《ᠨᠡᠢᠳᠡ ᠵᠢᠨ ᠭᠠᠯᠳᠤ ᠲᠠᠷᠬᠡᠨ 》 ᠳ᠋ᠤ ᠰᠠᠭᠤᠭᠠᠳ 4 ᠬᠤᠳᠠ ᠪᠡᠷ ᠵᠢᠭᠤᠯᠴᠢᠯᠠᠬᠤ ᠪᠤᠯᠤᠯ᠎ᠠ
2022-01-05 10:43:41
ᠵᠣᠬᠢᠶᠠᠭ᠍ᠴᠢ᠄
ᠨᠠᠮᠤᠭ
ᠣᠩᠱᠢᠭ᠍ᠰᠠᠨ ᠣᠳᠠᠭ᠎ᠠ᠄
★★★☆☆

ᠬᠥᠬᠡᠬᠣᠲᠠ᠂ ᠪᠤᠭᠤᠲᠤ᠂ ᠣᠷᠳᠣᠰ ᠪᠠ ᠤᠯᠠᠭᠠᠨᠴᠠᠪ᠎ᠤᠨ ᠬᠤᠭᠤᠷᠤᠨᠳᠤᠬᠢ ᠭᠠᠯᠳᠤ ᠲᠠᠷᠬᠡᠨ ᠳ᠋ᠤ《ᠲᠡᠮᠦᠷ ᠵᠠᠮ ᠎ᠤᠨ e ᠺᠠᠷᠲ》᠎ᠤ᠋ᠨ ᠦᠶ᠋ᠯᠡᠴᠢᠯᠡᠭᠡ ᠲᠠᠢ ᠪᠤᠯᠵᠤ᠂ ᠵᠢᠭᠤᠯᠴᠢᠯᠠᠭᠰᠠᠳ ᠨᠡᠢᠳᠡ ᠵᠢᠨ ᠮᠠᠰᠢᠨ ᠲᠠᠷᠬᠡᠨ ᠳ᠋ᠤ ᠰᠠᠭᠤᠬᠤ ᠲᠠᠢ ᠠᠳᠠᠯᠢ ᠪᠡᠷ ᠬᠦᠳᠡᠯᠬᠡᠬᠦ ᠬᠦᠴᠦᠨᠳᠤ ᠭᠠᠯᠳᠤ ᠲᠡᠷᠬᠡᠨ ᠳ᠋ᠤ ᠰᠠᠭᠤᠭᠠᠳ ᠬᠠᠳᠤᠨ ᠭᠤᠤᠯ᠎ᠤᠨ 《几》 ᠥᠰᠥᠭᠳᠦ ᠲᠤᠬᠤᠢ ᠵᠢᠨ 4 ᠬᠤᠳᠠ ᠪᠡᠷ ᠰᠠᠭᠠᠳ ᠦᠬᠡᠢ ᠵᠢᠭᠤᠯᠴᠢᠯᠠᠵᠤ ᠲᠠᠢᠯᠬᠦ ᠪᠤᠯᠤᠯ᠎ᠠ᠃

ᠰᠤᠷᠪᠤᠯᠵᠢᠯᠠᠭᠴᠢ ᠳᠤᠮᠳᠠᠳᠤ ᠤᠯᠤᠰ᠎ᠤᠨ ᠲᠡᠮᠦᠷ ᠵᠠᠮ᠎ᠤᠨ ᠬᠥᠬᠡᠬᠣᠲᠠ᠎ᠶ᠋ᠢᠨ ᠲᠣᠪᠴᠢᠶ᠎ᠠ ᠪᠦᠯᠦᠭ᠌ᠯᠡᠯ᠎ᠦᠨ ᠬᠢᠵᠠᠭᠠᠷᠲᠤ ᠺᠣᠮᠫᠠᠨᠢ ᠡᠴᠡ ᠣᠢᠯᠠᠭᠠᠭ᠍ᠰᠠᠨ ᠵᠢᠡᠷ᠂ ᠮᠠᠨ᠎ᠤ ᠤᠷᠤᠨ ᠬᠥᠬᠡᠬᠣᠲᠠ᠂ ᠪᠤᠭᠤᠲᠤ᠂ ᠣᠷᠳᠣᠰ ᠪᠠ ᠤᠯᠠᠭᠠᠨᠴᠠᠪ ᠬᠤᠲᠠ ᠵᠢᠨ ᠵᠢᠭᠤᠯᠴᠢᠯᠠᠯ᠎ᠤᠨ ᠦᠢᠯᠡᠰ᠎ᠢ ᠪᠠᠭᠳᠠᠭᠠᠭᠰᠠᠨ ᠬᠣᠲᠠ᠎ᠶ᠋ᠢᠨ ᠪᠦᠯᠦᠭ᠌ᠵᠢᠯ᠎ᠦᠨ ᠴᠢᠨᠠᠷ ᠰᠠᠢᠲᠠᠶ ᠬᠥᠭ᠌ᠵᠢᠯᠲᠡ᠎ᠶ᠋ᠢᠨ ᠪᠠᠢᠯᠳᠤᠬᠤ ᠪᠣᠳᠣᠯᠭ᠎ᠠ᠎ᠶ᠋ᠢ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠳᠤᠮᠳᠠᠳᠤ ᠤᠯᠤᠰ᠎ᠤᠨ ᠪᠠᠩᠬᠢ᠎ᠶ᠋ᠢᠨ ᠥᠪᠥᠷ ᠮᠣᠩᠭᠣᠯ ᠳ᠋ᠡᠬᠢ ᠬᠤᠪᠢᠶᠠᠷᠢ ᠪᠠᠩᠬᠢ ᠮᠥᠩᠭᠥᠨ ᠭᠦᠶ᠋ᠯᠭᠡᠭᠡᠨ ᠎ᠦ ᠬᠦᠷᠢᠶᠡᠨ ᠳ᠋ᠡᠬᠢ ᠳᠠᠪᠠᠭᠤᠯᠢᠭ᠎ᠢᠶᠠᠨ ᠭᠦᠶ᠋ᠴᠡᠳ ᠪᠠᠳᠠᠷᠠᠭᠤᠯᠤᠨ᠂ ᠵᠢᠭᠤᠯᠴᠢᠯᠠᠭᠰᠠᠳ ᠪᠤᠯᠤᠨ ᠠᠶᠠᠨᠴᠢᠳ᠎ᠤᠨ ᠨᠠᠭᠠᠰᠢ ᠴᠠᠭᠠᠰᠢ ᠶᠠᠪᠤᠵᠤ ᠰᠠᠭᠤᠬᠤ ᠎ᠳᠤ ᠤᠯᠠᠮ ᠲᠥᠬᠥᠮ ᠦᠵᠡᠭᠦᠯᠬᠦ᠌ ᠎ᠶ᠋ᠢᠨ ᠲᠥᠯᠥᠭᠡ᠂ 2021 ᠤᠨ ᠎ᠤ 12 ᠰᠠᠷ᠎ᠠ᠎ᠶ᠋ᠢᠨ 8 ᠎ᠤ᠋ ᠡᠳᠦᠷ ᠡᠴᠡ ᠡᠬᠢᠯᠡᠨ ᠳᠤᠮᠳᠠᠳᠤ ᠤᠯᠤᠰ ᠎ᠤᠨ ᠲᠡᠮᠦᠷ ᠵᠠᠮ ᠎ᠤᠨ ᠶᠢᠨ ᠲᠦᠩ ᠲᠤᠭᠠᠴᠠᠭ᠎ᠠ ᠬᠢᠬᠦ ᠺᠣᠮᠫᠠᠨᠢ ᠲᠠᠶ ᠬᠠᠮᠲᠤᠷᠠᠨ ᠬᠠᠲᠤᠨ ᠭᠤᠤᠯ ᠎ᠤᠨ《几》 ᠥᠰᠥᠭᠳᠦ ᠲᠤᠬᠤᠢ ᠵᠢᠨ ᠵᠠᠮ ᠳᠠᠭᠠᠤ ᠮᠠᠨ ᠎ᠤ ᠤᠷᠤᠨ᠎ᠳᠡᠬᠢ ᠬᠥᠬᠡᠬᠣᠲᠠ᠂ ᠪᠤᠭᠤᠲᠤ᠂ ᠣᠷᠳᠣᠰ ᠂ ᠤᠯᠠᠭᠠᠨᠴᠠᠪ ᠵᠡᠷᠭᠡ 4 ᠬᠤᠲᠠ ᠵᠢᠨ ᠬᠤᠭᠤᠷᠤᠨᠳᠤᠬᠢ ᠬᠦᠳᠡᠯᠬᠡᠬᠦ ᠬᠦᠴᠦᠨᠳᠤ ᠭᠠᠯᠳᠤ ᠲᠠᠷᠬᠡᠨ ᠳ᠋ᠤ 《ᠲᠡᠮᠦᠷ ᠵᠠᠮ ᠎ᠤᠨ e ᠺᠠᠷᠲ》 ᠎ᠤ᠋ᠨ ᠦᠶ᠋ᠯᠡᠴᠢᠯᠡᠭᠡ ᠭᠠᠷᠭᠠᠪᠠ᠃

