ᠪᠡᠭᠡᠵᠢᠩ᠎ᠦᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠤ ᠳᠤᠮᠳᠠᠳᠤ ᠤᠯᠤᠰ᠎ᠤᠨ ᠪᠡᠶ᠎ᠡ᠎ᠶ᠋ᠢᠨ ᠲᠠᠮᠢᠷ᠎ᠤᠨ ᠲᠥᠯᠥᠭᠡᠯᠡᠭ᠌ᠴᠢᠳ᠎ᠦᠨ ᠪᠦᠯᠬᠦᠮ ᠪᠠᠢᠭᠤᠯᠤᠭ᠍ᠳᠠᠪᠠ
2022-01-28 08:19:52
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

2022 ᠣᠨ᠎ᠤ 1 ᠰᠠᠷ᠎ᠠ᠎ᠶ᠋ᠢᠨ 27 ᠎ᠤ ᠡᠳᠦᠷ ᠂ ᠬᠣᠷᠢᠨ ᠳᠥᠷᠪᠡᠳᠦᠭᠡᠷ ᠬᠤᠭᠤᠴᠠᠭᠠᠨ᠎ᠤ ᠡᠪᠦᠯ᠎ᠦᠨ ᠤᠯᠠᠷᠢᠯ᠎ᠤᠨ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠳᠤ ᠣᠷᠣᠯᠴᠠᠬᠤ ᠳᠤᠮᠳᠠᠳᠤ ᠤᠯᠤᠰ᠎ᠤᠨ ᠪᠡᠶ᠎ᠡ᠎ᠶ᠋ᠢᠨ ᠲᠠᠮᠢᠷ᠎ᠤᠨ ᠲᠥᠯᠥᠭᠡᠯᠡᠭ᠌ᠴᠢᠳ᠎ᠦᠨ ᠪᠦᠯᠬᠦᠮ ᠵᠢᠩᠬᠢᠨᠢ᠎ᠪᠡᠷ ᠪᠠᠢᠭᠤᠯᠤᠭ᠍ᠳᠠᠪᠠ᠃ ᠳᠤᠮᠳᠠᠳᠤ ᠤᠯᠤᠰ᠎ᠤᠨ ᠪᠡᠶ᠎ᠡ᠎ᠶ᠋ᠢᠨ ᠲᠠᠮᠢᠷ᠎ᠤᠨ ᠲᠥᠯᠥᠭᠡᠯᠡᠭ᠌ᠴᠢᠳ᠎ᠦᠨ ᠪᠦᠯᠬᠦᠮ᠎ᠦᠨ ᠪᠦᠬᠦ᠌ ᠬᠥᠮᠦᠨ᠎ᠦ ᠲᠣᠭ᠎ᠠ 387 ᠬᠥᠮᠦᠨ ᠪᠠᠢᠵᠤ᠂ ᠡᠭᠦᠨ᠎ᠳᠦ ᠲᠠᠮᠢᠷᠴᠢᠨ 176 ᠬᠥᠮᠦᠨ᠂ ᠰᠤᠷᠭᠠᠭ᠍ᠴᠢ᠂ ᠳᠠᠭᠠᠭᠤᠯᠤᠭ᠍ᠴᠢ᠂ ᠱᠢᠨᠵᠢᠯᠡᠬᠡᠨ᠎ᠤ ᠠᠵᠢᠯᠳᠠᠨ ᠪᠠ ᠡᠮᠴᠢ ᠵᠡᠷᠭᠡ ᠲᠠᠮᠢᠷ᠎ᠤᠨ ᠠᠩᠭᠢ᠎ᠶ᠋ᠢᠨ ᠠᠵᠢᠯᠲᠠᠨ 164 ᠬᠥᠮᠦᠨ᠂ ᠪᠦᠯᠬᠦᠮ᠎ᠬᠡᠯᠲᠡᠰ᠎ᠦᠨ ᠠᠵᠢᠯᠲᠠᠨ 47 ᠬᠥᠮᠦᠨ ᠪᠠᠢᠨ᠎ᠠ᠃

