ᠱᠢᠨᠬᠤᠸᠠ ᠬᠣᠷᠢᠶᠠᠨ᠎ᠤ
ᠪᠡᠭᠡᠵᠢᠩ᠎ᠤᠨ 1 ᠰᠠᠷ᠎ᠠ᠎ᠶ᠋ᠢᠨ 25 ᠤ᠋ ᠴᠠᠬᠢᠯᠭᠠᠨ ᠮᠡᠳᠡᠭᠡ 25 ᠤ᠋ ᠡᠳᠦᠷ᠂ ᠨᠡᠢᠰᠯᠡᠯ᠎ᠦᠨ ᠪᠣᠯᠪᠠᠰᠤᠨ᠎ᠤ ᠢᠨᠵᠧᠨᠧᠷᠢᠩ᠎ᠦᠨ ᠰᠠᠭᠤᠷᠢ
ᠮᠥᠩᠭᠥᠨ᠎ᠦ ᠨᠡᠢᠭᠡᠮᠯᠢᠭ ᠪᠣᠯᠤᠨ《ᠪᠣᠯᠪᠠᠰᠤᠨ》 ᠰᠡᠳᠬᠦᠯ᠎ᠦᠨ
ᠬᠣᠷᠢᠶ᠎ᠠ ᠳᠡᠯᠡᠬᠡᠢ ᠳ᠋ᠤ ᠬᠠᠨᠳᠤᠭᠤᠯᠤᠨ《〈ᠣᠯᠢᠮᠫᠢᠺ ᠤ᠋ᠨ
ᠲᠤᠩᠬᠠᠭ〉— ᠦᠵᠡᠰᠭᠦᠯᠡᠩᠲᠦ
ᠰᠠᠢᠬᠠᠨ ᠣᠯᠢᠮᠫᠢᠺ ᠤ᠋ᠨ ᠰᠣᠶᠣᠯ ᠤ᠋ᠨ ᠤᠷᠳᠤ ᠡᠪᠬᠡᠮᠡᠯⅢ》 ᠢ᠋ ᠨᠡᠢᠳᠡᠯᠡᠵᠠᠢ᠃
《ᠣᠯᠢᠮᠫᠢᠺ᠎ᠤᠨ
ᠰᠣᠶᠣᠯ᠎ᠤᠨ ᠣᠷᠳᠣ ᠡᠪᠬᠡᠮᠡᠯⅢ》᠎ᠨᠢ ᠤᠳᠤ ᠦᠶ᠎ᠡ᠎ᠶ᠋ᠢᠨ
ᠣᠯᠢᠮᠫᠢᠺ᠎ᠤᠨ ᠪᠡᠶ᠎ᠡ ᠵᠢᠨ ᠲᠠᠮᠢᠷ᠎ᠤᠨ ᠬᠦᠳᠡᠯᠭᠡᠭᠡᠨ ᠤ᠋ ᠭᠣᠢᠳᠠ ᠰᠠᠢᠬᠠᠨ ᠬᠥᠭ᠌ᠵᠢᠯᠳᠡ ᠵᠢᠨ ᠶᠠᠪᠤᠴᠠ᠎ᠶ᠋ᠢ
ᠬᠠᠷᠠᠭᠤᠯᠵᠤ᠂ ᠣᠯᠢᠮᠫᠢᠺ᠎ᠤᠨ ᠲᠠᠮᠢᠷ᠎ᠤᠨ ᠴᠤᠭ᠍ᠯᠠᠭᠠᠨ ᠢ᠋ ᠡᠷᠬᠢᠯᠡᠭᠰᠡᠨ 23 ᠤᠯᠤᠰ ᠪᠤᠯᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ ᠢ᠋ ᠡᠷᠬᠢᠯᠡᠭᠰᠡᠨ 43 ᠬᠣᠲᠠ᠎ᠶ᠋ᠢᠨ ᠣᠯᠠᠨ ᠡᠱᠢᠲᠦ ᠰᠣᠶᠣᠯ ᠪᠣᠯᠤᠨ 206 ᠤᠯᠤᠰ ᠪᠤᠯᠤᠨ ᠭᠠᠵᠠᠷ ᠣᠷᠣᠨ᠎ᠢᠶᠠᠷ ᠪᠦᠷᠢᠯᠳᠦᠭ᠌ᠰᠡᠨ ᠣᠯᠢᠮᠫᠢᠺ᠎ᠤᠨ
ᠲᠣᠮᠣ ᠭᠡᠷ ᠪᠦᠯᠢ ᠢ᠋ ᠬᠠᠷᠠᠭᠤᠯᠵᠤ᠂ 2012 ᠣᠨ᠎ᠳᠤ ᠨᠡᠢᠳᠡᠯᠡᠭᠰᠡᠨ
《ᠣᠯᠢᠮᠫᠢᠺ᠎ᠤᠨ ᠰᠣᠶᠣᠯ᠎ᠤᠨ ᠣᠷᠳᠣ ᠡᠪᠬᠡᠮᠡᠯⅠ》 ᠪᠣᠯᠤᠨ 2016 ᠣᠨ᠎ᠳᠤ ᠨᠡᠢᠳᠡᠯᠡᠭᠰᠡᠨ《ᠣᠯᠢᠮᠫᠢᠺ᠎ᠤᠨ
ᠰᠣᠶᠣᠯ᠎ᠤᠨ ᠣᠷᠳᠣ ᠡᠪᠬᠡᠮᠡᠯⅡ》 ᠲᠠᠶ ᠬᠠᠮᠲᠤ᠎ᠪᠠᠷ ᠰᠣᠶᠣᠯ᠎ᠤᠨ ᠬᠣᠯᠪᠣᠭᠠᠰᠤ ᠪᠣᠯᠤᠭ᠍ᠰᠠᠨ ᠪᠠᠢᠨ᠎ᠠ᠃
ᠤᠷᠳᠤ ᠡᠪᠬᠡᠮᠡᠯⅢ᠎ᠨᠢ《ᠣᠯᠢᠮᠫᠢᠺ ᠤ᠋ᠨ
ᠲᠤᠩᠬᠠᠭ》 ᠤ᠋ᠨ ᠹᠷᠠᠨᠼᠢ
ᠬᠡᠯᠡ᠂ ᠠᠨᠭ᠌ᠭ᠌ᠯᠢ ᠬᠡᠯᠡ᠂ ᠬᠢᠲᠠᠳ ᠬᠡᠯᠡᠨ᠎ᠦ ᠬᠡᠪᠯᠡᠯ᠎ᠦᠨ ᠲᠢᠭ ᠪᠠ ᠳᠤᠮᠳᠠᠳᠤ ᠤᠯᠤᠰ᠎ᠤᠨ ᠤᠷᠠᠨ ᠪᠢᠴᠢᠯᠭᠡ᠎ᠶ᠋ᠢᠨ
ᠲᠢᠭ ᠵᠢᠴᠢ 《ᠲᠩᠷᠢ ᠬᠦᠮᠦᠨ
ᠭᠠᠵᠠᠷ》 ᠵᠡᠷᠭᠡ ᠭᠤᠷᠪᠠᠨ ᠳᠠᠪᠬᠤᠷ ᠵᠢᠷᠤᠭ ᠲᠥᠯᠥᠪᠯᠡᠭᠡ᠎ᠪᠡᠷ ᠰᠠᠭᠤᠷᠢ ᠪᠦᠲᠦᠴᠡ ᠪᠣᠯᠭᠠᠵᠤ᠂ ᠵᠡᠭᠦᠨ
ᠪᠠᠷᠠᠭᠤᠨ ᠬᠣᠶᠠᠷ ᠲᠠᠯ᠎ᠠ ᠳ᠋ᠠᠭᠠᠨ ᠲᠤᠰ ᠲᠤᠰ ᠹᠷᠠᠨᠼᠢ᠎ᠶ᠋ᠢᠨ ᠫᠠᠷᠢᠰ ᠪᠠ ᠭᠷᠧᠭ᠎ᠦᠨ ᠠᠲ᠋ᠸᠨ ᠵᠢᠴᠢ ᠬᠣᠶᠠᠷ
ᠤᠯᠤᠰ ᠪᠠ ᠬᠣᠶᠠᠷ ᠬᠣᠲᠠ᠎ᠶ᠋ᠢᠨ ᠣᠯᠢᠮᠫᠢᠺ᠎ᠦᠨ ᠪᠡᠶ᠎ᠡ ᠵᠢᠨ ᠲᠠᠮᠢᠷ᠎ᠤᠨ ᠬᠥᠳᠡᠯᠭᠡᠭᠡᠨ᠎ᠦ ᠲᠡᠦᠬᠡ ᠪᠠ ᠰᠣᠶᠣᠯ᠎ᠢ
