ᠸᠠᠩ ᠯᠢ ᠱᠢᠶᠠ ᠮᠤᠵᠢ᠎ᠶ᠋ᠢᠨ ᠲᠡᠰ᠎ᠤᠨ ᠠᠵᠢᠯ ᠡᠴᠡ᠎ᠪᠠᠨ ᠳᠠᠷᠬᠠᠯᠠᠭ᠍ᠳᠠᠭ᠍ᠰᠠᠨ ᠠᠬᠠᠮᠠᠳ ᠨᠦᠬᠦᠷ ᠶᠦᠨ ᠵᠤᠤ ᠭᠤᠸᠠᠩ᠎ᠢ ᠡᠷᠬᠢᠨ ᠦᠵᠡᠵᠦ᠍ ᠲᠣᠬᠣᠨᠢᠭᠤᠯᠪᠠ
2022-01-28 07:56:23
ᠵᠣᠬᠢᠶᠠᠭ᠍ᠴᠢ᠄
ᠵᠠᠩ ᠺᠦᠢ
ᠣᠩᠱᠢᠭ᠍ᠰᠠᠨ ᠣᠳᠠᠭ᠎ᠠ᠄
★★★☆☆

1 ᠰᠠᠷ᠎ᠠ᠎ᠶ᠋ᠢᠨ 27 ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶᠠᠨ᠎ᠤ ᠳᠡᠳ᠋ ᠱᠦᠵᠢ᠂ ᠥᠪᠡᠷᠲᠡᠭᠡᠨ ᠵᠠᠰᠠᠬᠤ ᠣᠷᠣᠨ᠎ᠤ ᠲᠡᠷᠢᠭᠦᠯᠡᠭ᠌ᠴᠢ ᠸᠠᠩ ᠯᠢ ᠱᠢᠶᠠ ᠬᠥᠬᠡᠬᠣᠲᠠ᠎ᠳᠤ ᠮᠤᠵᠢ᠎ᠶ᠋ᠢᠨ ᠲᠡᠰ᠎ᠤᠨ ᠠᠵᠢᠯ᠎ᠡᠴᠡ᠎ᠪᠠᠨ ᠳᠠᠷᠬᠠᠯᠠᠭ᠍ᠳᠠᠭ᠍ᠰᠠᠨ ᠠᠬᠠᠮᠠᠳ ᠨᠦᠬᠦᠷ ᠶᠦᠨ ᠵᠤᠤ ᠭᠤᠸᠠᠩ᠎ᠢ ᠡᠷᠬᠢᠨ ᠦᠵᠡᠵᠦ᠍᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠪᠤᠯᠤᠨ  ᠵᠠᠰᠠᠭ᠎ᠤᠨ ᠣᠷᠳᠣᠨ᠎ᠤ ᠡᠮᠦᠨ᠎ᠡ᠎ᠡᠴᠡ ᠪᠠᠶᠠᠷ᠎ᠤᠨ ᠡᠳᠦᠷ᠎ᠦᠨ ᠮᠡᠨᠳᠦᠴᠢᠯᠡᠯ ᠪᠣᠯᠤᠨ ᠰᠠᠢ᠌ᠨ ᠰᠠᠢᠬᠠᠨ ᠵᠥᠩᠨᠡᠯ ᠳᠡᠪᠱᠢᠭᠦᠯᠪᠡ᠃

