ᠤᠷᠳᠤᠰ ᠬᠤᠲᠠ ᠵᠢᠨ ᠬᠠᠩᠭᠢᠨ ᠬᠤᠰᠢᠭᠤᠨᠤ
ᠰᠢᠯᠢᠳᠡᠭ ᠰᠤᠶᠤᠯᠤᠨ ᠦᠪᠢ ᠪᠦᠲᠦᠮᠵᠢᠲᠡᠢ ᠬᠠᠮᠠᠭᠠᠯᠠᠨ ᠤᠯᠠᠮᠵᠢᠯᠠᠬᠤ ᠡᠭᠦᠳᠡᠨ ᠡᠴᠡ 2006 ᠤᠨ ᠡᠴᠡ ᠡᠬᠢᠯᠡᠨ
ᠰᠡᠲᠦᠵᠦ ᠬᠢᠭᠰᠡᠨ《ᠬᠠᠩᠭᠢᠨ ᠬᠤᠰᠢᠭᠤᠨᠤ ᠦᠨᠳᠦᠰᠦᠲᠡᠨᠤ ᠰᠤᠶᠤᠯᠢ ᠳᠡᠯᠭᠡᠷᠡᠭᠦᠯᠬᠦ
ᠢᠨᠵᠸᠨ᠋ᠸᠷᠢᠩ》ᠤᠨ ᠨᠢᠭᠡ ᠪᠤᠯᠬᠤ《ᠲᠡᠷᠭᠡᠲᠡᠨ ᠬᠠᠩᠯᠢᠭ — ᠬᠠᠩᠭᠢᠨ ᠬᠤᠰᠢᠭᠤᠨᠤ ᠭᠠᠵᠠᠷᠤᠨ ᠨᠡᠷᠡᠰᠤᠨ ᠣᠢᠯᠠᠯᠭ᠎ᠠ》 ᠨᠤᠮ ᠨᠢ ᠮᠥᠩᠬᠡᠲᠤᠶᠠᠭ᠎ᠠ ᠪᠠ ᠡᠮᠬᠢᠳᠭᠡᠨ ᠨᠠᠢᠷᠠᠭᠤᠯᠬᠤ ᠳᠤᠭᠤᠢᠯᠠᠩᠤᠨ
ᠪᠦᠬᠦ ᠬᠡᠰᠢᠭᠦᠳᠤᠨ ᠬᠠᠮᠲᠤ ᠵᠢᠨ ᠴᠢᠷᠮᠠᠢᠯᠭ᠎ᠠ ᠪᠠᠷ ᠲᠦᠷᠦᠭᠦᠬᠡᠨ ᠵᠢᠩᠬᠢᠨᠢ ᠪᠠᠷ ᠬᠡᠪᠯᠡᠭᠳᠡᠨ ᠲᠠᠷᠬᠠᠭᠠᠭᠳᠠᠪᠠ᠃

ᠲᠤᠰ ᠭᠤᠷᠪᠠᠨ ᠪᠤᠳᠢ ᠲᠤᠮᠤᠬᠠᠨ
ᠪᠦᠲᠦᠭᠡᠯᠢ ᠡᠮᠬᠢᠳᠭᠡᠨ ᠨᠠᠢᠷᠠᠭᠤᠯᠤᠭᠰᠠᠨ 14 ᠵᠢᠯ ᠤᠨ ᠬᠤᠭᠤᠴᠠᠭᠠᠨ ᠳᠤ 500 ᠭᠠᠷᠤᠢ ᠨᠤᠲᠤᠭᠤᠨ ᠠᠬᠠᠮᠠᠳ ᠲᠤᠮᠤᠭᠠᠲᠠᠳ ᠵᠢᠴᠢ ᠬᠠᠮᠢᠶ᠎ᠠ
ᠪᠦᠬᠦᠢ ᠬᠦᠮᠦᠰ ᠲᠡᠢ ᠠᠭᠤᠯᠵᠠᠨ ᠰᠤᠷᠪᠤᠯᠵᠢᠯᠠᠵᠤ᠂ 6000 ᠭᠠᠷᠤᠢ ᠭᠠᠵᠠᠷᠤᠨ ᠨᠡᠷ᠎ᠡ ᠵᠢᠨ ᠮᠡᠳᠡᠭᠡ ᠵᠡᠩᠬᠢ ᠵᠢ ᠠᠭᠤᠳᠠᠯᠤᠨ