ᠳᠡᠯᠭᠡᠨ ᠦᠵᠡᠭᠦᠯᠬᠦ᠌᠎ᠪᠡᠷ ᠡᠬᠢᠯᠡᠯᠲᠡ ᠪᠣᠯᠭᠠᠵᠤ᠂ ᠡᠷᠲᠡᠨ᠎ᠦ ᠣᠯᠢᠮᠫᠢᠺ᠎ᠦᠨ ᠰᠣᠶᠣᠯ᠎ᠤᠨ ᠡᠬᠢ ᠡᠭᠦᠰᠦᠯ ᠪᠠ
ᠣᠳᠣ ᠦᠶ᠎ᠡ᠎ᠶ᠋ᠢᠨ ᠣᠯᠢᠮᠫᠢᠺ᠎ᠦᠨ ᠰᠡᠷᠭᠦᠨ ᠮᠠᠨᠳᠤᠯᠲᠠ᠎ᠶ᠋ᠢᠨ ᠡᠬᠢᠯᠡᠯᠲᠡ᠎ᠶ᠋ᠢ ᠬᠠᠷᠠᠭᠤᠯᠤᠭᠰᠠᠨ ᠪᠠᠢᠨ᠎ᠠ᠃
ᠡᠪᠬᠡᠮᠡᠯ ᠤ᠋ᠨ ᠲᠦᠪ ᠲᠡᠬᠢ《ᠣᠯᠢᠮᠫᠢᠺ᠎ᠤᠨ
ᠲᠤᠩᠬᠠᠭ᠎ᠤᠨ ᠠᠭᠤᠳᠠᠮ ᠲᠠᠯᠠᠪᠠᠶ》 ᠨᠢ ᠳᠤᠮᠳᠠᠳᠤᠤᠯᠤᠰᠤᠨᠤᠯᠠᠮᠵᠢᠯᠠᠯᠲᠤ ᠰᠣᠶᠣᠯ ᠤ᠋ᠨ《ᠲᠩᠷᠢ ᠲᠥᠭᠥᠷᠢᠭ
ᠭᠠᠵᠠᠷ ᠳᠦᠷᠪᠡᠯᠵᠢᠨ》 ᠭᠡᠬᠦ᠌ ᠣᠢᠯᠠᠭᠠᠭ᠍ᠳᠠᠬᠤᠨ᠎ᠢᠶᠠᠷ
ᠰᠡᠳᠦᠪ ᠪᠣᠯᠭᠠᠵᠤ᠂ ᠭᠠᠳᠠᠷ ᠬᠡᠯᠪᠡᠷᠢ ᠪᠠᠢᠳᠠᠯ ᠨᠢ ᠢᠵᠢᠯᠢ ᠲᠦᠪᠳᠤ ᠲᠠᠪᠤᠨ ᠴᠠᠭᠠᠷᠢᠭ ᠪᠠ ᠭᠠᠳᠠᠷ ᠲᠠᠯ᠎ᠠ᠎ᠶ᠋ᠢᠨ
ᠨᠣᠮᠣᠨ ᠬᠡᠯᠪᠡᠷᠢᠲᠦ ᠭᠤᠷᠪᠠᠨ ᠳᠤᠷᠠᠰᠭᠠᠯ᠎ᠤᠨ ᠬᠥᠱᠢᠶ᠎ᠡ ᠨᠢ ᠹᠷᠠᠨᠼᠢ᠂ ᠬᠢᠲᠠᠳ᠂ ᠠᠨᠭ᠌ᠭ᠌ᠯᠢ ᠭᠤᠷᠪᠠᠨ ᠵᠦᠢᠯ
ᠤ᠋ᠨ ᠥᠰᠥᠭ᠎ᠲᠡᠶ 《ᠣᠯᠢᠮᠫᠢᠺ᠎ᠤᠨ
ᠲᠤᠩᠬᠠᠭ》 ᠤ᠋ᠨ ᠬᠦᠰᠢᠶ᠎ᠠ
ᠪᠡᠷ ᠪᠦᠷᠢᠯᠳᠦᠵᠤ᠂ ᠬᠢᠲᠠᠳ ᠬᠡᠯᠡᠨ᠎ᠦ 《ᠣᠯᠢᠮᠫᠢᠺ᠎ᠤᠨ
ᠲᠤᠩᠬᠠᠭ》 ᠤ᠋ᠨ ᠨᠣᠮᠣᠨ
ᠬᠡᠯᠪᠡᠷᠢᠲᠦ ᠬᠥᠱᠢᠶ᠎ᠠ ᠳᠤᠮᠳᠠ ᠨᠢ ᠪᠠᠢᠷᠢᠯᠠᠵᠤ᠂ ᠳᠡᠭᠡᠷ᠎ᠠ ᠲᠠᠯ᠎ᠠ ᠳ᠋ᠤᠨᠢ ᠭᠤᠤᠯ ᠬᠥᠱᠢᠶ᠎ᠡ ᠵᠢ ᠪᠤᠰᠬᠠᠵᠠᠢ᠃
