ᠪᠦᠬᠦ ᠤᠯᠤᠰ᠎ᠤᠨ
ᠬᠢᠵᠢᠭ᠎ᠤᠨ ᠪᠠᠢᠳᠠᠯ
1 ᠰᠠᠷ᠎ᠠ ᠶᠢᠨ 15᠎ᠤ
0 ᠴᠠᠭ ᠡᠴᠡ 24 ᠴᠠᠭ ᠪᠤᠯᠲᠠᠯ᠎ᠠ᠂ ᠪᠦᠬᠦ ᠤᠯᠤᠰ ᠲᠡᠬᠢ ᠰᠢᠨ᠎ᠡ ᠲᠢᠳᠢᠮᠯᠢᠭ ᠠᠭᠤᠰᠬᠢᠨ ᠦᠷᠪᠢᠰᠦᠯ᠎ᠤᠨ
ᠲᠤᠳᠤᠯᠠᠭᠰᠠᠨ ᠡᠪᠡᠳᠴᠢᠨ᠎ᠤ ᠵᠢᠱ᠌ᠢᠶ᠎ᠡ ᠲᠦᠷᠦᠭᠦᠦ ᠡᠳᠦᠷ ᠡᠴᠡ ᠪᠠᠨ 119 ᠨᠡᠮᠡᠭᠳᠡᠪᠡ᠃
ᠡᠭᠦᠨ ᠳ᠋ᠤ ᠬᠢᠯᠢ᠎ᠶᠢᠨ ᠭᠠᠳᠠᠨ᠎ᠠ ᠡᠴᠡ ᠤᠷᠤᠵᠤ ᠢᠷᠡᠭᠰᠡᠨ ᠡᠪᠡᠳᠴᠢᠨ᠎ᠤ ᠵᠢᠱ᠌ᠢᠶ᠎ᠡ 54; ᠲᠤᠬᠠᠢ᠎ᠶᠢᠨ
ᠭᠠᠵᠠᠷ᠎ᠤᠨ ᠡᠪᠡᠳᠴᠢᠨ᠎ᠤ ᠵᠢᠱ᠌ᠢᠶ᠎ᠡ 65(ᠲᠢᠶᠠᠨᠵᠢᠨ ᠳ᠋ᠤ 33᠂ ᠾᠧᠨᠠᠨ ᠳ᠋ᠤ 29᠂ ᠪᠡᠭᠡᠵᠢᠩ ᠳ᠋ᠤ 1᠂ ᠭᠤᠸᠠᠩᠳᠦ᠋ᠩ ᠳ᠋ᠤ 2᠂ ᠱᠠᠨᠰᠢ ᠳ᠋ᠤ 1)ᠪᠤᠢ᠂ ᠡᠭᠦᠨ
ᠳ᠋ᠤ ᠡᠪᠡᠳᠴᠢᠨ ᠤ ᠢᠯᠡᠷᠡᠯ ᠦᠭᠡᠢ ᠬᠠᠯᠳᠠᠪᠤᠷᠢᠯᠠᠭᠳᠠᠭᠴᠢ ᠡᠴᠡ ᠲᠤᠳᠤᠯᠠᠭᠰᠠᠨ ᠡᠪᠡᠳᠴᠢᠨ᠎ᠤ ᠵᠢᠱ᠌ᠢᠶ᠎ᠡ ᠪᠤᠯᠤᠭᠰᠠᠨ
ᠡᠪᠡᠳᠴᠢᠨ᠎ᠤ ᠵᠢᠱ᠌ᠢᠶ᠎ᠡ 6 (ᠴᠦᠮ ᠲᠢᠶᠠᠨᠵᠢᠨ ᠳ᠋ᠤ)ᠪᠤᠢ᠃
ᠨᠠᠰᠤ ᠪᠠᠷᠠᠭᠰᠠᠨ ᠡᠪᠡᠳᠴᠢᠨ᠎ᠤ
ᠵᠢᠱ᠌ᠢᠶ᠎ᠡ ᠦᠭᠡᠢ᠃ ᠰᠢᠨ᠎ᠡ ᠪᠡᠷ ᠨᠡᠮᠡᠭᠳᠡᠭᠰᠡᠨ ᠰᠡᠵᠢᠭᠯᠡᠯᠲᠡᠢ ᠡᠪᠡᠳᠴᠢᠨ᠎ᠤ ᠵᠢᠱ᠌ᠢᠶ᠎ᠡ 9 ᠪᠠᠢᠵᠤ᠂ ᠴᠦᠮ
ᠬᠢᠯᠢ᠎ᠶᠢᠨ ᠭᠠᠳᠠᠨ᠎ᠠ ᠡᠴᠡ ᠤᠷᠤᠵᠤ ᠢᠷᠡᠭᠰᠡᠨ ᠡᠪᠡᠳᠴᠢᠨ᠎ᠤ ᠵᠢᠱ᠌ᠢᠶ᠎ᠡ (ᠴᠦᠮ ᠱᠠᠩᠬᠠᠢ ᠳ᠋ᠤ ᠪᠤᠢ) ᠪᠤᠯᠤᠨ᠎ᠠ᠃
ᠪᠡᠭᠡᠵᠢᠩ ᠳ᠋ᠤ 1 ᠲᠤᠬᠠᠢ ᠶᠢᠨ ᠭᠠᠵᠠᠷ᠎ᠤᠨ ᠡᠪᠡᠳᠴᠢᠲᠡᠨ ᠨᠡᠮᠡᠭᠳᠡᠵᠦ᠂ ᠰᠢ ᠠᠨ᠎ᠤ ᠬᠢᠵᠢᠭ᠎ᠤᠨ ᠪᠠᠢᠳᠠᠯ ᠨᠠᠮᠳᠠᠵᠤ ᠡᠬᠢᠯᠡᠵᠡᠢ
1 ᠰᠠᠷ᠎ᠠ ᠶᠢᠨ 15᠎ᠤ
0 ᠴᠠᠭ ᠡᠴᠡ 24 ᠴᠠᠭ ᠪᠤᠯᠲᠠᠯ᠎ᠠ᠂ ᠪᠡᠭᠡᠵᠢᠩ ᠳ᠋ᠤ ᠲᠤᠬᠠᠢ᠎ᠶᠢᠨ ᠭᠠᠵᠠᠷ᠎ᠤᠨ
ᠡᠪᠡᠳᠴᠢᠨ᠎ᠤ ᠵᠢᠱ᠌ᠢᠶ᠎ᠡ 1᠂ ᠬᠢᠯᠢ᠎ᠶᠢᠨ ᠭᠠᠳᠠᠨ᠎ᠠ ᠡᠴᠡ ᠤᠷᠤᠵᠤ ᠢᠷᠡᠭᠰᠡᠨ
ᠡᠪᠡᠳᠴᠢᠨ᠎ᠤ ᠵᠢᠱ᠌ᠢᠶ᠎ᠠ 1᠂ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠳᠠᠭᠴᠢ 2 ᠨᠡᠮᠡᠭᠳᠡᠵᠡᠢ᠃
ᠲᠤᠬᠠᠢ᠎ᠶᠢᠨ ᠭᠠᠵᠠᠷ᠎ᠤᠨ
ᠡᠪᠡᠳᠴᠢᠨ᠎ᠤ ᠵᠢᠱ᠌ᠢᠶ᠎ᠡ ᠨᠢ ᠬᠠᠢ ᠳ᠋ᠢᠶᠠᠨ ᠲᠤᠭᠤᠷᠢᠭ ᠲᠤ᠌ ᠪᠠᠢᠵᠤ᠂ ᠤᠮᠢᠺᠷᠤᠨ
