ᠬᠠᠬᠢᠷ ᠬᠦᠢᠳᠡᠨ᠎ᠢ ᠲᠤᠯᠠᠭᠠᠴᠠᠭᠤᠯᠤᠬᠰᠠᠨ《ᠬᠠᠯᠠᠮᠵᠢ》ᠵᠢᠨ ᠬᠠᠯᠠᠭᠤᠨ ᠦᠢᠯᠡᠴᠢᠯᠡᠭᠡ
2022-01-17 10:15:41
ᠵᠣᠬᠢᠶᠠᠭ᠍ᠴᠢ᠄
​ ᠪᠢᠯᠢᠭᠪᠡᠭᠠᠳᠤᠷ
ᠣᠩᠱᠢᠭ᠍ᠰᠠᠨ ᠣᠳᠠᠭ᠎ᠠ᠄
★★★☆☆

1 ᠰᠠᠷ᠎ᠠ ᠵᠢᠨ 1᠎ ᠡᠳᠦᠷ᠂ ᠭᠤᠷᠪᠠ ᠶᠢᠰᠤ ᠵᠢᠨ ᠭᠤᠷᠪᠠᠳᠤᠭᠠᠷ ᠡᠳᠦᠷ ᠬᠡᠵᠤ ᠦᠨᠡᠬᠡᠷ ᠬᠦᠢᠳᠡᠨ ᠡᠳᠦᠷ ᠪᠠᠢᠯ᠎ᠠ᠃ ᠭᠡᠬᠦ ᠳ᠋ᠤ ᠠᠪᠠᠭ᠎ᠠ ᠬᠤᠰᠢᠭᠤᠨ᠎ᠤ 《ᠬᠠᠯᠠᠮᠵᠢ》 ᠨᠠᠰᠤᠳᠠᠢᠴᠤᠳ᠎ᠤᠨ ᠠᠰᠠᠷᠠᠮᠵᠢ ᠵᠢᠨ ᠦᠢᠯᠡᠴᠢᠯᠡᠭᠡᠨ᠎ᠤ ᠲᠦᠪ᠎ᠤᠨ ᠲᠤᠬᠤᠨᠢᠭᠤᠯᠭ᠎ᠠ ᠵᠢᠨ ᠲᠤᠭᠤᠢᠯᠠᠡᠭ᠎ᠤᠨ ᠬᠢᠨ ᠠᠭᠤᠷ ᠰᠠᠪᠰᠠᠭᠰᠠᠨ ᠬᠠᠯᠠᠭᠤᠨ ᠪᠤᠤᠰᠠ ᠪᠡᠨ ᠠᠪᠤᠭᠠᠳ ᠠᠬᠠᠮᠠᠳ ᠨᠠᠮ᠎ᠤᠨ ᠭᠡᠰᠢᠭᠦᠨ᠂ ᠠᠮᠸᠷᠢᠺᠡ ᠵᠢ ᠡᠰᠡᠷᠭᠦᠴᠡᠵᠦ ᠰᠤᠯᠤᠡᠭᠭᠤᠰ᠎ᠢ ᠲᠤᠰᠠᠯᠠᠬᠤ ᠲᠠᠢᠨ ᠳ᠋ᠤ ᠤᠷᠤᠯᠴᠠᠵᠤ ᠦᠡᠭᠭᠡᠷᠡᠭᠰᠡᠨ ᠠᠬᠠᠮᠠᠳ ᠴᠡᠷᠢᠭ᠂ ᠵᠢᠱᠶ᠋ᠶᠡᠴᠢ ᠰᠠᠢᠴᠤᠤᠯ᠎ᠤᠨ ᠭᠡᠷ ᠪᠦᠯᠢ ᠪᠡᠷ ᠬᠦᠷᠴᠤ ᠡᠷᠭᠢᠨ ᠦᠵᠡᠬᠦ ᠳ᠋ᠤ ᠦᠷᠦᠭᠡ ᠲᠦᠭᠦᠷᠡᠡᠭ ᠬᠠᠯᠠᠭᠤᠨ ᠲᠤᠯᠠᠭᠠᠨ ᠠᠭᠤᠷ ᠠᠮᠢᠰᠬᠤᠯ ᠵᠢᠡᠷ ᠪᠢᠯᠬᠠᠵᠤ᠂ ᠬᠦᠮᠦᠰ᠎ᠤᠨ ᠴᠢᠷᠠᠢ ᠳ᠋ᠤ ᠪᠠᠶᠠᠷ ᠪᠠᠬᠠᠳᠤᠯ ᠬᠠᠯᠠᠮᠵᠢ ᠬᠠᠢᠷ᠎ᠠ ᠵᠢᠨ ᠮᠦᠰᠢᠶᠠᠯ ᠲᠤᠳᠤᠷᠠᠨ᠎ᠠ᠃


QQ截图20220117101624.jpg



《ᠰᠠᠷ᠎ᠡ ᠰᠢᠨ᠎ᠡ ᠤᠢᠷᠠᠳᠤᠯ᠎ᠠ᠂ ᠪᠢᠳᠡ ᠲᠠ ᠨᠠᠷ᠎ᠢ ᠪᠡᠨ ᠡᠷᠭᠢᠵᠤ ᠦᠵᠡᠬᠦ ᠪᠡᠷ ᠢᠷᠡᠯ᠎ᠡ》ᠭᠡᠵᠤ ᠠᠪᠠᠭ᠎ᠠ ᠬᠤᠰᠢᠭᠤᠨ᠎ᠤ 《ᠬᠠᠯᠠᠮᠵᠢ》 ᠨᠠᠰᠤᠳᠠᠢᠴᠤᠳ᠎ᠤᠨ ᠠᠰᠠᠷᠠᠮᠵᠢ ᠵᠢᠨ ᠦᠢᠯᠡᠴᠢᠯᠡᠭᠡᠨ᠎ᠤ ᠲᠦᠪ᠎ᠤᠨ ᠵᠠᠬᠢᠷᠤᠯ ᠽᠸᠤ ᠶᠠᠨ ᠸᠸᠨ ᠠᠬᠠᠮᠠᠳ ᠨᠠᠰᠤᠳᠠᠢᠴᠤᠳ ᠵᠢᠠᠨ ᠪᠤᠯᠭᠤᠭᠠᠨ ᠲᠤᠬᠤᠨᠢᠭᠤᠯᠵᠤ ᠶᠠᠪᠤᠨ᠎ᠠ᠃

《ᠰᠢᠨ᠎ᠡ ᠲᠢᠲᠢᠮᠯᠢᠭ ᠠᠭᠤᠰᠬᠢᠨ ᠦᠷᠪᠢᠰᠤᠯ᠎ᠤᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ ᠠᠵᠢᠯ᠎ᠢ ᠦᠷᠭᠦᠯᠵᠢᠯᠡᠨ ᠰᠠᠢᠳᠤᠷ ᠬᠢᠬᠦ ᠵᠢ ᠪᠠᠲᠤᠯᠠᠵᠤ᠂ ᠵᠢᠯ ᠪᠤᠯᠭᠠᠨ ᠵᠤᠷᠰᠢᠯ ᠶᠤᠰᠤᠭᠠᠷ ᠵᠤᠬᠢᠶᠠᠨ ᠪᠠᠢᠭᠤᠯᠳᠠᠭ 〈ᠬᠠᠯᠠᠮᠵᠢ〉 ᠵᠢᠨ ᠬᠦᠷᠢᠶᠡᠯᠡᠡᠭ᠎ᠤᠨ ᠬᠠᠮᠳᠤ ᠵᠢᠨ ᠵᠤᠭᠤᠭ ᠲᠠᠢᠯᠠᠯᠭ᠎ᠠ ᠵᠢᠨ ᠠᠵᠢᠯᠯᠠᠭ᠎ᠠ ᠵᠢ ᠬᠤᠪᠢᠷᠠᠭᠤᠯᠤᠭᠠᠳ ᠡᠷᠦᠬᠡ ᠪᠦᠷᠢ ᠳ᠋ᠤ ᠪᠤᠤᠽᠢ ᠬᠦᠷᠭᠡᠬᠦ ᠪᠡᠷ ᠪᠤᠯᠵᠤ᠂ ᠲᠠ ᠨᠠᠷ᠎ᠢ ᠪᠡᠨ ᠡᠷᠬᠢᠵᠦ ᠢᠷᠡᠯ᠎ᠠ》ᠭᠡᠵᠦ ᠽᠸᠤ ᠶᠠᠨ ᠸᠸᠨ ᠨᠠᠰᠤᠨ ᠰᠡᠭᠦᠳᠡᠷ 92 ᠬᠦᠷᠴᠤ ᠶᠠᠪᠤᠭ᠎ᠠ ᠠᠬᠠᠮᠠᠳ ᠨᠠᠮ᠎ᠤᠨ ᠭᠡᠰᠢᠭᠦᠨ ᠵᠢᠷᠠᠨᠳᠠᠢ ᠭᠤᠸᠠᠢ ᠯᠤᠭ᠎ᠠ ᠶᠠᠷᠢᠶ᠎ᠠ ᠬᠦᠭᠡᠷᠦᠭᠡ ᠪᠤᠯᠵᠤ ᠭᠠᠷᠤᠯ᠎ᠠ᠃

ᠵᠢᠷᠠᠨᠳᠠᠢ ᠨᠠᠰᠤᠳᠠᠨ᠄《ᠪᠢ ᠲᠤᠮᠳᠠᠳᠤ ᠤᠯᠤᠰ᠎ᠤᠨ ᠡᠪ ᠬᠠᠮᠳᠤ ᠨᠠᠮ ᠳ᠋ᠤ ᠡᠯᠰᠡᠭᠳᠡᠭᠡᠳ 72 ᠵᠢᠯ ᠪᠤᠯᠵᠤ ᠪᠠᠢᠨ᠎ᠠ᠃ ᠮᠢᠨᠤ ᠨᠢᠳᠤ ᠪᠡᠷ᠎ᠢᠶᠡᠨ ᠦᠵᠡᠵᠦ ᠪᠡᠶ᠎ᠡ ᠪᠡᠷ᠎ᠢᠶᠡᠨ ᠦᠩᠬᠡᠷᠡᠬᠦᠯᠦᠭᠰᠡᠨ ᠡᠨᠡ ᠵᠢᠷᠭᠠᠯᠳᠤ ᠠᠮᠢᠳᠤᠷᠠᠯ ᠪᠤᠯ ᠴᠦᠮ ᠨᠠᠮ᠎ᠤᠨ ᠮᠢᠨᠢ ᠠᠴᠢ ᠬᠦᠷᠳᠡᠭᠡᠯ ᠶᠤᠮ᠂ ᠲᠡᠢᠮᠤ ᠪᠤᠯᠬᠤᠷ ᠴᠠᠭ᠎ᠤᠨ ᠰᠠᠢᠬᠠᠨ ᠡᠨᠡ ᠠᠮᠢᠳᠤᠷᠠᠯ ᠵᠢᠠᠨ ᠪᠢᠳᠡ ᠤᠯᠠᠮ ᠨᠠᠨᠳᠢᠡᠭᠨᠠᠨ ᠬᠠᠢᠷᠠᠯᠠᠵᠤ ᠦᠭᠡᠳᠡ ᠨᠢ ᠲᠠᠳᠠᠬᠤ ᠤᠴᠢᠷᠲᠠᠢ ᠶᠤᠮ ᠳ᠋ᠠ》ᠭᠡᠳ ᠬᠠᠯᠠᠭᠤᠬᠠᠨ ᠪᠤᠤᠽᠢ ᠡᠴᠡ ᠠᠮᠳᠠᠷᠬᠠᠨ ᠢᠳᠡᠯ᠎ᠠ᠃

《ᠬᠠᠯᠠᠮᠵᠢ》ᠨᠠᠰᠤᠳᠠᠢᠴᠤᠳ᠎ᠤᠨ ᠠᠰᠠᠷᠠᠮᠵᠢ ᠵᠢᠨ ᠦᠢᠯᠡᠴᠢᠯᠡᠭᠡ ᠵᠢᠨ ᠲᠦᠪ ᠪᠠᠢᠭᠤᠯᠤᠭᠳᠠᠭᠰᠠᠨ ᠴᠠᠭ ᠡᠴᠡ ᠪᠡᠨ ᠠᠪᠤᠭᠠᠳ ᠪᠠᠶᠠᠷ ᠲᠤᠷᠠᠰᠬᠠᠯ᠎ᠤᠨ ᠡᠳᠦᠷ ᠪᠤᠯᠭᠠᠨ ᠦᠨᠳᠦᠰᠤᠳᠠᠨ᠎ᠤ ᠪᠦᠯᠬᠦᠮᠳᠡᠯ ᠲᠠᠪᠰᠢᠯᠳᠠ ᠵᠢ ᠠᠬᠢᠭᠤᠯᠬᠤ ᠠᠯᠢ ᠤᠯᠠᠨ ᠭᠤᠤᠯ ᠰᠡᠳᠤᠪᠳᠤ ᠠᠵᠢᠯᠯᠠᠭ᠎ᠠ ᠵᠢ ᠦᠷᠨᠢᠭᠦᠯᠦᠭᠰᠡᠭᠡᠷ ᠢᠷᠡᠭᠰᠡᠨ ᠪᠦᠭᠡᠳ ᠤᠳᠠᠭ᠎ᠠ ᠪᠦᠷᠢ ᠨᠠᠮ᠎ᠵᠠᠰᠠᠭ᠎ᠤᠨ ᠲᠦᠷᠦ ᠵᠢᠨ ᠪᠤᠳᠤᠯᠭ᠎ᠠ ᠬᠠᠢᠷ᠎ᠠ ᠬᠠᠯᠠᠮᠵᠢ ᠵᠢ ᠨᠠᠰᠤᠳᠠᠢᠴᠤᠳ ᠲᠠᠭᠠᠨ ᠲᠠᠮᠵᠢᠭᠤᠯᠵᠤ᠂ ᠲᠡᠳᠡ ᠨᠡᠷ᠎ᠤᠨ ᠦᠳᠡᠯᠦᠭᠡ ᠨᠠᠰᠤ ᠪᠡᠨ ᠠᠮᠤᠷ ᠵᠢᠷᠭᠠᠯᠳᠠᠢ ᠪᠡᠷ ᠦᠡᠭᠭᠡᠷᠡᠭᠦᠯᠬᠦ ᠳ᠋ᠤ ᠲᠠᠪᠠᠳᠠᠢ ᠰᠠᠢᠬᠠᠨ ᠨᠦᠬᠦᠴᠡᠯ ᠪᠤᠯᠤᠮᠵᠢ ᠵᠢ ᠪᠦᠷᠢᠯᠳᠦᠬᠦᠯᠵᠤ ᠦᠭᠬᠦ ᠪᠡᠷ ᠵᠤᠷᠢᠯᠳᠠ ᠪᠡᠨ ᠪᠤᠯᠭᠠᠵᠠᠢ᠃ ᠡᠭᠦᠨ ᠳ᠋ᠤ᠂ ᠲᠤᠰ ᠦᠢᠯᠡᠴᠢᠯᠡᠭᠡᠨ᠎ᠤ ᠲᠦᠪ᠎ᠤᠨ ᠨᠠᠰᠤᠳᠠᠢᠴᠤᠳ ᠴᠦᠮ ᠢᠳᠡᠪᠬᠢᠯᠡᠨ ᠤᠷᠤᠯᠴᠠᠳᠠᠭ ᠪᠤᠯᠬᠤᠷ 《ᠬᠠᠯᠠᠮᠵᠢ》 ᠵᠢᠨ ᠬᠦᠷᠢᠶᠡᠯᠡᠡᠭ ᠨᠡᠡᠭ ᠠᠵᠠ ᠵᠢᠷᠭᠠᠯ ᠵᠢᠠᠷ ᠪᠢᠯᠬᠠᠵᠤ᠂  ᠪᠠᠶᠠᠷ ᠪᠠᠶᠠᠰᠤᠯ ᠲᠠᠢ ᠵᠢᠷᠭᠠᠯ᠎ᠤᠨ ᠲᠤᠷᠭᠠᠨ ᠪᠠᠭᠤᠴᠠ ᠪᠤᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号