ᠭᠣᠣᠯ ᠬᠥᠱᠢᠶᠡᠨ᠎ᠦ ᠦᠪᠦᠷ ᠠᠷᠤ ᠲᠠᠯ᠎ᠠ᠎ᠳᠤ ᠣᠯᠢᠮᠫᠢᠺ᠎ᠦᠨ ᠡᠴᠢᠭᠡ ᠭᠡᠮᠡᠭᠳᠡᠭᠰᠡᠨ ᠺᠦᠪᠸᠷᠲ᠋ᠠᠨ ᠪᠠ ᠲᠤᠬᠠᠶ᠎ᠶ᠋ᠢᠨ
ᠦᠶ᠎ᠡ᠎ᠶ᠋ᠢᠨ ᠣᠯᠠᠨ ᠤᠯᠤᠰ᠎ᠤᠨ ᠣᠯᠢᠮᠫᠢᠺ᠎ᠦᠨ ᠵᠥᠪᠯᠡᠯ᠎ᠦᠨ ᠲᠡᠷᠢᠭᠦᠯᠡᠭ᠌ᠴᠢ ᠷᠤᠭ᠌ᠸᠶ᠋ᠢᠨ ᠭᠦᠳᠦᠭᠦᠷ ᠱᠤᠭᠤᠮᠠᠯ
ᠪᠤᠶ᠃
ᠪᠡᠭᠡᠵᠢᠩ᠎ᠦᠨ
ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ 2 ᠰᠠᠷ᠎ᠠ᠎ᠶ᠋ᠢᠨ 4 ᠤ᠋ ᠡᠳᠦᠷ ᠡᠬᠢᠯᠡᠵᠤ᠂
ᠶᠠᠭ ᠴᠠᠭᠠᠨ ᠰᠠᠷ᠎ᠠ᠎ᠶ᠋ᠢᠨ ᠬᠤᠭᠤᠴᠠᠭᠠᠨ᠎ᠳᠤ ᠲᠣᠬᠢᠶᠠᠯᠳᠤᠨ᠎ᠠ(ᠪᠢᠯᠢᠭ ᠤ᠋ᠨ
ᠤᠯᠠᠷᠢᠯ ᠤ᠋ᠨ ᠴᠠᠭᠠᠨ ᠰᠠᠷ᠎ᠠ ᠵᠢᠨ ᠰᠢᠨ᠎ᠠ ᠵᠢᠨ ᠳᠦᠷᠪᠡᠨ᠂ ᠬᠠᠪᠤᠷ᠎ᠤᠨ ᠠᠭᠤᠷ)᠃ ᠣᠷᠳᠣ ᠡᠪᠬᠡᠮᠡᠯ Ⅲ ᠤ᠋ᠨ ᠭᠤᠤᠯ ᠬᠡᠰᠡᠭ᠎ᠲᠦ
ᠪᠠᠰᠠ ᠳᠡᠯᠡᠬᠡᠶ ᠵᠢᠨ ᠠᠩᠬᠠᠳᠠᠭ᠍ᠴᠢ《ᠣᠯᠢᠮᠫᠢᠺ᠎ᠤᠨ
ᠲᠤᠩᠬᠠᠭ᠎ᠤᠨ ᠠᠭᠤᠳᠠᠮ ᠲᠠᠯᠠᠪᠠᠶ》 ᠪᠣᠯᠤᠨ《ᠬᠤᠤᠰ ᠣᠯᠢᠮᠫᠢᠺ᠎ᠤᠨ ᠬᠣᠲᠠ》 ᠪᠤᠯᠬᠤ ᠳᠤᠮᠳᠠᠳᠤ
ᠤᠯᠤᠰ᠎ᠤᠨ ᠪᠡᠭᠡᠵᠢᠩ᠎ᠦᠨ ᠴᠠᠭᠠᠨ ᠰᠠᠷ᠎ᠠ᠎ᠶ᠋ᠢᠨ ᠰᠣᠶᠣᠯ᠎ᠢ ᠳᠡᠯᠭᠡᠨ ᠦᠵᠡᠭᠦᠯᠵᠤ᠂ᠳᠣᠷᠣᠨᠠᠳᠠᠬᠢᠨᠥᠷᠥᠨᠡᠳᠠᠬᠢᠨᠤ