ᠤᠨᠳᠤᠤᠰᠢᠭᠰᠠᠨ ᠸᠢᠷᠦ᠋ᠰ ᠲᠤ᠌ ᠬᠠᠯᠳᠠᠪᠤᠷᠢᠯᠠᠭᠳᠠᠭᠰᠠᠨ ᠭᠡᠵᠡᠢ᠃
1ᠰᠠᠷ᠎ᠠ᠎ᠶᠢᠨ 15᠎ᠤ
ᠡᠳᠦᠷ᠂ ᠱᠠᠨᠰᠢ ᠮᠤᠵᠢ᠎ᠶᠢᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠰᠤᠨᠢᠨ ᠮᠡᠳᠡᠭᠡ
ᠨᠡᠢᠲᠡᠯᠡᠬᠦ ᠬᠤᠷᠠᠯ ᠡᠴᠡ ᠵᠠᠷᠯᠠᠭᠰᠠᠨ᠎ᠢᠶᠡᠷ᠂ 1 ᠰᠠᠷ᠎ᠠ᠎ᠶᠢᠨ 10᠎ᠤ ᠡᠳᠦᠷ ᠡᠴᠡ ᠬᠤᠢᠰᠢ ᠰᠢ ᠠᠨ ᠬᠤᠲᠠ
ᠳ᠋ᠤ 5 ᠡᠳᠦᠷ ᠳᠠᠷᠠᠭᠠᠯᠠᠨ᠂ ᠨᠡᠢᠭᠡᠮ᠎ᠤᠨ ᠲᠠᠯ᠎ᠠ᠎ᠶᠢᠨ ᠡᠪᠡᠳᠴᠢᠨ᠎ᠤ ᠵᠢᠱ᠌ᠢᠶ᠎ᠡ ᠢᠯᠡᠷᠡᠭᠰᠡᠨ ᠦᠭᠡᠢ᠃
ᠰᠢᠨ᠎ᠡ ᠪᠡᠷ ᠨᠡᠮᠡᠭᠳᠡᠵᠦ ᠪᠠᠢᠭ᠎ᠠ ᠨᠢ ᠴᠦᠮ ᠲᠤᠰᠠᠭᠠᠷᠯᠠᠭᠰᠠᠨ ᠴᠡᠭ ᠪᠤᠶᠤ ᠪᠢᠲᠡᠭᠦᠮᠵᠢᠯᠡᠨ ᠬᠠᠮᠢᠶᠠᠷᠴᠤ
ᠪᠤᠢ ᠭᠠᠵᠠᠷ᠎ᠤᠨ ᠠᠵᠢᠯᠲᠠᠳ ᠪᠤᠯᠤᠨ᠎ᠠ᠂ ᠬᠡᠰᠡᠭ ᠭᠠᠵᠠᠷ ᠨᠢᠭᠡᠨᠲᠡ ᠠᠯᠬᠤᠮ ᠠᠯᠬᠤᠮ᠎ᠢᠶᠡᠷ ᠬᠠᠮᠢᠶᠠᠷᠤᠨ
ᠡᠵᠡᠮᠳᠡᠬᠦ ᠪᠠᠨ ᠴᠢᠯᠦᠭᠡᠯᠡᠵᠦ᠂ ᠬᠢᠵᠢᠭ᠎ᠤᠨ ᠪᠠᠢᠳᠠᠯ ᠰᠡᠭᠦᠯ ᠬᠤᠷᠢᠶᠠᠬᠤ ᠱᠠᠲᠤᠨ ᠳ᠋ᠠᠭᠠᠨ ᠤᠷᠤᠵᠠᠢ
ᠭᠡᠰᠡᠨ ᠪᠠᠢᠨ᠎ᠠ᠃
