ᠬᠦᠬᠡᠮᠠᠨᠭᠬ᠎ᠠ ᠭᠠᠴᠠᠭᠠᠨ᠎ᠳ᠋ᠥ᠍ ᠰᠠᠭᠤᠭ᠎ᠠ ᠠᠵᠢᠯᠯᠠᠬᠤ ᠠᠩᠭᠢ 17 ᠮᠠᠯᠴᠢᠨ ᠠᠢᠯ᠎ᠳᠤ ᠬᠤᠳᠳᠤᠭ ᠦᠷᠦᠮᠳᠡᠵᠤ ᠦᠭᠪᠡ
2022-01-02 21:25:19
ᠵᠣᠬᠢᠶᠠᠭ᠍ᠴᠢ᠄
ᠡᠷᠳᠡᠨᠢᠵᠢᠷᠭᠠᠯ ᠴᠢᠮᠡᠬᠡᠯᠡᠭ᠌ᠴᠢ ᠪᠠᠶᠠᠨᠳᠠᠯᠠᠢ
ᠣᠩᠱᠢᠭ᠍ᠰᠠᠨ ᠣᠳᠠᠭ᠎ᠠ᠄
★★★☆☆

ᠦᠢᠷ᠎ᠠ᠎ᠵᠢᠨ ᠡᠲᠦᠷ᠂ ᠥᠣᠱᠢᠨ ᠬᠣᠱᠢᠭᠣᠨ᠎ᠦ ᠰᠥᠯᠳᠡ ᠰᠣᠮᠣ᠎ᠵᠢᠨ ᠬᠦᠬᠡᠮᠠᠩᠬ᠎ᠠ ᠭᠠᠴᠠᠭᠠᠨ᠎ᠳ᠋ᠥ᠍ ᠰᠠᠭᠤᠭ᠎ᠠ ᠠᠵᠢᠯᠯᠠᠬᠤ ᠠᠩᠭᠢ᠎ᠵᠢᠨ ᠬᠢᠨ 17 ᠮᠠᠯᠴᠢᠨ ᠠᠢᠯ ᠳ᠋ᠥ᠍ ᠬᠤᠳᠳᠤᠭ ᠦᠷᠦᠮᠲᠡᠵᠦ᠍᠂ ᠠᠮᠢᠲᠤᠷᠠᠯ᠎ᠦᠨ ᠬᠦᠴᠢᠷ ᠠᠰᠠᠭᠤᠲᠠᠯ ᠢ᠋ ᠰᠶ᠋ᠢᠳᠪᠦᠷᠢᠯᠡᠵᠦ᠍ ᠦᠭᠬᠦᠭᠡᠳ ᠤᠯᠠᠨ ᠲᠦᠮᠡᠨ᠎ᠤ ᠮᠠᠬᠳᠠᠭᠠᠯ ᠰᠠᠢᠰᠢᠶᠠᠯ ᠢ᠋ ᠤᠯᠵᠤ ᠪᠤᠢ᠃

2021ᠤᠨ᠎ᠳᠤ ᠭᠠᠩ ᠬᠠᠭ᠍ᠰᠠᠷᠠᠭᠠᠨ ᠡᠴᠨ ᠪᠣᠯᠵᠤ᠂ ᠬᠥᠬᠡᠮᠠᠩᠬ᠎ᠠ ᠭᠠᠴᠠᠭᠠᠨ᠎ᠦ ᠬᠡᠰᠡᠭ ᠡᠷᠦᠬᠡ᠎ᠵᠢᠨ ᠤᠰᠤ ᠬᠡᠷᠡᠭ᠌ᠯᠡᠬᠦ᠌ ᠬᠡᠷᠡᠭ᠌ᠴᠡᠭᠡ ᠱᠠᠭᠠᠷᠳᠠᠯᠭ᠎ᠠ᠎ᠶ᠋ᠢ ᠨᠦᠯᠦᠭᠡᠯᠡᠭ᠌ᠰᠡᠨ ᠪᠠᠢ᠌ᠳᠠᠯ᠎ᠢ ᠳᠤᠰ ᠭᠠᠴᠠᠭᠠᠨ᠎ᠳ᠋ᠥ᠍ ᠰᠠᠭᠤᠭ᠎ᠠ ᠠᠵᠢᠯᠯᠠᠬᠤ ᠠᠩᠭᠢ ᠡᠷᠦᠬᠡ ᠪᠠᠷ ᠭᠦᠨᠵᠡᠭᠡᠢᠷᠡᠨ ᠣᠢ᠌ᠯᠠᠭᠠᠬ᠍ᠰᠠᠨ᠎ᠦ ᠲᠠᠷᠠᠭ᠎ᠠ᠂ ᠲᠠᠷᠤᠢ ᠲᠦᠷᠭᠡᠨ ᠬᠤᠱᠢᠭᠤ ᠰᠤᠮᠤᠨ᠎ᠦ ᠤᠰᠤᠨ ᠠᠱᠢᠭ᠍ᠯᠠᠯᠲᠠ᠎ᠵᠢᠨ ᠪᠠᠢᠭᠤᠯᠭ᠎ᠠ ᠨᠢᠭᠡᠴᠢ ᠲᠠᠢ ᠬᠠᠷᠢᠯᠴᠠᠵᠦ᠍᠂ ᠤᠷᠢᠳ ᠬᠤᠵᠢᠳ ᠨᠡᠢᠲᠡ 17 ᠡᠷᠦᠬᠡ᠎ᠳ᠋ᠥ᠍ ᠬᠤᠤᠡᠲᠤᠭ ᠦᠷᠦᠮᠲᠡᠨ᠂ ᠮᠠᠯᠴᠢᠨ ᠲᠠᠷᠢᠶᠠᠴᠢᠨ᠎ᠦ ᠦᠢᠯᠡᠳᠪᠦᠷᠢᠯᠡᠯ ᠠᠮᠢᠲᠤᠷᠠᠯ᠎ᠢ ᠪᠠᠲᠤᠯᠠᠬ᠍ᠰᠠᠨ ᠪᠠᠢ᠌ᠨ᠎ᠠ᠃ ᠳᠣᠰ ᠠᠵᠢᠯᠯᠠᠬᠤ ᠠᠩᠭᠢ᠎ᠵᠢᠨ ᠪᠠᠭ᠎ᠠ ᠶᠠᠪᠤᠲᠠᠯ᠎ᠡᠴᠨ ᠭᠠᠷᠳᠠᠵᠤ᠂ ᠣᠯᠠᠨ ᠲᠦᠮᠡᠨ᠎ᠳ᠋ᠥ᠍ ᠪᠥᠬᠦ᠌ ᠰᠡᠳᠭᠢᠯ ᠪᠥᠬᠦ᠌ ᠵᠣᠷᠢᠭ᠎ᠶ᠋ᠢᠡᠷ᠎ᠶ᠋ᠢᠡᠨ ᠪᠣᠳᠠᠲᠤ ᠠᠵᠢᠯ ᠬᠢᠵᠤ ᠦᠭᠬᠦᠭ᠌ᠰᠡᠨ ᠶᠠᠪᠣᠳᠠᠯ᠎ᠨᠢ 《ᠤᠯᠠᠨ ᠲᠦᠮᠡᠨ ᠳ᠋ᠤ ᠪᠤᠳᠠᠳᠤ ᠶᠠᠪᠤᠳᠠᠯ ᠬᠢᠵᠤ ᠦᠭᠬᠦ》ᠦᠢᠯᠡᠳᠦᠯᠭᠡ ᠵᠢᠨ ᠠᠵᠢᠯᠯᠠᠭ᠎ᠠ ᠵᠢᠨ ᠪᠤᠳᠠᠳᠤ ᠢᠯᠡᠷᠡᠯ ᠪᠤᠯᠤᠬᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号