— ᠪᠠᠭᠰᠢ ᠡ᠂ ᠡᠨᠡ ᠪᠠᠳᠠᠭ
ᠲᠠᠭᠤᠤ ᠵᠢ ᠢᠩᠬᠢᠵᠦ ᠲᠠᠭᠤᠯᠠᠪᠠᠯ ᠪᠤᠯᠤᠨ᠎ᠠ ᠤᠤ ? ᠪᠢ ᠬᠡᠷᠲᠤ ᠪᠠᠨ ᠨᠠᠯᠢᠶᠠᠳ
ᠤᠳᠠᠭᠠᠨ ᠪᠤᠯᠪᠠᠰᠤᠷᠠᠭᠰᠠᠨ᠂ ᠲᠠ ᠰᠤᠨᠤᠰᠴᠦ ᠦᠵᠠᠨ᠎ᠠ ᠤᠤ ?
ᠲᠠᠭᠤᠤ ᠤᠷᠠᠯᠢᠭᠲᠤ ᠠᠪᠢᠶᠠᠰᠯᠢᠭ ᠴᠸᠨ ᠢ ᠫᠢᠩ ᠰᠤᠷᠤᠯᠭ᠎ᠠ ᠬᠢᠴᠢᠶᠠᠯ ᠡᠴᠡ ᠪᠠᠨ ᠭᠠᠳᠠᠨ᠎ᠠ ᠰᠤᠯᠠ
ᠰᠡᠯᠡᠬᠦᠦ ᠴᠠᠭ ᠲᠸ᠋ ᠪᠠᠨ ᠲᠠᠭᠤᠤ ᠪᠤᠯᠪᠠᠰᠤᠷᠠᠳᠠᠭ᠃ ᠲᠡᠷᠡ ᠤᠳᠤ ᠤᠯᠠᠭᠠᠨᠬᠠᠲᠠ ᠬᠤᠲᠠ ᠵᠢᠨ ᠮᠤᠩᠭᠤᠯ ᠦᠨᠳᠦᠰᠦᠲᠠᠨᠤ
ᠪᠠᠭ᠎ᠠ ᠰᠤᠷᠭᠠᠭᠤᠯᠢ ᠵᠢᠨ 6.1
ᠠᠩᠬᠢᠳᠤ ᠰᠤᠷᠤᠯᠴᠠᠵᠦ
ᠪᠤᠢ᠃ ᠨᠢᠭᠡᠳᠦᠭᠡᠷ ᠤᠨ ᠡᠴᠡ ᠪᠠᠨ ᠡᠬᠢᠯᠡᠵᠦ ᠲᠠᠭᠤᠤ ᠵᠢᠨ ᠪᠠᠭᠰᠢ ᠪᠠᠨ ᠲᠠᠭᠠᠵᠦ ᠲᠠᠭᠤᠤ ᠬᠦᠭᠵᠢᠮᠤᠨ ᠪᠤᠯᠪᠠᠰᠤᠷᠠᠯ
ᠬᠦᠷᠳᠡᠭᠰᠡᠨ ᠲᠡᠷᠡ ᠪᠡᠷ ᠬᠡᠳᠦᠨ ᠵᠢᠯᠤᠨ ᠰᠤᠷᠤᠯᠴᠠᠯᠭ᠎ᠠ ᠪᠤᠯᠪᠠᠰᠤᠷᠠᠯ ᠵᠢᠡᠷ ᠲᠠᠮᠵᠢᠨ ᠤᠷᠳᠤ ᠵᠢᠨ ᠲᠠᠭᠤᠤ᠂
ᠤᠶᠠᠩᠭ᠎ᠠ ᠵᠢᠨ ᠲᠠᠭᠤᠤ ᠵᠡᠷᠭᠡ ᠵᠢ ᠰᠤᠷᠴᠦ ᠤᠷᠠᠨ ᠬᠤᠭᠤᠯᠠᠢ ᠪᠡᠷ ᠤᠯᠠᠨᠢᠶᠡᠨ ᠪᠠᠶᠠᠰᠬᠠᠵᠦ ᠶᠠᠪᠤᠨ᠎ᠠ᠃