ᠬᠣᠲᠠ ᠵᠢᠨ ᠬᠣᠭᠣᠷᠣᠨᠳᠣᠬᠢ ᠲᠡᠮᠦᠷ ᠵᠠᠮ ᠎ᠤᠨ ᠡᠵᠡᠩᠨᠡᠯᠲᠡ ᠎ᠶ᠋ᠢᠨ ᠣᠨᠴᠠᠯᠢᠭ ᠎ᠢ ᠦᠨᠳᠦᠰᠦᠯᠡᠪᠡᠯ ᠂ ᠵᠢᠭᠤᠯᠴᠢᠯᠠᠭᠰᠠᠳ ᠳᠤᠮᠳᠠᠳᠤ ᠤᠯᠤᠰ ᠎ᠤᠨ ᠲᠡᠮᠦᠷ ᠵᠠᠮ ᠎ᠤᠨ 12306 ᠰᠢᠯᠵᠢᠶ᠎ᠡ ᠵᠢ ᠭᠠᠷ ᠤᠲᠠᠰᠤᠨ ᠳ᠋ᠠᠭᠠᠨ ᠪᠠᠭᠤᠯᠭᠠᠬᠤ ᠵᠢᠨ ᠬᠠᠮᠲᠤ 《ᠲᠡᠮᠦᠷ ᠵᠠᠮ ᠎ᠤᠨ e ᠺᠠᠷᠲ》ᠲᠦ᠍ ᠳᠠᠩᠰᠠᠯᠠᠭᠤᠯᠤᠭ᠍ᠰᠠᠭᠠᠷ ᠬᠥᠬᠡᠬᠣᠲᠠ᠂ ᠪᠤᠭᠤᠲᠤ᠂ ᠣᠷᠳᠣᠰ᠂ ᠤᠯᠠᠭᠠᠨᠴᠠᠪ ᠵᠡᠷᠭᠡ 4 ᠬᠣᠲᠠ ᠵᠢᠨ ᠬᠤᠭᠤᠷᠤᠨᠲᠤᠬᠢ ᠬᠠᠮᠢᠶ᠎ᠠ ᠪᠦᠬᠦᠢ ᠭᠠᠯᠲᠤ ᠲᠡᠷᠭᠡᠨ ᠳᠡᠭᠡᠷ᠎ᠡ ᠬᠤᠭᠤᠰᠤᠨ ᠰᠠᠭᠤᠳᠠᠯ ᠪᠠᠢᠳᠠᠭ ᠯᠡ ᠶᠤᠮ ᠪᠤᠯ ᠤᠷᠢᠳᠴᠢᠯᠠᠨ ᠪᠢᠯᠧᠲ ᠠᠪᠬᠤ ᠴᠢᠬᠤᠯᠠ ᠦᠭᠡᠢ ᠂ ᠵᠦᠪᠬᠡᠨ ᠭᠠᠯᠲᠤ ᠲᠡᠷᠭᠡᠨ ᠎ᠤ ᠥᠷᠲᠡᠭᠡᠨ ᠎ᠳᠦ ᠤᠷᠤᠬᠤ ᠳ᠋ᠠᠭᠠᠨ ᠲᠤᠭᠲᠠᠭᠰᠠᠨ ᠮᠠᠰᠢᠨ ᠲᠦᠬᠦᠬᠡᠷᠦᠮᠵᠢ ᠳᠡᠭᠡᠷ᠎ᠡ ᠭᠠᠷ ᠤᠲᠠᠰᠤᠨ ᠎ᠤ ᠺᠣᠳ᠋ ᠪᠠ ᠴᠢᠷᠠᠢ ᠨᠢᠭᠤᠷ ᠵᠢᠡᠨ ᠰᠢᠷᠪᠢᠬᠦᠯᠵᠤ ᠲᠤᠳᠤᠯᠠᠭᠤᠯᠤᠭᠰᠠᠭᠠᠷ ᠭᠠᠯᠲᠤ ᠲᠡᠷᠭᠡᠨ ᠎ᠤ ᠰᠠᠭᠤᠳᠠᠯ᠎ᠤᠨ ᠬᠤᠪᠢᠶᠠᠷᠢᠯᠠᠯᠲᠠ ᠵᠢᠨ ᠲᠤᠬᠠᠢ ᠴᠠᠬᠢᠮ ᠮᠡᠳᠡᠭᠡ᠎ᠶᠢ ᠤᠯᠴᠢᠬᠠᠳᠠᠭ᠃ 《ᠲᠡᠮᠦᠷ ᠵᠠᠮ ᠎ᠤᠨ e ᠺᠠᠷᠲ ᠎ᠤᠨ ᠰᠢᠰᠲᠸᠮ》 ᠨᠢ ᠵᠢᠭᠤᠯᠴᠢᠯᠠᠭᠰᠠᠳ᠎ᠤᠨ ᠬᠦᠷᠬᠦ ᠭᠠᠵᠠᠷ ᠎ᠢ ᠦᠨᠳᠤᠰᠤᠯᠠᠨ ᠬᠠᠷᠠᠭᠠᠯᠵᠠᠭᠰᠠᠨ ᠪᠢᠯᠸᠲ ᠎ᠤᠨ ᠦᠨ᠎ᠡ ᠵᠢ ᠬᠠᠰᠤᠵᠤ ᠂ ᠪᠦᠬᠦ ᠶᠠᠪᠤᠴᠠ ᠨᠢ ᠭᠤᠷᠪᠠᠬᠠᠨ ᠰᠸᠺᠦ᠋ᠨ᠋ᠲ ᠎ᠤᠨ ᠲᠤᠳᠤᠷ᠎ᠠ ᠪᠡᠶᠡᠯᠡᠭᠳᠡᠴᠢᠬᠡᠳᠡᠭ᠂ ᠡᠨᠡ ᠨᠢ ᠵᠢᠭᠤᠯᠴᠢᠯᠠᠭᠰᠠᠳ ᠪᠤᠯᠤᠨ ᠠᠶᠠᠨᠴᠢᠳ ᠎ᠤᠨ ᠰᠠᠨᠠᠮᠰᠠᠷ ᠦᠭᠡᠢ ᠡᠴᠡ ᠪᠤᠯᠵᠤ ᠪᠢᠯᠧᠲ ᠵᠢᠡᠨ ᠬᠡᠬᠡᠬᠦ ᠂ ᠲᠡᠷᠭᠡᠨ ᠥᠷᠲᠡᠭᠡᠨ ᠎ᠳᠦ ᠬᠦᠷᠴᠢᠬᠡᠭᠡᠳ ᠪᠢᠯᠸᠲ ᠠᠪᠴᠤ ᠠᠮᠵᠢᠬᠤ ᠦᠭᠡᠢ ᠪᠤᠶᠤ ᠴᠢᠨᠠᠭᠰᠢᠯᠠᠪᠠᠯ ᠪᠠᠶᠠᠷ ᠳᠤᠷᠠᠰᠬᠠᠯ᠎ᠤᠨ ᠡᠳᠦᠷ ᠪᠤᠶᠤ ᠠᠮᠠᠷᠠᠯᠲᠠ ᠵᠢᠨ ᠡᠳᠦᠷ᠎ᠤᠳ ᠵᠢᠡᠷ ᠪᠢᠯᠸᠲ ᠠᠪᠬᠤ ᠎ᠳᠤ ᠬᠦᠴᠢᠷᠳᠡᠬᠦ ᠮᠡᠳᠤ ᠵᠢᠨ ᠠᠰᠠᠭᠤᠳᠠᠯ ᠡᠴᠡ ᠵᠠᠢᠯᠠᠰᠬᠢᠵᠤ ᠴᠢᠳᠠᠬᠤ ᠪᠡᠷ ᠪᠠᠷᠠᠬᠤ ᠦᠭᠡᠢ ᠵᠢᠭᠤᠯᠴᠢᠯᠠᠭᠰᠠᠳ᠎ᠤᠨ ᠦᠷᠲᠡᠭᠡᠨ ᠎ᠳᠤ ᠤᠷᠤᠬᠤ ᠡᠴᠡ ᠭᠠᠯᠳᠤ ᠲᠡᠷᠭᠡᠨ ᠎ᠳᠤ ᠰᠠᠭᠤᠬᠤ ᠬᠦᠷᠲᠡᠯᠡᠬᠢ ᠴᠠᠭ ᠎ᠢ ᠲᠤᠮᠳᠠᠴᠢ ᠪᠡᠷ 15 ᠮᠢᠨᠥ᠋ᠲ ᠤᠷᠴᠢᠮ ᠠᠷᠪᠢᠯᠠᠵᠤ ᠦᠭᠬᠦ ᠵᠢᠨ ᠤᠯᠠᠮ ᠵᠢᠡᠷ ᠭᠠᠯᠲᠤ ᠲᠡᠷᠭᠡᠨ᠎ᠳᠤ ᠰᠠᠭᠤᠬᠤ᠎ᠵᠢ ᠨᠡᠢᠲᠡ ᠵᠢᠨ ᠮᠠᠰᠢᠨ ᠲᠡᠷᠭᠡᠨ ᠎ᠳᠤ ᠰᠠᠭᠤᠬᠤ ᠰᠢᠬ ᠳᠦᠭᠦᠮ ᠠᠪᠰᠠᠷᠬᠠᠨ ᠪᠤᠯᠭᠠᠭᠰᠠᠨ ᠪᠠᠢᠨ᠎ᠠ ᠃

ᠳᠤᠮᠳᠠᠳᠤ ᠤᠯᠤᠰ ᠎ᠤᠨ ᠲᠡᠮᠦᠷ ᠵᠠᠮ ᠎ᠤᠨ ᠬᠥᠬᠡᠬᠣᠲᠠ ᠎ᠶ᠋ᠢᠨ ᠲᠣᠪᠴᠢᠶ᠎ᠠ᠎ᠪᠦᠯᠦᠭᠯᠡᠯ ᠎ᠤᠨ ᠬᠢᠵᠠᠭᠠᠷᠳᠤ ᠺᠤᠮᠫᠠᠨᠢ ᠵᠢᠨ ᠲᠣᠰ ᠤᠳᠠᠭ᠎ᠠ  ᠵᠢᠨ ᠭᠠᠷᠭᠠᠭ᠍ᠰᠠᠨ《ᠲᠡᠮᠦᠷ ᠵᠠᠮ ᠎ᠤᠨ e ᠺᠠᠷᠲ》᠎ᠢ᠋ ᠬᠥᠬᠡᠬᠣᠲᠠ ᠂ ᠪᠤᠭᠤᠲᠤ ᠂ ᠣᠷᠳᠣᠰ ᠪᠠ ᠤᠯᠠᠭᠠᠨᠴᠠᠪ ᠬᠤᠳᠠ ᠵᠢᠨ ᠬᠣᠭᠣᠷᠣᠨᠳᠣᠬᠢ《D6》ᠪᠡᠷ ᠡᠬᠢᠯᠡᠭ᠌ᠰᠡᠨ ᠬᠦᠳᠡᠯᠬᠡᠬᠦ ᠬᠦᠴᠦᠨᠳᠤ ᠠᠶᠠᠨᠴᠢᠨ ᠎ᠤ ᠭᠠᠯᠳᠤ ᠲᠡᠷᠬᠡ ᠪᠦᠬᠦᠨ ᠳ᠋ᠤ ᠬᠡᠷᠡᠭᠯᠡᠵᠤ ᠪᠤᠯᠬᠤ ᠪᠦᠭᠡᠳ ᠱᠢᠩ ᠾᠧ᠎ᠶ᠋ᠢᠨ ᠬᠣᠢᠲᠤ ᠦᠷᠳᠡᠬᠡ ᠂ ᠤᠯᠠᠭᠠᠨᠴᠠᠪ ᠦᠷᠳᠡᠬᠡ᠂ ᠵᠦᠸᠧᠽᠢ᠎ᠶ᠋ᠢᠨ ᠵᠡᠭᠦᠨ ᠦᠷᠳᠡᠬᠡ᠂ ᠬᠥᠬᠡᠬᠣᠲᠠ ᠎ᠶ᠋ᠢᠨ ᠵᠡᠭᠦᠨ ᠦᠷᠳᠡᠬᠡ ᠂ ᠬᠥᠬᠡᠬᠣᠲᠠ ᠦᠷᠳᠡᠬᠡ᠂ ᠴᠠᠭᠠᠰᠤᠴᠢ ᠦᠷᠳᠡᠬᠡ᠂ ᠰᠠᠭᠠᠯᠢᠴᠢᠨ ᠦᠷᠳᠡᠬᠡ ᠂ ᠪᠤᠭᠤᠲᠤ᠎ᠶ᠋ᠢᠨ ᠵᠡᠭᠦᠨ ᠦᠷᠳᠡᠬᠡ ᠂ ᠪᠤᠭᠤᠲᠤ ᠦᠷᠳᠡᠬᠡ ᠂ ᠲᠣᠭ᠍ᠲᠠᠬᠤ ᠰᠢᠶᠠᠨ ᠎ᠤ᠎ᠵᠡᠭᠦᠨ ᠦᠷᠳᠡᠬᠡ ᠂ ᠵᠡᠭᠦᠨᠭᠠᠷ ᠦᠷᠳᠡᠬᠡ ᠂ ᠳ᠋ᠦᠩᠱᠧᠩ ᠎ᠦᠨ ᠵᠡᠭᠦᠨ ᠦᠷᠳᠡᠬᠡ ᠪᠤᠯᠤᠨ ᠣᠷᠳᠣᠰ ᠦᠷᠳᠡᠬᠡ ᠵᠢ ᠪᠠᠭ᠍ᠲᠠᠭᠠᠭ᠍ᠰᠠᠨ 13 ᠥᠷᠲᠡᠭᠡ ᠵᠢ ᠬᠠᠮᠤᠷᠴᠠᠢ ᠃

ᠤᠢᠯᠠᠭᠠᠭᠰᠠᠨ ᠵᠢᠡᠷ᠂ ᠲᠤᠰ ᠤᠳᠠᠭ᠎ᠠ 4 ᠬᠤᠳᠠ ᠵᠢᠨ ᠬᠤᠭᠤᠷᠤᠨᠳᠤᠬᠢ ᠠᠶᠠᠨᠴᠢᠨ ᠎ᠤ ᠭᠠᠯᠳᠤ ᠲᠠᠷᠬᠡᠨ ᠳ᠋ᠤ《ᠲᠡᠮᠦᠷ ᠵᠠᠮ ᠎ᠤᠨ e ᠺᠠᠷᠲ》᠎ᠤ᠋ᠨ ᠦᠢᠯᠡᠴᠢᠯᠡᠭᠡ ᠵᠢ ᠭᠠᠷᠭᠠᠭᠰᠠᠨ ᠨᠢ ᠲᠡᠮᠦᠷ ᠵᠠᠮ ᠎ᠤᠨ ᠰᠠᠯᠠᠭ᠎ᠠ ᠮᠥᠴᠢᠷ ᠎ᠦᠨ ᠬᠢᠨ ᠎ᠤ ᠲᠠᠰᠤᠷᠠᠯᠲᠠ ᠥᠬᠡᠶ ᠱᠢᠨ᠎ᠡ ᠎ᠶ᠋ᠢ ᠡᠭᠦᠳᠤᠨ᠂ ᠨᠠᠩ ᠣᠯᠠᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠤᠨ ᠦᠷ᠎ᠡ ᠪᠦᠳᠦᠬᠡᠯ ᠵᠢᠡᠷ ᠵᠢᠭᠤᠯᠴᠢᠯᠠᠭᠰᠠᠳ ᠲᠦ᠍ ᠦᠢᠯᠡᠴᠢᠯᠡᠵᠤ᠂ ᠠᠷᠠᠳ᠎ᠲᠦ᠍ ᠳᠦᠭᠦᠮ ᠦᠵᠡᠭᠦᠯᠭᠦ ᠎ᠶᠢ ᠠᠷᠠᠳ ᠤᠯᠠᠨ᠎ᠤ ᠠᠮᠢᠳᠤᠷᠠᠯ᠎ᠳᠤ ᠪᠤᠳᠠᠲᠠᠢᠵᠢᠭᠤᠯᠤᠭᠰᠠᠨ ᠠᠵᠢᠯᠯᠠᠭ᠎ᠠ ᠪᠣᠯᠬᠤ ᠪᠥᠭᠡᠳ ᠮᠦᠨ ᠴᠦ᠍ ᠬᠠᠲᠤᠨ ᠭᠤᠤᠯ ᠎ᠤᠨ ᠰᠠᠪᠠ ᠭᠠᠵᠠᠷ ᠎ᠤᠨ ᠠᠮᠢ ᠠᠬᠤᠶ ᠎ᠶ᠋ᠢᠨ ᠬᠠᠮᠠᠭᠠᠯᠠᠯᠲᠠ ᠪᠠ ᠴᠢᠨᠠᠷ ᠰᠠᠢᠲᠠᠶ ᠬᠥᠭ᠌ᠵᠢᠯᠲᠡ᠎ᠳᠦ ᠨᠠᠩ ᠰᠠᠢᠨ ᠦᠶ᠋ᠯᠡᠴᠢᠯᠡᠬᠦ᠌ ᠵᠢᠨ ᠲᠦᠯᠦᠬᠡ ᠶᠤᠮ ᠃ ᠲᠡᠮᠦᠷ ᠵᠠᠮ᠎ᠨᠢ ᠬᠦᠮᠦᠰ᠎ᠤᠨ ᠶᠠᠪᠤᠵᠤ ᠰᠠᠭᠤᠬᠤ ᠎ᠳᠤ ᠮᠠᠰᠢ ᠳᠦᠭᠦᠮ ᠦᠵᠡᠭᠦᠯᠵᠤ᠂ ᠲᠣᠭᠠᠴᠢᠯᠠᠭ᠍ᠰᠠᠨ ᠬᠦᠷᠢᠶ᠎ᠡ ᠴᠠᠷᠠᠭᠠᠨ᠎ᠳᠡᠬᠢ ᠬᠣᠱᠢᠭᠤᠴᠢ ᠪᠤᠯᠵᠤ ᠪᠠᠢᠨ᠎ᠠ᠂ ᠡᠢᠮᠤ ᠪᠤᠯᠬᠤᠷ ᠲᠡᠮᠤᠷ ᠵᠠᠮ ᠎ᠤᠨ ᠰᠠᠯᠠᠭ᠎ᠠ ᠮᠦᠴᠢᠷ ᠎ᠤᠨ ᠬᠢᠨ ᠢᠮᠠᠭ᠍ᠲᠠ《ᠠᠷᠠᠳ ᠎ᠤᠨ ᠲᠡᠮᠦᠷ ᠵᠠᠮ ᠠᠷᠠᠳ ᠲᠦᠮᠡᠨ᠎ᠦ ᠲᠥᠯᠥᠭᠡ》ᠬᠡᠮᠡᠬᠦ ᠵᠣᠷᠢᠯᠲᠠ᠎ᠶ᠋ᠢᠨ ᠲᠣᠭᠣᠷᠢᠨ᠎ᠳᠤ ᠲᠠᠰᠤᠷᠠᠯᠲᠠ ᠥᠬᠡᠶ ᠬᠠᠢᠨ ᠰᠦᠪᠡᠭ᠌ᠴᠢᠯᠡᠵᠦ᠍ ᠱᠢᠨ᠎ᠡ ᠎ᠶ᠋ᠢ ᠡᠭᠦᠳᠦᠨ᠂ ᠵᠢᠭᠤᠯᠴᠢᠯᠠᠭᠰᠠᠳ ᠎ᠤᠨ ᠶᠠᠪᠤᠵᠤ ᠰᠠᠭᠤᠬᠤ ᠎ᠳᠤ ᠨᠠᠩ ᠳᠥᠭᠥᠮ ᠳᠥᠲᠡ ᠂ ᠨᠠᠩ ᠥᠨᠳᠥᠷ ᠪᠦᠲᠦᠮᠵᠢᠲᠡᠶ᠂ ᠨᠠᠩ ᠲᠠᠭᠠᠯᠠᠮᠵᠢᠲᠠᠶ᠂ ᠨᠠᠩ ᠠᠮᠤᠷ ᠲᠦᠪᠱᠢᠨ ᠨᠦᠬᠦᠴᠡᠯ᠎ᠢ ᠪᠦᠷᠢᠯᠳᠦᠭᠦᠯᠵᠤ ᠦᠭᠴᠦ᠂ ᠵᠢᠭᠤᠯᠴᠢᠯᠠᠯ᠎ᠤᠨ ᠦᠢᠯᠡᠰ᠎ᠤᠨ ᠬᠦᠭᠵᠢᠯᠳᠡ ᠳ᠋ᠤ ᠬᠦᠴᠦᠨ ᠨᠡᠮᠡᠷᠢᠯᠡᠭᠰᠡᠬᠡᠷ  ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号