ᠸᠠᠩ ᠯᠢ ᠱᠢᠶᠠ ᠶᠦᠨ ᠵᠤᠤ ᠭᠤᠸᠠᠩ᠎ᠤᠨ ᠭᠡᠷ ᠲᠤᠨᠢ ᠬᠦᠷᠴᠦ ᠡᠭᠦᠳᠡ ᠤᠷᠤᠮᠠᠭᠴᠠ ᠪᠠᠨ ᠬᠠᠯᠠᠭᠤᠮᠰᠤᠬ ᠵᠢᠡᠷ ᠨᠠᠰᠤᠳᠠᠨ᠎ᠤ ᠠᠮᠤᠷ᠎ᠢ ᠠᠰᠠᠭᠤᠪᠠ᠃ 《ᠪᠡᠶ᠎ᠠ ᠴᠢᠨᠢ ᠰᠠᠢᠨ ᠪᠠᠢᠨ᠎ᠠ ᠎ᠤᠤ ? 》᠂ 《ᠭᠡᠷ᠎ᠴᠢᠨᠢ ᠲᠤᠯᠠᠭᠠᠨ ᠪᠠᠢᠨ᠎ᠠ ᠪᠢᠵᠡ ?》 ᠬᠡᠵᠤ ᠸᠠᠩ ᠯᠢ ᠰᠢᠶᠠᠨ ᠨᠠᠰᠤᠳᠠᠨ᠎ᠲᠠᠶ ᠵᠡᠷᠬᠡᠴᠡᠨ ᠰᠠᠭᠤᠵᠤ᠂ ᠬᠤᠭᠤᠯᠠ ᠤᠮᠳᠠ ᠤᠨᠳᠠᠯᠭ᠎ᠠ ᠵᠢᠨ ᠪᠠᠢᠳᠠᠯ ᠪᠤᠯᠤᠨ ᠪᠡᠶ᠎ᠠ ᠵᠢᠨ ᠪᠠᠢᠳᠠᠯ᠎ᠢ ᠨᠢ ᠬᠠᠯᠠᠮᠵᠢᠯᠠᠨ ᠠᠰᠠᠭᠤᠵᠤ᠂ ᠨᠠᠰᠤᠲᠠᠨ᠎ᠤ ᠥᠩᠭᠡᠷᠡᠭ᠌ᠰᠡᠨ᠎ᠦ ᠶᠡᠷᠦ ᠪᠤᠰᠤ ᠵᠢᠨ ᠤᠨ ᠵᠢᠯ ᠪᠣᠯᠤᠨ ᠬᠤᠪᠢᠰᠭᠠᠯᠲᠤ ᠲᠡᠮᠡᠴᠡᠯ᠎ᠦᠨ ᠥᠩᠭᠡᠷᠡᠯᠲᠡ ᠵᠢᠨ ᠲᠤᠬᠠᠢ ᠡᠷᠬᠢᠴᠡᠭᠦᠯᠤᠯ᠎ᠢ ᠨᠢ ᠬᠢᠨᠠᠮᠠᠭᠠᠢ ᠰᠣᠨᠣᠰᠴᠤ᠌᠂ ᠨᠠᠰᠤᠲᠠᠨ᠎ᠤ ᠬᠤᠪᠢᠰᠬᠠᠯ᠎ᠤᠨ ᠤᠨ ᠰᠠᠷ᠎ᠠ ᠪᠣᠯᠤᠨ ᠪᠦᠳᠦᠭᠡᠨ ᠪᠠᠢᠭᠤᠯᠤᠯᠳᠠ ᠬᠦᠭᠵᠢᠯᠳᠡ ᠵᠢᠨ ᠴᠠᠭ ᠦᠶ᠎ᠡ᠎ᠳᠦ ᠨᠠᠮ ᠪᠣᠯᠤᠨ ᠤᠯᠤᠰ᠎ᠤᠨ ᠦᠢᠯᠡᠰ᠎ᠲᠦ ᠬᠤᠪᠢ ᠨᠡᠮᠡᠷᠢ᠎ᠦᠵᠡᠭᠦᠯᠦᠭ᠌ᠰᠡᠨ᠎ᠳᠤ ᠲᠠᠯᠠᠷᠬᠠᠪᠠ᠃ ᠲᠡᠷᠡ᠂ ᠠᠬᠠᠮᠠᠳ ᠨᠥᠬᠥᠳ ᠪᠣᠯ ᠨᠠᠮ᠎ᠤᠨ ᠲᠡᠦᠬᠡ᠎ᠶ᠋ᠢᠨ ᠰᠤᠷᠤᠯᠴᠠᠯᠭ᠎ᠠ ᠬᠥᠮᠦᠵᠢᠯ᠎ᠢ ᠭᠦᠨᠵᠡᠭᠡᠶ ᠠᠬᠢᠭᠤᠯᠬᠤ ᠠᠮᠢᠳᠤᠯᠢᠭ ᠵᠢᠭᠠᠬᠤ ᠮᠠᠲ᠋ᠧᠷᠢᠶᠠᠯ ᠮᠥᠨ᠂ ᠪᠢᠳᠡ ᠲᠡᠳᠡᠨ᠎ᠦ ᠨᠠᠮ᠎ᠳᠠᠭᠠᠨ ᠦᠨᠡᠨᠴᠢ ᠱᠢᠳᠤᠷᠭᠤ ᠤᠯᠤᠰ ᠲᠥᠷᠥ᠎ᠶ᠋ᠢᠨ ᠬᠡᠪ ᠴᠢᠨᠠᠷ ᠪᠣᠯᠤᠨ ᠬᠠᠷᠠᠮ ᠥᠬᠡᠶ ᠵᠣᠷᠢᠭᠤᠯᠬᠤ ᠡᠷᠬᠢᠮ ᠳᠡᠭᠡᠳᠦ ᠵᠠᠩ ᠰᠤᠷᠲᠠᠯ᠎ᠢ ᠰᠤᠷᠤᠯᠴᠠᠵᠤ᠂ ᠡᠪ ᠬᠠᠮᠲᠤᠴᠤᠳ᠎ᠤᠨ ᠤᠯᠤᠰ ᠲᠥᠷᠥ᠎ᠶ᠋ᠢᠨ ᠮᠥᠨ ᠴᠢᠨᠠᠷ᠎ᠢᠶᠠᠨ ᠡᠭᠦᠷᠢᠳᠡ ᠪᠠᠳᠤᠯᠠᠵᠤ᠂ ᠤᠷᠤᠭ᠍ᠰᠢᠯᠠᠨ ᠳᠠᠪᠱᠢᠬᠤ ᠬᠦᠴᠦᠨ ᠴᠢᠳᠠᠯ᠎ᠢ ᠲᠠᠰᠤᠷᠠᠯᠲᠠ ᠥᠬᠡᠶ ᠬᠤᠷᠠᠮᠳᠤᠭᠤᠯᠬᠤ ᠬᠡᠷᠡᠭᠳᠡᠢ ᠬᠡᠵᠤ ᠭᠡᠯᠡᠪᠡ ᠃

ᠸᠠᠩ ᠯᠢ ᠱᠢᠶᠠ᠂ ᠠᠬᠠᠮᠠᠳ ᠨᠥᠬᠥᠳ ᠪᠣᠯ ᠨᠠᠮ ᠪᠣᠯᠤᠨ ᠠᠷᠠᠳ ᠲᠦᠮᠡᠨ᠎ᠦ ᠡᠷᠬᠢᠮ ᠨᠠᠨᠳᠢᠨ ᠥᠪ ᠬᠦᠷᠦᠩᠭᠡ ᠮᠥᠨ᠂ ᠮᠠᠰᠢ ᠬᠠᠢᠷᠠᠯᠠᠨ ᠬᠠᠯᠠᠮᠵᠢᠯᠠᠵᠤ᠂ ᠲᠡᠳᠡᠨ᠎ᠦ ᠪᠤᠳᠤᠯ ᠰᠠᠨᠠᠭ᠎ᠠ᠂ ᠬᠦᠰᠡᠯ ᠡᠷᠡᠮᠡᠯᠵᠡᠯ᠎ᠢ ᠨᠢ ᠦᠨᠡᠨ ᠰᠡᠳᠭᠢᠯ᠎ᠡᠴᠡ᠎ᠪᠡᠨ ᠣᠢᠯᠠᠭᠠᠵᠤ᠂ ᠪᠦᠬᠦ᠌ ᠰᠡᠳᠭᠢᠯ᠎ᠢᠶᠡᠷ᠎ᠢᠶᠡᠨ ᠲᠡᠳᠡᠨ᠎ᠳᠦ ᠰᠠᠢ᠌ᠨ ᠶᠠᠪᠤᠳᠠᠯ ᠬᠢᠵᠦ᠍᠂ ᠪᠣᠳᠠᠳᠤ ᠶᠠᠪᠤᠳᠠᠯ ᠬᠢᠵᠦ᠍᠂ ᠬᠦᠴᠢᠷ ᠠᠰᠠᠭᠤᠳᠠᠯ᠎ᠢ ᠨᠢ ᠱᠢᠢᠳᠪᠦᠷᠢᠯᠡᠵᠦ᠍ ᠥᠭ᠌ᠬᠦ ᠬᠡᠷᠡᠭ᠌ᠲᠡᠢ ᠭᠡᠵᠦ ᠬᠡᠯᠡᠪᠡ᠃ ᠲᠡᠷᠡ ᠨᠠᠰᠤᠲᠠᠨ ᠤ᠋  ᠪᠡᠶ᠎ᠡ᠎ᠪᠡᠨ ᠭᠠᠮᠨᠠᠵᠤ᠂ ᠳᠠᠪᠠᠭᠤᠯᠢᠭ᠎ᠢᠶᠠᠨ ᠪᠠᠳᠠᠷᠠᠭᠤᠯᠵᠤ᠂ ᠡᠷᠬᠢᠮ ᠨᠠᠨᠳᠢᠨ ᠰᠠᠨᠠᠯ ᠰᠠᠨᠠᠭᠤᠯᠭ᠎ᠠ ᠢᠯᠡᠭᠦᠬᠡᠨ ᠳᠤᠷᠠᠳᠴᠤ᠌᠂ ᠥᠪᠡᠷᠲᠡᠭᠡᠨ ᠵᠠᠰᠠᠬᠤ ᠣᠷᠣᠨ᠎ᠤ ᠠᠵᠤ ᠠᠬᠤᠢ ᠨᠡᠢᠭᠡᠮ᠎ᠦᠨ ᠡᠯ᠎ᠡ ᠵᠦᠢᠯ᠎ᠦᠨ ᠠᠵᠢᠯ ᠦᠢᠯᠡᠰ᠎ᠦᠨ ᠬᠥᠭ᠌ᠵᠢᠯᠲᠡ᠎ᠳᠦ ᠦᠷᠭᠦᠯᠵᠢᠯᠡᠨ ᠤᠶᠤᠨ ᠤᠬᠠᠭᠠᠨ ᠪᠠ ᠬᠦᠴᠦᠨ ᠴᠢᠳᠠᠯ᠎ᠢᠶᠠᠨ ᠡᠷᠭᠦᠬᠦ᠌᠎ᠶ᠋ᠢ ᠬᠦᠰᠡᠪᠡ᠃

ᠶᠦᠨ ᠵᠣᠣ ᠭᠤᠸᠠᠩ ᠸᠠᠩ ᠯᠢ ᠱᠢᠶᠠ᠎ᠶ᠋ᠢᠨ ᠠᠵᠢᠯ ᠨᠢ ᠲᠤᠩ᠎ᠶᠠᠭᠠᠷᠠᠤ ᠪᠠᠢᠳᠠᠯ᠎ᠠ ᠪᠠᠨ ᠳᠠᠬᠢᠨᠲᠠ ᠡᠷᠬᠢᠨ ᠦᠵᠡᠬᠦ᠌᠎ᠪᠡᠷ ᠢᠷᠡᠭ᠌ᠰᠡᠨ᠎ᠳᠦ ᠲᠠᠯᠠᠷᠬᠠᠵᠤ ᠪᠠᠢᠬᠤ᠎ᠪᠠᠨ ᠢᠯᠡᠳᠭᠡᠵᠦ᠍᠂ ᠥᠪᠡᠷᠲᠡᠭᠡᠨ ᠵᠠᠰᠠᠬᠤ ᠣᠷᠣᠨ᠎ᠤ ᠥᠩᠭᠡᠷᠡᠭ᠌ᠰᠡᠨ ᠨᠢᠭᠡ ᠵᠢᠯ᠎ᠳ᠋ᠦ ᠤᠯᠤᠭᠰᠠᠨ ᠠᠵᠤ ᠠᠬᠤᠶ ᠨᠡᠢᠭᠡᠮ᠎ᠦᠨ ᠬᠥᠭ᠌ᠵᠢᠯᠲᠡ᠎ᠶ᠋ᠢᠨ ᠠᠮᠵᠢᠯᠲᠠ ᠪᠦᠲᠦᠮᠵᠢ᠎ᠶᠢ ᠬᠠᠷᠠᠭᠠᠳ ᠴᠢᠩ ᠰᠡᠳᠭᠢᠯ᠎ᠡᠴᠡ᠎ᠪᠡᠨ ᠪᠠᠶᠠᠷᠯᠠᠵᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠪᠣᠯᠤᠨ ᠵᠠᠰᠠᠭ᠎ᠤᠨ ᠣᠷᠳᠣᠨ᠎ᠤ ᠪᠥᠬᠥ᠌ ᠣᠷᠣᠨ᠎ᠤ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠢ ᠳᠠᠭᠠᠭᠤᠯᠤᠨ᠂ ᠰᠡᠳᠭᠢᠯ ᠨᠢᠭᠡᠳᠦᠨ ᠬᠦᠴᠦ᠍᠎ᠪᠡᠨ ᠬᠠᠮᠲᠤᠳᠭᠠᠵᠤ ᠭᠡᠨᠡᠳᠲᠡ ᠡᠭᠦᠰᠦᠭ᠌ᠰᠡᠨ ᠬᠢᠵᠢᠭ᠎ᠦᠨ ᠪᠠᠢᠳᠠᠯ ᠵᠡᠷᠭᠡ ᠡᠯ᠎ᠡ ᠵᠦᠶ᠋ᠯ᠎ᠦᠨ ᠬᠦᠴᠢᠷᠳᠡᠯ ᠪᠣᠯᠤᠨ ᠥᠷᠢᠰᠥᠯᠳᠦᠭᠡᠨ᠎ᠢ ᠢᠯᠡᠨ ᠳᠠᠪᠠᠭ᠍ᠰᠠᠨ᠎ᠳᠤ ᠶᠡᠬᠡᠳᠡ ᠰᠡᠳᠭᠢᠯ ᠬᠥᠳᠡᠯᠵᠦ᠍᠂ ᠱᠢᠨ᠎ᠡ ᠨᠢᠭᠡ ᠵᠢᠯ᠎ᠳᠦ ᠥᠪᠥᠷ ᠮᠣᠩᠭᠣᠯ᠎ᠤᠨ ᠡᠯ᠎ᠡ ᠵᠦᠶ᠋ᠯ᠎ᠦᠨ ᠠᠵᠢᠯ ᠦᠶ᠋ᠯᠡᠰ᠎ᠦᠨ ᠬᠥᠭ᠌ᠵᠢᠯᠲᠡ ᠲᠠᠰᠤᠷᠠᠯᠲᠠ ᠥᠬᠡᠶ ᠱᠢᠨ᠎ᠡ ᠠᠮᠵᠢᠯᠲᠠ ᠤᠯᠬᠤ᠎ᠶ᠋ᠢ ᠬᠦᠰᠡᠨ ᠵᠥᠩᠨᠡᠪᠡ᠃

ᠥᠪᠡᠷᠲᠡᠭᠡᠨ ᠵᠠᠰᠠᠬᠤ ᠣᠷᠣᠨ᠎ᠤ ᠬᠣᠯᠪᠣᠭ᠍ᠳᠠᠯ ᠪᠥᠬᠥᠶ ᠰᠠᠯᠠᠭ᠎ᠠ ᠮᠥᠴᠢᠷ᠎ᠦᠨ ᠬᠠᠷᠢᠭᠤᠴᠠᠯᠭᠠᠲᠠᠨ ᠨᠥᠬᠥᠳ ᠪᠠᠷ᠎ᠠ ᠪᠣᠯᠵᠣ ᠡᠷᠬᠢᠨ ᠦᠵᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号