ᠵᠠᠩ ᠸᠸᠨ ᠬᠣᠩ ᠄ 《ᠤᠳᠤᠬᠢ ᠪᠤᠯ ᠬᠠᠮᠤᠭ᠎ᠤᠨ ᠰᠡᠭᠦᠯᠴᠢ ᠶ᠋ᠢᠨ〈ᠬᠠᠬᠢᠷ
ᠡᠪᠦᠯ〉ᠪᠠᠢᠵᠤ ᠮᠡᠳᠡᠨ᠎ᠡ》
ᠵᠠᠩ ᠸᠸᠨ ᠬᠣᠩ 15᠎ᠤ ᠡᠳᠦᠷ ᠢᠯᠡᠷᠬᠡᠢᠯᠡᠬᠦ᠌᠎ᠳᠡᠭᠡᠨ᠂《ᠢᠷᠡᠭᠡᠳᠦᠶ᠎ᠶ᠋ᠢᠨ ᠬᠠᠭᠠᠰ ᠵᠢᠯ᠎ᠳᠦ ᠭᠠᠳᠠᠨ᠎ᠠ ᠡᠴᠡ ᠬᠠᠯᠳᠠᠪᠤᠷᠢᠯᠠᠬᠤ ᠲᠦᠭ᠌ᠰᠢᠭᠦᠷᠢ ᠮᠥᠨ
ᠯᠡ ᠮᠠᠰᠢ ᠶᠡᠬᠡ ᠪᠠᠢᠨ᠎ᠠ》ᠭᠡᠵᠡᠶ᠃
ᠵᠠᠩ ᠸᠸᠨ ᠬᠤᠩ᠎ᠤᠨ ᠦᠵᠡᠬᠦ᠌᠎ᠪᠡᠷ ᠤᠮᠢᠺᠷᠦᠨᠤ ᠬᠦᠨᠳᠦ ᠡᠪᠡᠳᠴᠢᠯᠡᠭᠦᠯᠦᠯᠲᠡ
ᠨᠢ ᠪᠠᠭᠤᠷᠠᠵᠤ ᠪᠠᠢᠭ᠎ᠠ ᠪᠣᠯᠪᠠᠴᠤ᠌ ᠬᠣᠣᠷᠲᠤ ᠴᠢᠨᠠᠷ᠎ᠨᠢ ᠣᠮᠲᠣᠭᠠᠢᠯᠠᠵᠤ ᠪᠣᠯᠤᠰᠢ ᠦᠭᠡᠶ᠃ ᠲᠡᠭᠦᠨ᠎ᠦ ᠪᠠᠭ᠎ᠦᠨ ᠬᠢᠨ ᠤᠮᠢᠺᠷᠦᠨ
ᠪᠣᠯᠤᠨ ᠳ᠋ᠸᠯᠲ᠋ᠨ ᠸᠢᠷᠦ᠋ᠰ᠎ᠲᠦ ᠶᠡᠬᠡ ᠬᠡᠮᠵᠢᠶᠡᠨ᠎ᠦ ᠬᠠᠷᠢᠴᠠᠭᠤᠯᠤᠯ ᠬᠢᠵᠦ᠍᠂ ᠤᠮᠢᠺᠷᠤᠨᠤ ᠡᠭᠦᠰᠭᠡᠭ᠌ᠰᠡᠨ
ᠬᠠᠯᠠᠭᠤᠷᠠᠬᠤ ᠢᠯᠡᠷᠡᠯ ᠨᠢ ᠳ᠋ᠧᠯᠲ᠋ᠠ ᠡᠴᠠ ᠥᠴᠦᠬᠡᠨ ᠴᠦ᠍ ᠳᠤᠤᠷ᠎ᠠ ᠦᠭᠡᠢ᠎ᠶᠢ ᠮᠡᠳᠡᠵᠡᠢ᠃
《ᠡᠨᠡ ᠵᠢᠯ᠎ᠦᠨ ᠡᠴᠦᠰ ᠪᠤᠯᠬᠤ
ᠳ᠋ᠤ
