠵᠤ᠂ ᠵᠡᠭᠡᠷ᠎ᠡ ᠵᠢᠨ ᠰᠦᠷᠦᠭ᠎ᠤᠨ ᠦᠡᠭ ᠲᠠᠢ ᠰᠠᠢᠬᠠᠨ ᠡᠪᠦᠯ᠎ᠢ ᠦᠡᠭᠭᠡᠷᠡᠭᠦᠯᠬᠦ ᠳ᠋ᠤ ᠪᠠᠳᠤᠯᠠᠭ᠎ᠠ ᠬᠠᠡᠭᠭᠠᠬᠤ ᠪᠡᠷ ᠴᠢᠷᠮᠠᠢᠨ᠎ᠠ》 ᠭᠡᠯ᠎ᠠ᠃

ᠰᠤᠷᠪᠤᠯᠵᠢᠯᠠᠭ᠍ᠴᠢ ᠰᠥᠨᠢᠳ ᠪᠠᠷᠠᠭᠤᠨ ᠬᠣᠱᠢᠭᠤᠨ᠎ᠤ ᠣᠶ ᠱᠢᠭᠤᠶ᠎ᠶ᠋ᠢᠨ ᠳᠣᠲᠣᠭᠠᠳᠤ᠎ᠶ᠋ᠢ ᠬᠠᠮᠠᠭᠠᠯᠠᠬᠤ ᠲᠣᠪᠴᠢᠶᠠᠨ᠎ᠤ ᠴᠠᠭ᠍ᠳᠠᠭ᠎ᠠ ᠨᠠᠷ᠎ᠢ ᠳᠠᠭᠠᠵᠤ ᠲᠣᠭᠣᠷᠢᠨ ᠴᠠᠭᠳᠠᠬᠤ ᠦᠶ᠎ᠡ᠎ᠳᠦ ᠪᠠᠰᠠ ᠴᠦᠬᠡᠪᠦᠷᠢ ᠠᠷᠭᠠᠯᠢ ᠤᠭᠠᠯᠵᠠ᠂ ᠬᠤᠯᠠᠨ ᠵᠡᠷᠭᠡ ᠬᠡᠬᠡᠷ᠎ᠡ ᠵᠢᠨ ᠠᠮᠢᠳᠠᠳ ᠴᠦ᠍ ᠵᠡᠭᠡᠷ᠎ᠡ ᠵᠢᠨ ᠰᠦᠷᠦᠭ ᠲᠠᠢ ᠬᠤᠯᠢᠯᠳᠤᠨ ᠲᠠᠪᠠᠳᠠᠢ ᠪᠡᠯᠴᠢᠨ ᠢᠳᠡᠰᠢᠯᠡᠵᠦ ᠪᠠᠢᠬᠤ ᠵᠢ ᠤᠯᠵᠤ ᠬᠠᠷᠠᠯ᠎ᠠ᠃ ᠲᠤᠰ᠎ᠲᠤᠲᠤᠭᠠᠳᠤ᠎ᠵᠢ᠎ᠬᠠᠮᠠᠭᠠᠯᠠᠬᠤ᠎ᠲᠤᠪᠴᠢᠶᠠᠨ᠎ᠤ ᠴᠠᠭ᠍ᠳᠠᠭ᠎ᠠ ᠨᠠᠷ᠎ᠤᠨ ᠲᠠᠨᠢᠯᠴᠠᠭᠤᠯᠤᠭ᠍ᠰᠠᠨ᠎ᠢᠶᠠᠷ᠂ ᠤᠢᠷ᠎ᠠ ᠵᠢᠨ ᠵᠢᠯ᠎ᠤᠳ ᠳᠦ᠍ ᠡᠢᠮᠦ᠍ ᠶᠡᠬᠡ ᠬᠡᠪᠴᠢᠶᠡᠨ᠎ᠦ ᠬᠡᠭᠡᠷ᠎ᠡ᠎ᠶ᠋ᠢᠨ ᠠᠮᠢᠲᠠᠳ ᠪᠡᠯᠴᠢᠨ ᠢᠷᠡᠭᠰᠡᠨ ᠲᠤᠬᠢᠶᠠᠯᠳᠤᠯ ᠮᠠᠰᠢ ᠴᠦᠬᠡᠨ᠃ ᠡᠢᠨ ᠬᠦ᠌ ᠡᠳᠡᠭᠡᠷ ᠭᠡᠭᠡᠷ᠎ᠡ ᠵᠢᠨ ᠠᠮᠢᠳᠠᠳ᠎ᠢ ᠬᠠᠮᠠᠭᠠᠯᠠᠬᠤ᠎ᠶ᠋ᠢᠨ ᠲᠥᠯᠥᠭᠡ᠂ ᠰᠥᠨᠢᠳ ᠪᠠᠷᠠᠭᠤᠨ ᠬᠣᠱᠢᠭᠤᠨ᠎ᠤ ᠣᠶ ᠱᠢᠭᠤᠶ᠎ᠶ᠋ᠢᠨ ᠳᠣᠲᠣᠭᠠᠳᠤ᠎ᠶ᠋ᠢ ᠬᠠᠮᠠᠭᠠᠯᠠᠬᠤ ᠲᠣᠪᠴᠢᠶ᠎ᠠ ᠬᠡᠭᠡᠷ᠎ᠡ᠎ᠶ᠋ᠢᠨ ᠠᠮᠢᠲᠠᠨ᠎ᠢ ᠬᠠᠮᠲᠤᠷᠠᠨ ᠰᠡᠷᠭᠡᠢᠯᠡᠵᠦ᠍ ᠬᠠᠮᠲᠤᠷᠠᠨ ᠬᠠᠮᠠᠭᠠᠯᠠᠬᠤ ᠰᠡᠷᠭᠡᠢᠯᠡᠨ ᠡᠵᠡᠮᠳᠡᠬᠦ᠌ ᠱᠢᠰᠲ᠋ᠧᠮ᠎ᠢ ᠪᠠᠢᠭᠤᠯᠵᠤ᠂ ᠥᠷᠭᠡᠨ ᠣᠯᠠᠨ ᠮᠠᠯᠴᠢᠨ ᠲᠦᠮᠡᠨ᠎ᠦ ᠬᠡᠭᠡᠷ᠎ᠡ᠎ᠶ᠋ᠢᠨ ᠠᠮᠢᠲᠠᠨ᠎ᠢ ᠬᠠᠮᠠᠭᠠᠯᠠᠬᠤ ᠤᠬᠠᠮᠰᠠᠷ ᠲᠠᠨᠢᠯᠳᠠ ᠵᠢ ᠲᠠᠰᠤᠷᠠᠯᠲᠠ ᠥᠬᠡᠶ ᠲᠡᠭᠡᠭᠰᠢᠯᠡᠭᠦᠯᠵᠦ᠂ ᠲᠡᠳᠡᠭᠡᠷ ᠤᠰᠠᠳᠬᠤ ᠠᠶᠤᠯᠳᠠᠢ ᠬᠡᠭᠡᠷ᠎ᠡ᠎ᠶ᠋ᠢᠨ ᠠᠮᠢᠲᠠᠨ᠎ᠢ ᠬᠠᠮᠠᠭᠠᠯᠠᠬᠤ ᠪᠠ ᠠᠪᠤᠷᠠᠨ ᠲᠤᠰᠠᠯᠠᠬᠤ ᠠᠵᠢᠯ᠎ᠢ ᠰᠠᠢᠳᠤᠷ ᠬᠢᠵᠦ ᠪᠠᠢᠨ᠎ᠠ᠃ ᠡᠭᠦᠨ᠎ᠤ ᠬᠠᠮᠳᠤ᠂ ᠣᠢᠷ᠎ᠠ᠎ᠶ᠋ᠢᠨ ᠵᠢᠯ ᠳ᠋ᠤ ᠰᠥᠨᠢᠳ ᠪᠠᠷᠠᠭᠤᠨ ᠬᠣᠱᠢᠭᠤᠨ᠎ᠤ ᠠᠮᠢ ᠠᠬᠤᠶ᠎ᠶ᠋ᠢᠨ ᠣᠷᠴᠢᠨ ᠲᠤᠭᠤᠷᠢᠨ ᠢᠯᠡᠳᠲᠡ ᠰᠠᠢᠵᠢᠷᠠᠵᠤ᠂ ᠲᠤᠬᠠᠶ᠎ᠶ᠋ᠢᠨ ᠭᠠᠵᠠᠷ᠎ᠤᠨ ᠣᠶ ᠱᠢᠭᠤᠶ᠎ᠶ᠋ᠢᠨ ᠳᠣᠲᠣᠭᠠᠳᠤ ᠎ᠶ᠋ᠢ ᠬᠠᠮᠠᠭᠠᠯᠠᠬᠤ ᠲᠣᠪᠴᠢᠶ᠎ᠠ ᠬᠡᠭᠡᠷ᠎ᠡ᠎ᠶ᠋ᠢᠨ ᠠᠮᠢᠲᠠᠨ᠎ᠳᠤ ᠲᠣᠭ᠍ᠲᠠᠮᠠᠯ ᠬᠤᠭᠤᠴᠠᠭ᠎ᠠ᠎ᠲᠠᠶ᠎ᠪᠠᠷ ᠲᠡᠵᠢᠭᠡᠯ ᠪᠣᠷᠳᠣᠭ᠎ᠠ ᠬᠠᠨᠭᠭᠠᠵᠤ᠂ ᠬᠡᠭᠡᠷ᠎ᠡ᠎ᠶ᠋ᠢᠨ ᠠᠮᠢᠲᠠᠨ᠎ᠤ ᠰᠠᠢᠳᠤᠷ ᠡᠪᠦᠯᠵᠢᠬᠦ ᠵᠢ ᠪᠥᠬᠥ᠌ ᠬᠦᠴᠦᠨ᠎ᠢᠶᠡᠷ᠎ᠢᠶᠡᠨ ᠪᠠᠲᠤᠯᠠᠭ᠍ᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号