ᠢᠯᠡᠷᠡᠭᠦᠯᠵᠦ ᠡᠮᠬᠢᠯᠡᠨ ᠴᠤᠭᠯᠠᠭᠤᠯᠤᠭᠰᠠᠨ ᠪᠦᠭᠡᠳ ᠪᠠᠢᠷᠢ ᠳᠤᠭᠲᠠᠭᠠᠬᠤ ᠬᠡᠮᠵᠢᠨ ᠵᠢᠷᠤᠬᠤ ᠠᠵᠢᠯ ᠢ ᠪᠡᠶᠡᠯᠡᠭᠦᠯᠵᠦ᠂
10000 ᠭᠠᠷᠤᠢ
ᠬᠤᠪᠢ ᠬᠡᠷᠡᠯ ᠵᠢᠷᠤᠭᠤᠨ ᠮᠠᠲᠧᠷᠢᠶᠠᠯᠢ ᠰᠤᠩᠭᠤᠨ ᠤᠷᠤᠭᠤᠯᠵᠤ᠂ 1000 ᠭᠠᠷᠤᠢ ᠴᠠᠭᠤᠨ ᠳᠠᠭᠤᠨᠤ ᠰᠢᠩᠭᠡᠭᠡᠯᠲᠡ ᠵᠢᠨ ᠮᠠᠲᠧᠷᠢᠶᠠᠯ
ᠢ ᠴᠤᠭᠯᠠᠭᠤᠯᠵᠤ ᠡᠮᠭᠢᠳᠭᠡᠭᠰᠡᠨ ᠪᠠᠢᠨ᠎ᠠ᠃ ᠬᠠᠩᠭᠢᠨ ᠬᠤᠰᠢᠭᠤᠨ ᠤ ᠤᠯᠠᠷᠢᠯ ᠬᠤᠪᠢᠷᠠᠯ ᠤᠨ ᠲᠡᠦᠬᠡᠨ ᠳᠤᠪᠴᠢ᠂
ᠵᠠᠮ ᠬᠠᠷᠢᠯᠴᠠᠭ᠎ᠠ ᠬᠢᠭᠡᠳ ᠵᠢᠭᠤᠯᠴᠢᠯᠠᠯ᠂ ᠭᠠᠵᠠᠷ ᠤᠨ ᠨᠡᠷᠡᠰ ᠤᠨ ᠶᠡᠷᠦᠩᠬᠡᠢ ᠵᠢᠭᠰᠠᠭᠠᠯᠲᠠ᠂ ᠭᠠᠵᠠᠷᠤᠨ
ᠨᠡᠷ᠎ᠡ ᠵᠢᠨ ᠢᠷᠡᠯᠲᠡ ᠳᠤᠮᠤᠭ᠂ ᠤᠰᠤᠨ ᠰᠢᠰᠲᠧᠮ ᠵᠡᠷᠭᠡ 7 ᠶᠡᠬᠡ ᠲᠦᠷᠦᠯᠳᠤ ᠬᠤᠪᠢᠶᠠᠨ ᠬᠢᠲᠠᠳ᠂ ᠮᠤᠩᠭᠤᠯ ᠦᠰᠦᠭ᠂ ᠯᠠᠲ᠋ᠢᠨ
ᠭᠠᠯᠢᠭ᠂ ᠭᠠᠵᠠᠷᠤᠨ ᠨᠡᠷᠡᠰᠤᠨ ᠵᠢᠷᠤᠭ ᠵᠡᠷᠭᠡ ᠪᠠᠷ ᠡᠮᠬᠢᠳᠭᠡᠨ ᠲᠡᠮᠲᠡᠭᠯᠡᠭᠰᠡᠨ ᠲᠤᠮᠤᠬᠠᠨ ᠪᠦᠲᠦᠭᠡᠯ ᠶᠤᠮ᠃

ᠭᠠᠵᠠᠷ ᠤᠰᠤᠨᠤ ᠨᠡᠷᠡᠰ ᠲᠸ᠋
ᠨᠤᠳᠤᠭ ᠤᠰᠤᠨᠤ ᠬᠢᠨᠢ ᠲᠡᠦᠬᠡ ᠤᠷᠤᠰᠢᠵᠤ ᠰᠤᠶᠤᠯ ᠢᠷᠭᠡᠨᠰᠢᠯ ᠰᠢᠩᠭᠡᠵᠦ ᠪᠠᠢᠳᠠᠭ ᠪᠤᠯᠬᠤᠷ᠂ ᠬᠠᠩᠭᠢᠨ ᠬᠤᠰᠢᠭᠤᠨᠤ
ᠡᠨᠡᠬᠦ ᠭᠠᠵᠠᠷᠤᠨ ᠨᠡᠷᠡᠰᠤᠨ ᠤᠢᠯᠠᠯᠭ᠎ᠠ ᠵᠢᠨ ᠳᠤᠮᠤᠬᠠᠨ ᠪᠦᠲᠦᠭᠡᠯ ᠨᠢ ᠤᠷᠤᠨ ᠨᠤᠳᠤᠭᠤᠨ ᠵᠢᠠᠨ ᠰᠤᠶᠤᠯᠤᠨ
ᠪᠦᠲᠦᠭᠡᠨ ᠪᠠᠢᠭᠤᠯᠤᠯᠲᠠ ᠳ᠋ᠤ ᠴᠢᠬᠤᠯᠠ ᠪᠦᠭᠦᠢ ᠨᠡᠮᠡᠷᠢ ᠬᠠᠨᠳᠢᠪ ᠪᠤᠯᠬᠤ ᠨᠢ ᠳᠠᠮᠵᠢᠭ ᠦᠭᠡᠢ ᠪᠢᠯᠡ᠃ ᠲᠤᠰ
ᠬᠠᠮᠲᠤ ᠤᠯᠠᠨᠤ ᠬᠢᠨ ᠳᠠᠷᠠᠭ᠎ᠠ ᠪᠠᠷ ᠵᠠᠯᠭᠠᠪᠠᠷ ᠬᠠᠩᠭᠢᠨ ᠬᠤᠷᠢᠮ(ᠬᠤᠷᠢᠮᠤᠨ ᠳᠠᠭᠤᠤ᠂ ᠬᠤᠷᠢᠮᠤᠨ ᠶᠤᠰᠤ ᠵᠠᠩᠰᠢᠯ᠂ ᠬᠤᠪᠴᠠᠰᠤ ᠵᠠᠰᠠᠯ ᠵᠡᠷᠭᠡ ᠦᠪᠡᠷᠮᠢᠴᠡ
ᠤᠷᠤᠨ ᠨᠤᠲᠤᠭᠤᠨ ᠤᠨᠴᠠᠯᠢᠭ ᠲᠠᠢ ᠵᠠᠩ ᠦᠢᠯᠡ ᠰᠤᠶᠤᠯᠤᠨ ᠠᠭᠤᠯᠭ᠎ᠠ ᠪᠠᠭᠲᠠᠨ᠎ᠠ)ᠬᠠᠩᠭᠢᠨᠤ ᠪᠤᠭᠤᠨᠢ ᠠᠷᠠᠳᠤᠨ ᠳᠠᠭᠤᠤ ᠵᠡᠷᠭᠡ ᠵᠢᠨ ᠳᠤᠬᠠᠢ ᠳᠤᠰᠬᠠᠢ ᠪᠦᠲᠦᠭᠡᠯᠢ ᠡᠮᠬᠢᠳᠭᠡᠨ
ᠨᠠᠢᠷᠠᠭᠤᠯᠵᠤ ᠭᠠᠷᠭᠠᠬᠤ ᠪᠠᠷ ᠪᠠᠢᠭ᠎ᠠ ᠰᠠᠢᠬᠠᠨ ᠴᠢᠮᠡᠭᠡ ᠵᠢ ᠴᠸ᠋ ᠡᠨᠳᠡ ᠰᠤᠨᠤᠷᠳᠠᠭᠤᠯᠤᠶᠠ᠃