ᠥᠪᠥᠷ ᠮᠣᠩᠭᠣᠯ᠎ᠤᠨ ᠴᠡᠷᠢᠭ᠎ᠦᠨ ᠠᠯᠪᠠᠨ ᠡᠴᠡ ᠪᠠᠭᠤᠬᠰᠠᠨ ᠣᠶᠤᠲᠠᠨ ᠪᠠᠢᠯᠳᠤᠭᠴᠢ 8 ᠶᠡᠬᠡ ᠳᠡᠭᠡᠳᠦ ᠰᠤᠷᠭᠠᠭᠤᠯᠢ᠎ᠳᠤ ᠨᠡᠷ᠎ᠡ ᠮᠡᠳᠡᠭᠦᠯᠵᠦ᠍ ᠪᠣᠯᠤᠨ᠎ᠠ
2022-01-27 10:02:16
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

1 ᠰᠠᠷ᠎ᠠ᠎ᠶ᠋ᠢᠨ 25᠎ᠤ ᠡᠳᠦᠷ᠂ ᠰᠤᠷᠪᠤᠯᠵᠢᠯᠠᠭ᠍ᠴᠢ ᠥᠪᠡᠷᠲᠡᠭᠡᠨ ᠵᠠᠰᠠᠬᠤ ᠣᠷᠣᠨ᠎ᠤ ᠰᠤᠷᠭᠠᠨ ᠬᠥᠮᠦᠵᠢᠯ᠎ᠦᠨ ᠰᠣᠷᠣᠭ᠍ᠴᠢ ᠡᠯᠰᠡᠬᠦ᠌ ᠱᠢᠯᠭᠠᠯᠲᠠ᠎ᠶ᠋ᠢᠨ ᠲᠥᠪ᠎ᠡᠴᠡ ᠣᠢᠯᠠᠭᠠᠭ᠍ᠰᠠᠨ᠎ᠢᠶᠠᠷ᠂ ᠰᠤᠷᠭᠠᠨ ᠬᠥᠮᠦᠵᠢᠯ᠎ᠦᠨ ᠶᠠᠮᠤᠨ᠎ᠤ ᠬᠠᠮᠢᠶ᠎ᠠ ᠪᠥᠬᠥᠶ ᠲᠣᠭ᠍ᠲᠠᠭᠠᠯ᠎ᠢ ᠦᠨᠳᠦᠰᠦᠯᠡᠪᠡᠯ᠂ ᠰᠣᠷᠣᠭ᠍ᠴᠢ ᠡᠯᠰᠡᠬᠦ᠌ ᠨᠥᠬᠥᠴᠡᠯ᠎ᠳᠦ ᠨᠡᠢᠴᠡᠭᠰᠡᠨ᠂ ᠴᠡᠷᠢᠭ᠎ᠲᠦ ᠡᠯᠰᠡᠭ᠌ᠳᠡᠭᠰᠡᠨ ᠭᠠᠵᠠᠷ ᠨᠢ ᠮᠠᠨ᠎ᠤ ᠣᠷᠣᠨ᠎ᠳᠤ ᠪᠠᠢᠭ᠎ᠠ ᠱᠢᠯᠭᠠᠭᠤᠯᠤᠭ᠍ᠰᠠᠳ ᠵᠠᠷᠴᠢᠮ ᠳᠡᠭᠡᠷ᠎ᠡ᠎ᠪᠡᠨ ᠴᠥᠮ 2022 ᠣᠨ᠎ᠤ ᠮᠠᠨ᠎ᠤ ᠣᠷᠣᠨ᠎ᠤ ᠡᠩ᠎ᠦᠨ ᠶᠡᠬᠡ ᠳᠡᠭᠡᠳᠦ ᠰᠤᠷᠭᠠᠭᠤᠯᠢ᠎ᠶ᠋ᠢᠨ ᠲᠤᠰᠭᠠᠶ ᠮᠡᠷᠭᠡᠵᠢᠯ᠎ᠦᠨ ᠠᠩᠭᠢ᠎ᠠᠴᠠ ᠵᠢᠩᠬᠢᠨᠢ ᠠᠩᠭᠢ᠎ᠳᠤ ᠳᠡᠪᠱᠢᠬᠤ ᠰᠢᠯᠭᠠᠯᠲᠠ᠎ᠶᠢᠨ ᠱᠢᠯᠭᠠᠯᠲᠠ᠎ᠳᠤ ᠥᠯᠥ᠍ ᠣᠷᠣᠯᠴᠠᠬᠤ ᠬᠢᠷᠢ ᠬᠡᠮ᠎ᠢ ᠭᠤᠶᠤᠴᠢᠯᠠᠵᠤ ᠪᠣᠯᠤᠨ᠎ᠠ᠃