ᠱᠢᠨ᠎ᠡ ᠲᠢᠳᠢᠮᠯᠢᠭ ᠠᠭᠤᠰᠬᠢᠨ ᠦᠷᠪᠢᠰᠦᠯ᠎ᠤᠨ ᠶᠡᠬᠡᠪᠡᠷ ᠳᠡᠯᠭᠡᠷᠡᠬᠦ᠌᠎ᠶᠢ ᠬᠤᠷᠢᠬᠯᠠᠵᠤ ᠳᠡᠢᠯᠦᠨ᠎ᠡ
ᠭᠡᠳᠡᠭ ᠲᠤ᠌ ᠪᠢ ᠮᠥᠨ ᠯᠡ ᠶᠡᠬᠡ ᠢᠲᠡᠭᠡᠯᠡᠪᠦᠷᠯᠡᠭᠰᠡᠭᠡᠷ》ᠭᠡᠵᠦ ᠵᠠᠩ ᠸᠸᠨ ᠬᠣᠩ ᠢᠯᠡᠷᠬᠡᠢᠯᠡᠵᠡᠢ᠃
ᠵᠠᠷᠴᠢᠮ ᠳᠡᠭᠡᠷ᠎ᠡ᠎ᠪᠡᠨ ᠢᠷᠡᠬᠦ ᠨᠢᠭᠡ ᠵᠢᠯ᠎ᠢ ᠥᠩᠭᠡᠷᠡᠭᠡᠭᠡᠳ᠂ ᠪᠦᠬᠦᠯᠢ ᠴᠤᠭᠴᠠ᠎ᠶᠢᠨ ᠡᠭᠡᠯᠢᠯᠡᠭᠡ᠎ᠶ᠋ᠢᠨ
ᠬᠢᠷᠢ ᠲᠦᠪᠱᠢᠨ ᠪᠠ ᠸᠠᠺᠼᠢᠨ᠎ᠢᠶᠠᠷ ᠳᠡᠮᠵᠢᠨ ᠪᠠᠢᠭᠤᠯᠤᠭ᠍ᠰᠠᠨ ᠡᠭᠡᠯᠢᠯᠡᠭᠡ᠎ᠶ᠋ᠢᠨ ᠬᠠᠯᠬᠠᠪᠴᠢ᠂ ᠳᠠᠬᠢᠭᠠᠳ
ᠱᠢᠨ᠎ᠡ ᠲᠢᠲᠢᠮᠯᠢᠭ ᠠᠭᠤᠰᠬᠢᠨ ᠦᠷᠪᠢᠰᠦᠯ᠎ᠢ ᠵᠠᠰᠠᠬᠤ ᠡᠮ᠎ᠤᠨ ᠵᠠᠬ᠎ᠠ ᠳᠡᠯᠭᠡᠭᠦᠷ᠎ᠲᠦ ᠭᠠᠷᠬᠤ᠎ᠶᠢᠨ ᠠᠯᠢ
ᠠᠯᠢ ᠨᠢ ᠴᠤ᠌ ᠴᠥᠮ 《ᠤᠳᠤᠬᠢ ᠪᠤᠯ ᠬᠠᠮᠤᠭ᠎ᠤᠨ ᠰᠡᠭᠦᠯᠴᠢ᠎ᠶ᠋ᠢᠨ〈ᠬᠠᠬᠢᠷ ᠡᠪᠦᠯ〉 ᠪᠠᠢᠵᠤ
ᠮᠡᠳᠡᠨ᠎ᠡ》ᠭᠡᠳᠡᠭ᠎ᠢ ᠬᠠᠷᠠᠭᠤᠯᠵᠤ ᠪᠠᠢᠨ᠎ᠠ ᠭᠡᠵᠡᠶ᠃
ᠳ᠋ᠸᠯᠲ᠋ᠨ ᠴᠤ᠌ ᠲᠡᠷᠡ᠂ ᠤᠮᠢᠺᠷᠤᠨ ᠴᠤ᠌
ᠲᠡᠷᠡ᠂ ᠵᠥᠪᠬᠡᠨ ᠸᠢᠷᠦ᠋ᠰ᠎ᠲᠦ ᠤᠨᠳᠤᠤᠰᠢᠯ ᠡᠭᠦᠰᠦᠭᠰᠡᠨ ᠲᠡᠳᠦᠶ ᠶᠤᠮ᠃ ᠬᠡᠷᠪᠡ ᠱᠢᠨ᠎ᠡ ᠲᠢᠲᠢᠮᠯᠢᠭ