 ᠪᠡᠭᠡᠵᠢᠩ᠎ᠦᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ ᠪᠣᠯ ᠳᠤᠮᠳᠠᠳᠤ ᠤᠯᠤᠰ ᠎ᠤᠨ ᠪᠡᠶ᠎ᠡ ᠎ᠶ᠋ᠢᠨ ᠲᠠᠮᠢᠷ ᠎ᠤᠨ ᠲᠥᠯᠥᠭᠡᠯᠡᠭ᠌ᠴᠢᠳ᠎ᠦᠨ ᠪᠦᠯᠬᠦᠮ᠎ᠦᠨ ᠲᠡᠦᠬᠡᠨ ᠳᠡᠭᠡᠷᠡᠬᠢ ᠤᠷᠤᠯᠳᠤᠭᠠᠨ᠎ᠳᠤ ᠣᠷᠣᠯᠴᠠᠭ᠍ᠰᠠᠨ ᠬᠡᠪᠴᠢᠶ᠎ᠡ᠎ᠪᠡᠷ ᠬᠠᠮᠤᠭ᠎ᠤᠨ ᠶᠡᠬᠡ ᠨᠢᠭᠡ ᠬᠤᠭᠤᠴᠠᠭᠠᠨ᠎ᠤ ᠡᠪᠦᠯ᠎ᠦᠨ ᠤᠯᠠᠷᠢᠯ᠎ᠤᠨ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ ᠪᠣᠯᠤᠨ᠎ᠠ᠃ 176 ᠲᠠᠮᠢᠷᠴᠢᠨ᠎ᠤ ᠳᠣᠲᠣᠷ᠎ᠠ ᠡᠮᠡᠭ᠌ᠲᠡᠶ ᠲᠠᠮᠢᠷᠴᠢᠨ 87 ᠪᠠᠢᠵᠤ᠂ 49. 43 % ᠎ᠶ᠋ᠢ ᠡᠵᠡᠯᠡᠪᠡ︔ᠡᠷᠡᠭ᠌ᠲᠡᠶ ᠲᠠᠮᠢᠷᠴᠢᠨ 89 ᠪᠠᠢᠵᠤ᠂ 50. 57 %᠎ᠶ᠋ᠢ ᠡᠵᠡᠯᠡᠪᠡ᠃ ᠲᠥᠪᠡᠳ᠂ ᠤᠢᠭᠤᠷ᠂ ᠮᠠᠨᠵᠤ᠂ ᠬᠣᠲᠣᠩ᠂ ᠬᠠᠰᠠᠭ᠂ ᠬᠠᠨᠢ᠂ ᠵᠢᠩ ᠦᠨᠳᠦᠰᠦᠳᠡᠨ᠂ ᠰᠣᠯᠣᠩᠭᠣᠰ᠂ ᠪᠦᠶᠢ ᠵᠡᠷᠭᠡ ᠴᠥᠭᠡᠨ ᠲᠣᠭᠠᠲᠤ ᠦᠨᠳᠦᠰᠦᠲᠡᠨ᠎ᠦ ᠲᠠᠮᠢᠷᠴᠢᠨ ᠨᠡᠢᠲᠡ 20 ᠬᠥᠮᠦᠨ ᠪᠠᠢᠵᠤ᠂ 11. 36 % ᠎ᠶ᠋ᠢ ᠡᠵᠡᠯᠡᠵᠦ᠍ ᠪᠠᠢᠨ᠎ᠠ᠃ ᠲᠠᠮᠢᠷᠴᠢᠨ᠎ᠤ ᠳᠤᠮᠳᠠᠴᠢ ᠨᠠᠰᠤ ᠨᠢ 25. 2᠂ ᠨᠠᠰᠤ᠎ᠪᠠᠷ ᠬᠠᠮᠤᠭ ᠶᠡᠬᠡ ᠨᠢ 37 ( ᠡᠷᠡᠭ᠌ᠲᠡᠶ᠎ᠶ᠋ᠢᠨ ᠮᠥᠰᠥᠨ ᠪᠥᠮᠪᠥᠭᠡ ᠶᠧ᠎ᠶ᠋ᠢᠨ ᠭᠤᠸᠠᠩ ) ᠂ ᠨᠠᠰᠤ᠎ᠪᠠᠷ ᠬᠠᠮᠤᠭ ᠪᠠᠭ᠎ᠠ ᠨᠢ 17 ( ᠡᠷᠡᠭ᠌ᠲᠡᠶ᠎ᠶ᠋ᠢᠨ ᠴᠢᠯᠥᠭᠡᠲᠦ ᠮᠠᠶᠢᠭ᠎ᠤᠨ ᠴᠠᠰᠤᠨ᠎ᠳᠤ ᠭᠤᠯᠭᠤᠬᠤ ᠲᠠᠮᠢᠷᠴᠢᠨ ᠾᠧ᠎ᠶ᠋ᠢᠨ ᠪᠥᠸᠧ ᠂ ᠡᠮᠡᠭ᠌ᠲᠡᠶ᠎ᠶ᠋ᠢᠨ ᠲᠠᠪᠴᠠᠩ ᠬᠠᠷᠠᠢᠬᠤ ᠴᠠᠰᠤᠨ᠎ᠳᠤ ᠭᠤᠯᠭᠤᠬᠤ ᠲᠠᠮᠢᠷᠴᠢᠨ ᠫᠧᠩ ᠴᠢᠩ ) ᠪᠣᠯᠤᠨ᠎ᠠ᠃ 131 ᠲᠠᠮᠢᠷᠴᠢᠨ ᠪᠣᠯ ᠡᠪᠦᠯ᠎ᠦᠨ ᠤᠯᠠᠷᠢᠯ᠎ᠤᠨ ᠣᠯᠢᠮᠫᠢᠺ᠎ᠤᠨ ᠪᠡᠶ᠎ᠡ ᠵᠢᠨ ᠲᠠᠮᠢᠷ᠎ᠤᠨ ᠴᠤᠭ᠍ᠯᠠᠭᠠᠨ᠎ᠳᠤ ᠠᠩᠬ᠎ᠠ ᠣᠷᠣᠯᠴᠠᠭ᠍ᠰᠠᠨ ᠲᠠᠮᠢᠷᠴᠢᠨ ᠪᠣᠯᠤᠨ᠎ᠠ ᠂ ᠡᠨᠡ᠎ᠨᠢ 74 . 