ᠨᠡᠷ᠎ᠡ ᠮᠡᠳᠡᠭᠦᠯᠬᠦ᠌ ᠨᠥᠬᠥᠴᠡᠯ᠎ᠳᠤ᠄

◆ᠲᠤᠰ ᠬᠤᠭᠤᠴᠠᠭᠠᠨ᠎ᠤ ᠴᠡᠷᠢᠭ᠎ᠦᠨ ᠠᠯᠪᠠᠨ ᠡᠴᠡ ᠪᠠᠭᠤᠬᠰᠠᠨ ᠣᠶᠤᠲᠠᠨ ᠪᠠᠢᠯᠳᠤᠭ᠍ᠴᠢ᠂ ᠰᠤᠷᠭᠠᠭᠤᠯᠢ᠎ᠳᠤ ᠪᠠᠢᠬᠤ ᠬᠤᠭᠤᠴᠠᠭᠠᠨ᠎ᠳᠠᠭᠠᠨ ᠴᠡᠷᠢᠭ᠎ᠲᠦ ᠡᠯᠰᠡᠭ᠌ᠳᠡᠨ ᠠᠯᠪᠠᠨ ᠵᠢᠷᠤᠮ᠎ᠤᠨ ᠴᠡᠷᠢᠭ᠎ᠦᠨ ᠠᠯᠪᠠ ᠬᠠᠭᠠᠵᠤ᠂ ᠴᠡᠷᠢᠭ᠎ᠦᠨ ᠠᠯᠪᠠᠨ ᠡᠴᠡ ᠪᠠᠭᠤᠬᠰᠠᠨ ᠎ᠤ ᠳᠠᠷᠠᠭ᠎ᠠ ᠰᠤᠷᠭᠠᠭᠤᠯᠢ᠎ᠳᠠᠭᠠᠨ ᠪᠤᠴᠠᠵᠤ ᠰᠤᠷᠤᠯᠭ᠎ᠠ᠎ᠪᠠᠨ ᠦᠷᠭᠦᠯᠵᠢᠯᠡᠭᠦᠯᠵᠦ᠂ 2022 ᠣᠨ᠎ᠤ 7 ᠰᠠᠷ᠎ᠠ᠎ᠳᠤ ᠲᠡᠭᠦᠰᠭᠦ ᠰᠣᠷᠣᠭ᠍ᠴᠢᠳ;

◆ᠲᠦᠷᠦᠭᠦᠦ ᠬᠤᠭᠤᠴᠠᠭᠠᠨ᠎ᠤ ᠴᠡᠷᠢᠭ᠎ᠦᠨ ᠠᠯᠪᠠᠨ ᠡᠴᠡ ᠪᠠᠭᠤᠬᠰᠠᠨ ᠣᠶᠤᠲᠠᠨ ᠪᠠᠢᠯᠳᠤᠭ᠍ᠴᠢ᠂ ᠲᠤᠰᠭᠠᠶ ᠮᠡᠷᠭᠡᠵᠢᠯ᠎ᠦᠨ ᠳᠡᠭᠡᠳᠦ ᠰᠤᠷᠭᠠᠭᠤᠯᠢ᠎ᠤᠨ ᠲᠡᠭᠦᠰᠬᠦ ᠦᠨᠡᠮᠯᠡᠯ ᠣᠯᠤᠭ᠍ᠰᠠᠨ᠎ᠤ ᠳᠠᠷᠠᠭ᠎ᠠ ᠴᠡᠷᠢᠭ᠎ᠲᠦ ᠡᠯᠰᠡᠭ᠌ᠳᠡᠨ ᠠᠯᠪᠠᠨ ᠵᠢᠷᠤᠮ᠎ᠤᠨ ᠴᠡᠷᠢᠭ᠎ᠦᠨ ᠠᠯᠪᠠ ᠬᠠᠭᠠᠭᠠᠳ ᠴᠡᠷᠢᠭ᠎ᠦᠨ ᠠᠯᠪᠠᠨ ᠡᠴᠡ ᠪᠠᠭᠤᠬᠰᠠᠳ;

◆ ᠣᠷᠣᠨ᠎ᠤ ᠭᠠᠳᠠᠨᠠᠬᠢ ᠲᠤᠰᠭᠠᠶ ᠮᠡᠷᠭᠡᠵᠢᠯ᠎ᠦᠨ ᠳᠡᠭᠡᠳᠦ ᠰᠤᠷᠭᠠᠭᠤᠯᠢ᠎ᠶ᠋ᠢᠨ ᠲᠡᠭᠦᠰᠬᠦ ᠤᠨ᠎ᠤ ᠰᠤᠷᠤᠭᠴᠢ ᠪᠤᠶᠤ ᠨᠢᠭᠡᠨᠲᠡ ᠲᠡᠭᠦᠰᠦᠭ᠌ᠰᠡᠳ᠂ ᠮᠠᠨ᠎ᠤ ᠣᠷᠣᠨ᠎ᠳᠤ ᠴᠡᠷᠢᠭ᠎ᠲᠤ ᠡᠯᠰᠡᠭ᠌ᠳᠡᠨ ᠠᠯᠪᠠᠨ ᠵᠢᠷᠤᠮ᠎ᠤᠨ ᠴᠡᠷᠢᠭ᠎ᠦᠨ ᠠᠯᠪᠠ ᠬᠠᠭᠠᠭᠠᠳ ᠴᠡᠷᠢᠭ᠎ᠦᠨ ᠠᠯᠪᠠᠨ ᠡᠴᠡ ᠪᠠᠭᠤᠬᠰᠠᠳ᠃

ᠰᠤᠷᠭᠠᠨ ᠬᠥᠮᠦᠵᠢᠯ᠎ᠦᠨ ᠲᠢᠩᠬᠢᠮ᠎ᠦᠨ ᠪᠢᠴᠢᠭ ᠮᠠᠲ᠋ᠧᠷᠢᠶᠠᠯ᠎ᠤᠨ ᠱᠠᠭᠠᠷᠳᠠᠯᠭ᠎ᠠ᠎ᠶ᠋ᠢ ᠦᠨᠳᠦᠰᠦᠯᠡᠪᠡᠯ᠂ ᠮᠠᠨ᠎ᠤ ᠣᠷᠣᠨ᠎ᠤ ᠴᠡᠷᠢᠭ᠎ᠦᠨ ᠠᠯᠪᠠᠨ ᠡᠴᠡ ᠪᠠᠭᠤᠬᠰᠠᠨ ᠤᠶᠤᠲᠠᠳ ᠪᠠᠢᠯᠳᠤᠭᠴᠢ ᠳᠤᠤᠷᠠᠬᠢ 8 ᠶᠡᠬᠡ ᠳᠡᠭᠡᠳᠦ ᠰᠤᠷᠭᠠᠭᠤᠯᠢ᠎ᠳᠤ ᠨᠡᠷ᠎ᠡ ᠮᠡᠳᠡᠭᠦᠯᠵᠦ᠍ ᠪᠣᠯᠤᠨ᠎ᠠ᠄ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ᠂ ᠪᠤᠭᠤᠲᠤ᠎ᠶ᠋ᠢᠨ ᠡᠮᠨᠡᠯᠭᠡ᠎ᠶ᠋ᠢᠨ ᠳᠡᠭᠡᠳᠦ ᠰᠤᠷᠭᠠᠭᠤᠯᠢ᠂ ᠤᠯᠠᠭᠠᠨᠬᠠᠳᠠ ᠳᠡᠭᠡᠳᠦ ᠰᠤᠷᠭᠠᠭᠤᠯᠢ᠂ ᠬᠥᠯᠥᠨ ᠪᠣᠢᠷ ᠳᠡᠭᠡᠳᠦ ᠰᠤᠷᠭᠠᠭᠤᠯᠢ᠂ ᠬᠥᠬᠡᠬᠣᠲᠠ᠎ᠶ᠋ᠢᠨ ᠦᠨᠳᠦᠰᠦᠲᠡᠨ᠎ᠦ ᠳᠡᠭᠡᠳᠦ ᠰᠤᠷᠭᠠᠭᠤᠯᠢ᠂ ᠵᠢᠨᠢᠩ᠎ᠦᠨ ᠪᠠᠭ᠍ᠰᠢ᠎ᠶ᠋ᠢᠨ ᠳᠡᠭᠡᠳᠦ ᠰᠤᠷᠭᠠᠭᠤᠯᠢ᠂ ᠪᠣᠷᠣᠲᠣᠬᠣᠶ ᠳᠡᠭᠡᠳᠦ ᠰᠤᠷᠭᠠᠭᠤᠯᠢ᠂ ᠣᠷᠳᠣᠰ᠎ᠤᠨ ᠬᠡᠷᠡᠭ᠌ᠯᠡᠭᠡᠨ᠎ᠦ ᠮᠡᠷᠭᠡᠵᠢᠯ᠎ᠦᠨ ᠳᠡᠭᠡᠳᠦ ᠰᠤᠷᠭᠠᠭᠤᠯᠢ᠃

ᠱᠢᠯᠭᠠᠯᠲᠠ᠎ᠳᠤ ᠥᠯᠥ᠍ ᠤᠷᠤᠯᠴᠠᠬᠤ ᠲᠥᠷᠥ᠎ᠶ᠋ᠢᠨ ᠪᠣᠳᠣᠯᠭ᠎ᠠ᠎ᠶ᠋ᠢᠨ ᠲᠣᠭ᠍ᠲᠠᠭᠠᠯ᠎ᠳᠤ ᠨᠡᠢᠴᠡᠬᠦ᠌ 2022 ᠣᠨ᠎ᠳᠤ ᠲᠡᠭᠦᠰᠭᠦ ᠴᠡᠷᠢᠭ᠎ᠦᠨ ᠠᠯᠪᠠᠨ ᠡᠴᠡ ᠪᠠᠭᠤᠬᠰᠠᠨ ᠣᠶᠤᠲᠠᠨ ᠪᠠᠢᠯᠳᠤᠭ᠍ᠴᠢ ᠱᠢᠯᠭᠠᠯᠲᠠ᠎ᠳᠤ ᠥᠯᠥ᠍ ᠤᠷᠤᠯᠴᠠᠬᠤ ᠬᠢᠷᠢ ᠬᠡᠮ᠎ᠢᠶᠡᠨ ᠬᠠᠶᠠᠪᠠᠯ᠂ ᠡᠩ᠎ᠦᠨ ᠱᠢᠯᠭᠠᠭᠤᠯᠤᠭ᠍ᠴᠢ᠎ᠶ᠋ᠢᠨ ᠬᠤᠪᠢ᠎ᠪᠠᠷ ᠲᠤᠰᠭᠠᠶ ᠮᠡᠷᠭᠡᠵᠢᠯ᠎ᠦᠨ ᠠᠩᠭᠢ᠎ᠠᠴᠠ ᠵᠢᠩᠬᠢᠨᠢ ᠠᠩᠭᠢ᠎ᠳᠤ ᠳᠡᠪᠱᠢᠬᠤ ᠱᠢᠯᠭᠠᠯᠲᠠ᠎ᠳᠤ ᠨᠡᠷ᠎ᠡ ᠮᠡᠳᠡᠭᠦᠯᠦᠨ ᠣᠷᠣᠯᠴᠠᠵᠤ ᠪᠣᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号