ᠲᠦᠮᠡᠨ ᠶᠠᠪᠤᠳᠠᠯᠤᠨ ᠲᠦᠷᠦᠭᠦᠦ ᠠᠯᠬᠤᠮ ᠨᠢ ᠬᠦᠴᠢᠷ ᠭᠡᠳᠡᠭᠢᠶᠡᠷ ᠲᠠᠭᠤᠤ ᠬᠦᠭᠵᠢᠮ ᠰᠤᠷᠤᠬᠰᠠᠨ
ᠡᠬᠢᠨᠤ ᠬᠡᠳᠦᠨ ᠵᠢᠯᠳᠤ ᠪᠠᠨ ᠴᠸᠨ ᠢ ᠫᠢᠩ ᠮᠠᠰᠢ ᠬᠦᠴᠢᠷᠳᠠᠵᠡᠢ᠃ ᠨᠤᠲᠢᠶᠡᠨ ᠴᠡᠭᠡᠵᠢᠯᠡᠵᠦ ᠲᠡᠢᠯᠭᠦ ᠦᠭᠡᠢ᠂
ᠤᠨᠤᠪᠴᠢᠳᠠᠢ ᠲᠠᠭᠤᠯᠠᠵᠤ ᠴᠢᠳᠠᠬᠤ ᠦᠭᠡᠢ ᠁ ᠭᠡᠪᠡᠴᠦ ᠲᠤᠷ᠎ᠠ ᠳ᠋ᠤ ᠰᠢᠷ᠎ᠡ ᠦᠭᠡᠢ ᠭᠡᠳᠡᠭᠴᠢᠯᠡᠨ ᠲᠡᠷᠡ ᠤᠷᠳᠤ
ᠵᠢᠨ ᠲᠠᠭᠤᠤ ᠲᠠᠭᠤᠯᠠᠬᠤ ᠤᠷ᠎ᠠ ᠮᠡᠷᠭᠡᠵᠢᠯᠢ ᠰᠠᠢᠠ ᠰᠤᠷᠬᠤ ᠵᠢᠨ ᠲᠤᠰᠠᠲᠠ ᠴᠠᠭ ᠯᠠ ᠭᠠᠷᠪᠠᠯ ᠰᠤᠷᠭᠠᠭᠤᠯᠢ
ᠵᠢᠨ ᠵᠢᠡᠨ ᠪᠤᠯᠪᠠᠰᠤᠷᠠᠯᠤᠨ ᠦᠷᠦᠭᠡᠨᠳᠤ ᠲᠠᠭᠤᠤ ᠪᠠᠨ ᠪᠤᠯᠪᠠᠰᠤᠷᠠᠨ᠂ ᠵᠠᠷᠢᠮᠳᠤ ᠪᠠᠨ ᠦᠳᠠ ᠤᠷᠤᠢ ᠵᠢᠨ
ᠬᠤᠭᠤᠯᠠ ᠪᠠᠨᠴᠤ ᠢᠳᠡᠬᠦ ᠪᠠᠨ ᠮᠠᠷᠳᠠᠴᠢᠬᠠᠳᠠᠭ ᠭᠡᠨ᠎ᠠ᠃
— ᠴᠸᠨ ᠢ ᠫᠢᠩ ᠮᠠᠰᠢ
ᠴᠢᠷᠮᠠᠢᠳᠠᠭ᠂ ᠪᠤᠯᠪᠠᠰᠤᠷᠠᠯ ᠵᠢᠡᠷ ᠲᠠᠮᠵᠢᠨ ᠬᠤᠭᠤᠯᠠᠢ ᠵᠢᠨ ᠦᠩᠭᠡ ᠨᠢ ᠤᠯᠠᠮ ᠡᠴᠡ ᠤᠯᠠᠮ ᠲᠤᠩᠭᠠᠯᠠᠭ ᠰᠠᠢᠬᠠᠨ
ᠪᠤᠯᠵᠦ᠂ ᠤᠷᠳᠤ ᠵᠢᠨ ᠲᠠᠭᠤᠤ ᠲᠠᠭᠤᠯᠠᠬᠤ ᠦᠪᠡᠷᠤᠨ ᠬᠡᠰᠡᠨ ᠤᠨᠴᠠᠯᠢᠭ ᠲᠠᠢ ᠪᠤᠯᠪᠠ᠃ ᠡᠬᠦᠨ ᠡᠴᠡ ᠭᠠᠳᠠᠨ᠎ᠠ
ᠲᠡᠷᠡ ᠰᠤᠷᠤᠯᠭ᠎ᠠ ᠪᠠ ᠲᠤᠷ᠎ᠠ ᠰᠤᠨᠢᠷᠬᠠᠯ ᠵᠢᠡᠨ ᠮᠠᠰᠢ ᠰᠠᠢᠬᠠᠨ ᠵᠤᠬᠢᠴᠠᠭᠤᠯᠵᠦ ᠴᠢᠳᠠᠳᠠᠭ᠂ ᠲᠠᠭᠤᠤ ᠬᠦᠭᠵᠢᠮ
ᠪᠤᠯᠪᠠᠰᠤᠷᠠᠨ᠎ᠠ ᠬᠡᠳ ᠰᠤᠷᠤᠯᠭ᠎ᠠ ᠪᠠᠨ ᠶᠠᠷᠦ ᠨᠦᠯᠦᠭᠡᠯᠡᠳᠡᠭ ᠦᠭᠡᠢ᠃ ᠰᠤᠯᠠ ᠴᠠᠭ ᠭᠠᠷᠪᠠᠯ ᠪᠤᠰᠤᠳ ᠬᠠᠮᠳᠤ
ᠰᠤᠷᠤᠯᠭᠠᠳᠠᠨ ᠵᠢᠡᠨ ᠴᠸ᠋ ᠬᠠᠪᠰᠤᠷᠴᠦ ᠲᠡᠮᠵᠢᠳᠡᠭ ᠬᠡᠵᠦ ᠲᠠᠭᠤᠤ ᠵᠢᠨ ᠪᠠᠭᠰᠢ ᠨᠢ ᠵᠤ᠌ ᠲᠤᠶᠠᠭ᠎ᠠ ᠶᠠᠷᠢᠨ᠎ᠠ᠃
《ᠰᠠᠨᠠᠵᠦ ᠶᠠᠪᠤᠪᠠᠯ
ᠪᠦᠳᠦᠨ᠎ᠠ ᠰᠠᠵᠢᠯᠠᠵᠦ ᠶᠠᠪᠤᠪᠠᠯ ᠬᠦᠷᠦᠨ᠎ᠠ》 ᠬᠡᠳᠡᠭ ᠵᠢᠡᠷ᠂ ᠲᠡᠷᠡ ᠰᠢᠷᠭᠠᠭᠤ
ᠴᠢᠷᠮᠠᠢᠭᠰᠠᠨᠤ ᠬᠠᠷᠢᠭᠤᠳᠤ ᠶᠡᠭᠡ ᠪᠠᠭ᠎ᠠ ᠤᠷᠤᠯᠳᠤᠭᠠᠨᠳᠤ ᠤᠯᠠᠨ ᠱᠠᠩᠨᠠᠯ ᠬᠦᠬᠢᠬᠦᠯᠦᠯ ᠲᠤᠰᠪᠠ᠃ 2019 ᠤᠨᠤ ᠪᠦᠬᠦ ᠤᠯᠤᠰᠤᠨ ᠵᠠᠯᠠᠭᠤᠴᠤᠳ ᠪᠠᠭᠠᠴᠤᠳᠤᠨ
ᠰᠤᠷᠭᠠᠭᠤᠯᠢ ᠵᠢᠨ ᠬᠦᠷᠢᠶᠠᠨᠤ ᠤᠷᠠᠯᠢᠭᠤᠨ ᠦᠵᠡᠬᠦᠯᠭᠡᠳᠤ ᠠᠯᠳᠠᠨ ᠱᠠᠩᠨᠠᠯ᠂ 2020 ᠤᠨᠤ ᠲᠤᠮᠳᠠᠳᠤ ᠤᠯᠤᠰᠤᠨ ᠰᠤᠷᠭᠠᠨ ᠬᠦᠮᠦᠵᠢᠯᠤᠨ
ᠲᠸᠯᠸᠢᠰ ᠬᠤᠷᠢᠶᠠᠨᠤ ᠰᠢᠨ᠎ᠠ ᠵᠢᠯ ᠵᠢᠡᠨ ᠤᠭᠳᠤᠬᠤ ᠫᠷᠤᠭ᠌ᠷᠡᠮ ᠳ᠋ᠤ ᠬᠠᠮᠳᠤ ᠨᠢᠭᠡᠴᠢᠶᠢᠨ ᠰᠢᠯᠢᠳᠡᠭ ᠱᠠᠩᠨᠠᠯ᠂ 2018 ᠤᠨᠤ ᠪᠦᠬᠦ ᠤᠯᠤᠰᠤᠨ ᠵᠠᠯᠠᠭᠤᠴᠤᠳ ᠪᠠᠭᠠᠴᠤᠳᠤᠨ ᠤᠷᠠᠯᠢᠭᠤᠨ ᠴᠤᠭᠯᠠᠭᠠᠨᠤ ᠦᠪᠦᠷ
ᠮᠤᠩᠭᠤᠯᠤᠨ ᠰᠢᠭᠰᠢᠭᠡ ᠤᠷᠤᠯᠳᠤᠭᠠᠨᠤ ᠠᠯᠳᠠᠨ ᠱᠠᠩᠨᠠᠯ ᠵᠡᠷᠭᠡ ᠵᠢ ᠬᠦᠷᠳᠡᠵᠦ᠂ ᠰᠢᠯᠢᠳᠡᠭ ᠰᠠᠢᠨ ᠬᠢᠷᠢ ᠪᠦᠳᠦᠮᠵᠢ
ᠪᠡᠷᠢᠶᠡᠨ ᠠᠴᠢᠳᠤ ᠪᠠᠭᠰᠢ ᠠᠬᠠᠰ ᠵᠠᠬᠠᠰ ᠵᠢᠡᠨ ᠪᠠᠶᠠᠷᠯᠠᠭᠤᠯᠪᠠ᠃
— ᠲᠠᠭᠤᠤ ᠬᠦᠭᠵᠢᠮ ᠲᠠᠢ
ᠨᠠᠢᠵᠠᠯᠠᠭᠰᠠᠨ ᠡᠴᠡ ᠦᠬᠢᠨᠤ ᠮᠢᠨᠢ ᠵᠠᠩ ᠠᠭᠠᠯᠢ ᠨᠢᠴᠤ ᠶᠡᠭᠡ ᠬᠤᠪᠢᠷᠠᠯᠲᠠ ᠭᠠᠷᠴᠠᠢ᠃ ᠤᠤᠯ ᠨᠢ ᠦᠭᠡ ᠲᠠᠭᠤ
ᠴᠦᠬᠡᠨ᠂ ᠪᠤᠰᠤᠳ ᠲᠠᠢ ᠬᠠᠷᠢᠯᠴᠠᠬᠤ ᠲᠤᠷ᠎ᠠ ᠦᠭᠡᠢ ᠪᠠᠢᠳᠠᠭ᠂ ᠤᠳᠤ ᠬᠠᠷᠢᠨ ᠮᠠᠰᠢ ᠲᠡᠭᠵᠢᠨ ᠴᠤᠪᠤᠭᠤᠯᠢᠭ ᠪᠤᠯᠵᠦ᠂
ᠰᠤᠷᠤᠯᠴᠠᠬᠤ ᠤᠷᠮ᠎ᠠ ᠪᠠᠬ᠎ᠠ ᠲᠠᠢ ᠪᠤᠯᠤᠭᠰᠠᠨ ᠬᠡᠵᠦ ᠴᠸᠨ ᠢ ᠫᠢᠩᠤᠨ ᠡᠵᠢ ᠨᠢ ᠪᠠᠶᠠᠷᠳᠠᠢᠬᠠᠨ ᠤᠴᠢᠷᠯᠠᠨ᠎ᠠ᠃