43 % ᠎ᠶ᠋ᠢ ᠡᠵᠡᠯᠡᠵᠦ᠍ ᠪᠣᠶ︔ᠱᠢᠤᠢ ᠮᠸᠩ ᠲᠤᠤ᠂ ᠵᠢᠶᠠ ᠽᠦᠩ ᠶᠠᠩ ᠂ ᠴᠢ ᠭᠤᠸᠠᠩ ᠫᠦ ᠵᠡᠷᠭᠡ 3 ᠲᠠᠮᠢᠷᠴᠢᠨ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠳᠤ ᠳᠥᠷᠪᠡᠳᠡᠬᠢ ᠤᠳᠠᠭ᠎ᠠ ᠣᠷᠣᠯᠴᠠᠬᠤ ᠪᠣᠯᠤᠨ᠎ᠠ᠂ ᠲᠡᠳᠡ ᠪᠣᠯ ᠲᠥᠯᠥᠭᠡᠯᠡᠭ᠌ᠴᠢᠳ᠎ᠦᠨ ᠪᠦᠯᠬᠦᠮ᠎ᠦᠨ ᠳᠣᠲᠣᠷᠠᠬᠢ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠳᠤ ᠬᠠᠮᠤᠭ ᠣᠯᠠᠨ ᠣᠷᠣᠯᠴᠠᠭ᠍ᠰᠠᠨ ᠲᠠᠮᠢᠷᠴᠢᠨ ᠪᠣᠯᠤᠨ᠎ᠠ᠃ ᠳᠠᠰᠭᠠᠯᠵᠢᠭᠤᠯᠤᠭ᠍ᠴᠢ ᠨᠢ ᠨᠡᠢᠲᠡ 78 ᠬᠥᠮᠦᠨ ᠪᠠᠢᠵᠤ᠂ ᠠᠮᠧᠷᠢᠺᠠ᠂ ᠺᠠᠨᠠᠳᠠ᠂ ᠣᠷᠣᠰ᠂ ᠹᠷᠠᠨᠼᠢ᠂ ᠶᠠᠫᠣᠨ ᠵᠡᠷᠭᠡ 19 ᠤᠯᠤᠰ᠎ᠠᠴᠠ ᠢᠷᠡᠭ᠌ᠰᠡᠨ 51 ᠭᠠᠳᠠᠭᠠᠳᠤ᠎ᠶ᠋ᠢᠨ ᠪᠠᠭ᠍ᠰᠢ ᠪᠠᠭ᠍ᠲᠠᠨ᠎ᠠ᠃

ᠳᠤᠮᠳᠠᠳᠤ ᠤᠯᠤᠰ᠎ᠤᠨ ᠪᠡᠶ᠎ᠡ᠎ᠶ᠋ᠢᠨ ᠲᠠᠮᠢᠷ᠎ᠤᠨ ᠲᠥᠯᠥᠭᠡᠯᠡᠭ᠌ᠴᠢᠳ᠎ᠦᠨ ᠪᠦᠯᠬᠦᠮ ᠪᠡᠭᠡᠵᠢᠩ᠎ᠦᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠤ ᠪᠥᠬᠥ᠌ 7 ᠶᠡᠬᠡ ᠲᠥᠷᠥᠯ᠂ 15 ᠬᠤᠪᠢᠶᠠᠷᠢ ᠲᠥᠷᠥᠯ᠎ᠦᠨ《ᠪᠥᠬᠥ᠌ ᠲᠥᠷᠥᠯ ᠵᠦᠶ᠋ᠯ᠎ᠦᠨ ᠤᠷᠤᠯᠳᠤᠭᠠᠨ᠎ᠳᠤ ᠣᠷᠣᠯᠴᠠᠬᠤ》 ᠡᠭᠦᠷᠭᠡ᠎ᠶ᠋ᠢ ᠪᠡᠶᠡᠯᠡᠭᠦᠯᠵᠦ᠍᠂ ᠨᠡᠢᠲᠡ 104 ᠪᠠᠭ᠎ᠠ ᠲᠥᠷᠥᠯ ᠎ᠦᠨ 194 ᠤᠷᠤᠯᠳᠤᠭᠠᠨ᠎ᠳᠤ ᠣᠷᠣᠯᠴᠠᠬᠤ ᠬᠢᠷᠢ ᠬᠡᠮ ( ᠪᠡᠭᠡᠵᠢᠩ᠎ᠦᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠤ ᠪᠤᠰᠤᠳ ᠪᠠᠭ᠎ᠠ ᠲᠥᠷᠥᠯ᠎ᠦᠨ ᠬᠢᠷᠢ ᠪᠦᠲᠦᠮᠵᠢ᠎ᠪᠡᠷ ᠳᠡᠮᠵᠢᠨ ᠳᠠᠬᠢᠨ ᠨᠤᠲᠠᠯᠠᠬᠤ ᠴᠢᠬᠤᠯᠠᠲᠠᠶ 《ᠤᠷᠤᠯᠳᠤᠭᠠᠨ᠎ᠤ ᠳᠤᠮᠳᠠᠬᠢ ᠤᠷᠤᠯᠳᠤᠭᠠᠨ 》᠎ᠤ ᠪᠠᠭ᠎ᠠ ᠲᠥᠷᠥᠯ ᠪᠠᠭ᠍ᠲᠠᠨ᠎ᠠ ) ᠪᠠᠢᠵᠤ᠂ ᠪᠥᠬᠥ᠌ 109 ᠪᠠᠭ᠎ᠠ ᠲᠥᠷᠥᠯ᠎ᠦᠨ 95 . 4 % ᠎ᠶ᠋ᠢ ᠡᠵᠡᠯᠡᠪᠡ᠃ ᠫᠢᠶᠸᠩᠼᠠᠩ᠎ᠤᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠳᠤ ᠣᠷᠣᠯᠴᠠᠭ᠍ᠰᠠᠨ ᠮᠠᠨ᠎ᠤ ᠲᠠᠮᠢᠷᠴᠢᠨ 5 ᠶᠡᠬᠡ ᠲᠥᠷᠥᠯ᠂ 12 ᠬᠤᠪᠢᠶᠠᠷᠢ ᠲᠥᠷᠥᠯ᠂ 53 ᠪᠠᠭ᠎ᠠ ᠲᠥᠷᠥᠯ ᠳ᠋ᠤ ᠤᠷᠤᠯᠴᠠᠭᠰᠠᠨ᠎ᠲᠡᠶ ᠬᠠᠷᠢᠴᠠᠭᠤᠯᠪᠠᠯ ᠂ ᠮᠥᠰᠥᠨ ᠪᠥᠮᠪᠥᠭᠡ᠂ ᠴᠢᠷᠭ᠎ᠠ 2 ᠶᠡᠬᠡ ᠲᠥᠷᠥᠯ᠂ ᠤᠮᠠᠷᠠᠲᠤ ᠧᠦ᠋ᠷᠣᠫᠠ᠎ᠶ᠋ᠢᠨ ᠬᠣᠶᠠᠷ ᠲᠥᠷᠥᠯ ᠵᠡᠷᠭᠡ 3 ᠬᠤᠪᠢᠶᠠᠷᠢ ᠲᠥᠷᠥᠯ᠂ ᠲᠦᠷᠭᠡᠨ ᠲᠡᠱᠢᠯᠲᠡ᠎ᠶ᠋ᠢᠨ ᠡᠮᠡᠭ᠌ᠲᠡᠶ᠎ᠶ᠋ᠢᠨ 5000 ᠮᠧᠲ᠋ᠷ ᠵᠡᠷᠭᠡ 47 ᠪᠠᠭ᠎ᠠ ᠲᠥᠷᠥᠯ ᠨᠡᠮᠡᠭᠳᠡᠵᠤ᠂ ᠤᠷᠤᠯᠳᠤᠭᠠᠨ᠎ᠳᠤ ᠣᠷᠣᠯᠴᠠᠬᠤ ᠪᠠᠭ᠎ᠠ ᠲᠥᠷᠥᠯ᠂ ᠲᠠᠮᠢᠷᠴᠢᠨ᠎ᠤ ᠲᠣᠭ᠎ᠠ ᠴᠥᠮ ᠶᠡᠬᠡ᠎ᠪᠡᠷ ᠨᠡᠮᠡᠭ᠌ᠳᠡᠵᠡᠶ᠃


ᠢᠷᠡᠯᠳᠡ᠄ ᠲᠦᠪ ᠲᠸᠯᠸᠢᠰ᠎ᠤᠨ ᠰᠦᠯᠵᠢᠶ᠎ᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号