ᠪᠣᠯᠪᠠᠰᠤᠨ ᠠᠳᠠᠯᠢ ᠴᠢᠭ᠌ᠯᠡᠯ᠎ᠢᠶᠡᠷ ᠤᠷᠤᠭ᠍ᠰᠢᠯᠠᠵᠤ᠂ ᠪᠡᠭᠡᠵᠢᠩ᠎ᠳᠦ ᠠᠭᠤᠯᠵᠠᠵᠤ ᠠᠭᠤᠰᠤᠯᠴᠠᠨ ᠬᠥᠭ᠌ᠵᠢᠬᠦ
ᠵᠢ ᠪᠡᠯᠭᠡᠳᠡᠵᠤ᠂ ᠣᠯᠢᠮᠫᠢᠺ᠎ᠤᠨ ᠶᠡᠬᠡ ᠭᠡᠷ ᠪᠦᠯᠢ᠎ᠶ᠋ᠢᠨ ᠪᠦᠬᠦ᠌ ᠪᠦᠷᠢᠯᠳᠦᠬᠦᠨ ᠢ᠋《ᠤᠳᠤ ᠦᠶ᠎ᠡ᠎ᠶ᠋ᠢᠨ
ᠣᠯᠢᠮᠫᠢᠺ᠎ᠤᠨ ᠪᠡᠶ᠎ᠡ ᠵᠢᠨ ᠲᠠᠮᠢᠷ᠎ᠤᠨ ᠬᠥᠳᠡᠯᠭᠡᠭᠡᠨ᠎ᠦ ᠬᠥᠭ᠌ᠵᠢᠯᠲᠡ ᠪᠣᠯᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ
ᠢ᠋ ᠡᠷᠬᠢᠯᠡᠬᠰᠡᠨ ᠬᠤᠳᠠ᠎ᠶ᠋ᠢᠨ ᠲᠠᠷᠬᠠᠯᠲᠠ᠎ᠶ᠋ᠢᠨ ᠵᠢᠷᠤᠭ》 ᠵᠢᠡᠷ ᠳᠠᠮᠵᠢᠨ
ᠣᠯᠢᠮᠫᠢᠺ᠎ᠤᠨ ᠬᠤᠳᠠ᠎ᠶ᠋ᠢ ᠳᠡᠯᠡᠬᠡᠢ ᠳ᠋ᠠᠬᠢᠨ᠎ᠲᠠᠶ ᠬᠣᠯᠪᠣᠵᠤ᠂ 《ᠬᠣᠣᠰ ᠣᠯᠢᠮᠫᠢᠺ᠎ᠤᠨ
ᠬᠣᠲᠠ》 ᠪᠡᠭᠡᠵᠢᠩ᠎ᠳᠦ
ᠭᠠᠷ ᠬᠣᠯᠪᠣᠨ ᠳᠡᠯᠡᠬᠡᠶ ᠳ᠋ᠠᠬᠢᠨ᠎ᠲᠠᠶ ᠣᠯᠢᠮᠫᠢᠺ᠎ᠤᠨ ᠰᠣᠶᠣᠯ᠎ᠤᠨ ᠭᠤᠤ᠎ᠠ ᠰᠠᠢᠬᠠᠨ᠎ᠢ ᠬᠤᠪᠢᠶᠠᠯᠴᠠᠵᠤ᠂ ᠡᠭᠦᠨ᠎ᠢᠶᠡᠷ
ᠬᠥᠮᠦᠨ ᠲᠥᠷᠥᠯᠬᠢᠲᠡᠨ᠎ᠦ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢ ᠪᠠᠢᠭᠤᠯᠬᠤ ᠦᠵᠡᠰᠭᠦᠯᠡᠩᠲᠦ ᠰᠠᠢᠬᠠᠨ
ᠵᠢᠷᠤᠭ᠎ᠢ ᠵᠢᠷᠤᠭ᠍ᠯᠠᠪᠠ᠃