ᠠᠭᠤᠰᠬᠢᠨ ᠦᠷᠪᠢᠰᠦᠯ᠎ᠤᠨ ᠸᠢᠷᠦ᠋ᠰ ᠨᠢ ᠪᠤᠰᠤᠳ ᠲᠢᠲᠢᠮᠯᠢᠭ ᠸᠢᠷᠦ᠋ᠰ᠎ᠲᠡᠶ ᠳᠠᠬᠢᠨ ᠨᠢᠭᠡᠲᠦᠪᠡᠯ ᠪᠠᠢᠳᠠᠯ ᠨᠡᠯᠢᠶᠡᠳ
ᠬᠦᠨᠳᠦᠷᠡᠵᠦ ᠮᠡᠳᠡᠨ᠎ᠡ᠂ ᠭᠡᠬᠦ ᠳ᠋ᠡᠭᠡᠨ ᠣᠳᠣ ᠪᠣᠯᠲᠠᠯᠠᠬᠢ ᠪᠠᠢᠳᠠᠯ ᠡᠴᠡ ᠦᠵᠡᠬᠦ ᠳ᠋ᠤ ᠡᠨᠡ ᠪᠣᠯ ᠲᠤᠢᠯ᠎ᠤᠨ
ᠳᠣᠣᠷ᠎ᠠ ᠲᠣᠬᠢᠶᠠᠯᠳᠤᠮᠵᠢ᠎ᠶ᠋ᠢᠨ ᠬᠡᠷᠡᠭ ᠶᠤᠮ᠂ ᠪᠢᠳᠡᠨ᠎ᠤ ᠱᠢᠨ᠎ᠡ ᠲᠢᠲᠢᠮᠯᠢᠭ ᠠᠭᠤᠰᠬᠢᠨ ᠦᠷᠪᠢᠰᠦᠯ᠎ᠢ ᠠᠷᠭᠠᠴᠠᠭᠠᠬᠤ
ᠶᠠᠪᠤᠴᠠ᠎ᠳᠤ ᠬᠤᠷᠠᠮᠳᠤᠭᠤᠯᠤᠭ᠍ᠰᠠᠨ ᠲᠤᠷᠱᠢᠯᠭ᠎ᠠ ᠨᠢ ᠬᠣᠵᠢᠮ ᠸᠢᠷᠦ᠋ᠰ᠎ᠲᠦ ᠶᠠᠮᠠᠷ ᠬᠤᠪᠢᠷᠠᠯᠲᠠ ᠭᠠᠷᠤᠭ᠍ᠰᠠᠨ
ᠴᠤ᠌ ᠠᠷᠭᠠᠴᠠᠭᠠᠬᠤ ᠴᠢᠳᠠᠪᠤᠷᠢ᠎ᠲᠠᠶ ᠶᠤᠮ ᠭᠡᠰᠡᠨ᠎ᠢ ᠬᠠᠷᠠᠭᠤᠯᠵᠤ ᠪᠠᠢᠨ᠎ᠠ 》
ᠭᠡᠵᠦ ᠵᠠᠩ ᠸᠧᠨ ᠬᠤᠩ ᠢᠯᠡᠷᠬᠡᠢᠯᠡᠵᠡᠢ᠃
ᠢᠷᠡᠯᠲᠡ᠄ ᠳᠤᠮᠳᠠᠳᠤ
ᠤᠯᠤᠰ᠎ᠤᠨ ᠰᠤᠨᠢᠨ ᠮᠡᠳᠡᠭᠡᠨ᠎ᠤ ᠰᠦᠯᠵᠢᠶ᠎ᠡ᠂ ᠤᠯᠤᠰ᠎ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠦᠪᠯᠡᠯ