《ᠠᠷᠠᠳ ᠤ᠋ᠨ ᠵᠤᠪᠠᠨᠢᠯ ᠢ᠋ ᠪᠢ ᠯᠠᠪᠲᠠᠢ ᠪᠤᠳᠤᠨ᠎ᠠ; ᠠᠷᠠᠳ ᠤ᠋ᠨ ᠬᠦᠰᠡᠯ ᠢ᠋ ᠪᠡᠶᠡᠯᠡᠭᠦᠯᠬᠦ ᠪᠡᠷ ᠪᠢ ᠵᠠᠪᠠᠯ ᠴᠢᠷᠮᠠᠢᠨ᠎ᠠ》᠃ ᠶᠡᠷᠦᠩᠬᠡᠢ
ᠱᠦᠵᠢ ᠰᠢ ᠵᠢᠨ ᠫᠢᠩ 2022 ᠣᠨᠤ ᠱᠢᠨ᠎ᠡ ᠵᠢᠯ ᠦᠨ ᠪᠠᠶᠠᠷ ᠤᠨ ᠦᠭᠡ ᠳᠡᠭᠡᠨ ᠠᠷᠠᠳᠤᠨ ᠠᠮᠢᠳᠤᠷᠠᠯ
ᠢ ᠰᠡᠳᠭᠢᠯ ᠳᠡᠭᠡᠨ ᠪᠤᠳᠤᠵᠥ᠍᠂ ᠲᠦᠭ ᠲᠦᠮᠡᠨ ᠠᠢᠯ ᠡᠷᠦᠬᠡ ᠶ᠋ᠢ ᠰᠡᠳᠭᠢᠯ ᠳᠡᠭᠡᠨ ᠪᠤᠳᠤᠵᠥ᠍ ᠶᠠᠷᠢᠬᠰᠠᠨ ᠪᠠᠢᠨ᠎ᠠ᠃ ᠡᠨᠡ ᠬᠦ᠌ ᠴᠢᠩ ᠦᠨᠡᠨᠴᠢ ᠦᠭᠡ ᠨᠢ ᠮᠠᠨ ᠤ ᠨᠠᠮ ᠤᠨ ᠤᠳᠤᠮᠰᠢᠯ ᠤᠯᠠᠮᠵᠢᠯᠠᠯ
ᠨᠢᠭᠡᠲᠡᠢ ᠠᠷᠠᠳ ᠲᠦᠮᠡᠨ ᠦ ᠵᠣᠭ᠍ᠰᠣᠯᠲᠠ᠂ ᠦᠷᠭᠦᠯᠵᠢᠲᠡ ᠢ᠋ᠢᠨ ᠴᠢᠩ ᠦᠨᠡᠨᠴᠢ ᠬᠠᠢᠷ᠎ᠠ ᠰᠡᠳᠭᠢᠯᠭᠡ᠂ ᠢᠮᠠᠭ᠍ᠲᠠ
ᠶ᠋ᠢᠨ ᠦᠷᠳᠡᠭ ᠦᠨ ᠬᠥᠭᠡᠭᠡᠴᠡᠯᠳᠦᠯ ᠢ ᠭᠦᠨᠵᠡᠭᠡᠢ ᠢᠯᠡᠷᠡᠭᠦᠯᠵᠡᠢ᠃
ᠲᠥᠷᠥ᠍ ᠵᠠᠰᠠᠭ
ᠪᠣᠯ ᠳᠠᠷᠤᠶ ᠠᠷᠠᠳ ᠲᠦᠮᠡᠨ ᠮᠦᠨ᠂ ᠠᠷᠠᠳ ᠲᠦᠮᠡᠨ ᠪᠣᠯ ᠲᠠᠷᠤᠢ ᠲᠥᠷᠥ᠍ ᠵᠠᠰᠠᠭ ᠮᠦᠨ᠃ ᠨᠠᠮ ᠡᠴᠡ ᠠᠷᠠᠳ ᠲᠦᠮᠡᠨᠢ ᠪᠦᠯᠬᠦᠮᠳᠡᠭᠦᠯᠦᠨ ᠳᠠᠭᠠᠭᠤᠯᠵᠤ᠂ ᠬᠤᠪᠢᠰᠭᠠᠯ᠂
ᠪᠦᠳᠦᠭᠡᠨ ᠪᠠᠢᠭᠤᠯᠤᠯᠲᠠ᠂ ᠥᠭᠡᠷᠡᠴᠢᠯᠡᠯᠲᠡ ᠬᠢᠭ᠌ᠰᠡᠨ ᠦ ᠦᠨᠳᠦᠰᠦᠨ ᠵᠣᠷᠢᠯᠭ᠎ᠠ ᠨᠢ ᠳᠠᠷᠤᠢ ᠠᠷᠠᠳ ᠲᠦᠮᠡᠨᠢ ᠰᠠᠢ᠌ᠨ ᠰᠠᠢᠬᠠᠨ ᠠᠮᠢᠳᠤᠷᠠᠭᠤᠯᠬᠤᠶ᠋ᠢᠨ ᠲᠥᠯᠥᠭᠡ
ᠪᠠᠢᠵᠦ᠂ ᠠᠷᠠᠳ ᠲᠦᠮᠡᠨ ᠳᠤᠮᠳᠠᠳᠤ ᠤᠯᠤᠰᠤᠨ ᠡᠪ ᠬᠠᠮᠲᠤ ᠨᠠᠮ ᠢ ᠴᠢᠩ ᠰᠡᠳᠭᠢᠯ ᠡᠴᠡᠪᠡᠨ ᠬᠦᠷᠢᠶᠡᠯᠡᠵᠦ᠍
ᠪᠠᠢᠭ᠎ᠠ ᠨᠢ ᠲᠠᠷᠤᠢ ᠳᠤᠮᠳᠠᠳᠤ ᠤᠯᠤᠰ ᠤᠨ ᠡᠪ ᠬᠠᠮᠲᠤ ᠨᠠᠮ ᠢᠮᠠᠭ᠍ᠲᠠ ᠪᠦᠬᠦ᠌ ᠰᠡᠳᠭᠢᠯ ᠪᠦᠬᠦ᠌ ᠵᠣᠷᠢᠭ ᠢᠶᠠᠷ
ᠢᠶᠠᠨ ᠠᠷᠠᠳ ᠲᠦᠮᠡᠨ ᠳᠦ ᠦᠢᠯᠡᠴᠢᠯᠡᠵᠦ᠍᠂ ᠦᠨᠳᠦᠰᠦᠲᠡᠨᠨᠦᠭᠦᠳᠲᠦ ᠵᠣᠯ ᠵᠢᠷᠭᠠᠯ ᠣᠯᠭᠣᠵᠤ ᠪᠠᠢᠬᠤ ᠡᠴᠡ ᠪᠣᠯᠤᠭ᠍ᠰᠠᠨ ᠶᠤᠮ᠃
ᠠᠷᠠᠳ ᠲᠦᠮᠡᠨ ᠢ᠋ ᠵᠤᠯ ᠵᠢᠷᠭᠠᠯ ᠲᠠᠢ ᠠᠮᠢᠳᠤᠷᠠᠭᠤᠯᠬᠤ ᠪᠤᠯ《ᠤᠯᠤᠰᠤᠨ ᠶᠡᠬᠡ ᠶᠠᠪᠤᠳᠠᠯ》 ᠶᠤᠮ᠃ ᠨᠠᠮ ᠤ᠋ᠨ ᠬᠡᠰᠢᠭᠦᠨ ᠺᠠᠳ᠋ᠷᠴᠤᠳ ᠠᠷᠠᠳ ᠲᠦᠮᠡᠨ ᠢ᠋ ᠢᠮᠠᠭ᠍ᠲᠠ ᠰᠡᠳᠭᠢᠯ ᠵᠢᠷᠦᠬᠡᠨ ᠦ ᠪᠡᠨ ᠬᠠᠮᠤᠭ ᠤᠨ ᠳᠡᠭᠡᠳᠦ
ᠪᠠᠢᠷᠢᠨ ᠳᠤ ᠲᠠᠯᠪᠢᠵᠤ᠂ ᠠᠷᠠᠳ ᠲᠦᠮᠡᠨ ᠦ ᠰᠠᠢᠨ ᠰᠠᠢᠬᠠᠨ ᠠᠮᠢᠳᠤᠷᠠᠯ ᠤᠨ ᠬᠦᠰᠡᠯ ᠡᠷᠡᠮᠡᠯᠵᠡᠯᠢᠶᠡᠷ
ᠲᠡᠮᠡᠴᠡᠬᠦ᠌ ᠬᠠᠷᠠᠯᠲᠠ ᠪᠠᠨ ᠪᠣᠯᠭᠠᠵᠦ᠂ ᠪᠦᠬᠦ᠌ ᠰᠡᠳᠭᠢᠯ ᠪᠦᠬᠦ᠌ ᠵᠣᠷᠢᠭ ᠢᠶᠠᠷ ᠢᠶᠠᠨ ᠠᠷᠠᠳ ᠲᠦᠮᠡᠨ
ᠳᠤ ᠦᠶ᠋ᠯᠡᠴᠢᠯᠡᠬᠦ ᠶᠤᠰᠤᠳᠠᠢ; ᠠᠷᠠᠳ ᠲᠦᠮᠡᠨ
ᠳᠦ ᠦᠢᠯᠡᠴᠢᠯᠡᠬᠦ᠌ ᠳᠤᠮᠳᠠ ᠠᠷᠠᠳ ᠲᠦᠮᠡᠨᠢ ᠬᠠᠢᠷᠠᠯᠠᠬᠤ ᠰᠡᠳᠭᠢᠯ ᠢ᠋ᠢᠡᠨ ᠵᠤᠵᠠᠭᠠᠳᠭᠠᠵᠤ᠂ ᠠᠷᠠᠳ ᠲᠦᠮᠡᠨᠦ ᠲᠥᠯᠥᠭᠡ ᠰᠠᠨᠠᠭᠠᠱᠢᠷᠠᠬᠤ
ᠰᠡᠳᠭᠢᠯᠭᠡᠪᠡᠨ ᠵᠤᠵᠠᠭᠠᠳᠬᠠᠨ᠂ ᠠᠷᠠᠳ ᠲᠦᠮᠡᠨ ᠦ ᠲᠥᠯᠥᠭᠡ ᠵᠢᠳᠬᠦᠬᠦ ᠬᠠᠢᠷ᠎ᠠ ᠰᠡᠳᠬᠢᠯᠭᠡ ᠪᠠᠨ ᠵᠤᠵᠠᠭᠠᠳᠬᠠᠵᠦ᠂ ᠤᠯᠠᠨ ᠲᠦᠮᠡᠨ ᠦ ᠬᠦᠰᠡᠯ ᠱᠠᠭᠠᠷᠳᠠᠯᠭ᠎ᠠ
ᠶ᠋ᠢ ᠬᠦᠯᠢᠴᠡᠩᠭᠦᠢ ᠪᠡᠷ ᠰᠣᠨᠣᠰᠴᠤ᠌᠂ ᠤᠯᠠᠨ ᠲᠦᠮᠡᠨ ᠦ ᠰᠠᠨᠠᠭᠤᠯᠭ᠎ᠠ ᠶ᠋ᠢ ᠨᠠᠷᠢᠨ ᠬᠢᠨᠠᠮᠠᠭᠠᠢ ᠲᠡᠮᠳᠡᠭ᠌ᠯᠡᠵᠦ᠍᠂
ᠤᠯᠠᠨ ᠲᠦᠮᠡᠨ ᠦ ᠬᠦᠴᠢᠷᠲᠡᠯ ᠢ ᠰᠡᠳᠭᠢᠯ ᠲᠠᠯᠪᠢᠨ ᠱᠢᠢᠳᠪᠦᠷᠢᠯᠡᠵᠦ᠍᠂ ᠠᠷᠠᠳ ᠲᠦᠮᠡᠨ ᠦ ᠶᠠᠪᠤᠳᠠᠯ ᠢ
ᠨᠢᠭᠡᠳ ᠨᠢᠭᠡ ᠪᠡᠷ ᠨᠠᠷᠢᠯᠢᠭ᠂ ᠪᠣᠳᠠᠲᠠᠢ᠂ ᠰᠠᠢᠲᠤᠷ ᠬᠢᠬᠦ᠌ ᠴᠢᠬᠤᠯᠠᠳᠠᠢ; ᠠᠷᠠᠳ ᠢᠷᠭᠡᠳ
ᠬᠦᠰᠡᠯ ᠱᠠᠭᠠᠷᠳᠠᠯᠭᠠᠲᠠᠶ ᠪᠣᠯ ᠨᠠᠮ ᠤ᠋ᠨ ᠬᠡᠰᠢᠭᠦᠨ
ᠺᠠᠳ᠋ᠷᠴᠤᠳ ᠬᠠᠷᠢᠭᠤ ᠲᠤᠰᠭᠠᠯᠲᠠᠶ ᠪᠠᠢᠵᠦ᠂ ᠠᠷᠠᠳ ᠤᠯᠠᠨ ᠬᠦᠰᠡᠯ ᠡᠷᠡᠮᠡᠯᠵᠡᠯᠲᠡᠶ ᠪᠠᠢᠪᠠᠯ ᠨᠠᠮ ᠤ᠋ᠨ ᠬᠡᠰᠢᠭᠦᠨ ᠺᠠᠳ᠋ᠷᠴᠤᠳ ᠵᠢᠳᠬᠦᠯ ᠴᠢᠷᠮᠠᠢᠯᠭᠠᠲᠠᠶ ᠪᠠᠢᠵᠦ᠂《ᠬᠦᠴᠢᠷᠲᠡᠢ》ᠠᠵᠢᠯ ᠤᠨ ᠪᠠᠢᠷᠢ
ᠳᠡᠭᠡᠷᠡᠪᠡᠶᠡᠪᠡᠨ ᠬᠠᠲᠠᠭᠤᠵᠢᠭᠤᠯᠵᠤ᠂ ᠡᠷᠡᠰ ᠪᠠᠲᠤ ᠤᠤᠷ ᠴᠢᠨᠠᠷᠢᠶᠠᠨ ᠢᠯᠡᠷᠡᠭᠦᠯᠤᠨ᠂ ᠦᠨᠡᠨ ᠬᠦ᠌ ᠠᠳᠭᠤᠵᠤ
ᠪᠣᠳᠠᠲᠠᠢ ᠠᠵᠢᠯᠯᠠᠬᠤ ᠳᠤᠮᠳᠠ ᠬᠠᠷᠢᠭᠤᠴᠠᠯᠭ᠎ᠠ ᠡᠭᠦᠷᠭᠡᠯᠡᠨ ᠵᠢᠳᠬᠦᠯ ᠴᠢᠷᠮᠠᠢᠯᠭ᠎ᠠ ᠭᠠᠷᠭᠠᠬᠤ
ᠬᠡᠷᠡᠭᠲᠡᠢ ᠃
ᠠᠷᠠᠳ ᠤ᠋ᠨ ᠰᠡᠳᠬᠢᠯ ᠪᠤᠯ ᠬᠠᠮᠤᠭ ᠤ᠋ᠨ ᠶᠡᠬᠡ ᠤᠯᠤᠰ ᠲᠦᠷᠦ ᠮᠦᠨ᠃ ᠪᠢᠳᠡ ᠪᠦᠬᠦ᠌ ᠰᠡᠳᠭᠢᠯ ᠪᠦᠬᠦ᠌
ᠵᠣᠷᠢᠭ ᠢᠶᠠᠷ ᠢᠶᠠᠨ ᠠᠷᠠᠳ ᠲᠦᠮᠡᠨᠳᠦ ᠦᠢᠯᠡᠴᠢᠯᠡᠬᠦ᠌ ᠦᠨᠳᠦᠰᠦᠨ ᠵᠣᠷᠢᠯᠲᠠᠶ᠋ᠢ ᠢᠮᠠᠭ᠍ᠲᠠ ᠪᠠᠷᠢᠮᠲᠠᠯᠠᠵᠤ᠂
ᠨᠠᠮ ᠤᠨ ᠤᠯᠠᠨ ᠲᠦᠮᠡᠨᠴᠢ ᠱᠤᠭᠤᠮ ᠢ ᠪᠠᠷᠢᠮᠲᠠᠯᠠᠵᠤ᠂ ᠠᠷᠠᠳ ᠲᠦᠮᠡᠨᠦ ᠲᠥᠯᠥᠭᠡ ᠲᠦᠷᠦ᠍ ᠪᠠᠷᠢᠬᠤ᠂ ᠠᠷᠠᠳ
ᠲᠦᠮᠡᠨᠳᠦ ᠲᠦᠱᠢᠭ᠌ᠯᠡᠨ ᠲᠦᠷᠦ᠍ ᠪᠠᠷᠢᠬᠤ ᠶ᠋ᠢ ᠪᠠᠷᠢᠮᠲᠠᠯᠠᠵᠤ᠂ ᠬᠥᠭ᠌ᠵᠢᠭᠦᠯᠬᠦ᠌ ᠨᠢ ᠠᠷᠠᠳ ᠲᠦᠮᠡᠨ ᠦ
ᠲᠥᠯᠥᠭᠡ ᠪᠠᠢᠬᠤ᠂ ᠬᠥᠭ᠌ᠵᠢᠭᠦᠯᠬᠦ᠌ᠳᠦ ᠠᠷᠠᠳ ᠲᠦᠮᠡᠨ ᠢ ᠲᠦᠱᠢᠭ᠌ᠯᠡᠬᠦ᠌᠂ ᠬᠥᠭ᠌ᠵᠢᠯᠲᠡ ᠶ᠋ᠢᠨ ᠦᠷ᠎ᠡ ᠪᠦᠲᠦᠭᠡᠯ
ᠢ ᠠᠷᠠᠳ ᠲᠦᠮᠡᠨ ᠳᠠᠢ ᠬᠠᠮᠲᠤ ᠪᠠᠷ ᠡᠳ᠋ᠯᠡᠭᠦᠶ᠋ᠢ ᠪᠠᠷᠢᠮᠲᠠᠯᠠᠵᠤ᠂ ᠪᠦᠬᠦ᠌ ᠠᠷᠠᠳ ᠲᠦᠮᠡᠨ ᠦ ᠬᠠᠮᠲᠤᠪᠠᠷ ᠴᠢᠨᠡᠭᠡᠯᠢᠭ᠌ᠵᠢᠬᠦ᠌ ᠵᠠᠮ ᠢᠶᠠᠷ ᠡᠷᠡᠰ ᠭᠤᠢᠪᠢᠰᠢ ᠦᠭᠡᠢ ᠵᠠᠮᠨᠠᠳᠠᠭ ᠯᠠ ᠶᠤᠮ ᠪᠣᠯ ᠯᠠᠪᠲᠠᠢ ᠠᠷᠠᠳ
ᠲᠦᠮᠡᠨ ᠢ ᠤᠳᠤᠷᠢᠳᠤᠨ ᠳᠤᠮᠳᠠᠳᠤ ᠤᠯᠤᠰ ᠤᠨ ᠣᠨᠴᠠᠯᠢᠭ ᠲᠠᠢ ᠨᠡᠢᠭᠡᠮ ᠵᠢᠷᠤᠮ ᠤᠨ ᠨᠡᠩ ᠶᠡᠬᠡ ᠱᠢᠨ᠎ᠡ ᠢᠯᠠᠯᠲᠠ
ᠶ᠋ᠢ ᠲᠡᠮᠡᠴᠡᠨ ᠣᠯᠵᠤ ᠴᠢᠳᠠᠬᠤ ᠶᠤᠮ᠃